1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ47 ᠠᠩᠭᠢ ПоророPororo

ᠫᠣᠷᠣᠷᠣ᠋ ᠨᠢᠭᠡᠳᠦᠭᠡᠷ ᠪᠦᠯᠦᠭ47 ᠠᠩᠭᠢ ПоророPororo

2025-01-27

727

ᠪᠢᠴᠢᠬᠠᠨ ᠣᠴᠣᠩ ᠰᠢᠪᠠᠭᠤ ᠫᠣᠷᠣᠷᠣ᠋

 ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ  ᠪᠣᠯᠬᠤ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

ᠡᠸᠳᠢ ᠪᠥᠮᠪᠥᠯᠢᠭ ᠢ᠋ᠶ᠋ᠡᠷ ᠬᠥᠭᠡᠷᠦᠭᠰᠡᠨ ᠨᠢ

ᠡᠸᠳᠢ᠄ᠣᠳᠣ ᠫᠤᠪᠢ ᠶ᠋ᠢᠨ ᠪᠥᠮᠪᠥᠯᠢᠭ ᠦᠯᠡᠲᠡᠯ᠎ᠡ᠂ᠬᠡ ᠬᠡ᠁ᠡᠨᠡ ᠪᠥᠮᠪᠥᠭᠡ ᠨᠦ᠍ᠭᠦᠳ ᠢ᠋ᠶ᠋ᠡᠨ ᠬᠠᠷᠠᠭᠠᠳ ᠨᠠᠢᠵᠠ ᠨᠤᠭᠤᠳ ᠶᠡᠬᠡ ᠪᠠᠶᠠᠷᠯᠠᠨ᠎ᠠ ᠳᠠ
— —ᠡᠸᠳᠢ ᠮᠠᠨᠢ ᠲᠣᠮᠣ ᠪᠥᠮᠪᠥᠯᠢᠭ ᠵᠣᠬᠢᠶᠠᠨ ᠪᠦᠲᠦᠭᠡᠭᠡᠳ ᠨᠠᠢᠵᠠ ᠨᠤᠭᠤᠳ ᠢ᠋ ᠪᠡᠨ ᠪᠠᠶᠠᠷᠯᠠᠭᠤᠯᠬᠤ ᠪᠠᠷ ᠰᠢᠢᠳᠴᠡᠢ
ᠡᠸᠳᠢ᠄ᠬᠡ ᠬᠡ ᠁ᠯᠡ ᠯᠡ ᠯᠡ ᠯᠡ ᠯᠡ ᠁ᠠ᠋ ᠬᠦ ᠬᠦ ᠁ᠠ᠋᠂ ᠠ᠋ ᠁ᠨᠥᠭᠦᠭᠡ ᠪᠥᠮᠪᠥᠭᠡ ᠨᠦ᠍ᠭᠦᠳ ᠢ᠋ᠶ᠋ᠡᠨ ᠠᠯᠳᠠᠴᠢᠬᠠᠯ᠎ᠠ ᠰᠢᠳᠡ
ᠯᠥᠤᠫᠢ᠄ᠡᠸᠳᠢ ᠢᠷᠡᠭᠡ ᠦᠭᠡᠢ ᠪᠠᠢᠬᠤ ᠴᠢᠨᠢ
ᠠ ?
ᠣᠯᠠᠨ᠄ᠦ
ᠺᠷᠤᠨ᠄ᠺᠤᠷᠠ
ᠫᠣᠷᠣᠷᠣ᠋᠄ᠶᠠᠭᠤᠨ ᠪᠥᠮᠪᠥᠯᠢᠭ ᠨᠦ᠍ᠭᠦᠳ ᠪᠣᠢ ?
ᠯᠥᠤᠫᠢ᠄ᠲᠡᠨᠳᠡ ᠴᠢᠨᠢ ᠡᠸᠳᠢ ᠶ᠋ᠢᠨ ᠭᠡᠷ ᠪᠠᠢᠳᠠᠭ ᠪᠢᠵᠡ ᠳᠡ
ᠫᠤᠪᠢ᠄ᠢᠩᠭᠢᠵᠦ ᠪᠠᠢᠬᠤ ᠪᠠᠷ ᠡᠸᠳᠢ ᠶ᠋ᠢᠨ ᠳ᠋ᠦ᠍ ᠣᠴᠢᠪᠠᠯ ᠶᠠᠭᠠᠬᠢᠭᠰᠠᠨ ᠪᠣᠢ ᠠ
ᠫᠣᠷᠣᠷᠣ᠋᠄ᠲᠡᠭᠡᠶ᠎ᠡ
ᠺᠷᠤᠨ᠄ᠺᠤᠷᠠ ᠺᠤᠷᠠ ᠺᠤᠷᠠ
ᠡᠸᠳᠢ᠄ᠨᠠᠢᠵᠠ ᠨᠤᠭᠤᠳ ᠠ᠋
ᠣᠯᠠᠨ᠄ᠠ᠋ ᠁ ᠠ᠋ ?
ᠫᠣᠷᠣᠷᠣ᠋᠄ᠦ ? ᠬᠠᠮᠢᠭ᠎ᠠ ᠨᠢᠭᠡᠨᠲᠡᠭᠡ ᠡᠴᠡ ᠡᠸᠳᠢ ᠶ᠋ᠢᠨ ᠳᠠᠭᠤ ᠭᠠᠷᠤᠭᠰᠠᠨ ᠳᠠ
ᠡᠸᠳᠢ᠄ᠡᠷᠭᠢᠭᠡᠳ ᠬᠠᠷᠠᠭᠠᠴᠢ ᠳᠠ᠂ᠡᠨᠳᠡ ᠪᠠᠢᠨ᠎ᠠ
ᠫᠤᠪᠢ᠄ᠡᠸᠳᠢ᠂ᠨᠠᠭᠠᠨ᠎ᠠ ᠪᠠᠨ ᠶᠠᠭᠤ ᠬᠢᠵᠦ ᠪᠠᠢᠭ᠎ᠠ ᠶᠤᠮ ᠪᠣᠢ ?
ᠯᠥᠤᠫᠢ᠄ᠨᠠᠭᠠᠨ᠎ᠠ ᠴᠢᠨᠢ ᠠᠶᠤᠯᠲᠠᠢ᠂ ᠬᠤᠷᠳᠤᠨ ᠪᠠᠭᠤᠭᠠᠳ ᠢᠷ᠎ᠡ
ᠡᠸᠳᠢ᠄ᠪᠢ ᠴᠦ᠍ ᠭᠡᠰᠡᠨ ᠪᠠᠭᠤᠮᠠᠷ ᠯᠠ ᠪᠠᠢᠨ᠎ᠠ᠂ᠳᠠᠩᠴᠤ ᠪᠥᠮᠪᠥᠯᠢᠭ ᠢ᠋ ᠲᠠᠯᠪᠢᠴᠢᠬᠠᠪᠠᠯ ᠪᠢ ᠥᠪᠡᠷ ᠢ᠋ᠶ᠋ᠡᠨ ᠭᠠᠵᠠᠷ ᠤᠨᠠᠴᠢᠬᠠᠬᠤ ᠭᠡᠳ ᠪᠠᠢᠨ᠎ᠠ
ᠫᠣᠷᠣᠷᠣ᠋᠄ᠲᠡᠭᠡᠪᠡᠯ ᠳᠡᠭᠡᠭᠰᠢ ᠪᠡᠨ ᠭᠠᠷᠴᠤ ᠠᠪᠤᠷᠠᠶ᠎ᠠ᠂ᠫᠤᠪᠢ
ᠫᠤᠪᠢ᠄ᠦ᠂ ᠪᠢ ᠁ ᠪᠢ ᠳᠡᠭᠡᠭᠰᠢ ᠪᠡᠨ ᠭᠠᠷᠤᠮᠠᠷ ᠪᠠᠢᠭ᠎ᠠ ᠴᠦ᠍ ᠲᠣᠮᠣ ᠪᠡᠶ᠎ᠡ ᠲᠡᠢ ᠪᠣᠯᠬᠣᠷ ᠮᠣᠳᠣ ᠬᠤᠭᠤᠷᠠᠴᠢᠬᠠᠬᠤ ᠪᠠᠢᠬᠤᠪ ᠳᠠ
ᠯᠥᠤᠫᠢ᠄ᠪᠢ ᠤᠤ ?ᠪᠢ ᠮᠣᠳᠣᠨ ᠳ᠋ᠤ᠌ ᠠᠪᠠᠷᠢᠵᠤ ᠴᠢᠳᠠᠳᠠᠭ ᠦᠭᠡᠢ ᠰᠢᠲᠠ
ᠫᠣᠷᠣᠷᠣ᠋᠄ᠲᠡᠭᠡᠪᠡᠯ ᠺᠷᠤᠨ᠂ᠪᠢ ᠯᠡ ᠭᠠᠷᠬᠤ ᠠ᠋ᠴᠠ
ᠺᠷᠤᠨ᠄ᠺᠤᠷᠠ ᠺᠤᠷᠠ
ᠫᠣᠷᠣᠷᠣ᠋᠄ᠡᠸᠳᠢ ᠬᠦᠯᠢᠶᠡᠵᠦ ᠪᠠᠢᠭᠠᠷᠠᠢ
ᠡᠸᠳᠢ᠄ᠠ᠋᠁ ᠠ᠃ᠠ᠂ ᠫᠤᠷᠤᠷᠤ᠋ ᠮᠣᠳᠣᠨ ᠤ᠋ ᠮᠥᠴᠢᠷ
ᠫᠣᠷᠣᠷᠣ᠋᠄ᠠ᠋ ᠁ ᠠ
ᠡᠸᠳᠢ᠄ᠠ᠋᠂ ᠲᠤᠰᠠᠯᠠᠭᠠᠷᠠᠢ
ᠡᠸᠳᠢ᠄ᠦ ᠫᠤᠷᠤᠷᠤ᠋ ᠪᠣᠯᠤᠨ᠎ᠠ ?ᠴᠠᠭᠠᠰᠢ ᠪᠠᠨ ᠤᠬᠤᠷᠢ᠂ᠡᠨᠡ ᠠᠷᠭ᠎ᠠ ᠪᠦᠲᠦᠬᠦ ᠦᠭᠡᠢ ᠶᠦᠮ ᠪᠠᠢᠨ᠎ᠠ
ᠫᠣᠷᠣᠷᠣ᠋᠄ᠲᠡᠢᠮᠦ ᠠ᠋
— —ᠫᠤᠷᠤᠷᠤ᠋ ᠡᠸᠳᠢ ᠶ᠋ᠢᠨ ᠭᠡᠷ ᠡᠴᠡ ᠲᠣᠮᠣ ᠪᠥᠮᠪᠥᠯᠢᠭ ᠣᠯᠣᠰᠣ ᠲᠠᠢ ᠠᠪᠴᠢᠷᠠᠪᠠ
ᠫᠣᠷᠣᠷᠣ᠋᠄ᠵᠠ᠂ ᠣᠳᠣ ᠡᠭᠦᠨ ᠢ᠋ᠶ᠋ᠡᠷ ᠡᠸᠳᠢ ᠶ᠋ᠢ ᠠᠪᠤᠷᠠᠶ᠎ᠠ
ᠫᠤᠪᠢ᠄ᠦᠨᠡᠬᠡᠷ ᠵᠦᠭᠡᠷ ᠭᠡᠵᠢ ᠤᠤ ?
ᠫᠣᠷᠣᠷᠣ᠋᠄ᠮᠡᠳᠡᠭᠡᠵᠢ᠃ᠪᠣᠯᠤᠭᠰᠠᠨ᠂ ᠮᠣᠳᠣ ᠤᠷᠤᠭᠤ ᠣᠢᠷᠠᠲᠤᠭᠤᠯ
ᠡᠸᠳᠢ᠄ᠫᠤᠷᠤᠷᠤ᠋
ᠫᠣᠷᠣᠷᠣ᠋᠄ᠡᠸᠳᠢ ᠰᠠᠭᠰᠤ ᠤᠷᠤᠭᠤ ᠣᠷᠣᠭᠠᠳ ᠢᠷ᠎ᠡ
ᠡᠸᠳᠢ᠄ᠠ ᠬᠠ᠂ᠠ᠋ ᠁
ᠫᠣᠷᠣᠷᠣ᠋᠄ᠡᠸᠳᠢ ᠬᠤᠷᠳᠤᠨ ᠭᠠᠷᠤᠭᠠᠷᠠᠢ
ᠡᠸᠳᠢ᠄ᠫᠤᠷᠤᠷᠤ᠋ ᠪᠠᠶᠠᠷᠯᠠᠯ᠎ᠠ
ᠣᠯᠠᠨ᠄ᠸᠠ ᠁
ᠡᠸᠳᠢ᠄ᠠ ᠁
ᠫᠤᠪᠢ᠄ᠦ ᠨᠡᠭᠡᠷᠡᠨ᠂ᠬᠡ ᠬᠡ
ᠡᠸᠳᠢ᠄ᠪᠠᠶᠠᠷᠯᠠᠯ᠎ᠠ ᠫᠤᠷᠤᠷᠤ᠋᠂ᠪᠠᠰᠠ ᠲᠠ ᠨᠠᠷ ᠲᠤ᠌ ᠴᠦ᠍ ᠭᠡᠰᠡᠨ
ᠫᠣᠷᠣᠷᠣ᠋᠄ᠵᠦᠭᠡᠷ ᠠ᠋
ᠯᠥᠤᠫᠢ᠄ᠲᠦᠷᠦᠭᠦᠨ ᠦᠨᠡᠬᠡᠷ ᠠᠶᠤᠯᠲᠠᠢ ᠪᠠᠢᠭᠰᠠᠨ ᠰᠢᠦ
ᠺᠷᠤᠨ᠄ᠺᠤᠷᠠ ᠺᠤᠷᠠ
ᠣᠯᠠᠨ᠄ᠦ ?
— —ᠪᠦᠬᠦ ᠪᠥᠮᠪᠥᠯᠢᠭ ᠨᠦ᠍ᠭᠦᠳ ᠨᠢ ᠬᠥᠭᠡᠷᠦᠨ ᠠᠯᠠᠭ᠎ᠠ ᠪᠣᠯᠤᠭᠰᠠᠨ ᠨᠠᠢᠵᠠ ᠨᠤᠭᠤᠳ ᠤ᠋ᠨ ᠢ᠋ᠶ᠋ᠠᠨ ᠠᠴᠢ ᠪᠠᠷ ᠡᠸᠳᠢ ᠮᠠᠨᠢ ᠠᠶᠤᠯ ᠠ᠋ᠴᠠ ᠠᠪᠤᠷᠠᠭᠳᠠᠯ᠎ᠠ
ᠣᠯᠠᠨ᠄ᠬᠠ ᠬᠠ ᠁

ᠲᠡᠭᠦᠰᠬᠡᠯ ᠦ᠋ᠨ ᠳᠠᠭᠤᠤ 

    ᠯᠠ ᠯᠡ᠁ ᠯᠡ᠁ ᠺᠣᠷᠠ 
    ᠯᠠ ᠯᠡ᠁ ᠯᠡ᠁ ᠺᠣᠷᠠ 
    ᠯᠠ ᠯᠡ᠁ ᠯᠡ ᠯᠡ᠁ ᠯᠡ ᠺᠣᠷᠠ 
    ᠮᠥᠰᠥᠨ ᠦ᠌ ᠴᠠᠭᠠᠨ ᠪᠠᠭᠠᠪᠠᠭᠠᠢ ᠫᠤᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠸᠳᠢ
    ᠰᠠᠢᠬᠠᠨ ᠰᠡᠳᠬᠢᠯᠳᠦ ᠮᠢᠨᠵᠢ ᠥᠬᠢᠨ ᠯᠥᠤᠫᠢ
    ᠳ᠋ᠢᠨᠰᠠᠪᠤᠤᠷ ᠤ᠋ᠨ ᠵᠤᠯᠵᠠᠭ᠎ᠠ ᠺᠷᠤᠨ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠤᠶ᠋ᠢᠯᠠᠭᠠᠳᠠᠭ 
    ᠪᠢᠳᠡ ᠰᠠᠢᠨ ᠨᠠᠢᠵᠠ ᠨᠤᠭᠤᠳ ᠪᠢᠯᠡ 
    ᠯᠡ ᠯᠡ ᠁  ᠯᠡ ᠺᠣᠷᠠ ᠺᠣᠷᠠ 

ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠮᠥᠴᠢᠷ᠂ ᠪ· ᠯᠠᠪᠳᠠᠭᠤᠨ