ᠠᠮᠤᠭᠤᠯᠠᠩ - ᠤᠷᠢᠬᠠᠨ ᠂ ᠤᠶᠠᠬᠠᠨ Амгалан-Урьхан ,Уяхан
ᠠᠮᠤᠭᠤᠯᠠᠩ
ᠦᠭᠡ᠄ ᠪᠠᠶᠠᠭᠤᠳ ᠴᠣᠭᠵᠢᠯᠲᠤ
ᠤᠷᠢᠬᠠᠨ ᠤᠶᠠᠬᠠᠨ ᠳᠠᠭᠤᠯᠠᠨ᠎ᠠ
ᠬᠠᠢᠯ ᠤ᠋ᠨ ᠤᠰᠤᠨ ᠬᠠᠯᠭᠢᠨ ᠬᠠᠯᠭᠢᠨ ᠬᠠᠷᠬᠢᠨᠡ
ᠬᠠᠨ ᠳᠡᠯᠡᠬᠡᠢ ᠬᠠᠢᠯᠤᠨ ᠬᠠᠢᠯᠤᠨ ᠤᠶᠠᠷᠠᠨ᠎ᠠ
ᠬᠠᠢᠷᠠᠲᠠᠢ ᠨᠤᠲᠤᠭ ᠢ᠋ᠶ᠋ᠠᠨ ᠰᠠᠨᠠᠨ ᠰᠠᠨᠠᠨ ᠳᠤᠷᠠᠰᠤᠨ᠎ᠠ
ᠬᠠᠲᠤᠨ ᠬᠠᠷᠢᠶᠠᠴᠠᠢ ᠰᠢᠭ᠋ ᠬᠠᠯᠢᠨ ᠬᠠᠯᠢᠨ ᠬᠠᠷᠢᠶ᠎ᠠ
ᠠᠮᠤᠭᠤᠯᠠᠩ ᠠᠮᠤᠭᠤᠯᠠᠩ ᠠᠮᠤᠭᠤᠯᠠᠩ
ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ
ᠨᠤᠲᠤᠭ ᠠᠮᠤᠭᠤᠯᠠᠩ ᠪᠣᠯ ᠬᠥᠮᠦᠨ ᠠᠮᠤᠭᠤᠯᠠᠩ
ᠲᠥᠷᠥ ᠶ᠋ᠢᠨ ᠬᠡᠰᠢᠭ ᠲᠦ᠍ ᠲᠦᠮᠡᠨ ᠵᠢᠷᠭᠠᠯᠠᠩ
ᠲᠦᠮᠡᠨ ᠦ᠌ ᠪᠤᠶᠠᠨ ᠳ᠋ᠤ᠌ ᠲᠥᠷᠥ ᠠᠮᠤᠭᠤᠯᠠᠩ
ᠠᠮᠤᠭᠤᠯᠠᠩ ᠠᠮᠤᠭᠤᠯᠠᠩ ᠠᠮᠤᠭᠤᠯᠠᠩ
ᠤᠳᠠᠨ ᠤ᠋ ᠮᠥᠴᠢᠷ ᠬᠦᠪᠦᠷᠡᠨ ᠬᠦᠪᠦᠷᠡᠨ ᠨᠠᠬᠢᠶᠠᠯᠠᠨ᠎ᠠ
ᠤᠷᠤᠰᠬᠠᠯ ᠮᠥᠷᠡᠨ ᠤᠶᠠᠩᠭᠠᠯᠠᠨ ᠤᠶᠠᠩᠭᠠᠯᠠᠨ ᠮᠢᠷᠠᠯᠵᠠᠨ᠎ᠠ
ᠤᠬᠠᠭᠠᠨᠲᠤ ᠪᠤᠭᠤᠷᠤᠯ ᠢ᠋ᠶ᠋ᠠᠨ ᠪᠣᠳᠣᠨ ᠪᠣᠳᠣᠨ ᠦᠭᠡᠢᠯᠡᠨ᠎ᠡ
ᠤᠰᠤᠨ ᠤ᠋ ᠰᠢᠪᠠᠭᠤ ᠰᠢᠭ᠋ ᠨᠡᠭᠦᠳᠡᠯᠯᠡᠨ ᠨᠡᠭᠦᠳᠡᠯᠯᠡᠨ ᠪᠤᠴᠠᠶ᠎ᠠ
ᠠᠮᠤᠭᠤᠯᠠᠩ ᠠᠮᠤᠭᠤᠯᠠᠩ ᠠᠮᠤᠭᠤᠯᠠᠩ
ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ
ᠨᠤᠲᠤᠭ ᠠᠮᠤᠭᠤᠯᠠᠩ ᠪᠣᠯ ᠬᠥᠮᠦᠨ ᠠᠮᠤᠭᠤᠯᠠᠩ
ᠲᠥᠷᠥ ᠶ᠋ᠢᠨ ᠬᠡᠰᠢᠭ ᠲᠦ᠍ ᠲᠦᠮᠡᠨ ᠵᠢᠷᠭᠠᠯᠠᠩ
ᠠᠮᠤᠭᠤᠯᠠᠩ ᠠᠮᠤᠭᠤᠯᠠᠩ ᠠᠮᠤᠭᠤᠯᠠᠩ
ᠠᠯᠲᠠ ᠬᠠᠳᠠᠭ ᠢ᠋ᠶ᠋ᠠᠨ ᠳᠡᠯᠭᠡᠨ ᠳᠡᠯᠭᠡᠨ ᠵᠣᠯᠭᠠᠨ᠎ᠠ
ᠠᠷᠪᠠᠨ ᠪᠤᠶᠠᠨ ᠳᠡᠯᠭᠡᠷᠡᠨ ᠳᠡᠯᠭᠡᠷᠡᠨ ᠮᠠᠨᠳᠤᠨ᠎ᠠ
ᠠᠯᠲᠠᠨ ᠬᠤᠨᠳᠠᠭ᠎ᠠ ᠪᠠᠨ ᠭᠡᠮᠨᠡᠨ ᠭᠡᠮᠨᠡᠨ ᠡᠷᠭᠦᠨ᠎ᠡ
ᠠᠮᠤᠷ ᠵᠢᠷᠭᠠᠯ ᠢ᠋ᠶ᠋ᠠᠨ ᠵᠥᠩᠨᠡᠨ ᠵᠥᠩᠨᠡᠨ ᠢᠷᠥᠭᠡᠶ᠎ᠡ
ᠠᠮᠤᠭᠤᠯᠠᠩ ᠠᠮᠤᠭᠤᠯᠠᠩ ᠠᠮᠤᠭᠤᠯᠠᠩ
ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ
ᠨᠤᠲᠤᠭ ᠠᠮᠤᠭᠤᠯᠠᠩ ᠪᠣᠯ ᠬᠥᠮᠦᠨ ᠠᠮᠤᠭᠤᠯᠠᠩ
ᠲᠥᠷᠥ ᠶ᠋ᠢᠨ ᠬᠡᠰᠢᠭ ᠲᠦ᠍ ᠲᠦᠮᠡᠨ ᠵᠢᠷᠭᠠᠯᠠᠩ
ᠲᠦᠮᠡᠨ ᠦ᠌ ᠪᠤᠶᠠᠨ ᠳ᠋ᠤ᠌ ᠲᠥᠷᠥ ᠠᠮᠤᠭᠤᠯᠠᠩ
ᠠᠮᠤᠭᠤᠯᠠᠩ ᠠᠮᠤᠭᠤᠯᠠᠩ ᠠᠮᠤᠭᠤᠯᠠᠩ
ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ
ᠨᠤᠲᠤᠭ ᠠᠮᠤᠭᠤᠯᠠᠩ ᠪᠣᠯ ᠬᠥᠮᠦᠨ ᠠᠮᠤᠭᠤᠯᠠᠩ
ᠲᠥᠷᠥ ᠶ᠋ᠢᠨ ᠬᠡᠰᠢᠭ ᠲᠦ᠍ ᠲᠦᠮᠡᠨ ᠵᠢᠷᠭᠠᠯᠠᠩ
ᠲᠦᠮᠡᠨ ᠦ᠌ ᠪᠤᠶᠠᠨ ᠳ᠋ᠤ᠌ ᠲᠥᠷᠥ ᠠᠮᠤᠭᠤᠯᠠᠩ
ᠠᠮᠤᠭᠤᠯᠠᠩ ᠠᠮᠤᠭᠤᠯᠠᠩ ᠠᠮᠤᠭᠤᠯᠠᠩ
ᠠᠮᠤᠭᠤᠯᠠᠩ ᠠᠮᠤᠭᠤᠯᠠᠩ ᠠᠮᠤᠭᠤᠯᠠᠩ
ᠦᠰᠦᠭ ᠠᠮᠢᠯᠠᠭᠤᠯᠤᠭᠴᠢ᠄ ᠪᠠᠢ ᠰᠠᠷᠠᠨ᠎ᠠ
