ᠡᠨᠡᠷᠢᠯ ᠦ᠋ᠨ ᠲᠩᠷᠢ ᠡᠵᠢ ᠮᠢᠨᠢ-ᠰᠣᠶᠣᠯᠭᠤᠸᠠ Энэрлийн тэнгэр ээж минь-Соёлгоо
ᠡᠨᠡᠷᠢᠯ ᠦ᠋ᠨ ᠲᠩᠷᠢ ᠡᠵᠢ ᠮᠢᠨᠢ
ᠦᠭᠡ᠄ ᠣᠴᠢᠬᠡᠷᠡᠯᠳᠦ
ᠠᠶ᠎ᠠ᠄ ᠪᠠᠶᠠᠨᠪᠤᠯᠠᠭ
ᠳᠠᠭᠤᠴᠢᠨ᠄ᠰᠣᠶᠣᠯᠭᠣᠣᠡ
ᠠᠯᠲᠠᠨ ᠤᠷᠤᠭ ᠤ᠋ᠨ ᠤᠷᠤᠰᠬᠠᠯ
ᠠᠮᠢᠨ ᠬᠡᠯᠬᠢᠶ᠎ᠡ ᠡᠵᠢ ᠶ᠋ᠢ ᠪᠡᠨ
ᠠᠯᠠᠭ ᠳᠡᠯᠡᠬᠡᠢ ᠶ᠋ᠢᠨ ᠰᠠᠢᠬᠠᠨ ᠠ᠋ᠴᠠ
ᠢᠯᠡᠭᠦᠦ ᠰᠠᠢᠬᠠᠨ ᠢ᠋ᠶ᠋ᠠᠷ ᠬᠠᠷᠠᠭᠠᠷᠠᠢ
ᠭᠣᠶᠣᠮᠰᠣᠭ ᠪᠦᠬᠦᠨ ᠪᠦᠷᠢᠳᠦᠭᠰᠡᠨ
ᠴᠠᠭᠠᠨ ᠰᠦ ᠲᠡᠢ ᠪᠤᠷᠬᠠᠨ
ᠬᠣᠷᠸ᠎ᠠ ᠶᠢᠷᠲᠢᠨᠴᠦ ᠶ᠋ᠢᠨ ᠰᠠᠷᠠᠨ ᠭᠤᠸ᠎ᠠ ᠡᠵᠢ ᠮᠢᠨᠢ
ᠲᠠ ᠪᠢᠯᠡ
ᠠᠢ ᠬᠦ᠋ ᠡᠵᠢ ᠶ᠋ᠢ ᠪᠡᠨ ᠪᠢ
ᠰᠠᠨᠠᠨ ᠰᠠᠨᠠᠨ ᠳᠠᠭᠤᠯᠠᠶ᠎ᠠ
ᠠᠢ ᠬᠦ᠋ ᠡᠵᠢ ᠶ᠋ᠢ ᠪᠡᠨ ᠪᠢ
ᠳᠠᠭᠤᠯᠠᠨ ᠳᠠᠭᠤᠯᠠᠨ ᠵᠢᠷᠭᠠᠶ᠎ᠠ
ᠪᠦᠪᠡᠢ ᠶ᠋ᠢᠨ ᠳᠠᠭᠤᠨ ᠤ᠋ ᠡᠭᠡᠰᠢᠭᠲᠦ
ᠠᠷᠢᠭᠤᠨ ᠰᠡᠳᠬᠢᠯᠳᠦ ᠡᠵᠢ ᠶ᠋ᠢ ᠪᠡᠨ
ᠪᠤᠭᠤᠷᠤᠯ ᠶᠢᠷᠲᠢᠨᠴᠦ ᠶ᠋ᠢᠨ ᠵᠢᠮ᠎ᠡ ᠡᠴᠡ ᠴᠦ᠍
ᠬᠠᠷᠠᠮᠨᠠᠨ ᠬᠠᠷᠠᠮᠨᠠᠨ ᠬᠠᠢᠷᠠᠯᠠᠶ᠎ᠠ
ᠠᠮᠢ ᠪᠡᠶ᠎ᠡ ᠶ᠋ᠢ ᠮᠢᠨᠢ ᠲᠥᠷᠥᠭᠦᠯᠦᠭᠰᠡᠨ
ᠡᠯᠪᠡᠷᠢᠯ ᠬᠠᠢᠷ᠎ᠠ ᠶ᠋ᠢᠨ ᠪᠣᠷᠠᠬᠠ
ᠠᠴᠢᠯᠠᠯ ᠡᠨᠡᠷᠢᠯ ᠦ᠋ᠨ ᠲᠩᠷᠢ ᠡᠵᠢ ᠮᠢᠨᠢ ᠲᠠ ᠪᠢᠯᠡ
ᠠᠢ ᠬᠦ᠋ ᠡᠵᠢ ᠶ᠋ᠢ ᠪᠡᠨ ᠪᠢ
ᠰᠠᠨᠠᠨ ᠰᠠᠨᠠᠨ ᠳᠠᠭᠤᠯᠠᠶ᠎ᠠ
ᠠᠢ ᠬᠦ᠋ ᠡᠵᠢ ᠶ᠋ᠢ ᠪᠡᠨ ᠪᠢ
ᠳᠠᠭᠤᠯᠠᠨ ᠳᠠᠭᠤᠯᠠᠨ ᠵᠢᠷᠭᠠᠶ᠎ᠠ
ᠪᠤᠶᠠᠨ ᠤ᠋ ᠳᠠᠯᠠᠯᠭ᠎ᠠ ᠬᠤᠷᠤᠢᠯᠠᠭᠰᠠᠨ
ᠰᠠᠷᠠᠨ ᠭᠡᠷᠡᠯᠲᠦ ᠡᠵᠢ ᠶ᠋ᠢ ᠪᠡᠨ
ᠪᠣᠷᠠᠬᠣᠠ ᠪᠣᠷᠠᠬᠣᠠ ᠶ᠋ᠢᠨ ᠬᠠᠢᠷ᠎ᠠ ᠠ᠋ᠴᠠ ᠴᠤ᠌
ᠢᠯᠡᠭᠦᠦ ᠶᠡᠬᠡ ᠪᠡᠷ ᠬᠠᠢᠷᠠᠯᠠᠶ᠎ᠠ
ᠬᠥᠬᠡ ᠮᠣᠩᠭᠣᠯ ᠲᠦᠮᠡᠨ ᠦ᠌
ᠰᠤᠤᠲᠤ ᠬᠠᠲᠤᠳ ᠤ᠋ᠨ ᠤᠳᠤᠮ
ᠬᠥᠮᠦᠨ ᠦ᠌ ᠳᠡᠭᠡᠳᠦ ᠰᠢᠲᠦᠭᠡᠨ ᠡᠵᠢ ᠮᠢᠨᠢ
ᠲᠠ ᠪᠢᠯᠡ
ᠠᠢ ᠬᠦ᠋ ᠡᠵᠢ ᠶ᠋ᠢ ᠪᠡᠨ ᠪᠢ
ᠰᠠᠨᠠᠨ ᠰᠠᠨᠠᠨ ᠳᠠᠭᠤᠯᠠᠶ᠎ᠠ
ᠠᠢ ᠬᠦ᠋ ᠡᠵᠢ ᠶ᠋ᠢ ᠪᠡᠨ ᠪᠢ
ᠳᠠᠭᠤᠯᠠᠨ ᠳᠠᠭᠤᠯᠠᠨ ᠵᠢᠷᠭᠠᠶ᠎ᠠ
ᠠᠢ ᠬᠦ᠋ ᠡᠵᠢ ᠶ᠋ᠢ ᠪᠡᠨ ᠪᠢ
ᠰᠠᠨᠠᠨ ᠰᠠᠨᠠᠨ ᠳᠠᠭᠤᠯᠠᠶ᠎ᠠ
ᠠᠢ ᠬᠦ᠋ ᠡᠵᠢ ᠶ᠋ᠢ ᠪᠡᠨ ᠪᠢ
ᠳᠠᠭᠤᠯᠠᠨ ᠳᠠᠭᠤᠯᠠᠨ ᠵᠢᠷᠭᠠᠶ᠎ᠠ᠃
ᠦᠰᠦᠭ ᠠᠮᠢᠯᠠᠭᠤᠯᠤᠭᠴᠢ᠄ ᠵᠢᠷᠠᠠᠬᠣᠸᠠᠷ
ᠬᠢᠨᠠᠭᠴᠢ᠄ ᠲᠦᠮᠡᠨᠴᠡᠴᠡᠭ
