ᠳᠣᠮᠣᠭᠲᠤ ᠬᠤᠷᠠᠭ᠎ᠠ – ᠴᠣ ᠂ ᠣᠷᠱᠤᠨ Домогт хурга – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠮᠣᠭᠲᠤ ᠬᠤᠷᠠᠭ᠎ᠠ – ᠴᠣ ᠂ ᠣᠷᠱᠤᠨ Домогт хурга – Чо ᠂ Оршин

ᠳᠣᠮᠣᠭᠲᠤ ᠬᠤᠷᠠᠭ᠎ᠠ – ᠴᠣ ᠂ ᠣᠷᠱᠤᠨ Домогт хурга – Чо ᠂ Оршин

2024-04-04

281

ᠳᠣᠮᠣᠭᠲᠤ ᠬᠤᠷᠠᠭ᠎ᠠ


       ᠨᠤᠲᠤᠭ ᠤ᠋ᠨ ᠳᠣᠮᠣᠭ ᠲᠤ ᠨᠣᠭᠣᠭᠠᠨ ᠬᠤᠷᠠᠭ᠎ᠠ 
       ᠨᠣᠷᠤᠭᠰᠠᠨ ᠰᠢᠯᠦᠭ ᠲᠤ ᠱᠠᠭ᠎ᠠ ᠡᠷᠬᠢᠮ 
 ᠴᠡᠩᠬᠡᠷ ᠪᠤᠯᠠᠭ ᠤ᠋ᠨ ᠤᠰᠤ ᠶ᠋ᠢ 
 ᠰᠢᠮᠡᠵᠦ ᠠᠮᠲᠠᠯᠠᠨ ᠤᠤᠭᠤᠪᠠᠯ 
 ᠰᠢᠪᠲᠦᠷ ᠭᠡᠵᠦ ᠦᠨᠦᠷᠲᠦᠬᠦ ᠦᠭᠡᠢ 
 ᠰᠢᠬᠢᠷ ᠪᠤᠷᠠᠮ ᠰᠢᠭ᠋ ᠰᠠᠨᠠᠭᠳᠠᠬᠤ ᠶᠤᠮ᠃ 
 ᠤᠰᠤᠨ ᠤ᠋ ᠥᠩᠭᠡ ᠨᠢ ᠡᠢᠮᠦ ᠴᠤ᠌
 ᠤᠤᠭᠤᠭᠠᠳ ᠶᠠᠭᠤᠨ ᠬᠠᠩᠬᠤ ᠦᠭᠡᠢ ᠪᠣᠢ? 
 ᠣᠨ ᠵᠢᠯ ᠤᠯᠠᠷᠢᠭᠰᠠᠨ ᠴᠤ᠌ 
 ᠤᠨᠳᠤᠷᠤᠭᠠᠳ ᠶᠠᠭᠤᠨ ᠰᠢᠷᠭᠢᠬᠦ ᠦᠭᠡᠢ ᠪᠣᠢ? 
 ᠪᠤᠷᠬᠠᠨᠲᠤ ᠨᠡᠷ᠎ᠡ ᠲᠡᠢ ᠳᠠᠷᠬᠠᠨ 
 ᠪᠤᠯᠠᠭ ᠥᠭᠡᠳᠡ ᠴᠢᠭᠯᠡᠭᠡᠳ 
 ᠡᠳᠦᠷ ᠰᠥᠨᠢ ᠪᠡᠷ ᠬᠤᠪᠴᠠᠯᠠᠵᠤ 
 ᠡᠭᠦᠷᠭᠡ ᠪᠠᠷᠢᠨ ᠶᠠᠪᠤᠳᠠᠭ ᠭᠡᠨ᠎ᠡ᠃ 
 ᠪᠠᠭᠰᠢ ᠭᠡᠳᠡᠭ ᠬᠣᠴᠢᠯᠠᠯ ᠲᠠᠢ 
 ᠪᠠᠨᠳᠢ ᠵᠢᠭᠠᠬᠠᠨ ᠯᠠᠮᠠ ᠯᠠ 
 ᠪᠠᠷᠢᠨ ᠵᠠᠯᠭ᠎ᠠ ᠣᠴᠢᠳᠠᠭ ᠢ᠋ 
 ᠪᠠᠷᠤᠭᠯᠠᠵᠤ ᠲᠥᠰᠥᠪᠯᠡᠨ ᠮᠡᠳᠡᠭᠡᠳ 
 ᠨᠢᠭᠡᠨ ᠡᠷᠲᠡ ᠶ᠋ᠢᠨ ᠵᠢᠪᠠᠷ ᠢ᠋ᠶ᠋ᠠᠷ 
 ᠨᠡᠬᠡᠵᠦ ᠠᠷᠤ ᠠ᠋ᠴᠠ ᠨᠢ ᠮᠥᠷᠳᠡᠵᠡᠢ᠂  
 ᠨᠡᠭᠡᠷᠡᠨ ᠶᠠᠭᠠᠬᠢᠬᠤ ᠤᠴᠢᠷ ᠢ᠋ ᠨᠢ 
 ᠨᠢᠭᠡᠮᠦᠰᠦᠨ ᠦᠵᠡᠭᠡᠳ ᠰᠣᠴᠢᠵᠠᠢ᠃ 
 ᠠᠮᠢᠯᠠᠯ ᠤ᠋ᠨ ᠪᠤᠯᠠᠭ ᠠ᠋ᠴᠠ ᠤᠳᠬᠤᠭᠠᠳ 
 ᠠᠯᠲᠠᠨ ᠫᠢᠯᠠ ᠳ᠋ᠠᠭᠠᠨ ᠳᠦᠭᠦᠷᠭᠡᠨ᠎ᠡ᠂ 
 ᠠᠶᠤᠰᠢ ᠬᠠᠳᠠᠭ ᠢ᠋ᠶ᠋ᠠᠨ ᠳᠡᠯᠭᠡᠭᠡᠳ 
 ᠠᠯᠳᠠᠯᠠᠨ ᠠᠯᠳᠠᠯᠠᠨ ᠮᠥᠷᠭᠥᠨ᠎ᠡ᠃ 
 ᠨᠣᠭᠣᠭᠠᠨ ᠬᠤᠷᠠᠭ᠎ᠠ ᠪᠠᠢᠨ ᠪᠠᠢᠨ 
 ᠨᠣᠷᠤᠭᠰᠠᠨ ᠦᠰᠦ ᠪᠡᠨ ᠰᠢᠯᠭᠡᠭᠡᠨ᠎ᠡ᠂ 
 ᠡᠷᠭᠢᠨ ᠡᠷᠭᠢᠨ ᠣᠢᠷᠠᠲᠤᠭᠠᠳ 
 ᠡᠪᠡᠰᠦ ᠴᠢᠮᠬᠢᠯᠡᠵᠦ ᠵᠣᠭᠰᠣᠨ᠎ᠠ᠃ 
 ᠠᠯᠲᠠᠨ ᠫᠢᠯᠠ ᠶ᠋ᠢᠨ ᠠᠮᠠᠰᠠᠷ ᠲᠤ 
 ᠠᠮᠠ ᠬᠣᠩᠰᠢᠶᠠᠷ ᠨᠢ ᠬᠦᠷᠲᠡᠯ᠎ᠡ 
 ᠠᠯᠲᠠ ᠬᠦᠷᠬᠦ ᠦᠭᠡᠢ ᠭᠠᠵᠠᠷ 
 ᠠᠷᠠᠢ ᠳᠥᠭᠥᠬᠦ ᠭᠱᠠᠨ ᠳ᠋ᠤ᠌ 
 ᠳᠠᠪ ᠬᠢᠨ ᠰᠢᠭᠦᠷᠡᠯ᠎ᠡ ᠭᠡᠨ᠎ᠡ᠂ 
 ᠳᠠᠯᠳᠠ ᠠ᠋ᠴᠠ ᠬᠥᠮᠦᠨ ᠲᠣᠰᠬᠢᠷᠠᠯ᠎ᠠ ᠭᠡᠨ᠎ᠡ᠂ 
 ᠳᠠᠷᠤᠢ ᠪᠤᠯᠲᠠ ᠦᠰᠦᠷᠦᠯ᠎ᠡ ᠭᠡᠨ᠎ᠡ 
 ᠳᠠᠷᠬᠠᠨ ᠪᠤᠯᠠᠭ ᠲᠤ ᠣᠷᠣᠯ᠎ᠠ ᠭᠡᠨ᠎ᠡ᠃ 
 ᠦᠭᠡ ᠶᠠᠷᠢᠶᠠᠨ ᠤ᠋ ᠳᠣᠮᠣᠭ ᠲᠤ 
 ᠦᠨᠡᠨ ᠬᠤᠳᠠᠯ ᠤ᠋ᠨ ᠯᠠᠪᠯᠠᠯᠲᠠ ᠪᠣᠢ 
 ᠮᠠᠯ ᠤ᠋ᠨ ᠥᠨᠢᠷ ᠢ᠋ ᠵᠥᠩᠨᠡᠳᠡᠭ  
 ᠮᠠᠯᠴᠢᠳ ᠤ᠋ᠨ ᠡᠷᠬᠢᠮ ᠱᠠᠭ᠎ᠠ ᠪᠣᠢ 
 ᠰᠠᠪᠳᠠᠭ ᠠᠭᠤᠯᠠ ᠶ᠋ᠢᠨ ᠰᠠᠬᠢᠭᠤᠰᠤ 
 ᠱᠠᠰᠲᠢᠷ ᠲᠡᠦᠬᠡᠨ ᠳ᠋ᠦ᠍ ᠲᠡᠮᠳᠡᠭᠯᠡᠯ ᠲᠡᠢ 
 ᠱᠠᠭᠢᠭᠰᠠᠨ ᠲᠥᠯ ᠢ᠋ᠶ᠋ᠡᠨ ᠣᠯᠠᠰᠢᠷᠠᠭᠤᠯᠳᠠᠭ 
 ᠱᠠᠭ᠎ᠠ ᠶ᠋ᠢᠨ ᠨᠠᠭᠠᠳᠤᠮ ᠪᠡᠯᠭᠡᠳᠡᠯ ᠲᠡᠢ 
 ᠨᠣᠭᠣᠭᠠᠨ ᠬᠤᠷᠠᠭᠠᠨ ᠤ᠋ ᠰᠡᠲᠡᠷ ᠨᠢ 
 ᠨᠤᠲᠤᠭ ᠢ᠋ᠶ᠋ᠠᠨ ᠴᠢᠮᠡᠭᠰᠡᠨ ᠰᠦᠷᠦᠭ ᠲᠤ 
 ᠨᠤᠲᠤᠭ ᠢ᠋ᠶ᠋ᠠᠨ ᠴᠢᠮᠡᠭᠰᠡᠨ ᠰᠦᠷᠦᠭ ᠨᠢ 
 ᠳᠣᠮᠣᠭᠲᠤ ᠲᠥᠯ ᠦ᠋ᠨ ᠬᠡᠰᠢᠭ ᠶᠦᠮ᠃ 
 ᠬᠡᠰᠢᠭ ᠬᠥᠷᠥᠩᠭᠡ ᠮᠠᠯ ᠮᠢᠨᠢ  
 ᠬᠡᠵᠢᠶ᠎ᠡ ᠪᠣᠯᠪᠠᠴᠤ ᠮᠠᠨ ᠤ᠋ ᠬᠢ! 
 ᠬᠡᠭᠡᠷ᠎ᠡ ᠲᠠᠯ᠎ᠠ ᠬᠥᠳᠡᠭᠡ ᠮᠢᠨᠢ 
 ᠬᠡᠨ ᠦ᠌ ᠴᠤ᠌ ᠪᠢᠰᠢ᠂ ᠪᠢᠳᠡᠨ ᠦ᠌ ᠬᠢ! 

  ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ   
              2024 03 27