1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 5-09Мөнх ТунхMunkh Tunkh

ᠮᠥᠩᠬᠡ ᠲᠤᠩᠬᠤ 5-09Мөнх ТунхMunkh Tunkh

2024-04-03

498

ᠮᠥᠩᠬᠡ ᠲᠤᠩᠬᠤ ᠲᠠᠪᠤᠳᠤᠭᠠᠷ ᠤᠯᠠᠷᠢᠯ ᠶᠢᠰᠦᠳᠦᠭᠡᠷ ᠠᠩᠭᠢ 5—9

ᠮᠠᠢ ᠮᠠᠢ ᠮᠠᠢ(ᠬᠣᠨᠢ ᠢᠮᠠᠭᠠᠨ ᠤ᠋ ᠮᠠᠢᠯᠠᠬᠤ ᠳᠠᠭᠤ)
ᠮᠠᠽᠠ᠄ ᠲᠡᠭᠡᠭᠡᠳ ᠡᠨᠡ ᠤᠲᠠᠰᠤ ᠪᠠᠨ ᠡᠨᠡ ᠬᠡᠰᠡᠭ ᠢ᠋ᠶ᠋ᠡᠷ ᠨᠢ ᠭᠠᠷᠭᠠᠵᠤ ᠢᠷᠡᠨ᠎ᠡ᠃
ᠮᠥᠩᠬᠡ᠄ ᠡᠨᠡ ᠤᠲᠠᠰᠤ ᠪᠠᠨ ᠡᠨᠡ ᠬᠡᠰᠡᠭ ᠢ᠋ᠶ᠋ᠡᠷ ᠨᠢ ᠭᠠᠷᠭᠠᠨ᠎ᠠ᠃
ᠮᠠᠽᠠ᠄ ᠡᠨᠡ ᠤᠲᠠᠰᠤᠨ ᠳᠣᠲᠣᠷ᠎ᠠ ᠶᠡᠷᠦ ᠨᠢ ᠶᠠᠭᠤ ᠶᠠᠪᠤᠵᠤ ᠪᠠᠢᠭ᠎ᠠ ᠶ᠋ᠢ ᠦᠵᠡᠭᠴᠢ ᠲᠠ ᠨᠠᠷ ᠮᠠᠨᠢ ᠮᠡᠳᠡᠬᠦ ᠤᠤ? 
ᠮᠥᠩᠬᠡ᠄ ᠥ᠂ ᠵᠠ
ᠮᠠᠽᠠ᠄ ᠡᠨᠡ ᠤᠲᠠᠰᠤᠨ ᠳᠣᠲᠣᠷ᠎ᠠ ᠵᠡᠰ ᠤᠲᠠᠰᠤ ᠪᠠᠢᠭ᠎ᠠ ᠶᠤᠮ᠂ ᠵᠡᠰ ᠤᠲᠠᠰᠤᠨ ᠤ᠋ ᠲᠠᠯ᠎ᠠ ᠪᠠᠷ ᠲᠠ ᠨᠠᠷ ᠲᠤ᠌ ᠪᠠᠨ ᠪᠠᠰᠠ ᠬᠥᠩᠭᠡᠬᠡᠨ ᠲᠠᠢᠯᠪᠤᠷᠢᠯᠠᠵᠤ ᠥᠭᠬᠦ ᠨᠢ ᠵᠦᠢᠲᠡᠢ ᠪᠠᠢᠬ᠎ᠠ᠃
ᠮᠥᠩᠬᠡ᠄ ᠪᠢ ᠪᠠᠰᠠ ᠲᠡᠭᠡᠵᠦ ᠪᠣᠳᠣᠵᠤ ᠪᠠᠢᠨ᠎ᠠ᠂ ᠬᠡ ᠬᠠ ᠬᠠ
ᠮᠠᠽᠠ᠄ ᠵᠡᠰ ᠢ᠋ ᠠᠩᠬᠠᠯᠠᠬᠤ ᠬᠥᠮᠦᠰ ᠮᠠᠨ ᠤ᠋ ᠡᠷᠢᠨ ᠦ᠌ ᠡᠮᠦᠨᠡᠬᠢ ᠨᠠᠢ᠍ᠮᠠᠨ ᠮᠢᠩᠭᠠᠨ ᠵᠢᠯ ᠡᠴᠡ ᠬᠡᠷᠡᠭᠯᠡᠵᠦ ᠡᠬᠢᠯᠡᠭᠰᠡᠨ ᠪᠥᠭᠡᠳ
ᠮᠥᠩᠬᠡ᠄ ᠵᠠ ᠶᠠᠭ ᠶᠠᠭᠤᠨ ᠳ᠋ᠤ᠌ ᠬᠡᠷᠡᠭᠯᠡᠳᠡᠭ ᠭᠡᠳᠡᠭ ᠢ᠋ ᠨᠢ ᠯᠡ ᠰᠣᠨᠣᠰᠤᠶ᠎ᠠ ᠳᠠ᠃
ᠮᠠᠽᠠ᠄ ᠮᠠᠨ ᠤ᠋ ᠡᠷᠢᠨ ᠦ᠌ ᠡᠮᠦᠨᠡᠬᠢ ᠲᠠᠪᠤᠨ ᠮᠢᠩᠭᠠᠨ ᠣᠨ ᠳ᠋ᠤ᠌ ᠬᠦᠳᠡᠷ ᠡᠴᠡ ᠬᠠᠢᠯᠤᠭᠤᠯᠵᠤ ᠢᠯᠭᠠᠨ ᠠᠪᠴᠤ
ᠮᠥᠩᠬᠡ᠄ ᠪᠣᠯᠤᠭ᠎ᠠ ᠦᠭᠡᠢ ᠪᠠᠢᠭ᠎ᠠ ᠶᠤᠮ ᠪᠠᠢᠬ᠎ᠠ ᠳᠠ᠃
ᠮᠠᠽᠠ᠄ ᠮᠠᠨ ᠤ᠋ ᠡᠷᠢᠨ ᠦ᠌ ᠡᠮᠦᠨᠡᠬᠢ ᠭᠤᠷᠪᠠᠨ ᠮᠢᠩᠭ᠎ᠠ ᠲᠠᠪᠤᠨ ᠵᠠᠭᠤᠨ ᠳ᠋ᠤ᠌ ᠴᠠᠭᠠᠨ ᠲᠤᠭᠤᠯᠭ᠎ᠠ ᠲᠠᠢ ᠬᠣᠯᠢᠨ ᠠᠩᠬᠠᠨ ᠤ᠋ ᠮᠧᠲ᠋ᠠᠯ ᠬᠠᠢᠯᠤᠰᠢ ᠬᠦᠷᠡᠯ ᠢ᠋ ᠭᠠᠷᠭᠠᠨ ᠠᠪᠴᠤ᠁ ᠪᠢᠲᠡᠭᠡᠢ ᠪᠢᠴᠢᠯᠭᠡ ᠶ᠋ᠢ ᠭᠦᠶᠦᠯᠭᠡᠭᠡᠳ ᠪᠠᠢ᠂ ᠣᠳᠣ ᠶᠠᠭᠤᠨ ᠳ᠋ᠤ᠌ ᠬᠡᠷᠡᠭᠯᠡᠳᠡᠭ ᠭᠡᠳᠡᠭ ᠬᠡᠰᠡᠭ ᠨᠢ ᠣᠷᠣᠬᠤ ᠭᠡᠵᠦ ᠪᠠᠢᠨ᠎ᠠ᠃
ᠮᠥᠩᠬᠡ᠄ What (ᠶᠠᠭᠤ?) YouTube ᠶᠢᠨ ᠪᠢᠴᠢᠯᠭᠡ ᠰᠠᠶᠢ ᠨᠠᠳᠠ ᠲᠠᠢ ᠶᠠᠷᠢᠭᠰᠠᠨ ᠤᠤ?
ᠮᠠᠽᠠ᠄ ᠲᠠ ᠨᠠᠷ ᠢ᠋ ᠭᠦᠶᠦᠯᠭᠡᠵᠦ ᠪᠠᠢᠭ᠎ᠠ ᠪᠣᠯᠪᠠ ᠤᠤ ᠭᠡᠵᠦ ᠲᠣᠭᠠᠴᠠᠭᠠᠯᠠᠭᠠᠳ ᠰᠠᠶᠢ ᠶ᠋ᠢᠨ ᠥᠭᠦᠯᠡᠪᠦᠷᠢ ᠶ᠋ᠢ ᠬᠡᠯᠡᠭᠰᠡᠨ ᠪᠠᠢᠭ᠎ᠠ ᠰᠢᠦ ᠬᠡ ᠬᠡ ᠬᠡ᠂ ᠵᠠ ᠲᠡᠭᠡᠭᠡᠳ ᠵᠡᠰ ᠨᠢ ᠵᠥᠭᠡᠯᠡᠨ ᠮᠧᠲ᠋ᠠᠯ ᠪᠥᠭᠡᠳ ᠮᠠᠰᠢ ᠰᠠᠢᠨ ᠴᠠᠬᠢᠯᠭᠠᠨ ᠳᠠᠮᠵᠢᠭᠤᠯᠬᠤ ᠴᠢᠳᠠᠯ ᠲᠠᠢ ᠶᠤᠮ᠃ ᠲᠡᠭᠦᠨ ᠡᠴᠡ ᠭᠠᠳᠠᠨ᠎ᠠ ᠳᠤᠯᠠᠭᠠᠨ ᠳᠠᠮᠵᠢᠭᠤᠯᠤᠭᠴᠢ᠂ ᠪᠠᠷᠢᠯᠭ᠎ᠠ ᠶ᠋ᠢᠨ ᠮᠠᠲᠸᠷᠢᠶᠠᠯ᠂ ᠮᠥᠨ ᠲᠥᠷᠥᠯ ᠪᠦᠷᠢ ᠶ᠋ᠢᠨ ᠬᠠᠢᠯᠤᠰᠢ ᠭᠠᠷᠭᠠᠨ ᠠᠪᠬᠤ ᠳ᠋ᠤ᠌ ᠬᠡᠷᠡᠭᠯᠡᠳᠡᠭ᠃
ᠮᠥᠩᠬᠡ᠄ ᠥᠩ᠂ ᠺᠤᠷᠠᠢ ᠺᠤᠷᠠᠢ
ᠮᠠᠽᠠ᠄ ᠲᠡᠳᠡᠭᠡᠷ ᠪᠢᠳᠡᠨ ᠦ᠌ ᠬᠠᠮᠲᠤ ᠵᠣᠬᠢᠶᠠᠨ ᠪᠦᠲᠦᠭᠡᠵᠦ ᠪᠠᠢᠭ᠎ᠠ ᠤᠳᠤᠷᠢᠳᠤᠯᠭ᠎ᠠ ᠲᠠᠢ ᠮᠠᠰᠢᠨ ᠢ᠋ ᠬᠥᠳᠡᠯᠭᠡᠬᠦ ᠳ᠋ᠦ᠍ ᠬᠠᠮᠤᠭ ᠠ᠋ᠴᠠ ᠶᠡᠬᠡ ᠲᠤᠰᠠ ᠪᠣᠯᠵᠤ ᠪᠠᠢᠭ᠎ᠠ ᠵᠦᠢᠯ ᠪᠣᠯ ᠴᠠᠬᠢᠯᠭᠠᠨ ᠢ᠋ ᠮᠠᠰᠢ ᠬᠤᠷᠳᠤᠴᠠ ᠲᠠᠢ ᠳᠠᠮᠵᠢᠭᠤᠯᠵᠤ ᠪᠠᠢᠭ᠎ᠠ ᠵᠡᠰ ᠤᠲᠠᠰᠤ ᠶᠤᠮ ᠰᠢᠦ ᠳᠡ᠃
ᠮᠥᠩᠬᠡ᠄ ᠺᠤᠪᠫ
ᠮᠠᠽᠠ᠄ ᠵᠡᠰ!
ᠮᠥᠩᠬᠡ᠄ ᠺᠤᠪᠫᠠ
ᠮᠠᠽᠠ᠄ ᠵᠡᠰ ᠤᠤ? ᠵᠡᠰ ᠤᠤ?
ᠮᠥᠩᠬᠡ᠄ ᠠᠷᠸ᠎ᠠ ᠠᠬ᠎ᠠ ᠠ᠋᠂ ᠵᠡᠰ ᠢ᠋ ᠬᠥᠮᠦᠰ ᠬᠡᠳᠦᠢ ᠣᠨ ᠠ᠋ᠴᠠ ᠬᠡᠷᠡᠭᠯᠡᠵᠦ ᠡᠬᠢᠯᠡᠭᠰᠡᠨ ᠢ᠋ ᠮᠡᠳᠡᠬᠦ ᠤᠤ? 
ᠠᠷᠸ᠎ᠠ᠄ ᠪᠠᠷᠤᠭ ᠠᠷᠪᠠᠨ ᠮᠢᠩᠭᠠᠨ ᠵᠢᠯ ᠡᠴᠡ ᠡᠮᠦᠨ᠎ᠡ ᠶᠦ᠍ᠮ ᠤᠤ ᠳᠠ᠃
ᠮᠥᠩᠬᠡ᠄ ᠪᠢᠰᠢ ᠠ᠋᠂ ᠮᠠᠨ ᠤ᠋ ᠡᠷᠢᠨ ᠦ᠌ ᠡᠮᠦᠨᠡᠬᠢ ᠨᠠᠢ᠍ᠮᠠᠨ ᠮᠢᠩᠭᠠᠨ ᠵᠢᠯ ᠦ᠋ᠨ ᠡᠮᠦᠨ᠎ᠡ ᠡᠴᠡ ᠶᠦᠮ ᠠ᠋᠃
ᠠᠷᠸ᠎ᠠ᠄ ᠬᠡ ᠬᠡ᠂ ᠲᠡᠭᠡᠬᠦ ᠪᠡᠷ ᠴᠢᠨᠢ ᠪᠠᠷᠤᠭ ᠯᠠ ᠠᠷᠪᠠᠨ ᠮᠢᠩᠭᠠᠨ ᠵᠢᠯ ᠪᠢᠰᠢ ᠪᠢᠯᠡ ᠤᠤ?
ᠮᠥᠩᠬᠡ᠄ ᠥᠩ?
ᠠᠷᠸ᠎ᠠ᠄ ᠮᠠᠨ ᠤ᠋ ᠡᠷᠢᠨ ᠦ᠌ ᠡᠮᠦᠨᠡᠬᠢ ᠨᠠᠢ᠍ᠮᠠᠨ ᠮᠢᠩᠭ᠎ᠠ ᠭᠡᠳ ᠨᠠᠢ᠍ᠮᠠᠨ ᠮᠢᠩᠭᠠᠨ ᠵᠢᠯ ᠂ ᠣᠳᠣ ᠴᠢᠨᠢ ᠮᠠᠨ ᠤ᠋ ᠡᠷᠢᠨ ᠦ᠌ ᠬᠣᠶᠠᠷ ᠮᠢᠩᠭ᠎ᠠ ᠬᠣᠷᠢᠨ ᠬᠣᠶᠠᠷ ᠣᠨ ᠰᠢᠦ ᠳᠡ᠂ ᠲᠡᠭᠡᠬᠦ ᠪᠡᠷ ᠨᠠᠢ᠍ᠮᠠᠨ ᠮᠢᠩᠭ᠎ᠠ ᠳᠡᠭᠡᠷ᠎ᠡ ᠨᠡᠮᠡᠬᠦ ᠨᠢ ᠬᠣᠶᠠᠷ ᠮᠢᠩᠭ᠎ᠠ ᠲᠡᠩᠴᠡᠭᠦᠦ ᠠᠷᠪᠠᠨ ᠮᠢᠩᠭᠠᠨ ᠵᠢᠯ ᠪᠢᠰᠢ ᠤᠤ? ᠬᠡ ᠬᠡ
ᠮᠥᠩᠬᠡ᠄ ᠠ᠂ ᠶᠡᠬᠡ ᠶᠠᠭᠤᠮ᠎ᠠ ᠮᠡᠳᠡᠳᠡᠭ ᠪᠣᠯᠬᠤ ᠭᠡᠳ ᠣᠩᠭᠢᠷᠠᠭᠰᠠᠨ ᠴᠢᠨᠢ ᠪᠢ ᠪᠤᠷᠤᠭᠤᠳᠠᠭᠰᠠᠨ ᠠ᠋᠂ ᠬᠡ ᠬᠡ ᠬᠡ ᠥᠴᠦᠬᠡᠨ ᠮᠢᠨᠦ ᠪᠤᠷᠤᠭᠤ ᠶᠤᠮ ᠠ᠋᠃
ᠲᠤᠩᠬᠤ᠄ ᠰᠦᠷ ᠲᠡᠢ ᠮᠥᠩᠬᠡ ᠭᠡᠵᠦ ᠪᠠᠢᠨ᠎ᠠ ᠰᠢᠦ᠂ ᠬᠡ ᠬᠡ
ᠠᠷᠸ᠎ᠠ᠄ ᠮᠢᠨᠦ ᠳᠡᠭᠦᠦ ᠵᠡᠰ ᠦ᠋ᠨ ᠲᠠᠯ᠎ᠠ ᠪᠠᠷ ᠰᠤᠳᠤᠯᠤᠭ᠎ᠠ ᠤᠤ?
ᠮᠥᠩᠬᠡ᠄ ᠬᠠᠷᠢᠨ ᠲᠡᠢᠮᠦ ᠠ᠋᠂ ᠵᠠ᠂ ᠲᠠ ᠨᠠᠷ ᠡᠭᠦᠨ ᠢ᠋ ᠬᠠᠷᠠ ᠳᠠ᠂ ᠮᠢᠨᠦ ᠰᠢᠨᠡᠬᠡᠨ ᠵᠣᠬᠢᠶᠠᠨ ᠪᠦᠲᠦᠭᠡᠭᠰᠡᠨ ᠤᠳᠤᠷᠢᠳᠤᠯᠭ᠎ᠠ ᠲᠠᠢ ᠤᠷᠤᠯᠳᠤᠭᠠᠨ ᠤ᠋ ᠴᠠᠬᠢᠯᠭᠠᠨ ᠮᠠᠰᠢᠨ᠃
ᠠᠷᠸ᠎ᠠ᠄ ᠶᠠᠮᠠᠷ ᠮᠤᠨᠳᠠᠭ ᠶᠤᠮ ᠪᠣᠢ!
ᠲᠤᠩᠬᠤ᠄ ᠶᠣᠰᠣᠲᠠᠢ ᠮᠤᠨᠳᠠᠭ ᠶᠤᠮ ᠠ᠋!
ᠳ᠋ᠤᠷᠤᠷᠠᠨ᠄ ᠮᠤᠨᠳᠠᠭ ᠯᠠ ᠶᠤᠮ ᠤᠤ ᠳᠠ᠂ ᠮᠠᠨ ᠤ᠋ ᠮᠥᠩᠬᠡ ᠨᠢ
ᠮᠥᠩᠬᠡ᠄ ᠪᠣᠯᠢᠭᠠᠴᠢ ᠳᠠ ᠬᠡ ᠬᠡ ᠬᠡ \\b᠂ ᠲᠡᠨᠡᠭ
ᠳ᠋ᠤᠷᠤᠷᠠᠨ᠄ ᠵᠠ᠂ ᠮᠠᠰᠢᠨ ᠢ᠋ ᠨᠢ ᠬᠠᠷᠠᠶ᠎ᠠ ᠯᠠ ᠳᠠ᠃
ᠮᠥᠩᠬᠡ᠄ ᠵᠠ᠂ ᠪᠦᠭᠦᠳᠡᠭᠡᠷ ᠢ᠋ᠶ᠋ᠡᠨ ᠨᠢᠳᠦ ᠪᠡᠨ ᠪᠠᠶᠠᠰᠭᠠᠵᠠᠭ᠎ᠠ᠃ ᠶᠠᠩᠵᠤ ᠶ᠋ᠢᠨ ᠪᠠᠢᠭ᠎ᠠ ᠪᠢᠵᠡ ᠳᠡ᠃
ᠲᠤᠩᠬᠤ᠄ ᠶᠠᠩᠵᠤ ᠶ᠋ᠢᠨ ᠪᠠᠢᠨ᠎ᠠ᠂ ᠶᠠᠩᠵᠤ ᠶ᠋ᠢᠨ ᠪᠠᠢᠨ᠎ᠠ᠃
ᠮᠥᠩᠬᠡ᠄ ᠶᠠ᠂ ᠡᠨᠡ ᠮᠠᠰᠢᠨ ᠢ᠋ᠶ᠋ᠠᠨ ᠤᠨᠤᠭᠠᠳ ᠯᠠ ᠣᠷᠣᠯᠳᠣᠭᠠᠳ ᠯᠠ ᠶᠠᠪᠤᠪᠠᠯ ᠦᠨᠡᠬᠡᠷ ᠭᠣᠶᠣ ᠪᠠᠢᠬᠤ ᠦᠭᠡᠢ ᠤᠤ?Cars ᠭᠡᠳ ᠬᠡᠦᠬᠡᠯᠳᠡᠢ ᠰᠢᠭ ᠮᠠᠰᠢᠨ ᠲᠠᠢ ᠪᠠᠨ ᠣᠷᠣᠯᠳᠣᠭᠠᠳ ᠯᠠ᠂ ᠨᠠᠢᠵᠠᠯᠠᠭᠠᠳ ᠯᠠ ᠶᠣ᠃ ᠰᠠᠢᠬᠠᠨ ᠪᠠᠢᠬ᠎ᠠ ᠳᠠ᠃ 
ᠠᠷᠸ᠎ᠠ᠄ ᠬᠡ ᠬᠡ᠂ ᠵᠠ ᠠᠬ᠎ᠠ ᠨᠢ ᠲᠠ ᠨᠠᠷ ᠲᠤ᠌ ᠪᠠᠨ ᠤᠭ ᠨᠢ surprise(ᠰᠣᠴᠢᠮᠠᠭ ᠪᠠᠶᠠᠷᠯᠠᠭᠤᠯᠬᠤ) ᠪᠠᠷᠢᠶ᠎ᠠ ᠭᠡᠵᠦ ᠪᠣᠳᠣᠵᠤ ᠪᠠᠢᠭᠰᠠᠨ ᠶᠤᠮ᠂ ᠲᠡᠭᠦᠨ ᠢ᠋ ᠪᠡᠨ ᠥᠨᠥᠳᠥᠷ ᠦᠵᠡᠭᠦᠯᠦᠶ᠎ᠡ ᠳᠡ᠃
ᠮᠥᠩᠬᠡ᠄ ᠬᠣ᠂ ᠶᠠᠭᠤ ᠶᠤᠮ?
ᠲᠤᠩᠬᠤ᠄ ᠬᠣ
ᠠᠷᠸ᠎ᠠ᠄ ᠲᠠ ᠨᠠᠷ ᠲᠤ᠌ ᠪᠠᠨ ᠬᠢᠴᠢᠶᠡᠯ ᠢ᠋ᠶ᠋ᠡᠨ ᠮᠠᠰᠢ ᠰᠠᠢᠨ ᠬᠢᠭᠰᠡᠨ ᠭᠡᠳ ᠱᠠᠩᠨᠠᠯ ᠪᠣᠯᠭᠠᠨ Racing Day ᠪᠤᠶᠤ ᠤᠷᠤᠯᠳᠤᠭᠠᠨ ᠤ᠋ ᠡᠳᠦᠷᠯᠢᠭ ᠵᠣᠬᠢᠶᠠᠨ ᠪᠠᠢᠭᠤᠯᠬᠤ ᠪᠠᠷ ᠪᠣᠯᠤᠯ᠎ᠠ᠂ ᠲᠠ ᠨᠠᠷ ᠲᠤ᠌ ᠮᠠᠨᠢ ᠥᠪᠡᠷ ᠥᠪᠡᠷᠰᠡᠳ ᠦ᠋ᠨ ᠭᠡᠰᠡᠨ ᠤᠷᠤᠯᠳᠤᠭᠠᠨ ᠤ᠋ ᠮᠠᠰᠢᠨ ᠨᠤᠭᠤᠳ ᠪᠠᠢᠭ᠎ᠠ ᠭᠡᠳ ᠪᠣᠳᠣ ᠳᠠ᠃ ᠡᠨᠡ ᠨᠢ Simulation ᠪᠤᠶᠤ ᠪᠣᠳᠠᠲᠤ ᠪᠠᠢᠳᠠᠯ ᠢ᠋ ᠳᠠᠭᠤᠷᠢᠶᠠᠨ ᠬᠢᠯᠭᠡᠭᠰᠡᠨ ᠲᠣᠭᠯᠠᠭᠠᠮ ᠪᠣᠯᠬᠣᠷ ᠲᠠ ᠨᠠᠷ ᠶᠠᠭ ᠯᠠ ᠵᠢᠩᠬᠢᠨᠢ ᠡᠴᠡ ᠪᠡᠨ ᠣᠷᠣᠯᠳᠣᠵᠠᠭᠠᠬᠤ ᠪᠣᠯᠤᠮᠵᠢ ᠲᠠᠢ ᠶᠤᠮ᠃ ᠳᠦᠷᠢᠮ ᠪᠣᠯ ᠮᠠᠰᠢ ᠡᠩ ᠦ᠋ᠨ᠂ ᠲᠠ ᠨᠠᠷ ᠲᠤ᠌ ᠮᠠᠨᠢ ᠨᠢᠭᠡ ᠤᠷᠤᠯᠳᠤᠭᠴᠢ᠂ ᠮᠥᠨ ᠨᠢᠭᠡ ᠵᠥᠪᠯᠡᠭᠴᠢ ᠪᠠᠢᠨ᠎ᠠ᠃
ᠮᠥᠩᠬᠡ᠄ ᠶᠠᠭ ᠯᠠ Cars ᠬᠡᠦᠬᠡᠯᠳᠡᠢ ᠶ᠋ᠢᠨ ᠺᠢᠨᠣ᠋ ᠰᠢᠭ᠋ ᠶᠦᠮ ᠭᠡᠵᠦ ᠤᠤ?
ᠠᠷᠸ᠎ᠠ᠄ ᠶᠠᠭ ᠵᠥᠪ᠂ ᠤᠷᠤᠯᠳᠤᠭᠠᠨ ᠳ᠋ᠤ᠌ ᠣᠷᠣᠬᠤ ᠳ᠋ᠤ᠌ ᠴᠢᠨᠢ ᠪᠠᠭ ᠨᠢ ᠠᠦ᠋ᠲ᠋ᠣᠮᠠᠲ ᠢ᠋ᠶ᠋ᠠᠷ ᠰᠣᠩᠭᠣᠭᠳᠠᠨ᠎ᠠ᠂ ᠵᠠᠭᠤᠨ ᠲᠣᠭᠣᠷᠢᠭ ᠢ᠋ᠶ᠋ᠠᠷ ᠤᠷᠤᠯᠳᠤᠭᠠᠨ ᠳ᠋ᠤ᠌ ᠬᠡᠨ ᠲᠦᠷᠦᠭᠦᠯᠡᠵᠦ ᠣᠷᠣᠵᠤ ᠢᠷᠡᠭᠰᠡᠨ ᠨᠢ ᠢᠯᠠᠭᠴᠢ ᠪᠣᠯᠬᠤ ᠶᠤᠮ ᠳᠠ᠂ ᠴᠠᠬᠢᠯᠭᠠᠨ ᠮᠣᠲ᠋ᠣᠷ ᠲᠠᠢ ᠮᠠᠰᠢᠨ ᠲᠠᠢ ᠣᠷᠣᠯᠳᠣᠵᠠᠭᠠᠬᠤ ᠪᠣᠯᠬᠣᠷ ᠬᠤᠷᠳᠤ ᠪᠠᠨ ᠵᠥᠪ ᠲᠣᠬᠢᠷᠠᠭᠤᠯᠵᠤ᠂ ᠮᠠᠰᠢᠨ ᠢ᠋ᠶ᠋ᠠᠨ ᠭᠠᠮᠨᠠᠵᠤ ᠣᠷᠣᠯᠳᠣᠬᠤ ᠪᠠᠨ ᠮᠠᠡᠲᠠᠪᠠ! ᠵᠠ ᠠᠮᠵᠢᠯᠲᠠ ᠬᠦᠰᠡᠶ᠎ᠡ᠃
ᠲᠤᠩᠬᠤ᠄ ᠪᠠᠶᠠᠷᠯᠠᠯ᠎ᠠ᠃
ᠮᠥᠩᠬᠡ᠄ ᠪᠠᠶᠠᠷᠯᠠᠯ᠎ᠠ᠃
ᠮᠥᠩᠬᠡ᠄ ᠠ᠂ ᠸᠠ ᠡᠨᠡ ᠶ᠋ᠢ ᠬᠠᠷᠠ ᠯᠠ ᠳᠠ᠂ ᠮᠢᠨᠦ ᠪᠦᠲᠦᠭᠡᠭᠰᠡᠨ ᠮᠠᠰᠢᠨ ᠢ᠋ ᠠᠷᠸ᠎ᠠ ᠠᠬ᠎ᠠ ᠵᠢᠩᠬᠢᠨᠢ ᠮᠠᠰᠢᠨ ᠪᠣᠯᠭᠠᠭᠠᠳ ᠥᠭᠴᠢᠬᠡᠭᠰᠡᠨ ᠪᠠᠢᠨ᠎ᠠ ᠰᠢᠲᠠ᠃ ᠠ ᠶᠠᠮᠠᠷ ᠭᠣᠶᠣ ᠶᠤᠮ ᠪᠣᠢ!
ᠲᠤᠩᠬᠤ᠄ ᠬᠦ ᠬᠦᠢ᠂ ᠂ ᠮᠢᠨᠦ ᠮᠠᠰᠢᠨ ᠢ᠋ ᠬᠠᠷᠠ ᠳᠠ᠂ oh yeah
ᠪᠠᠺᠢ ᠪᠠᠮᠪᠠᠷ᠄ ᠨᠠᠮ᠎ᠠ ᠶ᠋ᠢ ᠠᠷᠠᠢ ᠮᠠᠷᠲᠠᠭ᠎ᠠ ᠦᠭᠡᠢ ᠪᠢᠵᠡ?
ᠲᠤᠩᠬᠤ᠄ ᠸᠠ ᠧᠦ᠂ ᠪᠠᠺᠢ ᠪᠠᠮᠪᠠᠷ ᠮᠢᠨᠢ ᠣᠷᠣᠯᠳᠣᠬᠤ ᠪᠠᠷ ᠣᠷᠣᠭᠠᠳ ᠢᠷᠡᠭᠰᠡᠨ ᠶᠦᠮ ᠤᠤ?
ᠪᠠᠺᠢ ᠪᠠᠮᠪᠠᠷ᠄ ᠬᠡ ᠬᠡ᠂ ᠠᠷᠸ᠎ᠠ ᠠᠬ᠎ᠠ ᠨᠠᠳᠠ ᠴᠤ᠌ ᠪᠠᠰᠠ ᠤᠷᠤᠯᠳᠤᠭᠠᠨ ᠤ᠋ ᠮᠠᠰᠢᠨ ᠪᠡᠯᠡᠳᠴᠢᠬᠡᠭᠰᠡᠨ ᠪᠠᠢᠵᠠᠢ ᠰᠢᠦ ᠳᠡ᠃
ᠮᠥᠩᠬᠡ᠄ nice(ᠭᠣᠶᠣ)
ᠲᠤᠩᠬᠤ᠄ nice so (ᠴᠣᠬᠣᠮ ᠮᠤᠨᠳᠠᠭ ᠪᠠᠢᠨ᠎ᠠ)
ᠴᠠᠰᠤᠬᠠᠨ᠄ ᠵᠠ ᠮᠥᠩᠬᠡ ᠪᠢ ᠤᠷᠤᠯᠳᠤᠭᠠᠨ ᠤ᠋ ᠬᠢᠨᠢ ᠵᠥᠪᠯᠡᠭᠴᠢ ᠪᠡᠷ ᠶᠠᠪᠤᠬᠤ ᠨᠢ ᠳᠡ᠃
ᠮᠥᠩᠬᠡ᠄ ok ᠴᠠᠰᠤᠬᠠᠨ ᠢ᠋ᠶ᠋ᠠᠷ ᠢ᠋ᠶ᠋ᠠᠨ ᠵᠥᠪᠯᠡᠭᠦᠯᠦᠭᠡᠳ ᠶᠠᠪᠤᠪᠠᠯ ᠴᠤ᠌ ᠲᠠᠴᠢᠭᠢᠨᠠᠭᠤᠯᠤᠨ᠎ᠠ ᠳᠠ᠂ ᠸᠠ ᠬᠠ ᠬᠠ᠁ 
ᠳ᠋ᠤᠷᠤᠷᠠᠨ᠄ ᠲᠤᠩᠬᠤ ᠶ᠋ᠢᠨ ᠢ᠋ᠶ᠋ᠡᠨ ᠵᠥᠪᠯᠡᠭᠴᠢ ᠪᠡᠷ ᠠᠵᠢᠯᠯᠠᠬᠤ ᠨᠢ ᠠ᠋᠂ ᠰᠠᠢᠨ ᠤᠤ? ᠬᠡ ᠬᠡ ᠬᠡ
ᠲᠤᠩᠬᠤ᠄ ᠶᠠ᠂ ᠭᠣᠶᠣ ᠠ᠋
ᠳ᠋ᠤᠷᠤᠷᠠᠨ᠄ ᠬᠣᠶᠠᠭᠤᠯᠠ ᠪᠠᠨ ᠠᠶᠠᠯᠠᠵᠠᠭᠠᠶ᠎ᠠ ᠲᠤᠩᠬᠤ ᠠ᠋᠃
ᠲᠤᠩᠬᠤ᠄ ᠲᠡᠭᠡᠶ᠎ᠡ᠃
ᠮᠥᠩᠬᠡ᠄ ᠢᠩᠭᠢᠬᠦ ᠳ᠋ᠦ᠍ ᠮᠠᠨ ᠤ᠋ ᠪᠠᠰᠠᠷ ᠬᠠᠮᠢᠭ᠎ᠠ ᠣᠴᠢᠴᠢᠬᠠᠭᠰᠠᠨ ᠶᠤᠮ ᠪᠣᠯ ᠠ᠋?
ᠪᠠᠰᠠᠷ᠄ ᠪᠢ ᠡᠨᠳᠡ ᠨᠢᠭᠤᠴᠠ ᠵᠡᠪᠰᠡᠭ ᠲᠡᠢ ᠢᠷᠡᠭᠰᠡᠨ ᠪᠠᠢᠭ᠎ᠠ ᠰᠢᠦ᠂ ᠵᠥᠪᠯᠡᠭᠴᠢ ᠪᠡᠷ ᠠᠵᠢᠯᠯᠠᠬᠤ ᠨᠢ ᠳᠡ᠃
ᠮᠥᠩᠬᠡ᠄ ᠭᠦᠦᠭ᠂ ᠴᠢ ᠬᠡᠨ ᠦ᠌ ᠵᠥᠪᠯᠡᠭᠴᠢ ᠪᠡᠷ ᠠᠵᠢᠯᠯᠠᠵᠤ ᠪᠠᠢᠭ᠎ᠠ ᠶᠤᠮ ᠪᠣᠢ?
ᠲᠤᠩᠬᠤ᠄ ᠬᠠᠷᠢᠨ ᠲᠡᠢᠮᠦ᠃
ᠳ᠋ᠤᠷᠤᠷᠠᠨ᠄ ᠪᠠᠺᠢ ᠪᠠᠮᠪᠠᠷ ᠤ᠋ᠨ ᠶᠤᠮ ᠪᠠᠢᠬ᠎ᠠ ᠳᠠ᠃
ᠴᠠᠰᠤᠬᠠᠨ᠄ ᠬᠠᠷᠢᠨ ᠬᠡᠨ ᠶᠦᠮ ᠪᠣᠯ?
ᠪᠠᠰᠠᠷ᠄ ᠪᠢ ᠲᠠ ᠪᠦᠬᠦᠨ ᠳ᠋ᠦ᠍ ᠰᠫᠣᠷᠲ ᠮᠠᠽᠠ ᠶ᠋ᠢ ᠲᠠᠨᠢᠯᠴᠠᠭᠤᠯᠵᠤ ᠪᠠᠢᠨ᠎ᠠ᠃
ᠮᠥᠩᠬᠡ᠄ ᠰᠠᠢᠨ ᠤᠤ?ᠰᠫᠣᠷᠲ ᠮᠠᠽᠠ ᠠ᠋᠂ ᠪᠢ ᠪᠦᠷ ᠶᠠᠭ ᠴᠢᠨᠦ ᠪᠢᠴᠢᠯᠭᠡ ᠶ᠋ᠢ ᠦᠵᠡᠵᠦ ᠪᠠᠢᠭᠠᠳ ᠢᠷᠡᠭᠰᠡᠨ᠃
ᠰᠫᠣᠷᠲ ᠮᠠᠽᠠ᠄ what's up guys(ᠰᠠᠢᠨ ᠤᠤ? ᠨᠠᠢᠵᠠ ᠨᠤᠭᠤᠳ ᠠ᠋)
ᠳ᠋ᠤᠷᠤᠷᠠᠨ᠄ ᠮᠠᠽᠠ ᠲᠠᠢ ᠪᠠᠨ ᠲᠠᠨᠢᠯᠴᠠᠭᠰᠠᠨ ᠳ᠋ᠤ᠌ ᠪᠠᠨ ᠲᠠᠭᠠᠲᠠᠢ ᠪᠠᠢᠨ᠎ᠠ᠃
ᠪᠠᠺᠢ ᠪᠠᠮᠪᠠᠷ᠄ ᠵᠠ ᠣᠢᠷᠠᠲᠤᠵᠤ ᠬᠡᠷᠡᠭ ᠦᠭᠡᠢ᠁ ᠦ ᠪᠢᠰᠢ ᠠ᠋᠂ ᠵᠠ ᠣᠷᠣᠯᠳᠣᠬᠤ ᠳ᠋ᠤ᠌ ᠪᠠᠨ ᠪᠡᠯᠡᠨ ᠤᠤ?
ᠰᠫᠣᠷᠲ ᠮᠠᠽᠠ᠄ oh yeah ᠲᠠ ᠪᠦᠬᠦᠨ ᠦ᠌ ᠰᠫᠣᠷᠲ ᠮᠠᠽᠠ ᠭᠡᠮᠡᠨ ᠠᠯᠳᠠᠷᠰᠢᠭᠰᠠᠨ ᠮᠢᠨᠦ ᠪᠡᠶ᠎ᠡ ᠥᠨᠥᠳᠥᠷ ᠰᠫᠢᠷᠲᠯᠢᠭ ᠦ᠋ᠨ ᠰᠢᠭᠤᠳ ᠢᠯᠠᠭᠴᠢ ᠪᠣᠯᠬᠤ ᠪᠣᠯᠤᠨ᠎ᠠ᠃ ᠬᠠ ᠬᠠ᠁
ᠮᠥᠩᠬᠡ᠄ ᠵᠠ ᠲᠡᠭᠡᠶ᠎ᠡ᠂ ᠬᠡᠨ ᠨᠢ ᠢᠯᠠᠭᠴᠢ ᠪᠣᠯᠬᠤ ᠪᠠᠨ ᠬᠠᠷᠠᠵᠠᠭᠠᠶ᠎ᠠ᠃
ᠲᠤᠩᠬᠤ᠄ ᠲᠡᠭᠡᠶ᠎ᠡ᠃
ᠴᠠᠰᠤᠬᠠᠨ᠄ ᠢᠩᠭᠢᠬᠦ ᠳ᠋ᠦ᠍ ᠮᠠᠨ ᠤ᠋ ᠪᠠᠺᠢ ᠪᠠᠮᠪᠠᠷ ᠲᠤ᠌ ᠬᠡᠨ ᠵᠥᠪᠯᠡᠯᠭᠡ ᠥᠭᠴᠦ ᠪᠠᠢᠭ᠎ᠠ ᠪᠣᠢ?
ᠪᠠᠺᠢ ᠪᠠᠮᠪᠠᠷ᠄ ᠪᠠᠺᠢ ᠪᠠᠮᠪᠠᠷ ᠭᠠᠭᠴᠠᠭᠠᠷ ᠢ᠋ᠶ᠋ᠠᠨ ᠣᠷᠣᠯᠳᠣᠬᠤ ᠪᠠᠢᠭ᠎ᠠ ᠰᠢᠦ᠃ ᠵᠥᠪᠯᠡᠭᠴᠢ ᠦᠭᠡᠢ ᠪᠡᠷ ᠣᠷᠣᠯᠳᠣᠨ᠎ᠠ ᠳᠠ᠃
ᠮᠥᠩᠬᠡ᠄ ᠭᠦᠦᠭ᠂ ᠥᠪᠡᠷ ᠲᠦ᠍ ᠪᠡᠨ ᠢᠲᠡᠭᠡᠯ ᠲᠡᠢ ᠪᠠᠢᠬᠤ ᠴᠢᠨᠢ ᠪᠣᠢ᠂ok
ᠲᠤᠩᠬᠤ᠄ ᠵᠠ ᠤᠷᠤᠯᠳᠤᠭᠠᠨ ᠢ᠋ᠶ᠋ᠠᠨ ᠡᠬᠢᠯᠡᠵᠡᠭᠡᠶ᠎ᠡ!
ᠠᠷᠸ᠎ᠠ᠄ ᠵᠠ ᠰᠠᠢᠨ ᠪᠠᠢᠵᠠᠭᠠᠨ᠎ᠠ ᠤᠤ? ᠲᠠ ᠪᠦᠬᠦᠨ ᠳ᠋ᠦ᠍ ᠪᠡᠨ ᠡᠨᠡ ᠡᠳᠦᠷ ᠦ᠋ᠨ ᠮᠡᠨᠳᠦ ᠶ᠋ᠢ ᠬᠦᠷᠭᠡᠶ᠎ᠡ!Racing Day ᠡᠢᠨ ᠬᠦ᠌ ᠡᠬᠢᠯᠡᠯ᠎ᠡ᠃ ᠲᠠᠯᠠᠪᠠᠢ ᠳᠡᠭᠡᠷ᠎ᠡ ᠮᠥᠩᠬᠡ ᠪᠣᠯᠤᠨ ᠵᠥᠪᠯᠡᠭᠴᠢ ᠪᠡᠷ ᠴᠠᠰᠤᠬᠠᠨ᠂ ᠲᠤᠩᠬᠤ ᠪᠣᠯᠤᠨ ᠵᠥᠪᠯᠡᠭᠴᠢ ᠪᠡᠷ ᠳ᠋ᠤᠷᠤᠷᠠᠨ᠂ᠰᠫᠣᠷᠲ ᠮᠠᠽᠠ ᠪᠣᠯᠤᠨ ᠵᠥᠪᠯᠡᠭᠴᠢ ᠪᠡᠷ ᠪᠠᠰᠠᠷ᠂ ᠪᠠᠺᠢ ᠪᠠᠮᠪᠠᠷ ᠪᠣᠯᠤᠨ ᠵᠥᠪᠯᠡᠭᠴᠢ ᠪᠡᠷSolo(ᠭᠠᠭᠴᠠᠭᠠᠷ ᠥᠷᠢᠰᠦᠯᠳᠦᠬᠦ) ᠤᠷᠤᠯᠳᠤᠵᠤ ᠪᠠᠢᠭ᠎ᠠ ᠶᠤᠮ ᠪᠠᠢᠨ᠎ᠠ᠂ ᠵᠠ ᠤᠷᠤᠯᠳᠤᠭᠠᠨ ᠡᠬᠢᠯᠡᠬᠦ ᠳ᠋ᠦ᠍ ᠪᠡᠯᠡᠨ ᠪᠣᠯᠤᠯ᠎ᠠ᠃ 
ᠮᠥᠩᠬᠡ᠄ It's show time!(ᠵᠠ᠂ ᠮᠡᠷᠭᠡᠵᠢᠯ ᠢ᠋ᠶ᠋ᠡᠨ ᠦᠵᠡᠭᠦᠯᠦᠶ᠎ᠡ)᠃
ᠲᠤᠩᠬᠤ᠄ ᠪᠢ ᠪᠡᠯᠡᠨ᠃
ᠪᠠᠺᠢ ᠪᠠᠮᠪᠠᠷ᠄ here we go (ᠡᠬᠢᠯᠡᠵᠡᠭᠡᠶ᠎ᠡ)
ᠰᠫᠣᠷᠲ ᠮᠠᠽᠠ ᠄ Let's go (ᠡᠬᠢᠯᠡᠵᠡᠭᠡᠶ᠎ᠡ)
ᠠᠷᠸ᠎ᠠ᠄ ᠄ ᠵᠠ ᠮᠠᠨ ᠤ᠋ ᠳᠥᠷᠪᠡ ᠡᠢᠨ ᠬᠦ᠌ ᠡᠬᠢᠨ ᠦ᠌ ᠲᠣᠭᠣᠷᠢᠭ ᠲᠤ᠌ ᠪᠠᠨ ᠣᠷᠣᠨ ᠤᠷᠤᠯᠳᠤᠭᠠᠨ ᠡᠬᠢᠯᠡᠯ᠎ᠡ᠃ ᠣᠳᠣ ᠶ᠋ᠢᠨ ᠪᠠᠢᠳᠠᠯ ᠢ᠋ᠶ᠋ᠠᠷ ᠮᠠᠽᠠ ᠮᠠᠨᠢ ᠢᠯᠡᠳᠲᠡ ᠳᠠᠪᠠᠭᠤ ᠤᠷᠢᠳ ᠢ᠋ᠶ᠋ᠠᠷ ᠶᠠᠪᠤᠵᠤ ᠪᠠᠢᠨ᠎ᠠ᠃ ᠠᠷᠤ ᠠ᠋ᠴᠠ ᠨᠢ ᠪᠠᠺᠢ ᠪᠠᠮᠪᠠᠷ ᠶᠠᠪᠤᠵᠤ ᠪᠠᠢᠭ᠎ᠠ ᠶ᠋ᠢ ᠪᠦᠭᠦᠳᠡᠭᠡᠷ ᠢ᠋ᠶ᠋ᠡᠨ ᠬᠠᠷᠠᠵᠠᠭᠠᠵᠤ ᠪᠠᠢᠨ᠎ᠠ᠃ ᠮᠥᠩᠬᠡ ᠲᠤᠩᠬᠤ ᠠᠷᠤ ᠠᠷᠤ ᠠ᠋ᠴᠠ ᠪᠠᠨ ᠮᠥᠨ ᠬᠤᠷᠳᠤ ᠨᠡᠮᠡᠨ ᠬᠥᠳᠡᠯᠵᠦ ᠪᠠᠢᠨ᠎ᠠ᠂ ᠭᠠᠢᠬᠠᠯᠲᠠᠢ ᠤᠷᠤᠯᠳᠤᠭᠠᠨ ᠪᠣᠯᠬᠤ ᠰᠢᠨᠵᠢ ᠲᠡᠢ ᠪᠠᠢᠨ᠎ᠠ ᠰᠢᠦ᠃ ᠡᠨᠡ ᠤᠳᠠᠭ᠎ᠠ ᠶ᠋ᠢᠨ ᠤᠷᠤᠯᠳᠤᠭᠠᠨ ᠢ᠋ᠶ᠋ᠠᠷ ᠪᠢᠳᠡ ᠵᠥᠪᠬᠡᠨ ᠴᠠᠬᠢᠯᠭᠠᠨ ᠮᠠᠰᠢᠨ ᠢ᠋ᠶ᠋ᠠᠷ ᠤᠷᠤᠯᠳᠤᠵᠤ ᠪᠠᠢᠭ᠎ᠠ ᠶ᠋ᠢ ᠳᠣᠭᠣᠯᠭᠠᠬᠤ ᠳ᠋ᠤ᠌ ᠲᠠᠭᠠᠲᠠᠢ ᠪᠠᠢᠨ᠎ᠠ᠃ ᠴᠠᠬᠢᠯᠭᠠᠨ ᠬᠤᠷᠳᠤ ᠪᠠᠷ ᠮᠠᠨ ᠤ᠋ ᠳᠥᠷᠪᠡ ᠬᠤᠷᠳᠤᠯᠠᠵᠤ ᠪᠠᠢᠨ᠎ᠠ ᠳᠠ᠃
ᠰᠫᠣᠷᠲ ᠮᠠᠽᠠ ᠄ ᠵᠠ ᠪᠢ ᠬᠢᠷᠢ ᠬᠤᠷᠳᠤ ᠲᠠᠢ ᠶᠠᠪᠤᠵᠤ ᠪᠠᠢᠨ᠎ᠠ᠃
ᠪᠠᠰᠠᠷ᠄ ᠵᠠ ᠬᠡᠳᠦ ᠥᠨᠳᠥᠷ ᠬᠤᠷᠳᠤ ᠲᠠᠢ ᠶᠠᠪᠤᠭᠠᠳ ᠪᠠᠢᠨ᠎ᠠ ᠰᠢᠦ᠃
ᠮᠠᠽᠠ᠄ ᠡᠬᠢᠯᠡᠭᠡᠳ ᠲᠠᠰᠤᠷᠠᠬᠤ ᠬᠡᠷᠡᠭ ᠲᠡᠢ ᠪᠠᠢᠬ᠎ᠠ᠂ ᠬᠤᠷᠳᠤ ᠨᠡᠮᠡᠯ᠎ᠡ᠃
ᠪᠠᠰᠠᠷ᠄ ᠵᠠ ᠮᠠᠰᠢᠨ ᠢ᠋ᠶ᠋ᠠᠨ ᠪᠣᠳᠣᠭᠠᠷᠠᠢ ᠮᠠᠽᠠ ᠠ᠋᠃
ᠮᠥᠩᠬᠡ᠄ ᠵᠠ᠂ ᠴᠠᠰᠤᠬᠠᠨ ᠠ᠋ ᠬᠠᠮᠤᠭ ᠤ᠋ᠨ ᠤᠷᠢᠳ ᠮᠠᠽᠠ ᠶᠠᠪᠤᠵᠤ ᠪᠠᠢᠭ᠎ᠠ ᠵᠥᠪ ᠤᠤ?
ᠴᠠᠰᠤᠬᠠ᠄ ᠵᠥᠪ ᠵᠥᠪ᠂ ᠭᠡᠬᠦ ᠳ᠋ᠦ᠍ ᠪᠡᠨ ᠮᠥᠩᠬᠡ ᠶᠠᠭ ᠡᠨᠡ ᠵᠢᠭᠳᠡ ᠬᠤᠷᠳᠤ ᠪᠠᠨ ᠪᠠᠷᠢᠭᠠᠳ ᠶᠠᠪᠤᠭᠠᠷᠠᠢ᠂ ᠪᠢᠳᠡ ᠶᠠᠭᠠᠷᠠᠬᠤ ᠬᠡᠷᠡᠭ ᠦᠭᠡᠢ ᠭᠡᠵᠦ ᠪᠣᠳᠣᠵᠤ ᠪᠠᠢᠨ᠎ᠠ᠃
ᠮᠥᠩᠬᠡ᠄ok,ok
ᠳ᠋ᠤᠷᠤᠷᠠᠨ᠄ ᠣᠳᠣ ᠬᠤᠷᠳᠤ ᠪᠠᠨ ᠵᠢᠭᠠᠬᠠᠨ ᠨᠡᠮᠡᠵᠦ ᠡᠬᠢᠯᠡᠭᠰᠡᠨ ᠨᠢ ᠳᠡᠭᠡᠷ᠎ᠡ ᠭᠡᠵᠦ ᠪᠣᠳᠣᠵᠤ ᠪᠠᠢᠨ᠎ᠠ᠃
ᠲᠤᠩᠬᠤ᠄ok(ᠵᠠ)᠂ ᠪᠢ ᠳᠠᠷᠠᠭ᠎ᠠ ᠶ᠋ᠢᠨ ᠡᠷᠭᠢᠯᠲᠡ ᠳ᠋ᠦ᠍ ᠮᠥᠩᠬᠡ ᠶ᠋ᠢᠨ ᠤᠷᠢᠳ ᠣᠷᠣᠵᠤ ᠴᠢᠳᠠᠬᠤ ᠪᠠᠢᠬ᠎ᠠ᠃ ᠳ᠋ᠤᠷᠤᠷᠠᠨ᠄ ᠵᠠ ᠡᠷᠭᠢᠯᠲᠡ ᠣᠷᠣᠬᠤ ᠶ᠋ᠢ ᠬᠦᠯᠢᠶᠡᠭᠡᠷᠡᠢ!
ᠲᠤᠩᠬᠤ᠄ ᠵᠠ ᠣᠢᠯᠠᠭᠠᠯ᠎ᠠ᠃
ᠠᠷᠤ᠎ᠠ᠄ ᠄ ᠵᠠ ᠧᠦ᠂ ᠭᠠᠢᠬᠠᠯᠲᠠᠢ ᠬᠥᠳᠡᠯᠭᠡᠭᠡᠨ ᠦ᠌ ᠬᠦᠴᠦ ᠪᠡᠷ ᠲᠤᠩᠬᠤ ᠡᠷᠭᠢᠯᠲᠡᠨ ᠳᠡᠭᠡᠷ᠎ᠡ ᠮᠥᠩᠬᠡ ᠶ᠋ᠢ ᠭᠦᠢᠴᠡᠵᠦ ᠴᠢᠳᠠᠯ᠎ᠠ᠂ ᠭᠤᠷᠪᠠᠳᠤᠭᠠᠷ ᠪᠠᠢᠷᠢ ᠤᠷᠤᠭᠤ ᠣᠷᠣᠵᠤ ᠢᠷᠡᠯ᠎ᠡ᠃
ᠮᠥᠩᠬᠡ᠄ ᠦ ᠲᠤᠩᠬᠤ ᠭᠦᠢᠴᠡᠭᠡᠳ ᠣᠷᠣᠭᠠᠳ ᠢᠷᠡᠯ᠎ᠡ᠃
ᠴᠠᠰᠤᠬᠠᠨ᠄ ᠶᠠᠭᠠᠷᠠᠬᠤ ᠵᠦᠢᠯ ᠪᠠᠢᠬᠤ ᠦᠭᠡᠢ ᠰᠢᠦ᠂ ᠳᠠᠬᠢᠨ ᠮᠠᠰᠢ ᠣᠯᠠᠨ ᠲᠣᠭᠣᠷᠢᠭ ᠪᠠᠢᠭ᠎ᠠ ᠶ᠋ᠢ ᠰᠠᠨᠠᠭᠠᠷᠠᠢ ᠮᠥᠩᠬᠡ ᠠ᠋᠂ ᠲᠡᠭᠡᠬᠦ ᠪᠡᠷ ᠵᠢᠭᠳᠡ ᠬᠤᠷᠳᠤ ᠪᠠᠨ ᠰᠠᠢᠨ ᠪᠠᠷᠢᠭᠠᠷᠠᠢ᠃
ᠮᠥᠩᠬᠡ᠄ ok(ᠵᠠ)
ᠪᠠᠺᠢ ᠪᠠᠮᠪᠠᠷ᠄ ᠪᠢ ᠪᠠ ᠪᠠ ᠪᠠ ᠪᠠ᠂ ᠪᠠᠺᠢ ᠪᠠᠮᠪᠠᠷ ᠂ ᠪᠢ ᠪᠠ ᠁ ᠪᠠᠮᠪᠠᠷ
ᠪᠠᠰᠠᠷ᠄ ᠮᠠᠽᠠ ᠮᠢᠨᠦ ᠨᠠᠢᠵᠠ ᠠᠷᠠᠢ ᠬᠦᠴᠦᠯᠡᠭᠡᠳ ᠪᠠᠢᠬᠤ ᠰᠢᠭ᠋ ᠪᠠᠢᠨ᠎ᠠ ᠳᠠ᠃
ᠮᠠᠽᠠ᠄ ᠬᠠᠮᠤᠭ ᠤ᠋ᠨ ᠭᠣᠣᠯ ᠨᠢ ᠲᠦᠷᠦᠭᠦᠯᠡᠬᠦ ᠰᠢᠦ ᠳᠡ᠂ ᠢᠯᠡᠭᠦᠦ ᠬᠤᠷᠳᠤᠯᠠᠬᠤ ᠬᠡᠷᠡᠭᠲᠡᠢ ᠪᠠᠢᠨ᠎ᠠ᠃
ᠪᠠᠰᠠᠷ᠄ ᠮᠠᠰᠢᠨ ᠢ᠋ᠶ᠋ᠠᠨ ᠬᠠᠮᠢᠶ᠎ᠠ ᠦᠭᠡᠢ ᠬᠦᠴᠦᠯᠡᠵᠦ ᠪᠠᠢᠵᠤ ᠡᠪᠳᠡᠬᠦ ᠪᠣᠢ ᠳᠠ᠂ ᠪᠣᠯᠭᠣᠮᠵᠢᠲᠠᠢ ᠭᠢᠰᠬᠢᠭᠡᠷᠡᠢ᠃
ᠮᠠᠽᠠ᠄ ᠬᠤᠷᠳᠤ ᠁ speed ᠁ᠬᠤᠷᠳᠤ ᠁ speed ᠁
ᠠᠷᠤ᠎ᠠ᠄ ᠄ ᠵᠠ ᠮᠠᠽᠠ ᠣᠳᠣ ᠪᠠᠷ ᠬᠣᠶᠠᠷ ᠲᠣᠭᠣᠷᠢᠭ ᠢ᠋ᠶ᠋ᠠᠷ ᠲᠠᠰᠤᠷᠠᠵᠤ ᠡᠬᠢᠯᠡᠯ᠎ᠡ᠃ ᠮᠥᠩᠬᠡ᠂ ᠲᠤᠩᠬᠤ ᠬᠣᠶᠠᠷ ᠠᠷᠤ ᠠᠷᠤ ᠳ᠋ᠤ᠌ ᠪᠠᠨ ᠣᠷᠣᠭᠰᠠᠭᠠᠷ ᠪᠠᠢᠨ᠎ᠠ᠂ ᠪᠠᠺᠢ ᠪᠠᠮᠪᠠᠢ ᠮᠢᠨᠢ ᠬᠠᠷᠢᠨ ᠬᠥᠭᠵᠢᠮ ᠠᠶᠠᠯᠠᠭᠰᠠᠭᠠᠷ ᠶᠠᠪᠤᠨ᠎ᠠ ᠳᠠ᠃
ᠪᠠᠮᠪᠠᠷ᠄ ᠶᠠᠭᠤᠨ ᠳ᠋ᠤ᠌ ᠬᠦᠷᠬᠦ ᠪᠡᠨ ᠳᠠᠩᠴᠤ ᠮᠡᠳᠡᠬᠦ ᠦᠭᠡᠢ᠂ ᠨᠠᠷᠠ ᠨᠠ ᠨᠠ ᠠ!
ᠠᠷᠤ᠎ᠠ᠄ ᠮᠠᠽᠠ ᠬᠠᠭᠠᠵᠠ ᠶ᠋ᠢ ᠲᠤᠯᠲᠠᠯ᠎ᠠ ᠭᠢᠰᠬᠢᠭᠰᠡᠭᠡᠷ ᠪᠠᠢᠨ᠎ᠠ᠂ ᠮᠥᠩᠬᠡ᠂ ᠲᠤᠩᠬᠤ᠂ ᠪᠠᠺᠢ ᠪᠠᠮᠪᠠᠷ ᠨᠠᠷ ᠬᠤᠷᠳᠤ ᠪᠠᠨ ᠵᠢᠭᠳᠡ ᠪᠠᠷᠢᠵᠤ ᠶᠠᠪᠤᠨ᠎ᠠ᠃ ᠬᠡᠳᠦ ᠤᠯᠠᠢᠷᠠᠬᠤ ᠦᠭᠡᠢ ᠪᠠᠢᠬᠤ ᠨᠢ ᠠᠶᠤᠯ ᠦᠭᠡᠢ ᠭᠡᠳᠡᠭ ᠵᠥᠪᠯᠡᠯᠭᠡ ᠶ᠋ᠢ ᠮᠠᠰᠢ ᠰᠠᠢᠨ ᠳᠠᠭᠠᠵᠤ ᠪᠠᠢᠭ᠎ᠠ ᠬᠠᠷᠠᠭᠳᠠᠵᠤ ᠪᠠᠢᠨ᠎ᠠ ᠭᠡᠰᠡᠨ ᠲᠡᠳᠦᠢ ᠴᠦ᠍ ᠣᠳᠣ ᠬᠤᠷᠳᠤ ᠪᠠᠨ ᠨᠡᠮᠡᠵᠦ ᠡᠬᠢᠯᠡᠬᠦ ᠦᠭᠡᠢ ᠪᠣᠯ ᠪᠣᠯᠬᠤ ᠦᠭᠡᠢ ᠰᠢᠨᠵᠢ ᠲᠡᠢ ᠰᠢᠦ᠂ ᠰᠫᠣᠷᠲ ᠮᠠᠽᠠ ᠭᠤᠷᠪᠠᠨ ᠲᠣᠭᠣᠷᠢᠭ ᠢ᠋ᠶ᠋ᠠᠨ ᠲᠦᠷᠦᠭᠦᠯᠡᠵᠦ ᠡᠬᠢᠯᠡᠭᠰᠡᠨ ᠪᠠᠢᠨ᠎ᠠ᠂ ᠡᠨᠡ ᠤᠷᠤᠯᠳᠤᠭᠠᠨ ᠳ᠋ᠤ᠌ ᠶᠠᠮᠠᠷ ᠨᠢᠭᠡᠨ ᠠᠰᠠᠭᠤᠳᠠᠯ ᠭᠠᠷᠬᠤ ᠦᠭᠡᠢ ᠯᠡ ᠪᠣᠯ ᠮᠠᠽᠠ ᠲᠦᠷᠦᠭᠦᠯᠡᠬᠦ ᠨᠢ ᠲᠣᠳᠣᠷᠬᠠᠢ ᠪᠣᠯᠵᠤ ᠪᠠᠢᠬᠤ ᠰᠢᠭ᠋ ᠪᠠᠢᠨ᠎ᠠ᠃
ᠠᠷᠤ᠎ᠠ᠄ ᠣᠳᠣ ᠬᠣᠶᠠᠷᠬᠠᠨ ᠲᠣᠭᠣᠷᠢᠭ ᠦᠯᠡᠲᠡᠯ᠎ᠡ᠃ ᠭᠠᠢᠬᠠᠯᠲᠠᠢ ᠤᠷᠤᠯᠳᠤᠭᠠᠨ ᠪᠣᠯᠵᠤ ᠪᠠᠢᠨ᠎ᠠ ᠳᠠ᠂ ᠰᠫᠣᠷᠲ ᠮᠠᠽᠠ ᠭᠠᠢᠬᠠᠯᠲᠠᠢ ᠪᠠᠷ᠁ ᠡᠩ ᠪᠠᠢᠵᠠ ᠳᠠ᠂ ᠲᠡᠨᠳᠡ ᠶᠠᠭᠤ ᠬᠠᠷᠠᠭᠳᠠᠵᠤ ᠪᠠᠢᠨ᠎ᠠ? ᠮᠠᠽᠠ ᠶ᠋ᠢᠨ ᠮᠠᠰᠢᠨ ᠤ᠋ ᠬᠠᠮᠠᠷ ᠠ᠋ᠴᠠ ᠤᠲᠤᠭ᠎ᠠ ᠭᠠᠷᠤᠭᠠᠳ ᠪᠠᠢᠨ᠎ᠠ ᠤᠤ ᠳᠠ? ᠤᠭ ᠨᠢ ᠭᠤᠷᠪᠠᠨ ᠲᠣᠭᠣᠷᠢᠭ ᠢ᠋ᠶ᠋ᠠᠷ ᠲᠠᠰᠤᠷᠠᠵᠤ ᠡᠬᠢᠯᠡᠵᠦ ᠪᠠᠢᠭᠰᠠᠨ ᠶᠤᠮᠰᠠᠨ ᠶᠠᠭᠠᠬᠢᠭᠰᠠᠨ ᠬᠠᠷᠠᠮᠰᠠᠯᠲᠠᠢ ᠶᠤᠮ ᠪᠣᠢ? ᠮᠠᠰᠢᠨ ᠢ᠋ᠶ᠋ᠠᠨ ᠬᠡᠲᠦᠷᠬᠡᠢ ᠬᠦᠴᠦᠯᠡᠭᠰᠡᠨ ᠡᠴᠡ ᠯᠡ ᠪᠣᠯᠤᠯ᠎ᠠ ᠳᠠ ᠣᠳᠣ ᠪᠦᠷ ᠬᠤᠷᠳᠤ ᠨᠢ ᠰᠠᠭᠠᠷᠠᠭᠠᠳ ᠡᠬᠢᠯᠡᠯ᠎ᠡ᠃ ᠪᠦᠷ ᠤᠲᠤᠭ᠎ᠠ ᠭᠠᠷᠤᠭᠠᠳ ᠵᠣᠭᠰᠣᠴᠢᠬᠠᠯ᠎ᠠ ᠰᠢᠦ᠂ ᠣᠳᠣ ᠨᠥᠭᠦᠭᠡ ᠭᠤᠷᠪᠠ ᠮᠠᠨᠢ ᠲᠦᠷᠦᠭᠦᠯᠡᠬᠦ ᠳ᠋ᠦ᠍ ᠲᠠᠪᠤᠬᠠᠨ ᠲᠣᠭᠣᠷᠢᠭ ᠦᠯᠡᠳᠡᠵᠡᠢ᠃ ᠮᠠᠽᠠ ᠶ᠋ᠢᠨ ᠲᠤᠭᠤᠷᠢᠭᠳᠠᠭᠰᠠᠨ ᠭᠤᠷᠪᠠᠨ ᠲᠣᠭᠣᠷᠢᠭ ᠢ᠋ ᠳᠠᠭᠤᠰᠬᠠᠭᠠᠳ᠂ ᠬᠣᠶᠠᠷᠬᠠᠨ ᠲᠣᠭᠣᠷᠢᠭ ᠶᠠᠪᠤᠬᠤ ᠳ᠋ᠤ᠌ ᠯᠠ ᠲᠦᠷᠦᠭᠦᠯᠡᠬᠦ ᠨᠢ ᠪᠠᠢᠨ᠎ᠠ ᠰᠢᠦ ᠳᠡ᠂ ᠠᠶ᠎ᠠ ᠦᠭᠡᠢ ᠬᠠᠷᠠᠮᠰᠠᠯᠲᠠᠢ ᠵᠦᠢᠯ ᠪᠣᠯᠤᠯ᠎ᠠ ᠰᠢᠦ᠂ ᠮᠠᠽᠠ ᠮᠠᠨᠢ ᠮᠠᠰᠢᠨ ᠢ᠋ᠶ᠋ᠠᠨ ᠬᠡᠳᠦ ᠬᠦᠴᠦᠯᠡᠨ ᠬᠤᠷᠳᠤᠯᠠᠭᠤᠯᠤᠭᠰᠠᠨ ᠠ᠋ᠴᠠ ᠠᠰᠠᠭᠤᠳᠠᠯ ᠡᠭᠦᠰᠴᠦ ᠪᠠᠢᠬᠤ ᠰᠢᠭ᠋ ᠪᠠᠢᠨ᠎ᠠ ᠳᠠ᠃
ᠪᠠᠰᠠᠷ᠄ ᠠᠢ ᠮᠠᠽᠠ ᠮᠢᠨᠢ ᠳᠡ᠂ ᠪᠢᠲᠡᠭᠡᠢ ᠬᠦᠴᠦᠯᠡ ᠭᠡᠳ ᠪᠠᠢᠬᠤ ᠳ᠋ᠤ᠌ ᠳᠠ᠃
ᠮᠠᠽᠠ᠄ ᠠ ᠦᠭᠡᠢ᠂ ᠪᠠᠰᠠᠷ ᠣᠳᠣ ᠶᠠᠭᠠᠬᠢᠬᠤ ᠪᠣᠢ?
ᠪᠠᠰᠠᠷ᠄ ᠵᠠ ᠪᠠᠢᠵᠠ ᠂ ᠡᠩ!
ᠠᠷᠤ᠎ᠠ᠄ ᠵᠠ ᠮᠥᠩᠬᠡ᠂ ᠲᠤᠩᠬᠤ᠂ ᠪᠠᠺᠢ ᠪᠠᠮᠪᠠᠷ ᠭᠤᠷᠪᠠ ᠮᠢᠨᠢ ᠲᠠᠴᠢᠭᠢᠨᠠᠭᠠᠳ ᠣᠷᠣᠭᠠᠳ ᠢᠷᠡᠯ᠎ᠡ ᠳᠠ᠂ ᠣᠳᠣ ᠲᠤᠭᠤᠷᠢᠬᠳᠠᠭᠤᠯᠤᠭᠰᠠᠨ ᠪᠠᠢᠭᠰᠠᠨ ᠭᠤᠷᠪᠠᠨ ᠲᠣᠭᠣᠷᠢᠭ ᠢ᠋ᠶ᠋ᠠᠨ ᠪᠠᠷᠤᠭ ᠳᠠᠭᠤᠰᠬᠠᠵᠤ ᠪᠠᠢᠭ᠎ᠠ ᠬᠠᠷᠠᠭᠳᠠᠵᠤ ᠪᠠᠢᠨ᠎ᠠ᠂ ᠮᠠᠽᠠ ᠮᠠᠨᠢ ᠳᠠᠩᠴᠤ ᠵᠠᠮ ᠳᠡᠭᠡᠷ᠎ᠡ ᠪᠡᠨ ᠵᠣᠭᠰᠣᠭᠰᠠᠭᠠᠷ ᠯᠠ ᠪᠠᠢᠨ᠎ᠠ᠂ ᠪᠠᠰᠠᠷ ᠵᠥᠪᠯᠡᠭᠴᠢ ᠨᠢ ᠶᠠᠭᠤ ᠭᠡᠵᠦ ᠵᠥᠪᠯᠡᠵᠦ ᠪᠠᠢᠭ᠎ᠠ ᠪᠣᠯ?
ᠪᠠᠰᠠᠷ᠄ ᠡᠩ
ᠮᠠᠽᠠ᠄ ᠡᠩ
ᠪᠠᠰᠠᠷ᠄ ᠡᠩ᠂ ᠴᠠᠬᠢᠯᠭᠠᠨ ᠮᠠᠰᠢᠨ᠃
ᠮᠠᠽᠠ᠄ ᠴᠠᠬᠢᠯᠭᠠᠨ ᠢ᠋ ᠶᠠᠭᠤ ᠳᠠᠮᠵᠢᠭᠤᠯᠳᠠᠭ ᠪᠢᠯᠡ?
ᠪᠠᠰᠠᠷ᠄ ᠴᠠᠬᠢᠯᠭᠠᠨ ᠢ᠋ ᠵᠡᠰ ᠳᠠᠮᠵᠢᠭᠤᠯᠳᠠᠭ᠂ ᠵᠠ ᠮᠠᠽᠠ ᠮᠢᠨᠢ ᠮᠠᠰᠢᠨ ᠤ᠋ ᠴᠢᠨᠢ ᠰᠠᠨᠳᠠᠯᠢ ᠳᠣᠣᠷ᠎ᠠ ᠵᠡᠰ ᠨᠢ ᠳᠤᠷᠪᠠ ᠪᠠᠢᠭ᠎ᠠ ᠲᠡᠭᠦᠨ ᠢ᠋ ᠠᠪᠤᠭᠠᠳ ᠵᠠᠯᠭᠠᠴᠢᠬ᠎ᠠ᠃
ᠮᠠᠽᠠ᠄ oh yes(ᠥ ᠲᠡᠢᠮᠦ)
ᠠᠷᠤ᠎ᠠ᠄ ᠵᠠ ᠮᠥᠩᠬᠡ ᠂ ᠲᠤᠩᠬᠤ᠂ ᠪᠠᠮᠪᠠᠷ ᠭᠤᠷᠪᠠ ᠮᠠᠽᠠ ᠶ᠋ᠢ ᠲᠦᠷᠦᠭᠦᠯᠡᠵᠦ ᠢᠷᠡᠯ᠎ᠡ᠂ ᠣᠳᠣ ᠬᠣᠶᠠᠷᠬᠠᠨ ᠲᠣᠭᠣᠷᠢᠭ ᠪᠠᠢᠨ᠎ᠠ ᠳᠠ᠂ ᠬᠡᠨ ᠲᠦᠷᠦᠭᠦᠯᠡᠬᠦ ᠶ᠋ᠢ ᠲᠡᠭᠷᠢ ᠯᠡ ᠮᠡᠳᠡᠬᠦ ᠪᠠᠢᠬ᠎ᠠ ᠂ ᠭᠠᠢᠬᠠᠯᠲᠠᠢ ᠤᠷᠤᠯᠳᠤᠭᠠᠨ ᠢ᠋ ᠪᠢᠳᠡ ᠪᠦᠬᠦᠨ ᠦᠵᠡᠵᠦ ᠪᠠᠢᠨ᠎ᠠ ᠂ ᠭᠠᠢᠬᠠᠯᠲᠠᠢ ᠭᠠᠢᠬᠠᠯᠲᠠᠢ ᠪᠠᠢᠨ᠎ᠠ᠃
ᠮᠠᠽᠠ᠄ ᠵᠠ ᠪᠣᠯᠴᠢᠬᠠᠯ᠎ᠠ!
ᠪᠠᠰᠠᠷ ᠄ go , go
ᠠᠷᠤ᠎ᠠ᠄ ᠪᠠᠢᠵᠤ ᠪᠠᠢᠭᠠᠷᠠᠢ᠂ ᠲᠡᠨᠳᠡ ᠮᠠᠽᠠ ᠶ᠋ᠢᠨ ᠮᠠᠰᠢᠨ ᠬᠥᠳᠡᠯᠵᠦ ᠡᠬᠢᠯᠡᠵᠦ ᠪᠠᠢᠨ᠎ᠠ ᠤᠤ ᠳᠠ᠂ ᠰᠠᠶᠢᠬᠠᠨ ᠨᠥᠭᠦᠭᠡ ᠭᠤᠷᠪᠠ ᠳᠡᠷᠭᠡᠳᠡᠭᠦᠷ ᠨᠢ ᠥᠩᠭᠡᠷᠡᠭᠰᠡᠨ ᠶᠦᠮ᠃ ᠮᠠᠽᠠ ᠬᠡᠷᠬᠢᠨ ᠬᠣᠶᠠᠷ ᠲᠣᠭᠣᠷᠢᠭ ᠲᠤ᠌ ᠲᠡᠷᠡ ᠭᠤᠷᠪᠠ ᠶ᠋ᠢ ᠲᠦᠷᠦᠭᠦᠯᠡᠬᠦ ᠪᠣᠯ? ᠪᠢᠳᠡ ᠭᠠᠢᠬᠠᠯᠲᠠᠢ ᠤᠷᠤᠯᠳᠤᠭᠠᠨ ᠤ᠋ ᠭᠡᠷᠡᠴᠢ ᠪᠣᠯᠵᠤ ᠪᠠᠢᠨ᠎ᠠ᠂ ᠸᠠ ᠢᠸᠦ᠂ ᠭᠦᠦᠭ ᠮᠠᠽᠠ ᠪᠦᠷ ᠳᠥᠭᠥᠭᠡᠳ ᠢᠷᠡᠯ᠎ᠡ ᠰᠢᠦ᠂ ᠤᠷᠤᠯᠳᠤᠭᠠᠨ ᠤ᠋ ᠲᠡᠦᠬᠡᠨ ᠳ᠋ᠦ᠍ ᠡᠢᠮᠦ ᠣᠢᠷᠠᠬᠠᠨ ᠣᠷᠣᠵᠤ ᠢᠷᠡᠵᠦ ᠪᠠᠢᠭᠰᠠᠨ ᠤᠳᠠᠭ᠎ᠠ ᠪᠠᠢᠬᠤ ᠦᠭᠡᠢ ᠪᠢᠯᠡ᠂ ᠰᠡᠭᠦᠯ ᠦ᠋ᠨ ᠲᠣᠭᠣᠷᠢᠭ ᠲᠤ ᠪᠠᠨ ᠲᠦᠷᠦᠭᠦᠯᠡᠬᠦ ᠶ᠋ᠢ ᠬᠠᠷᠠᠵᠠᠭᠠᠶ᠎ᠠ! ᠬᠡᠨ ᠪᠠᠢᠬᠤ ᠪᠣᠯ? ᠪᠢ ᠴᠤ᠌ ᠭᠡᠰᠡᠨ ᠬᠡᠨ ᠲᠦᠷᠦᠭᠦᠯᠡᠭᠰᠡᠨ ᠢ᠋ ᠮᠡᠳᠡᠬᠦ ᠦᠭᠡᠢ ᠪᠠᠢᠨ᠎ᠠ᠃ ᠬᠡᠨ ᠲᠦᠷᠦᠭᠦᠯᠡᠭᠰᠡᠨ ᠪᠣᠯ? ᠪᠢᠴᠢᠯᠭᠡ ᠶ᠋ᠢ ᠰᠢᠯᠭᠠᠨ ᠬᠠᠷᠠᠵᠠᠭᠠᠶ᠎ᠠ᠂ ᠸᠠ ᠧᠦ᠂ ᠭᠠᠢᠬᠠᠯᠲᠠᠢ ᠤᠷᠤᠯᠳᠤᠭᠠᠨ ᠪᠣᠯᠵᠤ ᠥᠩᠭᠡᠷᠡᠯ᠎ᠡ᠃ ᠡᠢᠮᠦ ᠨᠠᠷᠢᠨ ᠬᠤᠭᠤᠴᠠᠭᠠᠨ ᠳ᠋ᠤ᠌ ᠢᠩᠭᠢᠵᠦ ᠪᠠᠷᠢᠵᠤ ᠣᠷᠣᠵᠤ ᠢᠷᠡᠳᠡᠭ ᠮᠤᠨᠳᠠᠭ ᠭᠡᠬᠦ ᠳ᠋ᠦ᠍ ᠦᠨᠡᠬᠡᠷ ᠮᠤᠨᠳᠠᠭ ᠣᠷᠣᠯᠳᠣᠯ᠎ᠠ᠂ ᠣᠷᠣᠯᠳᠣᠭᠰᠠᠨ ᠪᠣᠯᠤᠨ ᠵᠥᠪᠯᠡᠭᠰᠡᠨ ᠲᠠ ᠨᠠᠷ ᠲᠤ ᠪᠠᠨ ᠪᠠᠶᠠᠷᠯᠠᠯ᠎ᠠ᠂ ᠨᠢᠭᠡᠳᠦᠭᠡᠷ ᠪᠠᠢᠷᠢᠨ ᠳ᠋ᠤ᠌ ᠮᠠᠽᠠ ᠣᠷᠣᠯ᠎ᠠ᠃bravo(ᠦᠨᠡᠨ ᠮᠤᠨᠳᠠᠭ!)ᠳᠠᠷᠠᠭ᠎ᠠ ᠶ᠋ᠢᠨRacing Day(ᠤᠷᠤᠯᠳᠤᠭᠠᠨ ᠤ᠋ ᠡᠳᠦᠷᠯᠢᠭ) ᠬᠦᠷᠲᠡᠯ᠎ᠡ ᠲᠦᠷ ᠪᠠᠶᠠᠷᠲᠠᠢ ᠦᠵᠡᠭᠴᠢᠳ ᠠ᠋! ᠮᠤᠨᠳᠠᠭ ᠬᠡᠦᠬᠡᠳ ᠪᠠᠢᠭᠠᠷᠠᠢ᠃
ᠮᠠᠽᠠ᠄ ᠠᠢ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋!
ᠲᠤᠩᠬᠤ ᠄ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋!
ᠮᠠᠽᠠ᠄ ᠥᠨᠥᠳᠥᠷ ᠲᠠ ᠨᠠᠷ ᠲᠤ ᠪᠠᠨ ᠮᠢᠨᠦ ᠪᠡᠶ᠎ᠡ ᠪᠣᠯᠤᠨ ᠲᠤᠩᠬᠤ ᠲᠠᠢ ᠪᠠᠨ ᠬᠠᠮᠲᠤ ᠬᠦᠢᠲᠡᠨ ᠳ᠋ᠦ᠍ ᠲᠠᠭᠠᠷᠠᠪᠠᠯ ᠶᠠᠮᠠᠷ ᠠᠶᠤᠯ ᠲᠠᠢ ᠶ᠋ᠢ ᠰᠠᠨᠠᠭᠤᠯᠵᠤ ᠪᠠᠰᠠ ᠠᠩᠬᠠᠷᠤᠭᠤᠯᠬᠤ ᠭᠡᠵᠦ ᠪᠠᠢᠨ᠎ᠠ᠂ ᠲᠡᠢᠮᠦ ᠠ᠋ ᠲᠤᠩᠬᠤ ᠠ᠋?
ᠲᠤᠩᠬᠤ᠄ ᠲᠡᠢᠮᠦ ᠰᠢᠦ ᠰᠡᠺᠦᠷᠲ ᠮᠠᠽᠠ ᠬᠢ ᠬᠢ᠁
ᠮᠠᠽᠠ᠄ ᠬᠢ ᠬᠢ᠂ ᠵᠠ ᠡᠪᠦᠯ ᠦ᠋ᠨ ᠡᠳᠦᠷ ᠦ᠋ᠳ ᠲᠦ᠍ ᠬᠠᠨᠢᠶᠠᠳᠤ ᠲᠣᠮᠣᠭᠣ ᠬᠠᠮᠤᠭ ᠤ᠋ᠨ ᠶᠡᠬᠡ ᠡᠯᠪᠡᠭ ᠪᠠᠢᠳᠠᠭ ᠤᠴᠢᠷ ᠠ᠋ᠴᠠ ᠡᠨᠡ ᠦᠶ᠎ᠡ ᠳ᠋ᠦ᠍ ᠬᠠᠮᠤᠭ ᠤ᠋ᠨ ᠡᠬᠢᠨ ᠳ᠋ᠦ᠍ ᠮᠠᠰᠺᠠ ᠪᠠᠨ ᠰᠠᠢᠨ ᠵᠡᠭᠦᠵᠦ ᠬᠡᠷᠪᠡ ᠲᠠᠭᠠᠷᠠᠭᠰᠠᠨ ᠪᠣᠯ ᠭᠡᠷ ᠪᠦᠯᠢ ᠶ᠋ᠢᠨ ᠬᠢᠨᠢ ᠳ᠋ᠦ᠍ ᠪᠡᠨ ᠬᠡᠯᠡᠵᠦ ᠳᠠᠷᠬᠠᠯᠠᠭ᠎ᠠ ᠳᠡᠮᠵᠢᠬᠦ ᠪᠦᠲᠦᠭᠡᠭᠳᠡᠬᠦᠨ ᠪᠣᠯᠤᠨ ᠬᠠᠯᠠᠭᠤᠨ ᠪᠦᠯᠢᠶᠡᠨ ᠵᠦᠢᠯ ᠰᠠᠢᠨ ᠤᠤᠭᠤᠵᠤ ᠪᠠᠢᠬᠤ ᠬᠡᠷᠡᠭᠲᠡᠢ ᠰᠢᠦ᠃
ᠲᠤᠩᠬᠤ᠄ ᠵᠠᠷᠢᠮ ᠨᠠᠢᠵᠠ ᠮᠠᠨᠢ ᠠᠩᠭᠢ ᠳᠡᠭᠡᠷ᠎ᠡ ᠪᠡᠨ ᠪᠠᠢᠵᠤ ᠪᠠᠢᠭᠠᠳ ᠶᠡᠬᠡ ᠵᠠᠪᠰᠠᠷᠯᠠᠭ᠎ᠠ ᠶ᠋ᠢᠨ ᠦᠶ᠎ᠡ ᠪᠡᠷ ᠰᠢᠭᠤᠳ ᠭᠠᠳᠠᠭᠤᠷ ᠬᠤᠪᠴᠠᠰᠤ ᠪᠠᠨ ᠡᠮᠦᠰᠦᠯ ᠦᠭᠡᠢ ᠪᠡᠷ ᠰᠤᠷᠭᠠᠭᠤᠯᠢ ᠠ᠋ᠴᠠ ᠭᠠᠷᠬᠤ ᠲᠣᠬᠢᠶᠠᠯᠳᠤᠯ ᠪᠠᠢᠳᠠᠭ ᠰᠢᠦ ᠳᠡ᠂ ᠡᠨᠡ ᠦᠶ᠎ᠡ ᠳ᠋ᠦ᠍ ᠨᠠᠢᠵᠠ ᠨᠤᠭᠤᠳ ᠲᠤ᠌ ᠪᠠᠨ ᠬᠠᠨᠳᠤᠵᠤ ᠶᠠᠭᠤ ᠭᠡᠵᠦ ᠬᠡᠯᠡᠬᠦ ᠤᠤ?
ᠮᠠᠽᠠ᠄ ᠢ ᠲᠢ ᠲᠢ ᠲᠢ ᠲᠢ ᠲᠡᠭᠡᠬᠦ ᠪᠡᠷ ᠬᠤᠪᠴᠠᠰᠤ ᠦᠭᠡᠢ ᠠᠯᠢ ᠡᠰᠡᠬᠦᠯ᠎ᠡ ᠬᠥᠯᠥᠰᠥ ᠲᠡᠢ ᠦᠶ᠎ᠡ ᠳ᠋ᠦ᠍ ᠪᠡᠨ ᠰᠢᠭᠤᠳ ᠭᠠᠳᠠᠭᠰᠢ ᠪᠠᠨ ᠭᠠᠷᠴᠤ ᠬᠡᠷᠬᠢᠪᠡᠴᠦ ᠪᠣᠯᠬᠤ ᠦᠭᠡᠢ ᠰᠢᠦ᠂ ᠬᠠᠨᠢᠶᠠᠳᠤ ᠲᠣᠮᠣᠭᠣ ᠲᠤᠰᠬᠤ ᠬᠣᠭᠣᠯᠠᠢ ᠡᠪᠡᠳᠬᠦ ᠪᠦᠷ ᠬᠠᠮᠢᠭ᠎ᠠ ᠨᠢ ᠴᠦ᠍ ᠲᠣᠰᠴᠤ ᠮᠡᠳᠡᠬᠦ ᠠᠶᠤᠯ ᠲᠠᠢ ᠶᠤᠮ ᠰᠢᠦ ᠨᠠᠢᠵᠠ ᠨᠤᠭᠤᠳ ᠠ᠋
ᠲᠤᠩᠬᠤ᠄ ᠬᠠᠷᠢᠨ ᠲᠡᠢᠮᠦ ᠠ᠋᠂ ᠵᠠᠷᠢᠮ ᠳ᠋ᠤ᠌ ᠪᠠᠨ ᠪᠦᠷ ᠨᠠᠢᠵᠠ ᠨᠤᠭᠤᠳ ᠢ᠋ ᠪᠡᠨ ᠳᠠᠭᠠᠭᠠᠳ ᠲᠠᠭᠠᠷᠠᠵᠤ ᠪᠠᠢᠭ᠎ᠠ ᠦᠭᠡᠢ ᠪᠡᠨ ᠴᠦ᠍ ᠠᠩᠵᠠᠭᠠᠷᠠᠯ ᠦᠭᠡᠢ ᠭᠦᠶᠦᠵᠦ ᠪᠠᠢᠳᠠᠭ ᠰᠢᠦ ᠳᠡ᠂ ᠬᠢ ᠬᠢ
ᠮᠠᠽᠠ᠄ ᠲᠡᠢᠮᠦ ᠰᠢᠦ ᠬᠡᠷᠪᠡ ᠥᠪᠡᠷ ᠢ᠋ᠶ᠋ᠡᠨ ᠳᠤᠯᠠᠭᠠᠨ ᠬᠤᠪᠴᠠᠰᠤᠯᠠᠭᠰᠠᠨ ᠪᠣᠯ ᠨᠠᠢᠵᠠ ᠨᠤᠭᠤᠳ ᠢ᠋ ᠪᠡᠨ ᠴᠦ᠍ ᠭᠡᠰᠡᠨ ᠠᠩᠬᠠᠷᠴᠤ ᠠᠯᠢ ᠪᠣᠯᠬᠤ ᠪᠠᠷ ᠳᠤᠯᠠᠭᠠᠨ ᠬᠤᠪᠴᠠᠰᠤᠯᠠᠬᠤ ᠶ᠋ᠢ ᠨᠢ ᠰᠠᠨᠠᠭᠤᠯᠵᠤ ᠪᠠᠢᠭᠠᠷᠠᠢ᠂ ᠨᠠᠢᠵᠠ ᠨᠤᠭᠤᠳ ᠠ᠋! ᠲᠤᠩᠬᠤ᠄ ᠬᠡᠷᠪᠡ ᠲᠠᠭᠠᠷᠠᠭᠰᠠᠨ ᠠ᠋ᠴᠠ ᠪᠠᠨ ᠪᠣᠯᠤᠭᠠᠳ ᠪᠡᠶ᠎ᠡ ᠨᠢ ᠡᠪᠡᠳᠴᠦ᠂ ᠬᠠᠨᠢᠶᠠᠳᠤ ᠬᠦᠷᠴᠦ᠂ ᠪᠦᠷ ᠬᠣᠭᠣᠯᠠᠢ ᠨᠢ ᠡᠪᠡᠳᠴᠦ ᠪᠠᠢᠭ᠎ᠠ ᠪᠣᠯ ᠶᠠᠭᠠᠬᠢᠬᠤ ᠪᠣᠢ? ᠮᠠᠽᠠ᠄ ᠬᠠᠮᠤᠭ ᠤ᠋ᠨ ᠲᠡᠷᠢᠭᠦᠨ ᠳ᠋ᠦ᠍ ᠭᠡᠷ ᠪᠦᠯᠢ ᠶ᠋ᠢᠨ ᠬᠢᠨ ᠳ᠋ᠦ᠍ ᠪᠡᠨ ᠪᠣᠯᠤᠨ ᠠᠩᠭᠢ ᠶ᠋ᠢᠨ ᠢ᠋ᠶ᠋ᠡᠨ ᠪᠠᠭᠰᠢ ᠳ᠋ᠤ᠌ ᠪᠠᠨ ᠬᠡᠯᠡᠵᠦ᠂ ᠲᠡᠭᠦᠨ ᠦ᠌ ᠳᠠᠷᠠᠭ᠎ᠠ ᠥᠪᠡᠷ ᠦ᠋ᠨ ᠬᠠᠷᠠᠭᠠᠯᠵᠠᠬᠤ ᠲᠣᠮᠣ ᠬᠥᠮᠦᠨ ᠲᠡᠢ ᠬᠠᠮᠲᠤ ᠵᠠᠪᠠᠯ ᠡᠮᠴᠢ ᠳ᠋ᠦ᠍ ᠦᠵᠡᠭᠦᠯᠵᠦ᠂ ᠡᠮᠴᠢᠯᠡᠭᠡ ᠬᠢᠯᠭᠡᠬᠦ ᠱᠠᠭᠠᠷᠳᠠᠯᠭ᠎ᠠ ᠲᠠᠢ ᠶᠤᠮ ᠰᠢᠦ᠂ ᠥᠪᠡᠷ ᠢ᠋ᠶ᠋ᠡᠨ ᠳᠤᠷ᠎ᠠ ᠮᠡᠳᠡᠵᠦ ᠡᠳᠡᠭᠡᠴᠢᠬᠡᠬᠦ ᠶᠦᠮ ᠴᠢᠨᠢ᠂ ᠬᠠᠮᠠᠷ ᠤ᠋ᠨ ᠬᠠᠨᠢᠶᠠᠳᠤ ᠶᠤᠮ ᠴᠢᠨᠢ ᠭᠡᠳ ᠲᠣᠭᠣᠬᠤ ᠦᠭᠡᠢ ᠣᠷᠬᠢᠵᠤ ᠪᠣᠯᠬᠤ ᠦᠭᠡᠢ ᠰᠢᠦ᠂ ᠶᠠᠭᠠᠷᠠᠯᠲᠠᠢ ᠡᠮᠴᠢ ᠳ᠋ᠦ᠍ ᠦᠵᠡᠭᠦᠯᠵᠦ᠂ ᠡᠮᠴᠢ ᠶ᠋ᠢᠨ ᠵᠢᠭᠠᠪᠤᠷᠢ ᠪᠠᠷ ᠡᠮᠴᠢᠯᠡᠭᠡ ᠬᠢᠬᠦ ᠨᠢ ᠬᠠᠮᠤᠭ ᠤ᠋ᠨ ᠴᠢᠬᠤᠯᠠ ᠶᠤᠮ ᠰᠢᠦ ᠳᠡ᠃
ᠲᠤᠩᠬᠤ᠄ ᠲᠡᠢᠮᠦ ᠰᠢᠦ᠂ ᠨᠠᠢᠵᠠ ᠨᠤᠭᠤᠳ ᠲᠤ᠌ ᠪᠠᠨ ᠦᠷᠭᠦᠯᠵᠢ ᠬᠡᠷᠡᠭᠲᠡᠢ ᠱᠠᠭᠠᠷᠳᠠᠯᠭ᠎ᠠ ᠲᠠᠢ ᠵᠥᠪᠯᠡᠯᠭᠡ ᠨᠦ᠍ᠭᠦᠳ ᠢ᠋ ᠬᠦᠷᠭᠡᠵᠦ ᠪᠠᠢᠳᠠᠭ ᠮᠠᠽᠠ ᠳ᠋ᠤ᠌ ᠪᠠᠨ ᠦᠨᠡᠬᠡᠷ ᠶᠡᠬᠡ ᠪᠠᠶᠠᠷᠯᠠᠯ᠎ᠠ᠃ ᠮᠠᠽᠠ᠄ ᠬᠢ ᠬᠢ᠂ ᠵᠦᠭᠡᠷ ᠳᠡ᠂ ᠪᠢ ᠴᠢᠨᠢ ᠰᠫᠣᠷᠲ ᠮᠠᠽᠠ ᠰᠢᠦ ᠳᠡ!
ᠲᠤᠩᠬᠤ᠄ ᠬᠢ ᠬᠢ ᠵᠠ ᠵᠠ ᠮᠠᠽᠠ ᠢᠩᠭᠢᠭᠡᠳ ᠡᠨᠡ ᠤᠳᠠᠭ᠎ᠠ ᠶ᠋ᠢᠨ ᠵᠥᠪᠯᠡᠯᠭᠡ ᠪᠡᠨ ᠳᠠᠭᠤᠰᠬᠠᠬᠤ ᠤᠤ ᠳᠠ!
ᠮᠠᠽᠠ᠄ ᠵᠠ ᠲᠡᠭᠡᠶ᠎ᠡ ᠨᠠᠢᠵᠠ ᠨᠤᠭᠤᠳ ᠠ᠋᠂ ᠳᠤᠯᠠᠭᠠᠨ ᠬᠤᠪᠴᠠᠰᠤᠯᠠᠵᠤ ᠣᠭᠲᠣᠬᠠᠨ ᠴᠤ᠌ ᠲᠠᠭᠠᠷᠠᠵᠤ ᠪᠣᠯᠬᠤ ᠦᠭᠡᠢ ᠰᠢᠦ᠂ ᠲᠡᠭᠡᠵᠦ ᠪᠠᠢᠵᠤ ᠥᠪᠡᠷ ᠦ᠋ᠨ ᠢ᠋ᠶ᠋ᠡᠨ ᠪᠣᠯᠤᠨ ᠪᠤᠰᠤᠳ ᠤ᠋ᠨ ᠡᠷᠡᠭᠦᠯ ᠮᠡᠨᠳᠦ ᠶ᠋ᠢ ᠬᠠᠮᠠᠭᠠᠯᠠᠨ᠎ᠠ ᠰᠢᠦ ᠳᠡ!

ᠦᠰᠦᠭ ᠠᠮᠢᠯᠠᠭᠤᠯᠤᠭᠴᠢ᠄ ᠬᠤᠸᠠᠷ
ᠬᠥᠳᠡᠯᠭᠡᠭᠡᠨᠲᠦ ᠵᠢᠷᠤᠭ ᠳᠡᠭᠡᠷ᠎ᠡ ᠦᠰᠦᠭ ᠢ᠋ ᠨᠢ ᠬᠠᠲᠠᠭᠰᠠᠨ ᠨᠢ᠄ ᠾᠦᠩ ᠸᠧᠢ
ᠬᠢᠨᠠᠯᠲᠠ ᠬᠢᠭᠰᠡᠨ ᠬᠥᠮᠦᠰ᠄ ᠱᠤᠳᠤᠷᠭᠤ᠂ ᠮᠥᠴᠢᠷ᠃