ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 15 Нэгэн ном тавцан үн өдөр үн тэмдэглэлээс – 15
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2025-01-12
393
ᠠᠮᠧᠷᠢᠺᠠ ᠶ᠋ᠢᠨ ᠨᠢᠭᠡᠨ ᠵᠠᠯᠠᠭᠤ ᠪᠠᠢᠯᠳᠤᠭᠴᠢ ᠪᠠᠢᠯᠳᠤᠭᠠᠨ ᠤ᠋ ᠳᠠᠷᠠᠭ᠎ᠠ ᠭᠡᠷ ᠲᠦ᠍ ᠪᠡᠨ ᠬᠠᠷᠢᠬᠤ ᠪᠣᠯᠪᠠ᠃ ᠲᠡᠭᠡᠭᠡᠳ ᠬᠠᠭᠠᠰ ᠵᠠᠮ ᠳ᠋ᠤ᠌ ᠪᠠᠨ ᠭᠡᠷ ᠲᠦ᠍ ᠪᠡᠨ ᠤᠲᠠᠰᠤ ᠠᠪᠴᠤ᠄《ᠠᠪᠤ ᠠ᠋ ᠡᠵᠢ ᠠ᠋᠂ ᠪᠢ ᠣᠳᠣ ᠭᠡᠷ ᠲᠦ᠍ ᠪᠡᠨ ᠬᠠᠷᠢᠬᠤ ᠭᠡᠵᠦ ᠪᠠᠢᠨ᠎ᠠ᠃ ᠪᠢ ᠬᠠᠷᠢᠬᠤ ᠳ᠋ᠤ᠌ ᠪᠠᠨ ᠨᠢᠭᠡ ᠨᠠᠢᠵᠠ ᠪᠠᠨ ᠳᠠᠭᠠᠭᠤᠯᠤᠨ ᠶᠠᠪᠤᠵᠤ ᠪᠣᠯᠤᠨ᠎ᠠ ᠤᠤ?》 ᠭᠡᠬᠦ ᠳ᠋ᠦ᠍ ᠠᠪᠤ ᠡᠵᠢ ᠨᠢ᠄《ᠪᠣᠯᠤᠯ ᠦᠭᠡᠢ ᠶᠠᠭᠠᠬᠢᠬᠤᠪ》 ᠭᠡᠪᠡ᠃ ᠲᠡᠭᠡᠬᠦ ᠳ᠋ᠦ᠍ ᠬᠦᠦ ᠨ...