ᠰᠥᠨᠢᠵᠢᠩᠭᠡᠨ ᠪᠦᠵᠢᠭᠯᠡ Шөнөжингөө бүжиглэDance the night away ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠥᠨᠢᠵᠢᠩᠭᠡᠨ ᠪᠦᠵᠢᠭᠯᠡ Шөнөжингөө бүжиглэDance the night away

ᠰᠥᠨᠢᠵᠢᠩᠭᠡᠨ ᠪᠦᠵᠢᠭᠯᠡ Шөнөжингөө бүжиглэDance the night away

ᠠᠩᠭᠢᠯᠠᠯ:ᠳᠠᠭᠤᠤ ᠬᠥᠭᠵᠢᠮ
2025-01-27

626

ᠰᠥᠨᠢᠵᠢᠩᠬᠡᠨ ᠪᠥᠵᠢᠭᠯᠡ

  ᠦᠭᠡ᠄ ᠡᠶᠡᠯᠰᠡᠭ 
  ᠠᠶ᠎ᠠ᠄ ᠳᠠᠸᠠᠬᠦᠦ ᠵᠢᠷᠠᠨᠰᠦᠪᠦᠳ 
  ᠵᠢᠷᠠᠨᠰᠦᠪᠦᠳ ᠳᠠᠭᠤᠯᠠᠨ᠎ᠠ 

ᠪᠥᠵᠢᠭ ᠦ᠋ᠨ ᠨᠠᠢᠷᠠᠭᠤᠯᠤᠭᠴᠢ᠄ᠣᠶᠤᠩᠭᠤᠸ᠎ᠠ᠂ ᠸᠠᠩ ᠵᠢᠶᠠ ᠯᠦᠩ 
ᠡᠵᠡᠨ ᠬᠣᠷᠣᠭ᠎ᠠ ᠬᠤᠰᠢᠭᠤᠨ ᠤ᠋ ᠤᠯᠠᠭᠠᠨᠮᠥ᠋ᠴᠢᠷ ᠦ᠋ᠨ ᠲᠣᠭᠯᠠᠭᠴᠢᠳ ᠠ᠋ᠴᠠ ᠲᠣᠭᠯᠠᠨ᠎ᠠ 

ᠬᠦᠰᠡᠯ ᠢ᠋ᠶ᠋ᠡᠨ ᠨᠠᠳᠠ ᠬᠡᠯᠡᠭᠡᠴᠢ 
ᠬᠦᠷᠬᠦ ᠦᠭᠡᠢ ᠭᠡᠵᠦ ᠪᠢᠲᠡᠭᠡᠢ ᠭᠤᠨᠢᠭᠯᠠᠭᠠᠴᠢ 
ᠬᠠᠷᠠᠩᠭᠤᠢ ᠠ᠋ᠴᠠ ᠬᠣᠯᠠᠳᠠ 
ᠬᠠᠢᠷ᠎ᠠ ᠪᠠᠨ ᠥᠪᠡᠷ ᠲᠡᠭᠡᠨ ᠵᠣᠷᠢᠭᠤᠯ 
ᠪᠦᠰᠡᠭᠦᠢ ᠮᠢᠨᠢ ᠴᠢ ᠦᠨᠡᠲᠡᠢ 

ᠣᠳᠣ ᠳᠣᠯᠭᠢᠶᠠᠨ ᠢ᠋ᠶ᠋ᠠᠨ ᠡᠨᠡ ᠬᠡᠮᠨᠡᠯ ᠳᠡᠭᠡᠷ᠎ᠡ ᠳᠠᠭᠠᠷᠠᠭᠤᠯᠤᠭᠠᠴᠢ
ᠥᠬᠢᠳ ᠦ᠋ᠳ ᠠ᠋ ᠨᠠᠮᠠᠶ᠋ᠢ ᠳᠠᠭᠠᠵᠤ ᠡᠨᠡ ᠳᠠᠭᠤᠤ ᠶ᠋ᠢ ᠳᠠᠭᠤᠯᠠᠭᠠᠴᠢ
ᠦᠵᠡᠰᠬᠦᠯᠡᠩ ᠭᠤᠸ᠎ᠠ ᠮᠢᠨᠢ ᠦᠷᠭᠦᠯᠵᠢ ᠬᠡᠵᠢᠶ᠎ᠡ ᠴᠦ᠍ ᠭᠤᠨᠳᠠᠬᠤ ᠦᠭᠡᠢ
ᠤᠷᠢᠳᠠᠬᠢ ᠵᠠᠮ ᠮᠢᠨᠢ ᠠᠭᠤᠳᠠᠮ
ᠤᠷᠤᠭᠰᠢ ᠪᠠᠨ ᠬᠠᠷᠠᠬᠤ ᠳ᠋ᠤ᠌ ᠬᠡᠨ ᠳ᠋ᠦ᠍ ᠴᠦ᠍ ᠬᠣᠷᠭᠣᠳᠠᠬᠤ ᠦᠭᠡᠢ
ᠡᠨᠡ ᠵᠠᠮ ᠢ᠋ ᠬᠡᠨ ᠴᠦ᠍ ᠵᠢᠭᠠᠬᠤ ᠦᠭᠡᠢ
ᠬᠠᠷᠢᠨ ᠴᠢ ᠥᠪᠡᠷ ᠢ᠋ᠶ᠋ᠡᠨ ᠬᠠᠢ
ᠡᠨᠡ ᠵᠠᠮ ᠢ᠋ ᠬᠠᠷᠢᠨ ᠴᠢ ᠥᠪᠡᠷ ᠢ᠋ᠶ᠋ᠡᠨ ᠬᠠᠢ

ᠬᠦᠯᠢᠶᠡᠰᠦ ᠪᠡᠨ ᠲᠠᠢᠯ ᠡᠨᠡ ᠬᠥᠭᠵᠢᠮ ᠳᠡᠭᠡᠷ᠎ᠡ
ᠬᠦᠰᠡᠯ ᠢ᠋ᠶ᠋ᠡᠨ ᠪᠢ ᠥᠪᠡᠷ ᠢ᠋ᠶ᠋ᠡᠨ ᠲᠡᠭᠡᠭᠡᠵᠦ ᠴᠢᠳᠠᠨ᠎ᠠ
ᠬᠥᠳᠡᠯᠭᠡᠭᠡᠨ ᠮᠢᠨᠢ ᠬᠥᠭᠵᠢᠮ ᠳ᠋ᠦ᠍ ᠠᠭᠤᠰᠤᠨ
ᠣᠳᠣ ᠭᠡᠭᠡ ᠲᠠᠲᠠᠵᠤ ᠬᠠᠷᠠᠩᠭᠤᠢ ᠳᠠᠯᠳᠠ ᠣᠷᠣᠭᠰᠠᠨ
ᠲᠡᠷᠲᠡᠭᠡ ᠳ᠋ᠦ᠍ ᠬᠣᠯᠠᠳᠠᠭᠰᠠᠨ ᠵᠡᠭᠦᠳᠦ ᠪᠡᠨ ᠣᠳᠣ ᠲᠣᠳᠣ ᠬᠠᠷᠠᠭᠰᠠᠨ
ᠣᠳᠣ ᠭᠡᠭᠡ ᠲᠠᠲᠠᠵᠤ ᠬᠠᠷᠠᠩᠭᠤᠢ ᠳᠠᠯᠳᠠ ᠣᠷᠣᠭᠰᠠᠨ
ᠲᠡᠷᠲᠡᠭᠡ ᠳ᠋ᠦ᠍ ᠬᠣᠯᠠᠳᠠᠭᠰᠠᠨ ᠣᠳᠣ ᠲᠣᠳᠣ ᠬᠠᠷᠠᠭᠰᠠᠨ

ᠲᠣᠳᠣ ᠠ᠋ᠴᠠ ᠲᠣᠳᠣ ᠬᠠᠷᠠᠭᠰᠠᠨ
ᠣᠳᠣ ᠭᠡᠭᠡ ᠲᠠᠲᠠᠵᠤ ᠬᠠᠷᠠᠩᠭᠤᠢ ᠳᠠᠯᠳᠠ ᠤᠷᠤᠭᠰᠠ
ᠲᠡᠷᠲᠡᠭᠡ ᠳ᠋ᠦ᠍ ᠬᠣᠯᠠᠳᠠᠭᠰᠠᠨ ᠵᠡᠭᠦᠳᠦ ᠪᠡᠨ ᠣᠳᠣ ᠲᠣᠳᠣ ᠬᠠᠷᠠᠭᠰᠠᠨ

ᠬᠦᠯᠢᠶᠡᠰᠦ ᠪᠡᠨ ᠲᠠᠢᠯ ᠡᠨᠡ ᠬᠥᠭᠵᠢᠮ ᠳᠡᠭᠡᠷ᠎ᠡ
ᠬᠦᠰᠡᠯ ᠢ᠋ᠶ᠋ᠡᠨ ᠪᠢ ᠥᠪᠡᠷ ᠢ᠋ᠶ᠋ᠡᠨ ᠲᠡᠭᠡᠭᠡᠵᠦ ᠴᠢᠳᠠᠨ᠎ᠠ
ᠬᠥᠳᠡᠯᠭᠡᠭᠡᠨ ᠮᠢᠨᠢ ᠬᠥᠭᠵᠢᠮ ᠳ᠋ᠦ᠍ ᠠᠭᠤᠰᠤᠨ
ᠬᠦᠯᠢᠶᠡᠰᠦ ᠪᠡᠨ ᠲᠠᠢᠯ ᠡᠨᠡ ᠬᠥᠭᠵᠢᠮ ᠳᠡᠭᠡᠷ᠎ᠡ  
ᠬᠦᠰᠡᠯ ᠢ᠋ᠶ᠋ᠡᠨ ᠪᠢ ᠥᠪᠡᠷ ᠢ᠋ᠶ᠋ᠡᠨ ᠲᠡᠭᠡᠭᠡᠵᠦ ᠴᠢᠳᠠᠨ᠎ᠠ
ᠬᠥᠳᠡᠯᠭᠡᠭᠡᠨ ᠮᠢᠨᠢ ᠬᠥᠭᠵᠢᠮ ᠳ᠋ᠦ᠍ ᠠᠭᠤᠰᠤᠨ

  ᠦᠰᠦᠭ ᠠᠮᠢᠯᠠᠭᠤᠯᠤᠭᠠᠴᠢ᠄ ᠠᠯᠲᠠᠨᠰᠥ᠋ᠮᠪᠦᠷ