ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ12-ᠪᠣᠭᠳᠠ ᠴᠢᠩᠭᠢᠰ ᠬᠠᠭᠠᠨ ᠬᠠᠷᠢᠵᠤ ᠢᠷᠡᠭᠰᠡᠨ ᠨᠢЧингис хааны байлдах бодлого ба арга
(ᠨᠢᠭᠡ) ᠬᠣᠶᠠᠷ ᠥᠷᠯᠥᠭ ᠨᠢ ᠨᠠᠰᠤ ᠨᠥᠭᠴᠢᠭᠰᠡᠨ ᠨᠢ
ᠴᠢᠩᠭᠢᠰ ᠬᠠᠭᠠᠨ ᠣᠳᠣ ᠳᠡᠮᠡᠢ ᠶᠠᠭᠠᠷᠠᠬᠤ ᠬᠡᠷᠡᠭ ᠦᠭᠡᠢ ᠪᠣᠯᠪᠠ᠃ ᠲᠡᠭᠦᠨ ᠦ᠌ ᠴᠡᠷᠢᠭ ᠤᠯᠤᠰ ᠲᠠᠭᠠᠨ ᠪᠤᠴᠠᠵᠤ ᠢᠷᠡᠲᠡᠯ᠎ᠡ ᠨᠠᠮ ᠭᠦᠮ ᠶᠠᠪᠤᠭᠰᠠᠭᠠᠷ ᠶᠠᠭ ᠨᠢᠭᠡᠨ ᠵᠢᠯ ᠠᠶᠠᠯᠠᠪᠠ᠃ ᠲᠣᠭ᠎ᠠ ᠲᠣᠮᠰᠢ ᠦᠭᠡᠢ ᠪᠠᠷᠢᠪᠴᠢᠯᠠᠭᠰᠠᠨ ᠣᠯᠵᠠᠯᠠᠭᠰᠠᠳ᠂ ᠲᠡᠢᠨ ᠳ᠋ᠤ᠌ ᠣᠯᠤᠭᠰᠠᠨ ᠬᠣᠪᠣᠷ ᠴᠤᠬᠠᠭ ᠡᠳ᠋ ᠡᠷᠳᠡᠨᠢ ᠶ᠋ᠢ ᠠᠴᠢᠭᠰᠠᠨ ᠲᠡᠮᠡᠭᠡᠨ ᠠᠴᠢᠶ᠎ᠠ ᠲᠠᠢ ᠵᠥᠭᠡᠭᠡᠪᠦᠷᠢ ᠶ᠋ᠢᠨ ᠠᠩᠭᠢ ᠨᠢ ᠴᠡᠷᠢᠭ ᠦ᠋ᠨ ᠡᠮᠦᠨ᠎ᠡ ᠮᠣᠷᠳᠠᠪᠠ᠃ ᠠᠮᠤᠰᠬᠢᠬᠦ ᠶ᠋ᠢᠨ ᠲᠥᠯᠥᠭᠡ ᠪᠠᠵᠠᠭᠠᠭᠰᠠᠨ ᠣᠷᠳᠣᠨ᠂ ᠴᠡᠷᠢᠭ ᠦ᠋ᠨ ᠬᠦᠷᠢᠶ᠎ᠡ ᠭᠡᠵᠦ ᠬᠡᠯᠡᠬᠦ ᠡᠴᠡ ᠨᠡᠭᠦᠳᠡᠯᠯᠡᠵᠦ ᠪᠠᠢᠭ᠎ᠠ ᠣᠷᠳᠣᠨ ᠤ᠋ ᠲᠥᠰᠲᠡᠢ ᠪᠠᠢᠨ᠎ᠠ᠃ ᠪᠠᠢᠯᠳᠤᠭᠴᠢᠳ ᠬᠥᠮᠦᠨ ᠪᠦᠷᠢ ᠬᠡᠳᠦᠨ ᠡᠬᠡᠨᠡᠷ ᠲᠡᠢ᠂ ᠵᠠᠷᠢᠮ ᠨᠢ ᠬᠡᠦᠬᠡᠳ ᠢ᠋ᠶ᠋ᠡᠨ ᠲᠡᠪᠡᠷᠢᠵᠦ ᠶᠠᠪᠤᠨ᠎ᠠ᠂ ᠥᠷᠥᠨᠡᠳᠠᠬᠢᠨ ᠠ᠋ᠴᠠ ᠠᠪᠤᠭᠰᠠᠨ ᠡᠳ᠋ ᠲᠠᠸᠠᠷ ᠢ᠋ ᠣᠪᠣᠭ᠎ᠠ ᠲᠡᠭᠡᠭᠡᠭᠰᠡᠨ ᠬᠥᠰᠬᠡ ᠲᠡᠷᠭᠡ ᠪᠣᠯᠤᠨ ᠣᠯᠠᠨ ᠮᠠᠯ ᠰᠦᠷᠦᠭ ᠢ᠋ ᠲᠠᠭᠤᠵᠤ ᠠᠶᠠᠯᠠᠵᠤ ᠪᠠᠢᠯ᠎ᠠ᠃ ᠡᠮᠡᠭᠲᠡᠢᠴᠦᠳ ᠲᠦ᠍ ᠲᠤᠰ ᠦᠨᠳᠦᠰᠦᠲᠡᠨ ᠦ᠌ ᠡᠷᠡᠭᠲᠡᠢ ᠡᠮᠡᠭᠲᠡᠢ ᠪᠣᠭᠣᠯᠴᠤᠳ ᠨᠢ ᠮᠠᠯ ᠠᠳᠤᠭᠤ ᠶ᠋ᠢ ᠬᠠᠷᠠᠭᠠᠯᠵᠠᠨ᠂ ᠮᠠᠢᠬᠠᠨ ᠪᠤᠰᠬᠠᠬᠤ᠂ ᠳᠠᠬᠢᠨ ᠮᠣᠷᠳᠠᠬᠤ ᠪᠡᠯᠡᠳᠬᠡᠯ ᠬᠢᠬᠦ ᠵᠡᠷᠭᠡ ᠠᠵᠢᠯ ᠳ᠋ᠤ᠌ ᠣᠷᠣᠯᠴᠠᠵᠤ ᠪᠠᠢᠪᠠ᠁ ᠃ ᠳᠣᠷᠣᠨ᠎ᠠ ᠵᠦᠭ ᠢ᠋ ᠵᠣᠷᠢᠭᠰᠠᠨ ᠡᠨᠡᠬᠦ ᠠᠶᠠᠨ ᠨᠢ ᠶᠠᠭ ᠨᠢᠭᠡᠨ ᠦᠨᠳᠦᠰᠦᠲᠡᠨ ᠨᠡᠭᠦᠳᠡᠯ ᠬᠢᠵᠦ ᠶᠠᠪᠤᠬᠤ ᠮᠡᠲᠦ ᠪᠠᠢᠯ᠎ᠠ᠃ ᠣᠨᠳᠣᠣ ᠪᠠᠢᠬᠤ ᠨᠢ ᠭᠡᠪᠡᠯ ᠡᠩᠬᠡ ᠲᠠᠢᠪᠤᠩ ᠪᠠᠶᠠᠷ ᠬᠥᠷ ᠲᠡᠢ ᠪᠠᠢᠯ᠎ᠠ᠃
ᠡᠨᠡᠬᠦ ᠡᠩᠬᠡ ᠲᠠᠢᠪᠤᠩ ᠠᠶᠠᠯᠠᠯ ᠳ᠋ᠤ᠌᠂《ᠰᠤᠮᠤᠨ ᠮᠡᠲᠦ ᠲᠦᠷᠭᠡᠨ》ᠬᠣᠶᠠᠷ ᠡᠯᠴᠢᠨ ᠪᠠᠷᠤᠭ ᠠᠳᠠᠯᠢ ᠴᠠᠭ ᠢ᠋ᠶ᠋ᠠᠷ ᠠᠯᠤᠰ ᠬᠣᠯᠠ ᠶ᠋ᠢᠨ ᠠᠯᠲᠠᠨ ᠤᠯᠤᠰ ᠠ᠋ᠴᠠ ᠢᠷᠡᠵᠡᠢ᠃ ᠨᠢᠭᠡᠨ ᠮᠣᠷᠢᠲᠠᠨ ᠨᠢ ᠡᠮᠬᠢᠨᠡᠯᠲᠡᠢ ᠴᠢᠮᠡᠭᠡ ᠬᠦᠷᠭᠡᠵᠦ ᠢᠷᠡᠵᠡᠢ᠂ ᠡᠨᠡ ᠨᠢ ᠨᠠᠢ᠍ᠮᠠᠨ ᠵᠢᠯ ᠦ᠋ᠨ ᠲᠤᠷᠰᠢ ᠣᠶᠤᠨ ᠴᠢᠳᠠᠯ ᠢ᠋ᠶ᠋ᠠᠨ ᠴᠥᠬᠥᠷᠡᠵᠦ ᠵᠦᠳᠡᠷᠡᠬᠦ ᠪᠡᠨ ᠦᠯᠦ ᠬᠠᠢᠬᠤᠷᠤᠨ ᠠᠯᠲᠠᠨ ᠤᠯᠤᠰ ᠢ᠋ ᠪᠠᠢᠯᠳᠤᠨ ᠳᠠᠭᠠᠭᠤᠯᠬᠤ ᠪᠠᠷ ᠵᠢᠳᠬᠦᠵᠦ ᠢᠷᠡᠭᠰᠡᠨ ᠦᠨᠡᠨᠴᠢ ᠰᠢᠳᠤᠷᠭᠤ ᠮᠤᠬᠤᠯᠠᠢ ᠦᠬᠦᠭᠰᠡᠨ ᠪᠠᠢᠨ᠎ᠠ᠃54 ᠨᠠᠰᠤᠲᠠᠢ ᠡᠨᠡᠬᠦ ᠥᠷᠯᠥᠭ ᠬᠥᠪᠡᠭᠦᠨ ᠪᠣᠷᠣ ᠳ᠋ᠠᠭᠠᠨ ᠬᠡᠯᠡᠭᠰᠡᠨ ᠡᠴᠦᠰ ᠦ᠋ᠨ ᠭᠡᠷᠢᠶᠡᠰ ᠨᠢ ᠳᠣᠣᠷᠠᠬᠢ ᠮᠡᠲᠦ᠄
《ᠮᠢᠨᠦ ᠪᠡᠶ᠎ᠡ ᠳᠥᠴᠢᠨ ᠵᠢᠯ ᠪᠠᠢᠯᠳᠤᠭᠠᠨ ᠬᠢᠵᠦ ᠪᠣᠭᠳᠠ ᠬᠠᠭᠠᠨ ᠤ᠋ ᠶᠡᠬᠡ ᠦᠢᠯᠡᠰ ᠢ᠋ ᠪᠦᠲᠦᠭᠡᠬᠦ ᠳ᠋ᠤ᠌ ᠲᠤᠰᠠᠯᠠᠵᠤ᠂ ᠶᠠᠳᠠᠷᠠᠵᠤ ᠵᠦᠳᠡᠷᠡᠬᠦ ᠶ᠋ᠢ ᠶᠡᠷᠦ ᠮᠡᠳᠡᠭᠰᠡᠨ ᠦᠭᠡᠢ ᠪᠢᠯᠡ᠃ ᠭᠡᠲᠡᠯ᠎ᠡ ᠮᠢᠨᠦ ᠬᠠᠷᠠᠮᠰᠠᠬᠤ ᠨᠢ ᠭᠠᠭᠴᠠ ᠵᠦᠢᠯ ᠪᠠᠢᠨ᠎ᠠ᠂ ᠡᠨᠡ ᠨᠢ ᠠᠯᠲᠠᠨ ᠤᠯᠤᠰ ᠤ᠋ᠨ ᠡᠮᠦᠨ᠎ᠡ ᠨᠡᠢᠰᠯᠡᠯ ᠢ᠋ ᠠᠪᠴᠤ ᠴᠢᠳᠠᠭᠠᠳᠤᠢ ᠤᠴᠢᠷ ᠪᠣᠯᠤᠨ᠎ᠠ᠂ ᠡᠨᠡ ᠡᠭᠦᠷᠭᠡ ᠶ᠋ᠢ ᠴᠢ ᠭᠦᠢᠴᠡᠳᠬᠡᠭᠲᠦᠨ ᠭᠡᠵᠡᠢ᠃ ᠨᠥᠭᠦᠭᠡ ᠨᠢᠭᠡ ᠮᠣᠷᠢᠲᠠᠨ ᠨᠢ ᠠᠯᠲᠠᠨ ᠤᠯᠤᠰ ᠰᠢᠤᠸᠠᠨᠽᠥ᠋ᠩ ᠬᠠᠭᠠᠨ ᠦᠬᠦᠭᠡᠳ ᠲᠡᠭᠦᠨ ᠦ᠌ ᠬᠥᠪᠡᠭᠦᠨ ᠱᠧᠦ ᠰᠢᠦᠢ ᠬᠠᠭᠠᠨ ᠰᠠᠭᠤᠷᠢᠨ ᠢ᠋ ᠵᠠᠯᠭᠠᠮᠵᠢᠯᠠᠪᠠ ᠭᠡᠵᠡᠢ᠃ ᠶᠡᠷᠦ ᠶ᠋ᠢᠨ ᠵᠤᠷᠰᠢᠯ ᠢ᠋ᠶ᠋ᠠᠷ ᠬᠠᠭᠠᠨ ᠡᠵᠡᠨ ᠬᠠᠯᠢᠬᠤ ᠶ᠋ᠢᠨ ᠬᠠᠮᠲᠤ ᠠᠳᠠᠪᠠᠰᠢ ᠴᠡᠷᠢᠭ ᠲᠡᠢᠨ ᠡᠭᠦᠰᠬᠦ ᠶᠤᠮ᠃ ᠭᠡᠲᠡᠯ᠎ᠡ ᠴᠢᠩᠭᠢᠰ ᠬᠠᠭᠠᠨ ᠡᠭᠦᠨ ᠡᠴᠡ ᠪᠣᠯᠵᠤ ᠠᠳᠠᠭ ᠲᠠᠭᠠᠨ ᠠᠭᠲᠠ ᠪᠠᠨ ᠬᠤᠷᠳᠤᠯᠠᠬᠤ ᠭᠡᠰᠡᠨ ᠴᠤ᠌ ᠦᠭᠡᠢ᠃ ᠮᠤᠬᠤᠯᠠᠢ ᠶ᠋ᠢᠨ ᠬᠥᠪᠡᠭᠦᠨ ᠪᠣᠷᠣ ᠶ᠋ᠢ ᠡᠴᠢᠭᠡ ᠶ᠋ᠢᠨ ᠬᠢᠨᠢ ᠵᠡᠷᠭᠡ ᠲᠤᠰᠢᠶᠠᠯ ᠢ᠋ ᠵᠠᠯᠭᠠᠮᠵᠢᠯᠠᠭᠤᠯᠬᠤ ᠪᠠᠷ ᠵᠥᠪᠰᠢᠶᠡᠷᠡᠭᠰᠡᠨ ᠵᠠᠷᠯᠢᠭ ᠪᠠᠭᠤᠯᠭᠠᠨ᠂ ᠠᠮᠠᠷᠠᠯᠲᠠ ᠶ᠋ᠢᠨ ᠬᠦᠷᠢᠶ᠎ᠡ ᠡᠴᠡ ᠪᠡᠨ ᠳᠠᠷᠠᠭ᠎ᠠ ᠬᠦᠷᠢᠶ᠎ᠡ ᠲᠠᠰᠢ ᠠᠯᠭᠤᠷ ᠢ᠋ᠶ᠋ᠠᠷ ᠳᠠᠪᠰᠢᠨ ᠮᠣᠷᠳᠠᠪᠠ᠃ ᠲᠡᠷᠡ ᠬᠥᠪᠡᠭᠦᠨ ᠵᠥᠴᠢ ᠪᠡᠨ ᠠᠷᠤ ᠡᠴᠡ ᠢᠷᠡᠬᠦ ᠪᠤᠶᠤ ᠪᠠᠷᠠᠭᠤᠨ ᠲᠡᠰᠢ ᠮᠣᠷᠳᠠᠭᠰᠠᠨ ᠬᠣᠶᠠᠷ ᠥᠷᠯᠥᠭ ᠰᠦᠪᠡᠭᠡᠳᠡᠢ ᠵᠡᠪᠡ ᠶ᠋ᠢ ᠬᠠᠷᠢᠬᠤ ᠵᠠᠮ ᠵᠠᠭᠤᠷ᠎ᠠ ᠪᠠᠨ ᠺᠠᠰᠫᠢ ᠶ᠋ᠢᠨ ᠲᠠᠩᠭᠢᠰ ᠢ᠋ ᠲᠣᠭᠣᠷᠢᠨ ᠢᠷᠡᠬᠦ ᠮᠠᠭᠠᠳ ᠭᠡᠵᠦ ᠬᠦᠯᠢᠶᠡᠵᠦ ᠪᠠᠢᠭᠰᠠᠨ ᠠᠵᠢ᠃ ᠴᠢᠩᠭᠢᠰ ᠬᠠᠭᠠᠨ ᠡᠨᠡ ᠬᠣᠶᠠᠷ ᠥᠷᠯᠥᠭ ᠲᠦ᠍ ᠲᠤᠰᠢᠶᠠᠭᠰᠠᠨ ᠥᠷᠯᠥᠭ ᠲᠤ᠌ ᠭᠤᠷᠪᠠᠨ ᠵᠢᠯ ᠦ᠋ᠨ ᠬᠤᠭᠤᠴᠠᠭ᠎ᠠ ᠨᠢ ᠨᠢᠭᠡᠨᠲᠡ ᠭᠦᠢᠴᠡᠭᠡᠳ ᠪᠠᠢᠭᠰᠠᠨ ᠪᠢᠯᠡ᠃
ᠵᠥᠴᠢ ᠢᠷᠡᠭᠰᠡᠨ ᠦᠭᠡᠢ ᠪᠠᠢᠯ᠎ᠠ᠃ ᠬᠣᠶᠠᠷ ᠥᠷᠯᠥᠭ ᠡᠴᠡ ᠰᠦᠪᠡᠭᠡᠳᠡᠢ ᠭᠠᠭᠴᠠᠭᠠᠷ ᠢ᠋ᠶ᠋ᠠᠨ ᠴᠡᠷᠢᠭ ᠢ᠋ᠶ᠋ᠡᠨ ᠳᠠᠭᠠᠭᠤᠯᠤᠭᠠᠳ ᠢᠷᠡᠵᠡᠢ᠃ ᠴᠢᠩᠭᠢᠰ ᠬᠠᠭᠠᠨ ᠤ᠋ ᠦᠨᠡᠨᠴᠢ ᠰᠢᠳᠤᠷᠭᠤ ᠳᠠᠢᠴᠢᠨ ᠬᠠᠨᠢ ᠪᠥᠭᠡᠳ ᠬᠠᠷ᠎ᠠ ᠬᠢᠳᠠᠨ ᠢ᠋ ᠪᠠᠢᠯᠳᠤᠨ ᠳᠠᠭᠠᠭᠤᠯᠤᠭᠰᠠᠨ᠂ ᠫᠠᠮᠢᠷ ᠤ᠋ᠨ ᠥᠨᠳᠥᠷᠯᠢᠭ ᠢ᠋ ᠳᠠᠪᠠᠵᠤ ᠰᠢᠪᠲᠤᠯᠤᠭᠰᠠᠨ《ᠵᠡᠪᠡ ᠨᠣᠶᠠᠨ》 ᠥᠷᠥᠨᠡᠳᠠᠬᠢᠨ ᠤ᠋ ᠣᠯᠠᠨ ᠤᠯᠤᠰ ᠡᠴᠡ ᠪᠤᠴᠠᠬᠤ ᠵᠠᠮ ᠳ᠋ᠠᠭᠠᠨ ᠲᠦᠷᠺᠰᠲ᠋ᠠᠨ ᠳ᠋ᠤ᠌ ᠬᠦᠷᠬᠦ ᠭᠡᠳ ᠲᠦᠷᠭᠡᠨ ᠡᠪᠡᠳᠴᠢᠨ ᠳ᠋ᠤ᠌ ᠨᠡᠷᠪᠡᠭᠳᠡᠨ ᠲᠡᠨᠳᠡ ᠦᠬᠦᠪᠡ᠃ ᠰᠦᠪᠡᠭᠡᠳᠡᠢ ᠯᠦ᠍ᠭᠡ ᠬᠠᠮᠲᠤ ᠪᠤᠴᠠᠵᠤ ᠢᠷᠡᠭᠰᠡᠨ ᠴᠡᠷᠢᠭ ᠦ᠋ᠨ ᠲᠣᠭ᠎ᠠ ᠨᠢ ᠴᠤ᠌ ᠴᠥᠭᠡᠷᠡᠵᠦ ᠪᠠᠢᠭᠰᠠᠨ ᠪᠠᠢᠳᠠᠯ ᠲᠠᠢ᠂ ᠣᠯᠵᠠ ᠲᠡᠭᠡᠭᠡᠭᠰᠡᠨ ᠣᠯᠠᠨ ᠲᠡᠷᠭᠡ ᠪᠠ ᠦᠯᠦ ᠮᠡᠳᠡᠬᠦ ᠦᠨᠳᠦᠰᠦᠲᠡᠨ ᠶᠠᠰᠤᠲᠠᠨ ᠨᠤᠭᠤᠳ ᠢ᠋ ᠣᠯᠵᠠᠯᠠᠭᠰᠠᠨ ᠡᠴᠡ ᠦᠵᠡᠬᠦᠯ᠎ᠡ ᠪᠠᠢᠯᠳᠤᠭᠠᠨ ᠤ᠋ ᠢᠯᠠᠯᠲᠠ ᠶ᠋ᠢ ᠨᠢ ᠭᠡᠷᠡᠴᠢᠯᠡᠵᠦ ᠪᠠᠢᠯ᠎ᠠ᠃ ᠲᠡᠷᠡ ᠢᠩᠭᠢᠵᠦ ᠮᠣᠩᠭᠣᠯᠴᠤᠳ ᠲᠤ᠌ ᠧᠦ᠋ᠷᠣᠫᠠ ᠲᠢᠪ ᠦ᠋ᠨ ᠬᠠᠭᠠᠯᠭ᠎ᠠ ᠶ᠋ᠢ ᠨᠡᠭᠡᠭᠡᠵᠦ ᠥᠭᠭᠦᠭᠰᠡᠨ ᠪᠢᠯᠡ᠃
(ᠬᠣᠶᠠᠷ) ᠲᠤᠷᠰᠢᠭᠤᠯ ᠤ᠋ᠨ ᠠᠩᠭᠢ ᠶ᠋ᠢᠨ ᠣᠯᠤᠭᠰᠠᠨ ᠧᠦ᠋ᠷᠣᠫᠠ ᠶ᠋ᠢᠨ ᠨᠢᠭᠤᠴᠠ ᠮᠡᠳᠡᠭᠡ
ᠰᠥᠪᠡᠭᠡᠳᠡᠢ ᠵᠡᠪᠡ ᠶ᠋ᠢᠨ ᠮᠣᠷᠳᠠᠵᠤ ᠭᠠᠷᠤᠭᠰᠠᠨ ᠺᠠᠰᠫᠢ ᠶ᠋ᠢᠨ ᠲᠠᠩᠭᠢᠰ ᠤ᠋ᠨ ᠬᠥᠪᠡᠭᠡᠨ ᠳ᠋ᠡᠬᠢ ᠲᠠᠯ᠎ᠠ ᠭᠠᠵᠠᠷ ᠪᠣᠯᠤᠨ ᠺᠡᠦ᠋ᠺᠡᠰ ᠠᠭᠤᠯᠠ ᠶ᠋ᠢᠨ ᠬᠣᠭᠣᠷᠣᠨᠳᠣ ᠾᠷᠢᠰᠲ᠋ᠣᠰ ᠤ᠋ᠨ ᠱᠠᠰᠢᠨ ᠤ᠋ ᠬᠢᠦᠷᠬᠢᠶᠠ ᠸᠠᠩᠲᠤ ᠤᠯᠤᠰ ᠪᠠᠢᠪᠠ᠃ ᠠᠽᠧᠷᠪᠠᠢᠵᠠᠨ ᠬᠡᠮᠡᠬᠦ ᠭᠦᠩᠲᠦ ᠤᠯᠤᠰ ᠤ᠋ᠨ ᠠᠭᠤᠯᠠᠷᠬᠠᠭ ᠣᠷᠣᠨ ᠳ᠋ᠤ᠌ ᠮᠣᠷᠢᠯᠠᠵᠤ ᠪᠠᠰᠠ ᠤᠳᠬ᠎ᠠ ᠰᠣᠶᠣᠯ ᠨᠡᠭᠡᠭᠡᠭᠳᠡᠭᠡᠳᠦᠢ ᠺᠦᠷᠬᠢᠰᠲ᠋ᠡᠨ ᠤᠯᠤᠰ ᠢ᠋ ᠰᠢᠪᠲᠤᠯᠵᠤ᠂ ᠰᠥᠪᠡᠭᠡᠳᠡᠢ ᠭᠤᠷᠪᠠᠨ ᠲᠦᠮᠡᠨ ᠮᠣᠩᠭᠣᠯ ᠴᠡᠷᠢᠭ ᠢ᠋ᠶ᠋ᠡᠨ ᠳᠠᠭᠠᠭᠤᠯᠤᠨ ᠬᠢᠦᠷᠬᠢᠶᠠ ᠤᠯᠤᠰ ᠤ᠋ᠨ ᠬᠢᠯᠢ ᠳ᠋ᠤ᠌ ᠣᠷᠣᠪᠠ᠃ ᠨᠢᠭᠡᠨᠲᠡ ᠵᠠᠭᠠᠯᠮᠠᠢ ᠲᠡᠮᠳᠡᠭᠲᠦ ᠴᠡᠷᠢᠭ ᠤᠷᠤᠭᠤ ᠮᠣᠷᠳᠠᠬᠤ ᠪᠠᠷ ᠪᠡᠯᠡᠳᠬᠡᠵᠦ ᠪᠠᠢᠭᠰᠠᠨ ᠪᠥᠭᠡᠳ ᠤᠳᠠᠭᠠᠨ ᠡᠳᠦᠷ ᠪᠣᠯᠪᠠᠰᠤᠷᠠᠵᠤ ᠣᠮᠣᠷᠬᠠᠭᠯᠠᠨ ᠪᠠᠷᠳᠠᠮᠨᠠᠵᠤ ᠪᠠᠢᠭᠰᠠᠨ ᠬᠢᠦᠷᠬᠢᠶᠠ ᠶ᠋ᠢᠨ ᠮᠣᠷᠢᠲᠤ ᠪᠠᠭᠠᠲᠤᠷᠴᠤᠳ ᠨᠢ ᠮᠣᠩᠭᠣᠯ ᠴᠡᠷᠢᠭ ᠵᠦᠭ ᠰᠢᠪᠲᠤᠯᠤᠨ ᠳᠠᠭᠠᠷᠢᠭᠠᠳ ᠢᠷᠡᠯ᠎ᠡ᠃ ᠰᠥᠪᠡᠭᠡᠳᠡᠢ ᠪᠠᠰᠠ ᠬᠣᠶᠠᠷ ᠵᠢᠭᠦᠷ ᠢ᠋ᠶ᠋ᠡᠨ ᠳᠡᠯᠭᠡᠭᠰᠡᠨ ᠴᠠᠭᠠᠨ ᠱᠣᠩᠬᠣᠷ ᠲᠠᠢ ᠶᠢᠰᠦᠨ ᠬᠥᠬᠥᠯᠲᠦ ᠴᠡᠷᠢᠭ ᠦ᠋ᠨ ᠲᠤᠭ ᠢ᠋ᠶ᠋ᠠᠨ ᠨᠠᠮᠢᠷᠠᠭᠤᠯᠵᠤ ᠬᠡᠢᠰᠬᠡᠨ ᠳᠠᠢᠰᠤᠨ ᠤᠷᠤᠭᠤ ᠳᠠᠷᠤᠨ ᠴᠣᠬᠢᠪᠠ᠃ ᠡᠨᠡᠬᠦ ᠬᠣᠶᠠᠷ ᠵᠢᠭᠦᠷ ᠢ᠋ᠶ᠋ᠡᠨ ᠳᠡᠯᠭᠡᠭᠰᠡᠨ ᠴᠠᠭᠠᠨ ᠱᠣᠩᠬᠣᠷ ᠢ᠋ ᠨᠢ ᠡᠩ ᠲᠡᠷᠢᠭᠦᠨ ᠳ᠋ᠤ᠌ ᠬᠢᠦᠷᠬᠢᠶᠠ ᠶ᠋ᠢᠨ ᠬᠥᠮᠦᠰ ᠦᠵᠡᠭᠡᠳ᠂ ᠰᠡᠭᠦᠯᠡᠷ ᠨᠢ ᠧᠦ᠋ᠷᠣᠫᠠ ᠲᠢᠪ ᠦ᠋ᠨ ᠣᠯᠠᠨ ᠤᠯᠤᠰ ᠤ᠋ᠨ ᠠᠷᠠᠳ ᠤ᠋ᠳ ᠦᠵᠡᠭᠡᠳ ᠵᠠᠭᠠᠯᠮᠠᠢ ᠲᠡᠮᠳᠡᠭᠲᠦ ᠴᠡᠷᠢᠭ ᠭᠡᠵᠦ ᠡᠨᠳᠡᠭᠦᠷᠡᠵᠦ ᠪᠠᠢᠵᠠᠢ᠃ ᠭᠱᠠᠨ ᠵᠠᠭᠤᠷ᠎ᠠ ᠰᠢᠷᠦᠭᠦᠨ ᠪᠠᠢᠯᠳᠤᠭᠰᠠᠨ ᠤ᠋ ᠰᠡᠭᠦᠯᠡᠷ ᠮᠣᠩᠭᠣᠯ ᠴᠡᠷᠢᠭ ᠪᠤᠷᠤᠭᠤᠯᠠᠵᠤ ᠵᠡᠪᠡ ᠶ᠋ᠢᠨ ᠪᠦᠭᠭᠦᠵᠦ ᠪᠠᠢᠭᠰᠠᠨ ᠵᠢᠭᠰᠠᠭᠠᠯ ᠳᠣᠲᠣᠷ᠎ᠠ ᠨᠡᠬᠡᠮᠵᠢᠯᠡᠭᠴᠢ ᠳᠠᠢᠰᠤᠨ ᠢ᠋ᠶ᠋ᠠᠨ ᠳᠠᠭᠠᠭᠤᠯᠵᠤ ᠠᠪᠠᠴᠢᠪᠠ᠃ ᠲᠡᠨᠳᠡ ᠬᠦᠷᠦᠮᠡᠭᠴᠡ ᠮᠣᠩᠭᠣᠯ ᠴᠡᠷᠢᠭ ᠦ᠋ᠳ ᠭᠡᠨᠡᠳᠲᠡ ᠭᠡᠳᠡᠷᠭᠦ ᠪᠡᠨ ᠳᠠᠭᠠᠷᠢᠨ ᠴᠣᠬᠢᠭᠰᠠᠨ ᠳ᠋ᠤ᠌᠂ ᠬᠢᠦᠷᠬᠢᠶᠠ ᠶ᠋ᠢᠨ ᠴᠡᠷᠢᠭ ᠬᠣᠶᠠᠷ ᠲᠠᠯ᠎ᠠ ᠡᠴᠡ ᠪᠠᠨ ᠪᠦᠰᠡᠯᠡᠭᠳᠡᠭᠡᠳ ᠪᠦᠷᠢᠨ ᠰᠦᠨᠦᠭᠡᠭᠳᠡᠪᠡ᠃ ᠭᠢᠦᠷᠬᠢᠶᠠ ᠬᠥᠮᠦᠨ ᠳ᠋ᠤ᠌ ᠵᠣᠯ ᠵᠠᠪᠰᠢᠶᠠᠨ ᠭᠡᠪᠡᠯ᠂ ᠰᠦᠪᠡᠭᠡᠳᠡᠢ ᠵᠡᠪᠡ ᠶ᠋ᠢᠨ ᠴᠡᠷᠢᠭ ᠨᠢ ᠲᠡᠷᠡ ᠤᠯᠤᠰ ᠲᠤ᠌ ᠥᠷᠭᠡᠨ ᠢ᠋ᠶ᠋ᠡᠷ ᠣᠷᠣᠬᠤ ᠴᠠᠭ ᠣᠯᠭᠣᠭᠰᠠᠨ ᠦᠭᠡᠢ᠂ ᠺᠠᠰᠫᠢ ᠶ᠋ᠢᠨ ᠲᠠᠩᠭᠢᠰ ᠤ᠋ᠨ ᠡᠮᠦᠨᠡᠬᠢ ᠲᠠᠯ᠎ᠠ ᠭᠠᠵᠠᠷ ᠡᠴᠡ ᠠᠭᠤᠯᠠᠷᠬᠠᠭ ᠣᠷᠣᠨ ᠵᠦᠭ ᠰᠢᠭᠤᠳ ᠴᠢᠭᠯᠡᠵᠡᠢ᠃ ᠡᠨᠡᠬᠦ ᠪᠠᠭᠠᠲᠤᠷᠯᠢᠭ ᠮᠣᠷᠢᠲᠤ ᠴᠡᠷᠢᠭ ᠦ᠋ᠳ ᠬᠠᠷᠠᠴᠠ ᠡᠴᠡ ᠠᠷᠢᠯᠤᠭᠰᠠᠨ ᠪᠣᠯᠬᠣᠷ ᠭᠢᠦᠷᠬᠢᠶᠠ ᠶ᠋ᠢᠨ ᠡᠮᠡᠭᠲᠡᠢ ᠸᠠᠩ ᠬᠦᠰᠲᠡᠨ ᠲᠡᠳᠡᠨ ᠢ᠋ ᠭᠢᠦᠷᠬᠢᠶᠠ ᠶ᠋ᠢᠨ ᠮᠣᠷᠢᠲᠤ ᠪᠠᠭᠠᠲᠤᠷᠴᠤᠳ ᠡᠴᠡ ᠠᠶᠤᠭᠠᠳ ᠵᠠᠢᠯᠠᠴᠢᠬᠠᠯᠠ ᠭᠡᠵᠦ ᠣᠷᠬᠢᠵᠤ ᠪᠠᠢᠯ᠎ᠠ᠃
ᠵᠠᠶᠠᠭ· ᠲᠤ᠌· ᠹᠢᠳᠤᠷᠢ ᠶ᠋ᠢᠨ ᠪᠠᠶᠠᠷᠲᠤ ᠵᠠᠬᠢᠳᠠᠯ ᠪᠢᠴᠢᠭᠰᠡᠨ ᠦ᠌ ᠬᠣᠢᠨᠠᠬᠢ ᠪᠠᠷᠤᠭ ᠨᠢᠭᠡᠨ ᠵᠢᠯ1222 ᠣᠨ ᠳ᠋ᠤ᠌᠂ ᠮᠣᠩᠭᠣᠯ ᠴᠡᠷᠢᠭ ᠦ᠋ᠨ ᠲᠤᠬᠠᠢ ᠬᠣᠶᠠᠳᠠᠬᠢ ᠴᠢᠮᠡᠭᠡ ᠶ᠋ᠢ ᠬᠦᠰᠲᠡᠨ ᠡᠮᠡᠭᠲᠡᠢ ᠸᠠᠩ ᠤ᠋ᠨ ᠾᠷᠢᠰᠲ᠋ᠣᠰ ᠤ᠋ᠨ ᠱᠠᠰᠢᠨ ᠤ᠋ ᠬᠠᠭᠠᠨ ᠳ᠋ᠠᠭᠠᠨ ᠵᠠᠬᠢᠳᠠᠯ ᠪᠢᠴᠢᠭᠰᠡᠨ ᠨᠢ ᠧᠦ᠋ᠷᠣᠫᠠ ᠲᠢᠪ ᠲᠤ᠌ ᠲᠠᠷᠬᠠᠭᠳᠠᠵᠤ ᠪᠠᠢᠯ᠎ᠠ᠃ ᠲᠡᠷᠡ ᠵᠠᠬᠢᠳᠠᠯ ᠤ᠋ᠨ ᠠᠭᠤᠯᠭ᠎ᠠ ᠨᠢ᠂《ᠵᠦᠰᠦᠭᠦᠦ ᠴᠠᠭᠠᠨ ᠵᠠᠭᠠᠯᠮᠠᠢ ᠲᠡᠮᠳᠡᠭᠲᠦ ᠴᠡᠷᠢᠭ ᠦ᠋ᠨ ᠲᠤᠭ ᠠᠳᠬᠤᠭᠰᠠᠨ》 ᠡᠴᠡ ᠦᠵᠡᠬᠦ ᠳ᠋ᠤ᠌ ᠾᠷᠢᠰᠲ᠋ᠣᠰ ᠤ᠋ᠨ ᠱᠠᠰᠢᠨ ᠤ᠋ ᠮᠥᠷᠭᠥᠯᠲᠡᠨ ᠪᠠᠢᠬᠤ ᠶᠣᠰᠣᠲᠠᠢ《ᠠᠷᠰᠯᠠᠨ ᠮᠡᠲᠦ ᠪᠠᠭᠠᠲᠤᠷᠯᠢᠭ᠂ ᠴᠢᠨᠣ᠎ᠠ ᠮᠡᠲᠦ ᠰᠦᠷᠡᠬᠡᠢ᠂ ᠴᠢᠳᠬᠥᠷ ᠮᠡᠲᠦ ᠴᠢᠷᠠᠢ ᠲᠠᠢ ᠲᠠᠲ᠋ᠠᠷ ᠤ᠋ᠨ ᠵᠡᠷᠯᠢᠭ ᠦᠨᠳᠦᠰᠦᠲᠡᠨ》 ᠮᠢᠨᠦ ᠤᠯᠤᠰ ᠲᠤ᠌ ᠳᠣᠪᠲᠣᠯᠤᠨ ᠣᠷᠣᠵᠤ ᠢᠷᠡᠪᠡ᠃ ᠭᠢᠦᠷᠬᠢᠶᠠ ᠶ᠋ᠢᠨ ᠮᠣᠷᠢᠲᠤ ᠪᠠᠭᠠᠲᠤᠷ ᠤ᠋ᠳ ᠤ᠋ᠨ ᠪᠦᠯᠬᠦᠮ ᠲᠡᠳᠡᠨ ᠢ᠋ ᠤᠯᠤᠰ ᠤ᠋ᠨ ᠢ᠋ᠶ᠋ᠠᠨ ᠭᠠᠳᠠᠨ᠎ᠠ ᠬᠥᠭᠡᠭᠡᠵᠦ ᠭᠠᠷᠭᠠᠯ᠎ᠠ᠂ ᠳᠡᠭᠡᠷᠡᠮᠴᠦᠳ ᠢ᠋ 25000 ᠶ᠋ᠢ ᠠᠯᠠᠵᠠᠢ᠂ ᠡᠭᠦᠨ ᠦ᠌ ᠤᠴᠢᠷ ᠡᠴᠡ ᠮᠣᠷᠢᠲᠤ ᠪᠠᠭᠠᠲᠤᠷᠴᠤᠳ ᠤ᠋ᠨ ᠪᠦᠯᠬᠦᠮ ᠪᠣᠯᠵᠣᠭ᠎ᠠ ᠶᠣᠰᠣᠭᠠᠷ ᠵᠠᠭᠠᠯᠮᠠᠢ ᠲᠡᠮᠳᠡᠭᠲᠦ ᠴᠡᠷᠢᠭ ᠲᠤ᠌ ᠮᠣᠷᠳᠠᠵᠤ ᠴᠢᠳᠠᠬᠤ ᠦᠭᠡᠢ ᠪᠣᠯᠤᠯ᠎ᠠ》 ᠭᠡᠵᠡᠢ᠃ ᠡᠨᠡ ᠪᠣᠯ ᠡᠮᠡᠭᠲᠡᠢ ᠸᠠᠩ ᠤ᠋ᠨ ᠵᠠᠬᠢᠳᠠᠯ ᠪᠣᠯᠤᠨ᠎ᠠ᠃ ᠡᠨᠡ ᠵᠠᠬᠢᠳᠠᠯ ᠳ᠋ᠤ᠌ ᠭᠠᠭᠴᠠᠬᠠᠨ ᠦᠨᠡᠨ ᠦᠭᠡ ᠶ᠋ᠢ ᠬᠡᠯᠡᠵᠡᠢ᠃ ᠡᠨᠡ ᠨᠢ ᠳᠠᠷᠤᠢ ᠭᠢᠦᠷᠬᠢᠶᠠ ᠬᠥᠮᠦᠨ ᠵᠠᠭᠠᠯᠮᠠᠢ ᠲᠡᠮᠳᠡᠭᠲᠦ ᠴᠡᠷᠢᠭ ᠲᠤ᠌ ᠬᠦᠴᠦ ᠪᠡᠨ ᠡᠷᠭᠦᠬᠦ ᠴᠢᠳᠠᠯ ᠦᠭᠡᠢ ᠪᠣᠯᠪᠠ ᠭᠡᠰᠡᠨ ᠡᠴᠡ ᠪᠤᠰᠤᠳ ᠨᠢ ᠪᠦᠷ ᠬᠤᠳᠠᠯ ᠦᠭᠡ ᠪᠣᠯᠤᠨ᠎ᠠ᠃
ᠺᠠᠥ᠋ᠺᠠᠰ ᠠᠭᠤᠯᠠ ᠶ᠋ᠢ ᠳᠠᠪᠠᠨ᠎ᠠ ᠭᠡᠳᠡᠭ ᠴᠢᠨᠢ ᠠᠢᠬᠤᠪᠲᠤᠷ ᠪᠠᠢᠭᠰᠠᠨ ᠲᠤᠯᠠ ᠵᠡᠪᠡ ᠶ᠋ᠢᠨ ᠫᠠᠮᠢᠷ ᠠᠭᠤᠯᠠ ᠶ᠋ᠢ ᠳᠠᠪᠠᠭᠰᠠᠨ ᠮᠡᠲᠦ ᠬᠡᠷᠡᠭᠴᠡᠭᠡ ᠦᠭᠡᠢ ᠰᠠᠭᠠᠳ ᠳᠠᠷᠤᠭᠠᠰᠤ ᠪᠣᠯᠬᠤ ᠶᠠᠭᠤᠮ᠎ᠠ ᠪᠦᠬᠦᠨ ᠢ᠋ ᠬᠠᠶᠠᠬᠤ ᠬᠡᠷᠡᠭᠲᠡᠢ᠂ ᠰᠤᠮᠤ ᠪᠤᠶᠤ ᠴᠢᠯᠠᠭᠤ ᠰᠤᠮᠤᠳᠠᠬᠤ ᠪᠠᠭᠠᠵᠢ ᠶ᠋ᠢ ᠴᠤ᠌ ᠡᠪᠳᠡᠯᠡᠵᠦ ᠭᠡᠭᠡᠬᠦ ᠬᠡᠷᠡᠭᠲᠡᠢ ᠪᠣᠯᠵᠠᠢ᠃ ᠡᠳᠡᠭᠡᠷ ᠬᠦᠨᠳᠦ ᠵᠡᠪᠰᠡᠭ ᠢ᠋ ᠠᠭᠤᠯᠠ ᠶ᠋ᠢᠨ ᠥᠨᠳᠥᠷ ᠳᠡᠭᠡᠷ᠎ᠡ ᠴᠢᠷᠴᠦ ᠭᠠᠷᠭᠠᠬᠤ ᠪᠣᠯ ᠪᠡᠷᠬᠡᠲᠡᠢ ᠪᠢᠯᠡ᠃ ᠬᠣᠶᠠᠷ ᠥᠷᠯᠥᠭ ᠺᠡᠥ᠋ᠺᠡᠰ ᠦ᠋ᠨ ᠮᠥᠰᠥᠨ ᠭᠣᠣᠯ ᠢ᠋ ᠭᠡᠲᠦᠯᠵᠦ᠂ ᠬᠠᠷ᠎ᠠ ᠬᠠᠳᠠᠲᠤ ᠴᠠᠪᠴᠢᠮ᠎ᠠ ᠡᠷᠭᠢ ᠪᠦᠬᠦᠢ ᠠᠭᠤᠯᠠ ᠶ᠋ᠢ ᠳᠠᠪᠠᠨ᠂ ᠲᠦᠷᠭᠡᠨ ᠤᠷᠤᠰᠬᠠᠯ ᠣᠢᠯᠤᠨ ᠱᠤᠤᠭᠢᠬᠤ ᠰᠢᠷᠦᠭᠦᠨ ᠤᠷᠤᠰᠬᠠᠯ ᠲᠠᠢ ᠭᠠᠳᠠᠮ᠎ᠠ ᠵᠡᠪᠡ ᠪᠡᠷ ᠭᠡᠲᠦᠯᠵᠦ᠂ ᠡᠴᠦᠰ ᠲᠡᠭᠡᠨ ᠲᠡᠭᠡᠭ ᠦ᠋ᠨ ᠬᠥᠨᠳᠡᠢ ᠤᠷᠤᠭᠤ ᠪᠠᠭᠤᠵᠤ ᠢᠷᠡᠭᠰᠡᠨ ᠳ᠋ᠤ᠌᠂ ᠲᠡᠨᠳᠡ ᠳᠠᠢᠰᠤᠨ ᠤ᠋ ᠨᠢᠭᠡᠨ ᠬᠦᠴᠦᠷᠬᠡᠭ ᠴᠡᠷᠢᠭ ᠬᠦᠯᠢᠶᠡᠵᠦ ᠪᠠᠢᠵᠠᠢ᠂ ᠥᠩᠭᠡᠷᠡᠭᠰᠡᠨ ᠳ᠋ᠤ᠌ ᠮᠣᠩᠭᠣᠯ ᠴᠡᠷᠢᠭ ᠢ᠋ ᠲᠣᠰᠣᠨ ᠴᠣᠬᠢᠬᠤ ᠶ᠋ᠢᠨ ᠲᠤᠯᠠᠳᠠ᠂ ᠮᠦᠬᠠᠮᠸᠳ᠋ ᠹᠸᠷᠭᠠᠨᠠ ᠶ᠋ᠢᠨ ᠬᠥᠨᠳᠡᠢ ᠳ᠋ᠤ᠌ ᠪᠦᠭᠭᠦᠵᠦ ᠪᠠᠢᠭᠰᠠᠨ ᠲᠠᠢ ᠠᠳᠠᠯᠢ ᠪᠠᠢᠯ᠎ᠠ᠃
ᠠᠭᠤᠯᠠᠷᠬᠠᠭ ᠣᠷᠣᠨ ᠪᠤᠶᠤ ᠺᠠᠣᠢ᠍ᠺᠠᠰ ᠳᠠᠬᠢ ᠪᠠᠢᠯᠳᠤᠭᠠᠨ ᠳ᠋ᠤ᠌ ᠳᠤᠷᠠᠲᠠᠢ ᠦᠨᠳᠦᠰᠦᠲᠡᠨ ᠨᠦ᠍ᠭᠦᠳ ᠲᠦᠷᠺᠰᠲ᠋ᠠᠨ᠂ ᠯᠠᠢᠰᠬᠢᠨ᠂ ᠠᠯᠠᠶᠠᠰ ᠬᠥᠮᠦᠨ ᠤᠯᠤᠰ ᠣᠷᠣᠨ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠲᠡᠨᠳᠡ ᠴᠤᠭᠯᠠᠷᠠᠵᠤ ᠪᠠᠢᠭᠰᠠᠨ ᠤ᠋ ᠬᠠᠮᠲᠤ ᠭᠠᠯᠵᠠᠭᠤ ᠲᠣᠭᠰᠢᠨ ᠺᠡᠣᠮᠠᠨ ᠬᠥᠮᠦᠨ ᠲᠡᠢ ᠰᠦᠯᠪᠡᠭᠡᠯᠡᠨ ᠨᠡᠢᠯᠡᠭᠰᠡᠨ ᠪᠠᠢᠵᠠᠢ᠃ ᠡᠨᠡ ᠺᠠᠣᠮᠠᠨ ᠬᠥᠮᠦᠨ ᠪᠣᠯ ᠬᠢᠪᠴᠠᠭ ᠣᠷᠣᠨ ᠳ᠋ᠠᠬᠢ ᠵᠡᠷᠯᠢᠭ ᠮᠥᠷᠲᠡᠭᠡᠨ ᠪᠠᠢᠯᠳᠤᠭᠠᠨ ᠳ᠋ᠤ᠌ ᠪᠠᠬᠠᠲᠠᠢ ᠦᠨᠳᠦᠰᠦᠲᠡᠨ ᠪᠠᠢᠪᠠ᠃ ᠡᠨᠡ ᠦᠨᠳᠦᠰᠦᠲᠡᠨ ᠳᠤᠷ᠎ᠠ ᠲᠠᠪᠠ ᠪᠠᠷ ᠢ᠋ᠶ᠋ᠠᠨ ᠶᠠᠪᠤᠬᠤ ᠳ᠋ᠤᠨᠢ ᠰᠠᠭᠠᠳ ᠭᠡᠵᠦ ᠪᠠᠢᠳᠠᠭ ᠦᠭᠡᠢ᠂ ᠺᠠᠰᠫᠢ ᠶ᠋ᠢᠨ ᠲᠠᠩᠭᠢᠰ ᠡᠴᠡ ᠳ᠋ᠨ᠋ᠧᠫᠡᠷ ᠮᠥᠷᠡᠨ ᠦ᠌ ᠬᠥᠪᠡᠭᠡ ᠬᠦᠷᠲᠡᠯ᠎ᠡ ᠪᠦᠬᠦ ᠰᠠᠷᠠᠭᠤᠯ ᠲᠠᠯ᠎ᠠ ᠪᠣᠯ ᠲᠡᠭᠦᠨ ᠦ᠌ ᠨᠤᠲᠤᠭ ᠭᠡᠵᠦ ᠪᠣᠳᠣᠳᠠᠭ ᠪᠠᠢᠯ᠎ᠠ᠂ ᠡᠢᠮᠦᠷᠬᠦ ᠪᠠᠶᠠᠯᠢᠭ ᠲᠠᠯ᠎ᠠ ᠳ᠋ᠤ᠌ ᠳᠣᠪᠲᠣᠯᠬᠤ ᠪᠠᠷ ᠢᠷᠡᠭᠰᠡᠨ ᠳᠠᠢᠰᠤᠨ ᠢ᠋ ᠠᠭᠤᠯᠠ ᠶ᠋ᠢᠨ ᠬᠠᠪᠴᠢᠯ ᠳ᠋ᠤ᠌ ᠲᠣᠰᠣᠨ ᠴᠣᠬᠢᠬᠤ ᠪᠠᠷ ᠶᠠᠭᠠᠷᠠᠤ ᠰᠠᠨᠳᠤᠷᠤᠤ ᠪᠠᠷ ᠢᠷᠡᠵᠡᠭᠡᠭᠰᠡᠨ ᠪᠠᠢᠨ᠎ᠠ᠃
ᠮᠣᠩᠭᠣᠯ ᠴᠡᠷᠢᠭ ᠬᠡᠲᠦᠷᠬᠡᠢ ᠶᠠᠳᠠᠷᠠᠵᠤ ᠪᠠᠢᠯ᠎ᠠ᠃ ᠥᠪᠡᠷ ᠡᠴᠡ ᠨᠢ ᠬᠡᠳᠦᠨ ᠳᠠᠬᠢᠨ ᠢᠯᠡᠭᠦᠦ ᠳᠠᠢᠰᠤᠨ ᠲᠠᠢ ᠪᠠᠢᠯᠳᠤᠬᠤ ᠪᠠᠷ ᠪᠣᠯᠤᠯ᠎ᠠ᠃ ᠰᠢᠢᠳᠪᠦᠷᠢᠲᠦ ᠪᠠᠢᠯᠳᠤᠭᠠᠨ ᠨᠢ ᠲᠤᠢᠯ ᠤ᠋ᠨ ᠲᠣᠭᠰᠢᠨ ᠰᠢᠷᠦᠭᠦᠨ ᠶᠠᠪᠤᠭᠳᠠᠭᠰᠠᠨ ᠴᠤ᠌᠂ ᠲᠠᠢᠯᠤᠨ ᠳᠡᠢᠯᠦᠭᠳᠡᠬᠦ ᠨᠢ ᠢᠯᠭᠠᠭᠤᠷᠢ ᠭᠠᠷᠤᠭᠰᠠᠨ ᠦᠭᠡᠢ᠃ ᠳᠠᠷᠠᠭ᠎ᠠ ᠡᠳᠦᠷ ᠨᠢ ᠮᠣᠩᠭᠣᠯ ᠴᠡᠷᠢᠭ ᠦ᠋ᠨ ᠡᠯᠴᠢ ᠠᠯᠲᠠᠨ ᠮᠥᠩᠭᠥ᠂ ᠰᠠᠢᠬᠠᠨ ᠪᠥᠰ ᠂ ᠲᠣᠷᠭ᠎ᠠ ᠳᠤᠷᠳᠤᠩ᠂ ᠰᠠᠢᠨ ᠮᠣᠷᠢ ᠵᠡᠷᠭᠡ ᠶ᠋ᠢᠨ ᠪᠡᠯᠡᠭ ᠰᠡᠯᠲᠡ ᠠᠪᠴᠤ ᠺᠠᠣᠮᠠᠨ ᠨᠤᠭᠤᠳ ᠤ᠋ᠨ ᠴᠡᠷᠢᠭ ᠦ᠋ᠨ ᠬᠦᠷᠢᠶᠡᠨ ᠳ᠋ᠤ᠌ ᠢᠷᠡᠵᠦ᠄
《ᠪᠢᠳᠡ ᠪᠣᠯ ᠲᠠᠨᠠᠷ ᠲᠠᠢ ᠠᠳᠠᠯᠢ ᠦᠨᠳᠦᠰᠦᠲᠡᠨ ᠰᠢᠦ᠂ ᠲᠠᠨᠠᠷ ᠶᠠᠭᠤᠨ ᠳ᠋ᠤ᠌ ᠭᠠᠳᠠᠭᠠᠳᠤ ᠤᠯᠤᠰ ᠤ᠋ᠨ ᠬᠥᠮᠦᠰ ᠲᠡᠢ ᠬᠠᠮᠲᠤᠷᠠᠵᠤ ᠥᠪᠡᠷ ᠦ᠋ᠨ ᠦᠨᠳᠦᠰᠦᠲᠡᠨ ᠦ᠌ ᠠᠬ᠎ᠠ ᠳᠡᠭᠦᠦ ᠶ᠋ᠢᠨ ᠡᠰᠡᠷᠭᠦ ᠪᠠᠢᠯᠳᠤᠵᠤ ᠪᠣᠢ? ᠭᠠᠳᠠᠭᠠᠳᠤ ᠤᠯᠤᠰ ᠤ᠋ᠨ ᠬᠥᠮᠦᠨ ᠲᠠᠨᠠᠷ ᠲᠤ᠌ ᠶᠠᠭᠤ ᠥᠭᠬᠦ ᠶᠤᠮ᠂ ᠲᠠᠨᠠᠷ ᠶᠠᠭᠤ ᠳᠤᠷᠠᠲᠠᠢ ᠪᠠᠨ ᠮᠠᠨ ᠡᠴᠡ ᠠᠪᠤᠪᠠᠯ ᠪᠣᠯᠴᠢᠬᠠᠬᠤ ᠶᠤᠮ》 ᠭᠡᠵᠦ ᠴᠡᠷᠢᠭ ᠦ᠋ᠨ ᠡᠯᠴᠢ ᠬᠡᠯᠡᠵᠡᠢ᠃
ᠲᠡᠭᠡᠭᠡᠳ ᠺᠠᠤᠮᠠᠨ ᠨᠤᠭᠤᠳ ᠲᠡᠳᠡᠨ ᠦ᠌ ᠬᠣᠯᠪᠣᠭᠠᠲᠤ ᠴᠡᠷᠢᠭ ᠡᠴᠡ ᠪᠡᠨ ᠰᠠᠯᠤᠭᠠᠳ ᠶᠠᠪᠤᠵᠠᠢ᠃
ᠰᠦᠪᠡᠭᠡᠳᠡᠢ ᠠᠭᠤᠯᠠᠷᠬᠠᠭ ᠣᠷᠣᠨ ᠤ᠋ ᠣᠯᠠᠨ ᠦᠨᠳᠦᠰᠦᠲᠡᠨ ᠢ᠋ ᠪᠤᠲᠠ ᠴᠣᠬᠢᠭᠠᠳ᠂ ᠬᠣᠲᠠᠳ ᠢ᠋ ᠡᠪᠳᠡᠯᠡᠨ ᠨᠤᠷᠠᠭᠠᠵᠤ᠂ ᠵᠠᠯᠠᠭᠤ ᠡᠷᠡᠭᠲᠡᠢᠴᠦᠳ ᠢ᠋ ᠨᠢ ᠴᠡᠷᠢᠭ ᠦ᠋ᠨ ᠠᠯᠪᠠ ᠳ᠋ᠤ᠌ ᠦᠢᠯᠡᠴᠢᠯᠡᠭᠦᠯᠪᠡ᠃ᠲᠡᠭᠡᠭᠡᠳ ᠤᠬᠤᠷᠢᠵᠤ ᠶᠠᠪᠤᠭ᠎ᠠ ᠺᠠᠤᠮᠠᠨ ᠨᠤᠭᠤᠳ ᠤ᠋ᠨ ᠠᠷᠤ ᠡᠴᠡ ᠨᠡᠬᠡᠨ ᠬᠦᠷᠴᠦ ᠲᠤᠰ ᠲᠤᠰ ᠲᠤᠨᠢ ᠰᠥᠨᠥᠭᠡᠵᠦ᠂ ᠲᠡᠳᠡᠨ ᠳ᠋ᠤ᠌ ᠣᠯᠭᠣᠭᠰᠠᠨ ᠪᠡᠯᠡᠭ ᠢ᠋ᠶ᠋ᠡᠨ ᠪᠦᠭᠦᠳᠡ ᠶ᠋ᠢ ᠪᠤᠴᠠᠭᠠᠨ ᠠᠪᠴᠠᠢ᠃ ᠺᠠᠤᠮᠠᠨ ᠨᠤᠭᠤᠳ ᠮᠣᠩᠭᠣᠯ ᠬᠥᠮᠦᠨ ᠢ᠋ ᠴᠢᠭᠴᠢ ᠪᠤᠰᠤ ᠭᠡᠵᠦ ᠬᠡᠯᠡᠭᠰᠡᠨ ᠳ᠋ᠤ᠌᠂ ᠰᠦᠪᠡᠭᠡᠳᠡᠢ ᠬᠠᠷᠢᠨ ᠲᠡᠢᠮᠦ ᠪᠢᠰᠢ᠂ ᠶᠠᠭᠤᠨ ᠤ᠋ ᠡᠮᠦᠨ᠎ᠡ ᠴᠢᠭᠴᠢ ᠪᠠᠲᠤ ᠡᠴᠡ ᠲᠡᠷᠰᠯᠡᠵᠦ ᠤᠷᠪᠠᠭᠰᠠᠨ ᠨᠢ ᠲᠠᠨᠠᠷ ᠪᠣᠯᠤᠨ᠎ᠠ᠂ ᠡᠢᠮᠦ ᠡᠴᠡ ᠲᠠᠨᠠᠷ ᠥᠪᠡᠷ ᠦ᠋ᠨ ᠬᠢᠭᠰᠡᠨ ᠭᠡᠮ ᠢ᠋ᠶ᠋ᠡᠨ ᠥᠪᠡᠰᠦᠪᠡᠨ ᠠᠮᠰᠠᠵᠤ ᠪᠠᠢᠨ᠎ᠠ ᠭᠡᠯᠡ᠃ ᠵᠡᠪᠡ ᠲᠡᠳᠡᠨ ᠳ᠋ᠤ᠌ ᠂ᠲᠠᠨᠤᠰ ᠪᠣᠯ ᠪᠦᠭᠦᠳᠡ ᠬᠢᠪᠴᠠᠭ ᠬᠥᠮᠦᠰ ᠪᠣᠯᠬᠤ ᠪᠥᠭᠡᠳ ᠵᠥᠴᠢ ᠶ᠋ᠢᠨ ᠬᠠᠷᠢᠶᠠᠲᠤ ᠮᠥᠨ᠂ ᠲᠠᠨᠠᠷ ᠡᠩ ᠲᠡᠷᠢᠭᠦᠨ᠎ᠡ ᠡᠵᠡᠨ ᠡᠴᠡ ᠪᠡᠨ ᠤᠷᠪᠠᠭᠰᠠᠨ ᠪᠠᠢᠨ᠎ᠠ ᠭᠡᠵᠦ ᠬᠡᠯᠡᠪᠡ᠃ ᠺᠠᠤᠮᠠᠨ ᠨᠤᠭᠤᠳ ᠥᠩᠭᠡᠷᠡᠭᠰᠡᠨ ᠡᠴᠡ ᠪᠡᠨ ᠶᠡᠷᠦ ᠵᠥᠴᠢ ᠶ᠋ᠢᠨ ᠬᠠᠷᠢᠶᠠᠲᠤ ᠪᠣᠯᠤᠨ᠎ᠠ ᠭᠡᠰᠡᠨ ᠢ᠋ ᠰᠣᠨᠣᠰᠤᠭ᠎ᠠ ᠦᠭᠡᠢ ᠯᠡ ᠳᠡ᠂ ᠮᠡᠳᠡᠵᠦ ᠪᠠᠢᠭᠰᠠᠨ ᠢ᠋ᠶ᠋ᠠᠷ ᠺᠠᠰᠫᠢ ᠶ᠋ᠢᠨ ᠲᠠᠩᠭᠢᠰ ᠤ᠋ᠨ ᠵᠡᠭᠦᠨ ᠲᠠᠯ᠎ᠠ ᠳ᠋ᠤ᠌ ᠰᠠᠭᠤᠵᠤ ᠪᠠᠢᠭᠰᠠᠨ ᠣᠯᠠᠨ ᠠᠢᠮᠠᠭᠲᠠᠨ ᠠᠷᠠᠯᠵᠢᠶ᠎ᠠ ᠬᠢᠬᠦ ᠳ᠋ᠡᠭᠡᠨ ᠵᠡᠭᠦᠨ ᠵᠦᠭ ᠦ᠋ᠨ ᠶᠠᠮᠠᠷ ᠭᠠᠵᠠᠷ ᠲᠤ᠌ ᠨᠢᠭᠡᠨ ᠬᠠᠭᠠᠨ ᠢᠯᠡᠷᠡᠭᠡᠳ ᠤᠳᠠᠭ᠎ᠠ ᠪᠦᠷᠢ ᠲᠡᠳᠡᠨ ᠲᠡᠢ ᠪᠠᠢᠯᠳᠤᠭᠠᠨ ᠬᠢᠵᠦ ᠪᠠᠢᠭᠰᠠᠨ ᠭᠡᠵᠦ ᠰᠣᠨᠣᠰᠤᠭᠰᠠᠨ ᠪᠠᠢᠯ᠎ᠠ᠃ ᠭᠡᠲᠡᠯ᠎ᠡ ᠥᠩᠭᠡᠷᠡᠭᠰᠡᠨ ᠳ᠋ᠤ᠌ ᠣᠯᠵᠤ ᠦᠵᠡᠭᠡ ᠦᠭᠡᠢ ᠦᠰᠦᠭ ᠪᠥᠭᠡᠳ ᠣᠢᠯᠠᠭᠠᠵᠤ ᠴᠢᠳᠠᠳᠠᠭ ᠦᠭᠡᠢ ᠦᠭᠡ ᠪᠡᠷ ᠪᠢᠴᠢᠭᠰᠡᠨ《ᠲᠡᠭᠷᠢ ᠶ᠋ᠢᠨ ᠳᠣᠣᠷᠠᠬᠢ ᠲᠦᠮᠡᠨ ᠠᠷᠠᠳ ᠤ᠋ᠨ ᠡᠵᠡᠨ ᠬᠠᠭᠠᠨ》ᠭᠡᠰᠡᠨ ᠪᠢᠴᠢᠭ ᠢ᠋ ᠡᠨᠡᠬᠦ ᠬᠣᠶᠠᠷ ᠥᠷᠯᠥᠭ ᠲᠡᠳᠡᠨ ᠳ᠋ᠤ᠌ ᠦᠵᠡᠭᠦᠯᠪᠡ᠃ ᠡᠨᠡᠬᠦ ᠡᠵᠡᠨ ᠬᠠᠭᠠᠨ᠂ ᠬᠥᠪᠡᠭᠦᠨ ᠵᠥᠴᠢ ᠳ᠋ᠡᠭᠡᠨ ᠪᠦᠬᠦ ᠺᠠᠤᠮᠠᠨ ᠨᠤᠭᠤᠳ ᠢ᠋ ᠬᠠᠷᠢᠶᠠᠲᠤ ᠪᠣᠯᠭᠠᠨ ᠱᠠᠩᠨᠠᠵᠠᠢ ᠭᠡᠨ᠎ᠡ᠃ ᠮᠣᠩᠭᠣᠯ ᠴᠡᠷᠢᠭ ᠡᠨᠡ ᠤᠳᠠᠭ᠎ᠠ ᠢᠷᠡᠭᠰᠡᠨ ᠨᠢ ᠺᠠᠤᠮᠠᠨ ᠨᠤᠭᠤᠳ ᠲᠤ᠌ ᠶᠠᠯ᠎ᠠ ᠲᠤᠯᠭᠠᠵᠤ᠂ ᠬᠦᠴᠦ ᠪᠡᠷ ᠪᠠᠢᠯᠳᠤᠨ ᠳᠠᠭᠠᠭᠤᠯᠬᠤ ᠪᠠᠷ ᠢᠷᠡᠪᠡ ᠭᠡᠵᠦ ᠬᠡᠯᠡᠵᠡᠢ᠃
ᠮᠣᠩᠭᠣᠯ ᠴᠡᠷᠢᠭ ᠦ᠋ᠨ ᠬᠥᠳᠡᠯᠵᠦ ᠪᠠᠷᠢᠬᠤ ᠨᠢ ᠬᠤᠷᠳᠤᠨ ᠲᠦᠷᠭᠡᠨ᠂ ᠴᠡᠷᠢᠭ ᠦ᠋ᠨ ᠮᠡᠷᠭᠡᠵᠢᠯ ᠨᠢ ᠰᠢᠯᠢᠳᠡᠭ ᠰᠠᠢᠨ ᠮᠥᠷᠲᠡᠭᠡᠨ ᠣᠯᠳᠠᠰᠢ ᠦᠭᠡᠢ ᠰᠢᠨ᠎ᠡ ᠵᠡᠪᠰᠡᠭ ᠲᠡᠢ᠂ ᠡᠷᠡᠭᠲᠡᠢ ᠡᠮᠡᠭᠲᠡᠢ ᠶ᠋ᠢ ᠢᠯᠭᠠᠯ ᠦᠭᠡᠢ ᠠᠯᠠᠵᠤ ᠪᠠᠷᠠᠭᠠᠨ᠎ᠠ ᠭᠡᠰᠡᠨ ᠴᠢᠮᠡᠭᠡ᠂ ᠲᠡᠷᠡᠴᠢᠯᠡᠨ ᠣᠳᠣ ᠺᠠᠤᠮᠠᠨ ᠨᠤᠭᠤᠳ ᠢ᠋ ᠰᠢᠢᠳᠬᠡᠬᠦ ᠪᠡᠷ ᠢᠷᠡᠭᠰᠡᠨ ᠭᠡᠵᠦ ᠬᠡᠯᠡᠬᠦ ᠲᠤᠯᠠ ᠺᠠᠤᠮᠠᠨ ᠨᠤᠭᠤᠳ ᠵᠢᠷᠦᠬᠡ ᠪᠡᠨ ᠬᠠᠭᠠᠷᠠᠲᠠᠯ᠎ᠠ ᠠᠶᠤᠵᠠᠭᠠᠪᠠ᠃ ᠬᠠᠭᠠᠰ ᠨᠡᠭᠦᠳᠡᠯᠯᠡᠬᠦ ᠠᠮᠢᠳᠤᠷᠠᠯ ᠲᠠᠢ ᠺᠠᠤᠮᠠᠨ ᠨᠤᠭᠤᠳ ᠰᠠᠬᠢᠮᠠᠷ ᠬᠣᠲᠠ ᠪᠠᠯᠭᠠᠰᠤ ᠦᠭᠡᠢ ᠮᠥᠷᠲᠡᠭᠡᠨ ᠪᠠᠷᠢᠯᠭ᠎ᠠ ᠴᠤ᠌ ᠬᠣᠪᠣᠷ ᠲᠤᠯᠠ ᠰᠠᠭᠤᠷᠢᠰᠢᠭᠰᠠᠨ ᠴᠤ᠌ ᠦᠭᠡᠢ ᠪᠠᠢᠯ᠎ᠠ᠃ ᠲᠡᠳᠡᠨᠡᠷ ᠪᠤᠯᠢᠶᠠᠵᠤ ᠣᠯᠤᠭᠰᠠᠨ ᠡᠳ᠋ ᠪᠠᠷᠠᠭ᠎ᠠ ᠪᠠᠨ ᠮᠠᠰᠢ ᠲᠦᠷᠭᠡᠨ ᠴᠤᠭᠯᠠᠭᠤᠯᠵᠤ ᠮᠣᠷᠢᠨ ᠳ᠋ᠠᠭᠠᠨ ᠠᠴᠢᠭᠠᠳ ᠮᠣᠩᠭᠣᠯ ᠤ᠋ᠨ ᠴᠥᠭᠡᠨ ᠴᠡᠷᠢᠭ ᠲᠤ᠌ ᠨᠡᠬᠡᠭᠳᠡᠵᠦ᠂ ᠡᠨᠡᠬᠦ ᠬᠥᠮᠦᠰ ᠦ᠋ᠨ ᠳᠣᠯᠭᠢᠶᠠᠨ ᠪᠠᠷᠠᠭᠤᠨ ᠵᠦᠭ ᠲᠤ᠌ ᠴᠠᠯᠭᠢᠯᠠᠭᠰᠠᠭᠠᠷ ᠤᠷᠤᠰᠪᠠ᠃
ᠬᠢᠪᠴᠠᠭ ᠤᠯᠤᠰ ᠤ᠋ᠨ ᠵᠠᠬ᠎ᠠ ᠨᠢ ᠶᠠᠮᠠᠷ ᠭᠠᠵᠠᠷ ᠬᠦᠷᠲᠡᠯ᠎ᠡ ᠦᠷᠭᠦᠯᠵᠢᠯᠡᠭᠰᠡᠨ ᠢ᠋ ᠪᠤᠤ ᠮᠡᠳᠡ᠃ ᠡᠳᠡᠭᠡᠷ ᠬᠥᠮᠦᠰ ᠦ᠋ᠨ ᠤᠷᠤᠰᠬᠠᠯ ᠤ᠋ᠨ ᠠᠷᠤ ᠡᠴᠡ ᠨᠡᠬᠡᠵᠦ ᠶᠠᠪᠤᠭ᠎ᠠ ᠰᠦᠪᠡᠭᠡᠳᠡᠢ ᠪᠣᠯᠤᠨ ᠵᠡᠪᠡ ᠶ᠋ᠢᠨ ᠭᠤᠷᠪᠠᠨ ᠲᠦᠮᠡᠨ ᠮᠣᠩᠭᠣᠯ ᠴᠡᠷᠢᠭ ᠪᠠᠷᠠᠭᠤᠨ ᠵᠦᠭ ᠴᠢᠭᠯᠡᠭᠡᠳ ᠳ᠋ᠤᠨ ᠮᠥᠷᠡᠨ ᠢ᠋ ᠭᠡᠲᠦᠯᠦᠨ ᠠᠽᠤᠹ ᠲᠠᠩᠭᠢᠰ ᠤ᠋ᠨ ᠬᠥᠪᠡᠭᠡ ᠪᠡᠷ ᠳᠠᠪᠬᠢᠭᠤᠯᠪᠠ᠃ ᠬᠦᠷᠦᠭᠰᠡᠨ ᠭᠠᠵᠠᠷ ᠪᠣᠯᠭᠠᠨ ᠳ᠋ᠤ᠌ ᠲᠡᠳᠡᠨ ᠳ᠋ᠤ᠌ ᠬᠠᠷᠠᠭᠳᠠᠭᠰᠠᠨ ᠵᠦᠢᠯ ᠨᠢ ᠤᠷᠭᠤᠮᠠᠯ ᠰᠠᠢᠲᠠᠢ ᠬᠠᠷ᠎ᠠ ᠰᠢᠷᠣᠢ ᠲᠠᠢ ᠲᠠᠷᠢᠶ᠎ᠠ ᠪᠠᠢᠭᠰᠠᠨ ᠪᠥᠭᠡᠳ ᠮᠣᠩᠭᠣᠯᠴᠤᠳ ᠤ᠋ᠨ ᠰᠡᠳᠬᠢᠯ ᠢ᠋ ᠪᠠᠬᠠᠳᠤᠭᠤᠯᠤᠮᠠ ᠰᠠᠷᠠᠭᠤᠯ ᠲᠠᠯ᠎ᠠ ᠪᠠ ᠨᠤᠲᠤᠭ ᠪᠡᠯᠴᠢᠭᠡᠷ ᠪᠠᠢᠯ᠎ᠠ᠃
ᠬᠡᠯᠡ ᠮᠡᠲᠦ ᠰᠤᠨᠵᠤ ᠭᠠᠷᠤᠭᠰᠠᠨ ᠭᠠᠵᠠᠷ ᠢ᠋ ᠳᠠᠭᠠᠵᠤ ᠶᠠᠪᠤᠭᠰᠠᠭᠠᠷ ᠮᠣᠩᠭᠣᠯ ᠴᠡᠷᠢᠭ ᠺᠧᠷᠢᠮ ᠳ᠋ᠤ᠌ ᠣᠷᠣᠵᠤ ᠠᠭᠤᠯᠠᠨ ᠳ᠋ᠤ᠌ ᠠᠪᠠᠷᠢᠪᠠ᠃ ᠡᠨᠡ ᠠᠷᠠᠯ ᠤ᠋ᠨ ᠦᠵᠦᠭᠦᠷ ᠲᠤ᠌ ᠱᠠᠢᠨᠢᠸᠠ ᠬᠥᠮᠦᠰ ᠦ᠋ᠨ ᠠᠷᠠᠯᠵᠢᠶ᠎ᠠ ᠶ᠋ᠢᠨ ᠬᠣᠲᠠ ᠱᠧᠪᠠᠭ ᠣᠷᠣᠰᠢᠵᠤ ᠪᠠᠢᠯ᠎ᠠ᠂ ᠱᠠᠢᠨᠢᠸᠠ ᠬᠥᠮᠦᠨ ᠪᠡᠯᠡᠭ ᠪᠠᠷᠢᠴᠠ ᠪᠠᠨ ᠠᠪᠴᠤ ᠮᠣᠩᠭᠣᠯ ᠴᠡᠷᠢᠭ ᠢ᠋ ᠤᠭᠲᠤᠪᠠᠯ ᠠᠭᠤᠴᠢᠯᠠᠭᠳᠠᠬᠤ ᠶ᠋ᠢ ᠮᠡᠳᠡᠬᠦ ᠦᠭᠡᠢ ᠪᠠᠢᠭᠰᠠᠨ ᠪᠢᠯᠡ᠃ ᠲᠡᠳᠡ ᠬᠣᠲᠠ ᠶ᠋ᠢᠨ ᠬᠠᠭᠠᠯᠭ᠎ᠠ ᠪᠠᠨ ᠲᠠᠭ ᠳᠠᠷᠤᠭᠠᠳ ᠬᠣᠲᠠ ᠶ᠋ᠢᠨ ᠠᠷᠠᠳ ᠲᠠᠭᠠᠨ ᠵᠡᠪᠰᠡᠭ ᠠᠳᠬᠤᠭᠤᠯᠤᠨ ᠡᠰᠡᠷᠭᠦᠴᠡᠭᠦᠯᠦᠭᠰᠡᠨ ᠡᠴᠡ ᠬᠣᠲᠠ ᠨᠢ ᠪᠤᠲᠠ ᠴᠣᠬᠢᠭᠳᠠᠨ ᠭᠠᠯᠳᠠᠭᠳᠠᠨ ᠳᠠᠭᠤᠰᠤᠯ᠎ᠠ᠃ ᠠᠷᠠᠢ ᠴᠢᠮᠠᠢ ᠠᠮᠢᠳᠤ ᠭᠠᠷᠴᠤ ᠴᠢᠳᠠᠭᠰᠠᠨ ᠴᠥᠭᠡᠨ ᠲᠣᠭᠠᠨ ᠤ᠋ ᠬᠥᠮᠦᠰ ᠨᠢ ᠤᠰᠤᠨ ᠵᠠᠮ ᠢ᠋ᠶ᠋ᠠᠷ ᠰᠤᠮᠤᠨ ᠣᠩᠭᠣᠴᠠᠨ ᠳ᠋ᠤ᠌ ᠰᠠᠭᠤᠨ ᠳᠤᠲᠠᠭᠠᠵᠤ ᠠᠯᠤᠰ ᠬᠣᠯᠠ ᠥᠪᠡᠷ ᠦ᠋ᠨ ᠤᠯᠤᠰ ᠲᠠᠭᠠᠨ ᠬᠦᠷᠴᠦ ᠵᠦᠰᠦᠭᠦᠦ ᠵᠠᠭᠠᠯᠮᠠᠢ ᠲᠡᠮᠳᠡᠭᠲᠦ ᠲᠤᠭ ᠡᠷᠭᠦᠭᠰᠡᠨ ᠠᠶᠤᠮᠠᠷ ᠬᠠᠭᠠᠨᠲᠤ ᠤᠯᠤᠰ ᠤ᠋ᠨ ᠴᠡᠷᠢᠭ ᠢᠯᠡᠷᠡᠭᠰᠡᠨ ᠢ᠋ ᠧᠦ᠋ᠷᠣᠫᠠ ᠳ᠋ᠤ᠌ ᠭᠤᠷᠪᠠᠳᠠᠬᠢ ᠴᠢᠮᠡᠭᠡ ᠪᠣᠯᠭᠠᠨ ᠤᠯᠠᠷᠢᠭᠤᠯᠪᠠ᠃
ᠡᠨᠡ ᠬᠣᠶᠠᠷ ᠥᠷᠯᠥᠭ ᠴᠡᠷᠢᠭ ᠢ᠋ᠶ᠋ᠡᠨ ᠳᠠᠭᠠᠭᠤᠯᠤᠨ ᠨᠡᠩ ᠬᠣᠯᠠ ᠪᠠᠷᠠᠭᠤᠨ ᠵᠦᠭ ᠲᠤ᠌ ᠳ᠋ᠨ᠋ᠧᠫᠡᠷ ᠮᠥᠷᠡᠨ ᠢ᠋ ᠭᠡᠲᠦᠯᠦᠨ ᠳ᠋ᠨ᠋ᠧᠰᠲ᠋ᠥ᠋ᠷ ᠭᠣᠣᠯ ᠤ᠋ᠨ ᠬᠥᠪᠡᠭᠡ ᠳ᠋ᠤ᠌ ᠬᠦᠷᠪᠡ᠃ ᠬᠠᠷ᠎ᠠ ᠲᠠᠩᠭᠢᠰ ᠢ᠋ ᠬᠥᠪᠡᠭᠡᠯᠡᠭᠰᠡᠨ ᠨᠢᠳᠦ ᠠᠯᠳᠠᠮ᠎ᠠ ᠥᠷᠭᠡᠨ ᠠᠭᠤᠳᠠᠮ ᠶᠡᠬᠡ ᠬᠠᠭᠤᠷᠠᠢ ᠪᠠᠢᠳᠠᠭ᠃ ᠲᠡᠨᠳᠡ ᠴᠠᠭᠠᠨ ᠵᠢᠰᠦᠲᠡᠢ ᠣᠯᠠᠨ ᠬᠦᠴᠦᠷᠬᠡᠭ ᠸᠠᠩᠲᠤ ᠤᠯᠤᠰ ᠪᠠᠢᠳᠠᠭ ᠪᠠᠢᠨ᠎ᠠ᠃ ᠬᠣᠢᠲᠤ ᠲᠠᠯ᠎ᠠ ᠳ᠋ᠤᠨᠢ ᠣᠷᠣᠰ ᠤ᠋ᠨ ᠣᠯᠠᠨ ᠭᠦᠩᠲᠦ ᠤᠯᠤᠰ ᠪᠠᠢᠵᠤ᠂ ᠪᠠᠷᠠᠭᠤᠨ ᠬᠣᠢᠲᠤ ᠳ᠋ᠤᠨᠢ ᠪᠦᠯᠡᠨᠳ᠋ ᠸᠠᠩᠲᠤ ᠤᠯᠤᠰ᠂ ᠪᠠᠷᠠᠭᠤᠨ ᠲᠠᠯ᠎ᠠ ᠳ᠋ᠤᠨᠢ ᠬᠠᠩᠭᠠᠷᠢ ᠸᠠᠩᠲᠤ ᠤᠯᠤᠰ ᠪᠠᠢᠵᠤ᠂ ᠡᠮᠦᠨ᠎ᠡ ᠲᠠᠯ᠎ᠠ ᠳ᠋ᠤᠨᠢ ᠪᠢᠽᠠᠨᠲ᠋ᠢᠨ ᠬᠠᠭᠠᠨᠲᠤ ᠤᠯᠤᠰ ᠪᠠᠢᠯ᠎ᠠ᠁ ᠃
ᠲᠦᠮᠡ ᠭᠠᠷᠤᠢ ᠺᠠᠤᠮᠠᠨ ᠨᠤᠭᠤᠳ ᠳ᠋ᠨᠧᠫᠡᠷ ᠮᠥᠷᠡᠨ ᠢ᠋ ᠭᠡᠲᠦᠯᠦᠨ ᠪᠢᠽᠠᠨᠲ᠋ᠢᠨ ᠤᠯᠤᠰ ᠤ᠋ᠨ ᠬᠠᠭᠠᠨ ᠳ᠋ᠤ᠌ ᠠᠪᠤᠷᠠᠯ ᠭᠤᠶᠤᠪᠠ᠂ ᠡᠨᠡ ᠬᠠᠭᠠᠨ ᠬᠡᠵᠢᠶᠡᠨᠡᠢ ᠭᠢᠦᠷᠬᠢᠶᠡ ᠬᠥᠮᠦᠨ ᠡᠴᠡ ᠮᠠᠭᠤ ᠰᠢᠮᠨᠤᠰ ᠤ᠋ᠨ ᠴᠢᠷᠠᠢ ᠲᠠᠢ ᠭᠠᠳᠠᠭᠠᠳᠤ ᠤᠯᠤᠰ ᠤ᠋ᠨ ᠬᠥᠮᠦᠨ ᠦ᠌ ᠴᠢᠮᠡᠭᠡ ᠶ᠋ᠢ ᠰᠣᠨᠣᠰᠴᠤ ᠪᠠᠢᠭᠰᠠᠨ ᠶᠤᠮ᠃ ᠮᠣᠩᠭᠣᠯ ᠴᠡᠷᠢᠭ ᠭᠡᠨᠡᠳᠲᠡ ᠲᠡᠭᠦᠨ ᠦ᠌ ᠵᠡᠭᠦᠨ ᠬᠣᠢᠲᠤ ᠲᠠᠯ᠎ᠠ ᠳ᠋ᠤᠨᠢ ᠢᠯᠡᠷᠡᠭᠰᠡᠨ ᠢ᠋ ᠮᠡᠳᠡᠭᠡᠳ ᠲᠡᠷᠡ ᠶᠡᠬᠡᠯ᠎ᠡ ᠰᠣᠴᠢᠵᠠᠢ᠂ ᠨᠡᠢᠰᠯᠡᠯ ᠬᠦᠰᠲ᠋ᠠᠨᠳᠢᠨᠫᠣᠯ ᠳ᠋ᠠᠬᠢ ᠪᠡᠬᠢᠯᠡᠯᠲᠡ ᠪᠡᠨ ᠪᠠᠲᠤᠳᠬᠠᠬᠤ ᠪᠠᠷ ᠴᠢᠷᠮᠠᠢᠵᠤ ᠪᠠᠢᠭᠰᠠᠨ ᠦᠶ᠎ᠡ ᠳ᠋ᠤ᠌ ᠡᠨᠡ ᠮᠡᠲᠦ ᠰᠢᠨ᠎ᠡ ᠪᠠᠢᠯᠳᠤᠭᠴᠢ ᠨᠡᠮᠡᠭᠳᠡᠭᠰᠡᠨ ᠳ᠋ᠤ᠌ ᠪᠠᠶᠠᠷᠯᠠᠵᠤ᠂ ᠡᠳᠡᠭᠡᠷ ᠺᠠᠤᠮᠠᠨ ᠨᠤᠭᠤᠳ ᠢ᠋ ᠰᠡᠷᠡᠰ ᠪᠠ ᠪᠠᠭ᠎ᠠ ᠠᠽᠢᠶ᠎ᠠ ᠳ᠋ᠤ᠌ ᠰᠠᠭᠤᠷᠢᠰᠢᠭᠤᠯᠪᠠ᠃ ᠪᠤᠰᠤᠳ ᠺᠠᠤᠮᠠᠨ ᠨᠤᠭᠤᠳ ᠢ᠋ ᠫᠷᠥ᠋ᠲ᠋ᠠ ᠭᠣᠣᠯ ᠢ᠋ ᠭᠡᠲᠦᠯᠵᠦ ᠬᠠᠩᠭᠠᠷᠢ ᠤᠯᠤᠰ ᠤ᠋ᠨ ᠸᠠᠩ ᠤ᠋ᠨ ᠬᠠᠷᠢᠶᠠᠲᠤ ᠭᠡᠵᠦ ᠲᠤᠩᠬᠠᠭᠯᠠᠪᠠ᠃ ᠰᠦᠪᠡᠭᠡᠳᠡᠢ ᠡᠳᠡᠭᠡᠷ ᠸᠠᠩᠲᠤ ᠤᠯᠤᠰ ᠲᠠᠢ ᠪᠠᠢᠯᠳᠤᠬᠤ ᠡᠭᠦᠷᠭᠡ ᠪᠠᠢᠭᠰᠠᠨ ᠦᠭᠡᠢ ᠶᠤᠮ᠃ ᠭᠤᠷᠪᠠᠨ ᠲᠦᠮᠡᠨ ᠮᠣᠷᠢᠲᠤ ᠴᠡᠷᠢᠭ ᠨᠢ ᠲᠤᠷᠰᠢᠭᠤᠯ ᠠᠩᠭᠢ ᠪᠣᠯᠵᠤ᠂ ᠬᠠᠷ᠎ᠠ ᠲᠠᠩᠭᠢᠰ ᠤ᠋ᠨ ᠬᠥᠪᠡᠭᠡᠨ᠎ᠡ ᠬᠦᠷᠦᠭᠡᠳ ᠬᠢᠪᠴᠠᠭ ᠤᠯᠤᠰ ᠤ᠋ᠨ ᠬᠢᠯᠢ ᠨᠢ ᠳᠠᠭᠤᠰᠪᠠ᠃ ᠡᠨᠳᠡ ᠡᠴᠡ ᠪᠤᠴᠠᠬᠤ ᠵᠠᠮ ᠳ᠋ᠠᠭᠠᠨ ᠣᠷᠣᠬᠤ ᠡᠴᠡ ᠤᠷᠢᠳ ᠮᠣᠩᠭᠣᠯᠴᠤᠳ ᠡᠪᠦᠯᠵᠢᠪᠡ᠃ ᠲᠡᠷᠡ ᠲᠡᠨᠳᠡ ᠣᠷᠴᠢᠨ ᠲᠣᠭᠣᠷᠢᠨ ᠤ᠋ ᠤᠯᠤᠰ ᠤ᠋ᠳ ᠲᠤ᠌ ᠲᠠᠩᠨᠠᠭᠤᠯ ᠢ᠋ᠶ᠋ᠠᠨ ᠲᠣᠮᠢᠯᠠᠭᠰᠠᠨ ᠪᠠᠢᠨ᠎ᠠ᠃ ᠬᠡᠷᠪᠡ ᠪᠣᠭᠳᠠ ᠬᠠᠭᠠᠨ ᠬᠣᠵᠢᠮ ᠤ᠋ᠨ ᠡᠳᠦᠷ ᠳᠡᠯᠡᠬᠡᠢ ᠶ᠋ᠢᠨ ᠵᠠᠬ᠎ᠠ ᠬᠦᠷᠲᠡᠯ᠎ᠡ ᠴᠡᠷᠢᠭ ᠢ᠋ᠶ᠋ᠡᠨ ᠪᠠᠷᠠᠭᠤᠨ ᠲᠡᠰᠢ ᠬᠠᠨᠳᠤᠭᠤᠯᠬᠤ ᠪᠣᠯ᠂ ᠪᠣᠭᠳᠠ ᠬᠠᠭᠠᠨ ᠳ᠋ᠤ᠌ ᠠᠯᠢᠪᠠ ᠵᠦᠢᠯ ᠦ᠋ᠨ ᠮᠡᠳᠡᠭᠡ ᠶ᠋ᠢ ᠣᠯᠵᠤ ᠮᠡᠳᠡᠭᠦᠯᠬᠦ ᠬᠡᠷᠡᠭᠴᠡᠭᠡ ᠲᠡᠢ ᠪᠢᠰᠢᠦ᠃
ᠲᠡᠭᠡᠭᠡᠳ ᠰᠦᠪᠡᠭᠡᠳᠡᠢ ᠧᠦ᠋ᠷᠣᠫᠠ ᠲᠢᠪ ᠦ᠋ᠨ ᠣᠯᠠᠨ ᠤᠯᠤᠰ ᠤ᠋ᠨ ᠬᠡᠷᠡᠭ ᠦ᠋ᠨ ᠲᠤᠬᠠᠢ ᠴᠢᠳᠠᠬᠤ ᠬᠢᠷᠢ ᠪᠡᠷ ᠴᠢᠩᠭᠢᠰ ᠬᠠᠭᠠᠨ ᠳ᠋ᠤ᠌ ᠮᠡᠳᠡᠭᠦᠯᠦᠭᠰᠡᠨ ᠪᠠᠢᠨ᠎ᠠ᠃ ᠲᠡᠭᠦᠨ ᠦ᠌ ᠬᠤᠷᠠᠮᠳᠤᠭᠤᠯᠤᠭᠰᠠᠨ ᠮᠡᠳᠡᠭᠡ ᠨᠢ ᠲᠤᠢᠯ ᠤ᠋ᠨ ᠴᠢᠬᠤᠯᠠ ᠪᠠᠢᠭᠰᠠᠨ ᠪᠣᠯᠬᠣᠷ ᠴᠢᠩᠭᠢᠰ ᠬᠠᠭᠠᠨ ᠤ᠋ ᠵᠠᠯᠭᠠᠮᠵᠢᠯᠠᠭᠴᠢ ᠡᠭᠦᠨ ᠢ᠋ ᠲᠦᠰᠢᠵᠦ ᠠᠷᠪᠠᠨ ᠨᠠᠢ᠍ᠮᠠᠨ ᠵᠢᠯ ᠦ᠋ᠨ ᠴᠠᠭ ᠢ᠋ ᠬᠡᠷᠡᠭᠯᠡᠨ ᠧᠦ᠋ᠷᠣᠫᠠ ᠶ᠋ᠢ ᠪᠠᠢᠯᠳᠤᠨ ᠳᠠᠭᠠᠭᠤᠯᠬᠤ ᠲᠥᠯᠥᠪᠯᠡᠭᠡ ᠲᠣᠭᠲᠠᠭᠠᠵᠠᠢ᠃ ᠠᠩᠬ᠎ᠠ ᠲᠦᠷᠦᠭᠦᠨ ᠦ᠌ ᠵᠢᠷᠭᠤᠭᠠᠨ ᠵᠢᠯ ᠦ᠋ᠨ ᠬᠤᠭᠤᠴᠠᠭᠠᠨ ᠳ᠋ᠤ᠌ ᠰᠦᠪᠡᠭᠡᠳᠡᠢ ᠪᠡᠶ᠎ᠡ ᠪᠡᠷ ᠢ᠋ᠶ᠋ᠡᠨ ᠣᠷᠣᠰ᠂ ᠫᠣᠯᠠᠨᠳ᠋᠂ ᠰᠢᠷᠡᠢᠵᠢᠶᠠ᠂ ᠬᠠᠩᠭᠠᠷᠢ᠂ ᠰᠧᠷᠪᠢᠶ᠎ᠠ᠂ ᠪᠣᠯᠭᠠᠷᠢᠶ᠎ᠠ ᠶ᠋ᠢ ᠪᠠᠢᠯᠳᠤᠨ ᠳᠠᠭᠠᠭᠤᠯᠤᠭᠰᠠᠨ ᠪᠠᠢᠨ᠎ᠠ᠃ ᠡᠨᠡᠬᠦ ᠲᠥᠯᠥᠪᠯᠡᠭᠡ ᠶ᠋ᠢ ᠦᠨᠳᠦᠰᠦᠯᠡᠨ ᠮᠣᠩᠭᠣᠯᠴᠤᠳ ᠠᠲᠠᠷᠢᠶᠠᠲ ᠲᠠᠩᠭᠢᠰ ᠪᠠ ᠸᠢᠶᠧᠨᠠ ᠬᠦᠷᠲᠡᠯ᠎ᠡ ᠳᠣᠪᠲᠣᠯᠵᠤ ᠴᠢᠳᠠᠵᠠᠢ᠃ ᠲᠡᠷᠡ ᠦᠶᠡᠰ ᠧᠦ᠋ᠷᠣᠫᠠ ᠶ᠋ᠢᠨ ᠨᠣᠶᠠᠳ ᠬᠣᠶᠠᠳᠠᠬᠢ ᠤᠳᠠᠭ᠎ᠠ ᠲᠡᠳᠡᠨ ᠢ᠋ ᠴᠣᠬᠢᠵᠤ ᠣᠷᠣᠭᠰᠠᠨ ᠵᠢᠭᠲᠡᠢ ᠠᠢᠬᠤᠪᠲᠤᠷ ᠦᠨᠳᠦᠰᠦᠲᠡᠨ ᠦ᠌ ᠲᠤᠬᠠᠢ ᠶᠠᠭᠤ ᠴᠤ᠌ ᠮᠡᠳᠡᠭᠰᠡᠨ ᠦᠭᠡᠢ ᠪᠠᠢᠵᠠᠢ᠃
(ᠭᠤᠷᠪᠠ) ᠣᠷᠣᠰ ᠴᠡᠷᠢᠭ ᠲᠡᠢ ᠪᠠᠢᠯᠳᠤᠭᠰᠠᠨ ᠨᠢ
ᠤᠮᠠᠷᠠᠲᠤ ᠲᠠᠯ᠎ᠠ ᠳ᠋ᠤᠨᠢ ᠣᠷᠣᠰ ᠤ᠋ᠳ ᠤ᠋ᠨ ᠣᠯᠠᠨ ᠭᠦᠩᠲᠦ ᠤᠯᠤᠰ ᠪᠠᠢᠪᠠ᠂ ᠬᠠᠯᠢᠽᠢ ᠶ᠋ᠢᠨ ᠨᠣᠶᠠᠨ ᠮᠢᠰᠴᠢᠯᠦᠹ ᠺᠠᠤᠮᠠᠨ ᠤ᠋ ᠬᠠᠭᠠᠨ ᠺᠡᠦᠴᠢᠨ ᠦ᠌ ᠬᠡᠦᠬᠡᠨ ᠢ᠋ ᠡᠬᠡᠨᠡᠷ ᠪᠣᠯᠭᠠᠨ ᠠᠪᠴᠠᠢ᠃ ᠡᠨᠡ ᠮᠡᠲᠦ ᠤᠷᠤᠭ ᠪᠠᠷᠢᠯᠳᠤᠭᠰᠠᠨ ᠨᠢ ᠠᠶᠤᠮᠰᠢᠭᠲᠠᠢ ᠵᠡᠷᠭᠡᠯᠡᠳᠡᠭᠡ ᠬᠥᠮᠦᠨ ᠦ᠌ ᠳᠣᠪᠲᠣᠯᠭ᠎ᠠ ᠡᠴᠡ ᠣᠷᠣᠨ ᠨᠤᠲᠤᠭ ᠢ᠋ᠶ᠋ᠠᠨ ᠬᠠᠮᠠᠭᠠᠯᠠᠬᠤ ᠭᠡᠵᠦ ᠵᠣᠷᠢᠵᠤ ᠪᠠᠢᠭᠰᠠᠨ ᠪᠢᠯᠡ᠃ ᠣᠳᠣ ᠺᠡᠦᠴᠢᠨ ᠲᠡᠭᠦᠨ ᠦ᠌ ᠳᠡᠷᠭᠡᠳᠡ ᠳᠤᠲᠠᠭᠠᠵᠤ ᠢᠷᠡᠭᠡᠳ ᠠᠳᠤᠭᠤ ᠮᠠᠯ᠂ ᠡᠷᠡᠭᠲᠡᠢ ᠡᠮᠡᠭᠲᠡᠢ ᠪᠣᠭᠣᠯᠴᠤᠳ ᠢ᠋ᠶ᠋ᠠᠨ ᠬᠦᠷᠭᠡᠭᠡᠳ《ᠶᠡᠷᠦ ᠮᠡᠳᠡᠬᠦ ᠦᠭᠡᠢ ᠤᠯᠤᠰ ᠡᠴᠡ ᠢᠷᠡᠵᠦ᠂ ᠰᠣᠨᠣᠰᠴᠤ ᠥᠩᠭᠡᠷᠡᠭᠡ ᠦᠭᠡᠢ ᠦᠭᠡ ᠶ᠋ᠢ ᠶᠠᠷᠢᠳᠠᠭ᠂ ᠦᠨᠳᠦᠰᠦᠲᠡᠨ ᠨᠦ᠍ᠭᠦᠳ ᠢ᠋ ᠪᠣᠭᠣᠯᠴᠢᠯᠠᠬᠤ ᠶ᠋ᠢᠨ ᠲᠥᠯᠥᠭᠡ ᠭᠡᠨᠡᠳᠲᠡ ᠢᠯᠡᠷᠡᠭᠰᠡᠨ ᠳᠠᠢᠰᠤᠨ》 ᠲᠠᠢ ᠪᠠᠢᠯᠳᠤᠬᠤ ᠳ᠋ᠤ᠌ ᠲᠤᠰᠠᠯᠠᠬᠤ ᠶ᠋ᠢ ᠭᠤᠶᠤᠪᠠ᠃
ᠮᠢᠰᠴᠢᠯᠦᠹ ᠦ᠋ᠨ ᠤᠷᠢᠯᠭ᠎ᠠ ᠪᠠᠷ ᠣᠷᠣᠰ ᠤ᠋ᠨ ᠨᠣᠶᠠᠳ ᠺᠢᠶᠸᠹ ᠲᠤ᠌ ᠴᠤᠭᠯᠠᠷᠠᠪᠠ᠃ ᠦᠨᠡᠨᠳᠡᠭᠡᠨ ᠺᠠᠤᠮᠠᠨ ᠨᠤᠭᠤᠳ ᠶᠡᠷᠦ ᠡᠴᠡ ᠲᠡᠳᠡᠨ ᠦ᠌ ᠳᠠᠢᠰᠤᠨ ᠪᠠᠢᠭᠰᠠᠨ ᠪᠢᠯᠡ᠃ ᠣᠷᠣᠰ ᠤ᠋ᠨ ᠣᠯᠠᠨ ᠭᠦᠩᠲᠦ ᠤᠯᠤᠰ ᠲᠡᠳᠡᠨ ᠦ᠌ ᠳᠡᠭᠡᠷᠡᠮᠳᠡᠨ ᠳᠣᠪᠲᠣᠯᠬᠤ ᠳ᠋ᠤ᠌ ᠢᠮᠠᠭᠲᠠ ᠶᠡᠬᠡ ᠵᠣᠪᠠᠵᠤ ᠪᠠᠢᠭᠰᠠᠨ ᠪᠢᠯᠡ᠃ ᠭᠡᠪᠡᠴᠦ ᠣᠳᠣ ᠺᠠᠤᠮᠠᠨ ᠨᠤᠭᠤᠳ ᠢ᠋ ᠲᠤᠰᠠᠯᠠᠬᠤ ᠦᠭᠡᠢ ᠪᠣᠯ ᠺᠠᠤᠮᠠᠨ ᠬᠥᠮᠦᠰ ᠦᠯᠦ ᠮᠡᠳᠡᠭᠴᠢ ᠤᠯᠤᠰ ᠤ᠋ᠨ ᠬᠥᠮᠦᠰ ᠲᠡᠢ ᠰᠦᠯᠪᠡᠭᠡᠯᠡᠵᠦ ᠬᠠᠪᠰᠤᠷᠤᠨ ᠪᠠᠢᠯᠳᠤᠬᠤ ᠣᠷᠣᠰ ᠤ᠋ᠨ ᠣᠯᠠᠨ ᠭᠦᠩᠲᠦ ᠤᠯᠤᠰ ᠳᠣᠲᠣᠷ᠎ᠠ ᠲᠡᠳᠡᠨᠦᠰ ᠢ᠋ ᠳᠠᠭᠠᠭᠤᠯᠤᠨ ᠢᠷᠡᠬᠦ ᠮᠠᠭᠠᠳ᠃ ᠡᠨᠡᠬᠦ ᠳᠠᠢᠰᠤᠨ ᠢ᠋ ᠥᠪᠡᠷ ᠦ᠋ᠨ ᠨᠤᠲᠤᠭ ᠳᠡᠪᠢᠰᠬᠡᠷ ᠲᠡᠭᠡᠨ ᠣᠷᠣᠭᠤᠯᠵᠤ ᠢᠷᠡᠬᠦ ᠪᠡᠷ ᠢ᠋ᠶ᠋ᠡᠨ ᠹᠠᠣᠮᠠᠨ ᠨᠤᠭᠤᠳ ᠤ᠋ᠨ ᠤᠯᠤᠰ ᠲᠤᠨᠢ ᠤᠭᠲᠤᠨ ᠴᠣᠬᠢᠬᠤ ᠨᠢ ᠳᠡᠭᠡᠷ᠎ᠡ ᠪᠢᠰᠢᠦ ᠭᠡᠵᠦ ᠦᠵᠡᠵᠡᠭᠡᠵᠡᠢ᠃ ᠲᠡᠭᠡᠭᠡᠳ ᠺᠢᠶᠸᠹ᠂ ᠺᠦᠷᠰᠺ᠂ ᠰᠮᠣᠯᠢᠨᠰᠺ᠂ ᠹᠦᠯᠥᠷᠨᠢ ᠬᠠᠷᠢᠼᠢ ᠡᠴᠡ ᠣᠷᠣᠰ ᠤ᠋ᠨ ᠣᠯᠠᠨ ᠴᠡᠷᠢᠭ ᠢ᠋ᠶ᠋ᠡᠨ ᠬᠠᠷ᠎ᠠ ᠲᠠᠩᠭᠢᠰ ᠤ᠋ᠨ ᠬᠥᠪᠡᠭᠦᠨ ᠳ᠋ᠤ᠌ ᠲᠥᠪᠯᠡᠷᠡᠬᠦ ᠪᠡᠷ ᠴᠤᠭᠯᠠᠷᠠᠨ ᠢᠷᠡᠵᠡᠭᠡᠪᠡ᠃ ᠳ᠋ᠨᠧᠰᠲ᠋ᠥ᠋ᠷ ᠮᠥᠷᠡᠨ ᠳ᠋ᠨᠧᠫᠡᠷ ᠮᠥᠷᠡᠨ ᠳ᠋ᠤ᠌ ᠣᠩᠭᠣᠴᠠ ᠳᠦᠭᠦᠷᠴᠦ ᠪᠠᠢᠯ᠎ᠠ᠃ ᠴᠡᠷᠢᠭ ᠦ᠋ᠨ ᠬᠦᠴᠦᠨ ᠡᠳᠦᠷ ᠢᠷᠡᠬᠦᠶ᠎ᠡ ᠨᠡᠮᠡᠭᠳᠡᠨ ᠪᠤᠲᠠᠷᠠᠨ ᠰᠠᠷᠨᠢᠭᠰᠠᠨ ᠺᠠᠣᠮᠠᠨ ᠨᠤᠭᠤᠳ ᠲᠡᠳᠡᠨ ᠦ᠌ ᠬᠣᠯᠪᠣᠭᠠᠲᠤ ᠴᠡᠷᠢᠭ ᠲᠡᠢ ᠪᠡᠨ ᠨᠡᠢᠯᠡᠬᠦ ᠪᠡᠷ ᠴᠤᠭᠯᠠᠷᠠᠨ ᠢᠷᠡᠯ᠎ᠡ᠃
ᠣᠷᠣᠰ ᠤ᠋ᠳ ᠲᠠᠢ ᠪᠠᠢᠯᠳᠤᠶ᠎ᠠ ᠭᠡᠵᠦ ᠰᠦᠪᠡᠭᠡᠳᠡᠢ ᠶ᠋ᠢᠨ ᠲᠥᠯᠥᠪᠯᠡᠭᠡ ᠳ᠋ᠤ᠌ ᠪᠠᠢᠭᠰᠠᠨ ᠦᠭᠡᠢ ᠶᠤᠮ᠃ ᠣᠷᠣᠰ ᠤ᠋ᠳ ᠤ᠋ᠨ ᠴᠡᠷᠢᠭ ᠦ᠋ᠳ ᠳ᠋ᠨᠧᠫᠡᠷ ᠮᠥᠷᠡᠨ ᠦ᠌ ᠳᠣᠣᠷ᠎ᠠ ᠤᠷᠤᠰᠬᠠᠯ ᠵᠦᠭ ᠤᠷᠤᠭᠰᠢᠯᠠᠵᠤ ᠪᠠᠢᠬᠤ ᠦᠶᠡᠰ ᠮᠣᠩᠭᠣᠯ ᠴᠡᠷᠢᠭ ᠦ᠋ᠨ ᠡᠯᠴᠢ ᠠᠷᠪᠠᠨ ᠬᠥᠮᠦᠨ ᠲᠡᠳᠡᠨ ᠦ᠌ ᠴᠡᠷᠢᠭ ᠦ᠋ᠨ ᠬᠦᠷᠢᠶᠡᠨ᠎ᠡ ᠬᠦᠷᠴᠦ ᠢᠷᠡᠪᠡ᠃ ᠲᠡᠭᠡᠭᠡᠳ ᠬᠡᠯᠡᠭᠰᠡᠨ ᠨᠢ《ᠣᠷᠣᠰ ᠬᠥᠮᠦᠨ ᠶᠠᠭᠤᠨ ᠳ᠋ᠤ᠌ ᠪᠠᠢᠯᠳᠤᠭᠠᠨ ᠬᠢᠬᠦ ᠪᠡᠷ ᠪᠡᠯᠡᠳᠬᠡᠵᠦ ᠪᠠᠢᠭ᠎ᠠ ᠶᠤᠮ᠂ ᠣᠷᠣᠰ ᠬᠥᠮᠦᠨ ᠬᠢᠭᠡᠳ ᠮᠣᠩᠭᠣᠯ ᠬᠥᠮᠦᠨ ᠦ᠌ ᠬᠣᠭᠣᠷᠣᠨᠳᠣ ᠶᠠᠮᠠᠷᠴᠤ ᠵᠥᠷᠢᠴᠡᠯ ᠪᠠᠢᠬᠤ ᠦᠭᠡᠢ᠂ ᠮᠣᠩᠭᠣᠯᠴᠤᠳ ᠭᠠᠭᠴᠠᠬᠦ ᠲᠡᠳᠡᠨ ᠦ᠌ ᠰᠢᠳᠤᠷᠭᠤ ᠪᠤᠰᠤ ᠬᠠᠷᠢᠶᠠᠲᠤ ᠺᠠᠣᠮᠠᠨ ᠨᠤᠭᠤᠳ ᠲᠤ᠌ ᠶᠠᠯ᠎ᠠ ᠲᠤᠯᠭᠠᠬᠤ ᠪᠠᠷ ᠢᠷᠡᠭᠰᠡᠨ ᠶᠤᠮ》 ᠭᠡᠯᠡ᠃ ᠰᠦᠪᠡᠭᠡᠳᠡᠢ ᠪᠦᠬᠦ ᠪᠠᠢᠳᠠᠯ ᠢ᠋ ᠪᠦᠷ ᠨᠡᠪᠲᠡᠷᠬᠡᠢ ᠮᠡᠳᠡᠵᠦ ᠪᠠᠢᠭᠰᠠᠨ ᠤᠴᠢᠷ ᠡᠴᠡ ᠳᠠᠬᠢᠨ ᠨᠡᠮᠡᠵᠦ ᠬᠡᠯᠡᠭᠦᠯᠦᠭᠰᠡᠨ ᠨᠢ《ᠺᠠᠣᠮᠠᠨ ᠨᠤᠭᠤᠳ ᠤᠳᠠᠭ᠎ᠠ ᠳᠠᠷᠠᠭ᠎ᠠ ᠣᠷᠣᠰ ᠤ᠋ᠨ ᠨᠤᠲᠤᠭ ᠳᠡᠪᠢᠰᠬᠡᠷ ᠢ᠋ ᠳᠣᠪᠲᠣᠯᠤᠨ ᠪᠤᠯᠢᠶᠠᠳᠠᠭ ᠪᠢᠯᠡ᠃ ᠣᠷᠣᠰ ᠤ᠋ᠳ ᠬᠠᠷᠢᠨ ᠮᠣᠩᠭᠣᠯᠴᠤᠳ ᠲᠠᠢ ᠨᠡᠢᠯᠡᠵᠦ ᠺᠠᠣᠮᠠᠨ ᠨᠤᠭᠤᠳ ᠡᠴᠡ ᠥᠰᠢᠶ᠎ᠡ ᠪᠡᠨ ᠠᠪᠬᠤ ᠨᠢ ᠳᠡᠭᠡᠷ᠎ᠡ ᠪᠢᠰᠢᠦ》 ᠭᠡᠵᠡᠢ᠃
ᠡᠳᠡᠭᠡᠷ ᠳᠤᠷᠠᠳᠤᠯᠭ᠎ᠠ ᠨᠢ ᠵᠠᠯᠢ ᠮᠡᠬᠡ ᠪᠣᠯᠬᠤ ᠪᠥᠭᠡᠳ ᠮᠣᠩᠭᠣᠯᠴᠤᠳ ᠤ᠋ᠨ ᠪᠠᠰᠠ ᠨᠢᠭᠡᠨ ᠤᠳᠠᠭᠠᠨ ᠤ᠋ ᠳᠠᠢᠰᠤᠨ ᠢ᠋ ᠵᠠᠪᠰᠠᠷᠳᠠᠭᠤᠯᠬᠤ ᠠᠷᠭ᠎ᠠ ᠪᠣᠳᠣᠯᠭ᠎ᠠ ᠨᠢ ᠪᠣᠯᠬᠤ ᠶᠤᠮ᠃ ᠺᠠᠣᠮᠠᠨ ᠨᠤᠭᠤᠳ ᠥᠩᠭᠡᠷᠡᠭᠰᠡᠨ ᠡᠴᠡ ᠪᠡᠨ ᠮᠣᠩᠭᠣᠯ ᠬᠥᠮᠦᠨ ᠳ᠋ᠤ᠌ ᠬᠠᠷᠢᠶᠠᠲᠤ ᠪᠣᠯᠤᠭᠰᠠᠨ ᠤᠴᠢᠷ ᠦᠭᠡᠢ ᠪᠢᠯᠡ᠃ ᠠᠷᠪᠠᠨ ᠡᠯᠴᠢ ᠶ᠋ᠢ ᠪᠦᠷ ᠠᠯᠠᠪᠠ᠃ ᠣᠷᠣᠰ ᠴᠡᠷᠢᠭ ᠳ᠋ᠨᠧᠫᠡᠷ ᠮᠥᠷᠡᠨ ᠢ᠋ ᠭᠡᠲᠦᠯᠦᠨ ᠮᠣᠩᠭᠣᠯ ᠤ᠋ᠨ ᠮᠢᠩᠭᠠᠨ ᠬᠥᠮᠦᠨ ᠦ᠌ ᠬᠣᠰᠢᠭᠤᠴᠢ ᠠᠩᠭᠢ ᠶ᠋ᠢᠨ ᠴᠡᠷᠢᠭ ᠢ᠋ ᠭᠡᠨᠡᠳᠡᠭᠦᠯᠦᠨ ᠴᠣᠬᠢᠵᠤ ᠰᠠᠷᠨᠢᠭᠤᠯᠪᠠ᠃
ᠮᠣᠩᠭᠣᠯᠴᠤᠳ ᠳᠡᠭᠡᠷᠡᠬᠢ ᠬᠡᠷᠡᠭ ᠢ᠋ᠶ᠋ᠡᠷ ᠳᠠᠢᠰᠤᠨ ᠳ᠋ᠤ᠌ ᠡᠨᠡ ᠡᠳᠦᠷ ᠶᠠᠪᠤᠭᠳᠠᠵᠤ ᠪᠠᠢᠬᠤ ᠤᠯᠤᠰ ᠤ᠋ᠨ ᠬᠣᠭᠣᠷᠣᠨᠳᠣᠬᠢ ᠣᠯᠠᠨ ᠨᠡᠢᠲᠡ ᠶ᠋ᠢᠨ ᠬᠠᠤᠯᠢ ᠶ᠋ᠢᠨ ᠬᠥᠮᠦᠵᠢᠯ ᠣᠯᠭᠣᠪᠠ᠃ ᠮᠣᠩᠭᠣᠯ ᠤ᠋ᠨ ᠬᠣᠶᠠᠷ ᠮᠣᠷᠢᠲᠤ ᠴᠡᠷᠢᠭ ᠣᠷᠣᠰ ᠴᠡᠷᠢᠭ ᠦ᠋ᠨ ᠵᠢᠭᠰᠠᠭᠠᠯ ᠤ᠋ᠨ ᠡᠮᠦᠨ᠎ᠡ ᠢᠷᠡᠵᠦ᠄
《ᠲᠠᠨᠠᠷ ᠮᠠᠨ ᠤ᠋ ᠴᠡᠷᠢᠭ ᠦ᠋ᠨ ᠡᠯᠴᠢ ᠶ᠋ᠢ ᠠᠯᠠᠪᠠ᠂ ᠲᠠᠨᠠᠷ ᠮᠠᠨ ᠤ᠋ ᠬᠣᠰᠢᠭᠤᠴᠢ ᠴᠡᠷᠢᠭ ᠢ᠋ ᠭᠡᠨᠡᠳᠡᠭᠦᠯᠦᠨ ᠴᠣᠬᠢᠵᠤ᠂ ᠪᠠᠢᠯᠳᠤᠶ᠎ᠠ ᠭᠡᠵᠦ ᠬᠦᠰᠡᠵᠦ ᠪᠠᠢᠬᠤ ᠶᠤᠮ ᠪᠠᠢᠨ᠎ᠠ᠂ ᠲᠡᠭᠡᠪᠡᠯ ᠲᠡᠭᠡᠰᠦᠭᠡᠢ᠂ ᠪᠢᠳᠡ ᠲᠠᠨᠠᠷ ᠲᠤ᠌ ᠶᠠᠮᠠᠷᠴᠤ ᠬᠣᠣᠷ ᠬᠥᠨᠥᠭᠡᠯ ᠬᠦᠷᠭᠡᠭᠰᠡᠨ ᠦᠭᠡᠢ᠂ ᠣᠯᠠᠨ ᠤᠯᠤᠰ ᠠᠷᠠᠳ ᠤ᠋ᠨ ᠳᠡᠭᠡᠷ᠎ᠡ ᠰᠠᠬᠢᠭᠤᠯᠰᠤᠨ ᠪᠠᠢᠬᠤ ᠶᠤᠮ᠂ ᠪᠢᠳᠡᠨ ᠦ᠌ ᠬᠡᠨ ᠨᠢ ᠵᠥᠪ ᠬᠡᠨ ᠨᠢ ᠪᠤᠷᠤᠭᠤ ᠶ᠋ᠢ ᠰᠠᠬᠢᠭᠤᠯᠰᠤᠨ ᠪᠢᠳᠡᠨ ᠳ᠋ᠤ᠌ ᠰᠢᠢᠳᠬᠡᠵᠦ ᠥᠭᠬᠦ ᠶᠤᠮ 》 ᠭᠡᠵᠦ ᠬᠡᠯᠡᠵᠡᠢ᠃ ᠣᠷᠣᠰ ᠤ᠋ᠳ ᠡᠨᠡ ᠬᠣᠶᠠᠷ ᠰᠢᠨ᠎ᠡ ᠡᠯᠴᠢ ᠶ᠋ᠢ ᠦᠵᠡᠭᠡᠳ ᠨᠢᠭᠡᠮᠦᠰᠦᠨ ᠰᠣᠴᠢᠵᠠᠭᠠᠯᠠ᠃ ᠢᠯᠡ ᠪᠠᠢᠯᠳᠤᠭᠠᠨ ᠬᠢᠬᠦ ᠶ᠋ᠢ ᠲᠤᠩᠬᠠᠭᠯᠠᠬᠤ ᠶ᠋ᠢᠨ ᠲᠥᠯᠥᠭᠡ ᠢᠷᠡᠭᠰᠡᠨ ᠡᠨᠡ ᠬᠣᠶᠠᠷ ᠮᠣᠩᠭᠣᠯ ᠬᠥᠮᠦᠨ ᠦᠬᠦᠬᠦ ᠡᠴᠡ ᠦᠯᠦ ᠠᠶᠤᠬᠤ ᠣᠪᠣᠷ ᠢ᠋ ᠦᠵᠡᠭᠡᠳ ᠰᠥᠰᠥ ᠪᠡᠨ ᠰᠠᠷᠨᠢᠲᠠᠯᠠ ᠠᠶᠤᠵᠤ᠂ ᠡᠨᠡ ᠤᠳᠠᠭ᠎ᠠ ᠠᠯᠠᠵᠤ ᠨᠢᠲᠤᠯᠤᠭᠰᠠᠨ ᠦᠭᠡᠢ ᠬᠠᠷᠢᠭᠤᠯᠪᠠ᠃
ᠶᠢᠰᠦᠨ ᠬᠣᠨᠣᠭ ᠰᠦᠪᠡᠭᠡᠳᠡᠢ ᠵᠡᠪᠡ ᠬᠣᠶᠠᠭᠤᠯᠠ ᠪᠠᠢᠯᠳᠤᠭᠰᠠᠨ ᠦᠭᠡᠢ ᠣᠮᠣᠭᠰᠢᠵᠤ ᠪᠠᠢᠭ᠎ᠠ ᠣᠷᠣᠰ ᠴᠡᠷᠢᠭ ᠯᠦ᠍ᠭᠡ ᠡᠬᠢ ᠰᠡᠭᠦᠯ ᠵᠣᠯᠭᠠᠬᠤ ᠵᠠᠢ ᠵᠠᠪᠰᠠᠷ ᠲᠠᠯᠪᠢᠨ ᠥᠭᠴᠦ ᠤᠬᠤᠷᠢᠭᠰᠠᠭᠠᠷ ᠭᠡᠨᠡᠳᠲᠡ ᠺᠠᠯᠺᠠ ᠭᠣᠣᠯ ᠤ᠋ᠨ ᠴᠢᠨᠠᠳᠤ ᠬᠥᠪᠡᠭᠡᠨ᠎ᠡ ᠬᠦᠷᠦᠭᠡᠳ ᠤᠬᠤᠷᠢᠬᠤ ᠪᠠᠨ ᠪᠣᠯᠢᠵᠤ ᠵᠣᠭᠰᠣᠪᠠ᠃ ᠣᠷᠣᠰ ᠤ᠋ᠳ᠂ ᠺᠠᠣᠮᠠᠨ ᠨᠤᠭᠤᠳ ᠨᠡᠢᠲᠡ ᠨᠠᠢ᠍ᠮᠠᠨ ᠲᠦᠮᠡ ᠢᠯᠡᠭᠦᠦ ᠴᠡᠷᠢᠭ ᠲᠡᠢ᠂ ᠲᠣᠭ᠎ᠠ ᠶ᠋ᠢᠨ ᠲᠠᠯ᠎ᠠ ᠪᠠᠷ ᠭᠤᠷᠪᠠᠨ ᠤ᠋ ᠨᠢᠭᠡ ᠡᠴᠡ ᠬᠡᠲᠦᠷᠡᠬᠦ ᠦᠭᠡᠢ ᠮᠣᠩᠭᠣᠯ ᠴᠡᠷᠢᠭ ᠦ᠋ᠨ ᠡᠰᠡᠷᠭᠦ ᠡᠰᠡᠷᠭᠦᠴᠡᠨ ᠵᠢᠭᠰᠠᠪᠠ᠃ ᠮᠣᠩᠭᠣᠯ ᠴᠡᠷᠢᠭ ᠦ᠋ᠨ ᠬᠣᠰᠢᠭᠤᠴᠢ ᠴᠡᠷᠢᠭ ᠲᠡᠢ ᠳᠠᠭᠠᠷᠢᠯᠳᠤᠵᠤ ᠲᠦᠷᠦᠭᠦᠦ ᠬᠡᠳᠦᠨ ᠡᠳᠦᠷ ᠦ᠋ᠨ ᠢᠯᠠᠯᠲᠠ ᠳ᠋ᠠᠭᠠᠨ ᠪᠠᠷᠳᠠᠮᠨᠠᠵᠤ ᠪᠠᠢᠭᠰᠠᠨ ᠬᠠᠷᠢᠼᠢ ᠶ᠋ᠢᠨ ᠮᠢᠰᠴᠢᠯᠣᠹ᠂ ᠳᠠᠢᠰᠤᠨ ᠳᠠᠬᠢᠨ ᠳᠤᠲᠠᠭᠠᠬᠤ ᠪᠣᠢ ᠭᠡᠵᠦ ᠵᠣᠪᠠᠨᠢᠵᠤ᠂ ᠪᠠᠰᠠ ᠪᠤᠰᠤᠳ ᠤᠯᠤᠰ ᠤ᠋ᠨ ᠴᠡᠷᠢᠭ ᠲᠤ᠌ ᠭᠠᠪᠢᠶ᠎ᠠ ᠪᠠᠨ ᠪᠤᠯᠢᠶᠠᠭᠳᠠᠬᠤ ᠡᠴᠡ ᠠᠶᠤᠨ ᠣᠮᠣᠷᠬᠠᠭᠯᠠᠨ ᠪᠠᠷᠳᠠᠮᠨᠠᠵᠤ ᠲᠦᠷᠭᠡᠨ ᠴᠣᠬᠢᠵᠤ ᠣᠷᠣᠯ᠎ᠠ᠃ ᠷᠢᠶᠸᠹ ᠦ᠋ᠨ ᠮᠢᠰᠴᠢᠯᠣᠹ ᠺᠠᠯᠺᠠ ᠭᠣᠣᠯ ᠤ᠋ᠨ ᠡᠷᠭᠢ ᠳ᠋ᠡᠬᠢ ᠥᠨᠳᠥᠷᠯᠢᠭ ᠭᠠᠵᠠᠷ ᠲᠤ᠌ ᠵᠢᠭᠰᠠᠭᠠᠯ ᠪᠡᠯᠡᠳᠬᠡᠪᠡ᠃ ᠮᠣᠩᠭᠣᠯ ᠴᠡᠷᠢᠭ ᠴᠡᠭᠡᠵᠢ ᠳᠦᠭᠦᠷᠡᠩ ᠬᠣᠷᠣᠰᠤᠯ ᠲᠠᠢ ᠪᠠᠷ ᠳᠠᠭᠠᠷᠢᠨ ᠣᠷᠣᠵᠤ ᠬᠠᠷᠠᠯᠲᠠ ᠪᠠᠨ ᠭᠣᠣᠯᠳᠠᠭᠤ ᠺᠠᠣᠮᠠᠨ ᠨᠤᠭᠤᠳ ᠵᠦᠭ ᠬᠠᠨᠳᠤᠭᠤᠯᠵᠠᠢ᠂ ᠮᠣᠷᠢᠲᠤ ᠴᠡᠷᠢᠭ ᠦ᠋ᠨ ᠲᠣᠭᠰᠢᠨ ᠰᠢᠷᠦᠭᠦᠨ ᠲᠦᠷᠭᠡᠨ ᠳᠠᠭᠠᠷᠢᠯᠲᠠ ᠪᠠᠷ ᠳᠠᠭᠠᠷᠢᠨ ᠴᠣᠬᠢᠵᠤ ᠤᠬᠤᠷᠢᠭᠤᠯᠤᠭᠠᠳ᠂ ᠪᠤᠷᠤᠭᠤᠯᠠᠨ ᠳᠤᠲᠠᠭᠠᠬᠤ ᠳᠠᠢᠰᠤᠨ ᠤ᠋ ᠬᠠᠮᠲᠤ ᠣᠷᠣᠰ ᠴᠡᠷᠢᠭ ᠦ᠋ᠨ ᠵᠢᠭᠰᠠᠭᠠᠯ ᠳ᠋ᠤ᠌ ᠰᠢᠪᠲᠤᠯᠤᠨ ᠣᠷᠣᠯ᠎ᠠ᠃ ᠣᠷᠣᠰ ᠴᠡᠷᠢᠭ ᠦ᠋ᠨ ᠵᠢᠭᠰᠠᠭᠠᠯ ᠨᠢ ᠳᠡᠢᠯᠦᠭᠳᠡᠵᠦ ᠳᠤᠲᠠᠭᠠᠨ ᠢᠷᠡᠭᠰᠡᠨ ᠺᠠᠣᠮᠠᠨ ᠴᠡᠷᠢᠭ ᠦ᠋ᠨ ᠢᠷᠡᠭᠰᠡᠨ ᠡᠴᠡ ᠪᠣᠯᠵᠤ ᠵᠢᠭᠰᠠᠭᠠᠯ ᠨᠢ ᠰᠠᠮᠠᠭᠤᠷᠠᠪᠠ᠃ ᠣᠷᠣᠰ ᠴᠡᠷᠢᠭ ᠦ᠋ᠨ ᠳᠣᠲᠣᠷ᠎ᠠ ᠡᠴᠡ ᠳᠤᠲᠠᠭᠠᠵᠤ ᠭᠠᠷᠴᠤ ᠴᠢᠳᠠᠭᠰᠠᠨ ᠨᠢ ᠠᠷᠠᠢ ᠠᠷᠪᠠᠨ ᠬᠤᠪᠢ ᠶ᠋ᠢᠨ ᠨᠢᠭᠡ ᠪᠠᠢᠵᠠᠢ᠃ ᠬᠠᠷᠢᠼᠢ ᠶ᠋ᠢᠨ ᠮᠢᠰᠴᠢᠯᠦᠹ ᠣᠩᠭᠣᠴᠠᠨ ᠳ᠋ᠤ᠌ ᠰᠠᠭᠤᠨ ᠳᠤᠲᠠᠭᠠᠪᠠ᠃ ᠮᠣᠩᠭᠣᠯ ᠴᠡᠷᠢᠭ ᠦ᠋ᠨ ᠨᠡᠬᠡᠮᠵᠢᠯᠡᠬᠦ ᠡᠴᠡ ᠠᠶᠤᠵᠤ ᠪᠤᠰᠤᠳ ᠣᠩᠭᠣᠴᠠ ᠶ᠋ᠢ ᠪᠦᠷ ᠰᠢᠲᠠᠭᠠᠪᠠ᠃
ᠭᠤᠷᠪᠠᠬᠠᠨ ᠡᠳᠦᠷ ᠲᠤ᠌ ᠮᠣᠩᠭᠣᠯ ᠴᠡᠷᠢᠭ ᠷᠢᠶᠸᠹ ᠦ᠋ᠨ ᠮᠢᠰᠴᠢᠯᠤᠹ ᠤ᠋ᠨ ᠵᠢᠭᠰᠠᠭᠠᠯ ᠢ᠋ ᠪᠤᠲᠠ ᠴᠣᠬᠢᠪᠠ᠃
ᠵᠢᠭᠰᠠᠭᠠᠯ ᠤ᠋ᠨ ᠳᠣᠲᠣᠷᠠᠬᠢ ᠲᠦᠮᠡ ᠢᠯᠡᠭᠦᠦ ᠣᠷᠣᠰ ᠴᠡᠷᠢᠭ ᠡᠴᠡ ᠳᠡᠢᠯᠦᠭᠳᠡᠭᠰᠡᠨ ᠢ᠋ᠶ᠋ᠡᠨ ᠤᠯᠤᠰ ᠲᠠᠭᠠᠨ ᠮᠡᠳᠡᠭᠦᠯᠬᠦ ᠨᠢᠭᠡ ᠬᠥᠮᠦᠨ ᠴᠤ᠌ ᠦᠯᠡᠳᠡᠭᠰᠡᠨ ᠦᠭᠡᠢ᠃ ᠮᠣᠩᠭᠣᠯ ᠴᠡᠷᠢᠭ ᠠᠷᠪᠠᠨ ᠡᠯᠴᠢ ᠪᠡᠨ ᠠᠯᠳᠠᠭᠰᠠᠨ ᠤ᠋ ᠬᠠᠷᠢᠭᠤ ᠶ᠋ᠢ ᠲᠥᠯᠥᠬᠦ ᠳ᠋ᠤ᠌ ᠣᠷᠣᠰ ᠤ᠋ᠨ ᠵᠢᠷᠭᠤᠭᠠᠨ ᠬᠦᠩ᠂ ᠳᠠᠯᠠᠨ ᠢᠵᠠᠭᠤᠷᠲᠠᠨ ᠠᠮᠢ ᠪᠠᠨ ᠠᠯᠳᠠᠵᠠᠢ᠃ ᠲᠡᠭᠡᠭᠡᠳ ᠪᠦᠬᠦ ᠣᠷᠣᠰ ᠲᠤ᠌ ᠮᠣᠩᠭᠣᠯ ᠴᠡᠷᠢᠭ ᠢ᠋ ᠡᠰᠡᠷᠭᠦᠴᠡᠨ ᠲᠤᠯᠬᠤ ᠴᠡᠷᠢᠭ ᠭᠡᠮᠡᠨ ᠨᠢᠭᠡ ᠴᠤ᠌ ᠦᠭᠡᠢ ᠪᠣᠯᠪᠠ᠃
ᠭᠡᠪᠡᠴᠦ ᠰᠦᠪᠡᠭᠡᠳᠡᠢ ᠵᠡᠪᠡ ᠬᠣᠶᠠᠭᠤᠯᠠ ᠭᠤᠷᠪᠠᠨ ᠲᠦᠮᠡᠨ ᠴᠡᠷᠢᠭ ᠢ᠋ᠶ᠋ᠡᠷ ᠣᠷᠣᠰ ᠢ᠋ ᠪᠠᠢᠯᠳᠤᠨ ᠳᠠᠭᠠᠭᠤᠯᠵᠤ ᠴᠢᠳᠠᠬᠤ ᠦᠭᠡᠢ ᠶᠤᠮ᠃ ᠲᠡᠭᠡᠭᠡᠳ ᠲᠡᠳᠡ ᠶᠡᠷᠦ ᠶ᠋ᠢᠨ ᠳᠠᠳᠬᠠᠯ ᠡᠴᠡ ᠪᠠᠨ ᠲᠡᠷᠰᠯᠡᠵᠦ᠂ ᠥᠴᠦᠬᠡᠨ ᠴᠠᠭ ᠢ᠋ᠶ᠋ᠠᠷ ᠪᠤᠷᠤᠭᠤᠯᠠᠭᠰᠠᠨ ᠳᠠᠢᠰᠤᠨ ᠢ᠋ ᠨᠡᠬᠡᠵᠦ ᠥᠰᠢᠶ᠎ᠡ ᠪᠡᠨ ᠠᠪᠬᠤ ᠶ᠋ᠢᠨ ᠲᠥᠯᠥᠭᠡ ᠣᠷᠴᠢᠮ ᠤ᠋ᠨ ᠬᠣᠲᠠ ᠵᠡᠭᠡᠯᠢ ᠶ᠋ᠢ ᠪᠤᠯᠢᠶᠠᠭᠠᠳ ᠤᠮᠠᠷᠠᠰᠢ ᠴᠢᠭᠯᠡᠨ ᠣᠷᠣᠰ ᠤ᠋ᠨ ᠰᠠᠷᠠᠭᠤᠯ ᠲᠠᠯ᠎ᠠ ᠤᠮᠠᠷᠠᠲᠤ ᠣᠷᠣᠰ ᠤ᠋ᠨ ᠣᠢ ᠰᠢᠭᠤᠢ ᠶ᠋ᠢᠨ ᠭᠠᠵᠠᠷ ᠬᠦᠷᠲᠡᠯ᠎ᠡ ᠶᠠᠪᠤᠵᠤ ᠲᠡᠨᠳᠡ ᠡᠴᠡ ᠵᠡᠭᠦᠨ ᠵᠦᠭ ᠢ᠋ ᠴᠢᠭᠯᠡᠨ ᠪᠤᠴᠠᠯ᠎ᠠ᠃
ᠸᠣᠯᠭ᠎ᠠ ᠭᠣᠣᠯ ᠤ᠋ᠨ ᠡᠬᠢᠨ ᠳ᠋ᠡᠬᠢ ᠰᠠᠯᠪᠤᠷᠢ ᠤᠷᠤᠰᠬᠠᠯ ᠪᠣᠯᠬᠤ ᠭᠡᠮᠡᠨ ᠭᠣᠣᠯ ᠤ᠋ᠨ ᠬᠣᠶᠠᠷ ᠬᠥᠪᠡᠭᠡᠨ᠎ᠡ ᠸᠤᠯᠭᠠᠷ ᠸᠠᠩᠲᠤ ᠤᠯᠤᠰ ᠪᠠᠢᠭᠰᠠᠨ ᠪᠢᠯᠡ᠃ ᠡᠨᠡ ᠤᠯᠤᠰ ᠪᠣᠯ ᠲᠠᠷᠢᠶᠠᠯᠠᠩᠲᠤ ᠤᠯᠤᠰ ᠪᠠᠢᠵᠤ᠂ ᠠᠷᠠᠰᠤ ᠰᠢᠷᠢ᠂ ᠯᠡ᠂ ᠵᠥᠭᠡᠢ ᠶ᠋ᠢᠨ ᠪᠠᠯ ᠵᠡᠷᠭᠡ ᠶ᠋ᠢᠨ ᠠᠷᠠᠯᠵᠢᠶ᠎ᠠ ᠨᠡᠯᠢᠶᠡᠳ ᠬᠥᠭᠵᠢᠭᠰᠡᠨ ᠪᠢᠯᠡ᠃ ᠸᠣᠯᠭᠠᠷ ᠤᠯᠤᠰ ᠤ᠋ᠨ ᠨᠢᠭᠡᠨ ᠰᠠᠯᠠᠭ᠎ᠠ ᠴᠡᠷᠢᠭ ᠬᠠᠷᠢ ᠤᠯᠤᠰ ᠤ᠋ᠨ ᠴᠡᠷᠢᠭ ᠨᠤᠲᠤᠭ ᠳᠡᠪᠢᠰᠬᠡᠷ ᠢ᠋ᠶ᠋ᠡᠷ ᠨᠢ ᠥᠩᠭᠡᠷᠡᠬᠦ ᠶ᠋ᠢ ᠬᠣᠷᠢᠭᠯᠠᠬᠤ ᠭᠡᠳ ᠳᠡᠢᠯᠦᠭᠳᠡᠭᠰᠡᠨ ᠲᠤᠯᠠ᠂ ᠲᠡᠭᠦᠨ ᠡᠴᠡ ᠸᠣᠯᠭᠠᠷᠴᠤᠳ ᠮᠣᠩᠭᠣᠯ ᠤ᠋ᠨ ᠡᠵᠡᠨ ᠡᠷᠬᠡ ᠶ᠋ᠢ ᠮᠡᠳᠡᠷᠡᠵᠦ᠂ ᠵᠥᠴᠢ ᠶ᠋ᠢᠨ ᠬᠠᠷᠢᠶ᠎ᠠ ᠨᠤᠲᠤᠭ ᠢ᠋ ᠪᠠᠷᠠᠭᠤᠨ ᠬᠣᠢᠰᠢ ᠪᠠᠨ ᠥᠷᠭᠡᠳᠬᠡᠪᠡ᠃ ᠸᠣᠯᠭ᠎ᠠ ᠭᠣᠣᠯ ᠤ᠋ᠨ ᠳᠣᠣᠷᠠᠲᠤ ᠤᠷᠤᠰᠬᠠᠯ ᠤ᠋ᠨ ᠬᠣᠶᠠᠷ ᠬᠥᠪᠡᠭᠡᠨ ᠳ᠋ᠦ᠍ᠨᠢ ᠰᠠᠭᠰᠤᠨ ᠦᠨᠳᠦᠰᠦᠲᠡᠨ ᠦ᠌ ᠳᠥᠴᠢᠨ ᠠᠢᠮᠠᠭ ᠨᠤᠲᠤᠭᠯᠠᠵᠤ ᠲᠠᠷᠢᠶᠠᠯᠠᠩ ᠪᠠ ᠵᠢᠭᠠᠰᠤᠨ ᠠᠵᠤ ᠠᠬᠤᠢ ᠪᠠᠷ ᠠᠮᠢᠳᠤᠷᠠᠵᠤ ᠪᠠᠢᠪᠠ᠃ ᠳᠠᠭᠠᠷᠢᠨ ᠴᠣᠬᠢᠵᠤ ᠨᠡᠢᠰᠯᠡᠯ ᠢ᠋ ᠨᠢ ᠡᠵᠡᠯᠡᠵᠦ ᠠᠪᠤᠮᠠᠭᠴᠠ ᠡᠨᠡ ᠳᠥᠴᠢᠨ ᠠᠢᠮᠠᠭ ᠮᠣᠩᠭᠣᠯᠴᠤᠳ ᠲᠤ᠌ ᠪᠠᠭᠤᠵᠤ ᠥᠭᠴᠡᠢ᠃
(ᠳᠥᠷᠪᠡ) ᠴᠢᠩᠭᠢᠰ ᠬᠠᠭᠠᠨ ᠤᠤᠭᠠᠨ ᠬᠥᠪᠡᠭᠦᠨ ᠢ᠋ᠶ᠋ᠡᠨ ᠠᠯᠳᠠᠭᠰᠠᠨ ᠨᠢ
ᠬᠡᠳᠦᠨ ᠭᠠᠷᠠᠭ ᠢ᠋ ᠥᠩᠭᠡᠷᠡᠭᠡᠳ ᠴᠢᠩᠭᠢᠰ ᠬᠠᠭᠠᠨ ᠥᠷᠯᠥᠭ ᠰᠦᠪᠡᠭᠡᠳᠡᠢ ᠪᠡᠨ ᠳᠠᠭᠤᠳᠠᠨ ᠠᠪᠠᠴᠢᠵᠤ ᠲᠡᠭᠦᠨ ᠯᠦ᠍ᠭᠡ ᠬᠡᠳᠦᠨ ᠭᠠᠷᠠᠭ ᠬᠡᠯᠡᠯᠴᠡᠵᠡᠢ᠃ ᠰᠦᠪᠡᠭᠡᠳᠡᠢ᠂ ᠪᠣᠭᠳᠠ ᠬᠠᠭᠠᠨ ᠳ᠋ᠠᠭᠠᠨ ᠭᠤᠷᠪᠠᠨ ᠲᠦᠮᠡᠨ ᠮᠣᠩᠭᠣᠯ ᠤ᠋ᠨ ᠮᠣᠷᠢᠲᠤ ᠴᠡᠷᠢᠭ ᠢ᠋ᠶ᠋ᠡᠨ ᠳᠠᠭᠠᠭᠤᠯᠤᠨ ᠥᠩᠭᠡᠷᠡᠭᠰᠡᠨ ᠳ᠋ᠤ᠌ ᠶᠡᠷᠦ ᠮᠡᠳᠡᠳᠡᠭ ᠦᠭᠡᠢ ᠠᠯᠢ ᠣᠯᠠᠨ ᠤᠯᠤᠰ ᠲᠠᠢ ᠪᠠᠢᠯᠳᠤᠵᠤ᠂ ᠳᠡᠯᠡᠬᠡᠢ ᠶ᠋ᠢᠨ ᠲᠡᠦᠬᠡᠨ ᠳ᠋ᠤ᠌ ᠶᠡᠷᠦ ᠪᠠᠢᠭ᠎ᠠ ᠦᠭᠡᠢ ᠠᠶᠠᠨ ᠲᠡᠢᠨ ᠬᠢᠭᠰᠡᠨ ᠢ᠋ᠶ᠋ᠡᠨ ᠡᠳᠦᠷ ᠳᠠᠷᠠᠭᠠᠯᠠᠨ ᠮᠡᠳᠡᠭᠦᠯᠦᠯ᠎ᠡ᠃ ᠺᠠᠰᠫᠢ ᠶ᠋ᠢᠨ ᠲᠠᠩᠭᠢᠰ ᠤ᠋ᠨ ᠡᠮᠦᠨ᠎ᠡ ᠲᠠᠯ᠎ᠠ ᠡᠴᠡ ᠮᠣᠷᠳᠠᠵᠤ ᠵᠢᠷᠭᠤᠭᠠᠨ ᠮᠢᠩᠭᠠᠨ ᠺᠢᠯᠣᠮᠧᠲ᠋ᠷ ᠬᠣᠯᠠ ᠠᠶᠠᠯᠠᠵᠤ ᠥᠷᠭᠡᠨ ᠠᠭᠤᠳᠠᠮ ᠭᠠᠵᠠᠷ ᠣᠷᠣᠨ ᠢ᠋ᠶ᠋ᠠᠷ ᠥᠩᠭᠡᠷᠡᠨ ᠠᠷᠪᠠᠨ ᠬᠣᠶᠠᠷ ᠤᠳᠠᠭ᠎ᠠ ᠪᠠᠢᠯᠳᠤᠭᠠᠨ ᠬᠢᠵᠦ (ᠵᠠᠷᠢᠮ ᠲᠡᠦᠬᠡᠨ ᠨᠣᠮ ᠳ᠋ᠤ᠌ ᠶᠡᠬᠡ ᠪᠠᠢᠯᠳᠤᠭᠠᠨ ᠢ᠋ ᠭᠤᠴᠢᠨ ᠬᠣᠶᠠᠷ ᠤᠳᠠᠭ᠎ᠠ᠂ ᠪᠠᠭ᠎ᠠ ᠪᠠᠢᠯᠳᠤᠭᠠᠨ ᠢ᠋ ᠵᠢᠷᠠᠨ ᠲᠠᠪᠤᠨ ᠤᠳᠠᠭ᠎ᠠ ᠬᠢᠯ᠎ᠡ ᠭᠡᠳᠡᠭ) ᠢᠯᠠᠯᠲᠠ ᠣᠯᠤᠭᠠᠳ ᠠᠷᠪᠠᠨ ᠬᠣᠶᠠᠷ ᠤᠯᠤᠰ ᠢ᠋ ᠲᠦᠪᠰᠢᠳᠬᠡᠵᠡᠢ᠃ ᠡᠨᠡ ᠨᠢ ᠵᠥᠴᠢ ᠶ᠋ᠢᠨ ᠬᠠᠷᠢᠶᠠᠲᠤ ᠭᠠᠵᠠᠷ ᠢ᠋ ᠥᠷᠭᠡᠳᠬᠡᠵᠦ ᠥᠭᠬᠦ ᠶ᠋ᠢᠨ ᠲᠥᠯᠥᠭᠡ ᠪᠠᠢᠯ᠎ᠠ᠃
ᠡᠢᠮᠦ ᠪᠠᠢᠲᠠᠯ᠎ᠠ᠂ ᠵᠥᠴᠢ ᠬᠠᠷᠢᠨ ᠨᠢᠭᠡ ᠤᠳᠠᠭ᠎ᠠ ᠴᠤ᠌ ᠡᠨᠡᠬᠦ ᠰᠥᠰᠥ ᠵᠣᠷᠢᠭ ᠶᠡᠬᠡᠲᠡᠢ ᠥᠷᠯᠥᠭ ᠦ᠋ᠨ ᠬᠠᠷᠢᠭᠤ ᠮᠡᠳᠡᠭᠦᠯᠦᠯᠲᠡ ᠶ᠋ᠢ ᠰᠣᠨᠣᠰᠤᠷᠠ ᠢᠷᠡᠭᠰᠡᠨ ᠦᠭᠡᠢ᠃ ᠴᠢᠩᠭᠢᠰ ᠬᠠᠭᠠᠨ ᠣᠳᠣ ᠪᠣᠯᠲᠠᠯ᠎ᠠ ᠰᠣᠨᠣᠰᠤᠭᠰᠠᠨ ᠮᠡᠳᠡᠭᠦᠯᠦᠯᠲᠡ ᠶ᠋ᠢᠨ ᠳᠣᠲᠣᠷ᠎ᠠ ᠬᠠᠮᠤᠭ ᠰᠠᠢᠨ ᠡᠨᠡᠬᠦ ᠮᠡᠳᠡᠭᠦᠯᠦᠯᠲᠡ ᠶ᠋ᠢ ᠴᠤ᠌ ᠰᠣᠨᠣᠰᠬᠤ ᠪᠠᠷ ᠢᠷᠡᠭᠰᠡᠨ ᠦᠭᠡᠢ ᠭᠡᠵᠦ ᠭᠠᠢᠬᠠᠵᠤ ᠪᠠᠢᠪᠠ᠃ ᠲᠠᠪᠤᠨ ᠥᠩᠭᠡ ᠪᠡᠷ ᠶᠢᠷᠲᠢᠨᠴᠦ ᠶ᠋ᠢ ᠬᠤᠪᠢᠶᠠᠵᠤ᠂ ᠤᠯᠠᠭᠠᠨ ᠨᠢ ᠡᠮᠦᠨ᠎ᠡ ᠲᠠᠯ᠎ᠠ᠂ ᠬᠠᠷ᠎ᠠ ᠨᠢ ᠬᠣᠢᠲᠤ ᠲᠠᠯ᠎ᠠ᠂ ᠬᠥᠬᠡ ᠨᠢ ᠵᠡᠭᠦᠨ ᠲᠠᠯ᠎ᠠ᠂ ᠴᠠᠭᠠᠨ ᠨᠢ ᠪᠠᠷᠠᠭᠤᠨ ᠲᠠᠯ᠎ᠠ᠂ ᠪᠣᠷᠣ ᠨᠢ ᠳᠤᠮᠳᠠ (ᠬᠢᠲᠠᠳ ᠨᠣᠮ ᠳ᠋ᠤ᠌ ᠰᠢᠷ᠎ᠠ ᠥᠩᠭᠡ ᠶ᠋ᠢ ᠳᠤᠮᠳᠠ ᠭᠡᠳᠡᠭ) ᠭᠡᠵᠦ ᠬᠤᠪᠢᠶᠠᠪᠠ᠃ ᠬᠢᠲᠠᠳ᠂ ᠪᠣᠷᠵᠢᠭᠢᠨ ᠶᠠᠰᠤᠲᠠᠨ ᠤ᠋ ᠰᠦᠯᠳᠡ ᠨᠢ ᠨᠢᠰᠴᠦ ᠪᠠᠢᠭ᠎ᠠ ᠴᠠᠭᠠᠨ ᠱᠣᠩᠬᠣᠷ ᠲᠤ᠌ ᠴᠡᠷᠢᠭ ᠦ᠋ᠨ ᠲᠤᠭ ᠢ᠋ ᠳᠠᠭᠠᠵᠤ ᠂ ᠳᠡᠯᠡᠬᠡᠢ ᠳ᠋ᠠᠬᠢᠨ ᠤ᠋ ᠬᠦᠷᠦᠭᠰᠡᠨ ᠭᠠᠵᠠᠷ ᠪᠣᠯᠭᠠᠨ ᠳ᠋ᠤ᠌ ᠮᠣᠩᠭᠣᠯᠴᠤᠳ ᠲᠠᠪᠤᠨ ᠥᠩᠭᠡᠲᠦ ᠦᠨᠳᠦᠰᠦᠲᠡᠨ ᠢ᠋ ᠲᠠᠢᠯᠵᠤ ᠢᠯᠠᠯᠲᠠ ᠣᠯᠤᠨ᠎ᠠ ᠭᠡᠵᠦ ᠪᠡᠯᠭᠡᠳᠡᠭᠰᠡᠨ ᠠᠵᠢ᠃ ᠴᠢᠩᠭᠢᠰ ᠬᠠᠭᠠᠨ ᠵᠥᠴᠢ ᠶ᠋ᠢᠨ ᠲᠡᠨᠳᠡ ᠵᠠᠯᠭ᠎ᠠ ᠵᠠᠯᠭᠠᠪᠡᠷ 《ᠰᠤᠮᠤᠨ ᠮᠡᠲᠦ ᠲᠦᠷᠭᠡᠨ》ᠡᠯᠴᠢᠨ ᠢ᠋ ᠲᠣᠮᠢᠯᠠᠨ ᠢᠷᠡᠭᠲᠦᠨ ᠭᠡᠵᠦ ᠵᠠᠷᠯᠢᠭᠳᠠᠪᠠ᠃ ᠠᠷᠠᠯ ᠲᠠᠩᠭᠢᠰ ᠳᠠᠭᠠᠤ ᠪᠢᠴᠢᠬᠠᠨ ᠬᠣᠷᠸᠰᠮ ᠤᠯᠤᠰ ᠡᠴᠡ ᠭᠠᠳᠠᠨ᠎ᠠ᠂ ᠪᠠᠢᠯᠳᠤᠨ ᠳᠠᠭᠠᠭᠤᠯᠬᠤ ᠤᠯᠤᠰ ᠠᠷᠪᠢᠨ ᠪᠠᠢᠬᠤ ᠪᠢᠰᠢᠦ᠃ ᠪᠠᠷᠠᠭᠤᠨ ᠲᠠᠯ᠎ᠠ ᠶ᠋ᠢᠨ ᠪᠦᠬᠦᠨ ᠢ᠋ ᠵᠥᠴᠢ ᠳ᠋ᠤ᠌ ᠬᠠᠮᠢᠶᠠᠷᠤᠭᠤᠯᠰᠤᠭᠠᠢ ᠭᠡᠬᠦ ᠳ᠋ᠤ᠌ ᠬᠠᠷᠢᠭᠤ ᠮᠡᠳᠡᠭᠦᠯᠦᠯᠲᠡ ᠨᠢ ᠪᠦᠷ ᠠᠳᠠᠯᠢ《ᠵᠥᠴᠢ ᠡᠪᠡᠳᠴᠢᠲᠡᠢ ᠪᠠᠢᠨ᠎ᠠ》ᠭᠡᠵᠦ ᠮᠡᠳᠡᠭᠦᠯᠵᠦ ᠪᠠᠢᠵᠠᠢ᠃
ᠨᠢᠭᠡᠨ ᠡᠳᠦᠷ ᠨᠢᠭᠡ ᠮᠣᠩᠭᠣᠯ ᠬᠥᠮᠦᠨ ᠬᠢᠪᠴᠠᠭ ᠡᠴᠡ ᠢᠷᠡᠭᠡᠳ ᠵᠥᠴᠢ ᠨᠣᠶᠠᠨ ᠠᠪᠠᠯᠠᠵᠤ ᠪᠠᠢᠭᠰᠠᠨ ᠢ᠋ ᠲᠡᠷᠡ ᠦᠵᠡᠪᠡ ᠭᠡᠰᠡᠨ ᠴᠢᠮᠡᠭᠡ ᠤᠯᠠᠮᠵᠢᠯᠠᠭᠳᠠᠵᠠᠢ᠃ ᠴᠢᠩᠭᠢᠰ ᠬᠠᠭᠠᠨ ᠤ᠋ ᠬᠢᠯᠢᠩ ᠢ᠋ ᠶᠡᠬᠡᠪᠡᠷ ᠲᠥᠷᠥᠭᠦᠯᠪᠡ᠃ ᠬᠣᠶᠠᠷ 《ᠰᠤᠮᠤᠨ ᠮᠡᠲᠦ ᠲᠦᠷᠭᠡᠨ》 ᠡᠯᠴᠢᠨ ᠢ᠋ ᠴᠠᠭᠠᠲᠠᠢ ᠥᠭᠡᠳᠡᠢ ᠶ᠋ᠢᠨ ᠲᠡᠨᠳᠡ ᠲᠣᠮᠢᠯᠠᠵᠤ᠂ ᠴᠡᠷᠢᠭ ᠠᠩᠭᠢ ᠪᠠᠨ ᠳᠠᠭᠠᠭᠤᠯᠤᠨ ᠳᠠᠷᠤᠢ ᠲᠦᠷᠭᠡᠨ ᠵᠥᠴᠢ ᠶ᠋ᠢᠨ ᠵᠦᠭ ᠴᠣᠬᠢᠨ ᠣᠷᠣᠭᠲᠤᠨ ᠭᠡᠵᠦ ᠵᠠᠷᠯᠢᠭᠳᠠᠪᠠ᠃ ᠪᠦᠬᠦ ᠴᠡᠷᠢᠭ ᠪᠤᠴᠠᠬᠤ ᠠᠶᠠᠨ ᠢ᠋ᠶ᠋ᠠᠨ ᠵᠣᠭᠰᠣᠭᠠᠵᠤ ᠵᠠᠷᠯᠢᠭ ᠨᠢ ᠡᠨᠡ ᠲᠦᠮᠡᠨ ᠡᠴᠡ ᠲᠡᠷᠡ ᠲᠦᠮᠡᠨ ᠳ᠋ᠤ᠌ ᠤᠯᠠᠮᠵᠢᠯᠠᠭᠳᠠᠪᠠ᠃ ᠪᠠᠢᠯᠳᠤᠭᠴᠢᠳ ᠮᠣᠷᠢᠨ ᠳ᠋ᠠᠭᠠᠨ ᠮᠣᠷᠳᠠᠵᠠᠭᠠᠯᠠ᠃ᠠᠩᠬᠠᠨ ᠤ᠋ ᠰᠠᠮᠠᠭᠤᠨ ᠨᠢ ᠮᠣᠩᠭᠣᠯᠴᠤᠳ ᠤ᠋ᠨ ᠬᠣᠭᠣᠷᠣᠨᠳᠣ ᠳᠡᠭᠳᠡᠵᠦ᠂ ᠠᠬ᠎ᠠ ᠳᠡᠭᠦᠦ ᠬᠣᠭᠣᠷᠣᠨᠳᠣ ᠪᠠᠨ ᠬᠢᠮᠤᠷᠠᠯ ᠭᠠᠷᠬᠤ ᠳ᠋ᠤ᠌ ᠬᠦᠷᠴᠡᠢ᠃
ᠶᠸᠯᠣᠢ ᠴᠦᠼᠠᠢ ᠪᠣᠭᠳᠠ ᠬᠠᠭᠠᠨ ᠢ᠋ ᠢᠳᠬᠠᠭᠰᠠᠨ ᠪᠣᠯᠪᠠᠴᠤ ᠲᠤᠰᠠ ᠭᠠᠷᠤᠭᠰᠠᠨ ᠦᠭᠡᠢ᠃ ᠡᠨᠡ ᠮᠡᠲᠦ ᠵᠢᠭᠤᠷᠠᠯᠳᠤᠪᠠᠯ ᠬᠣᠵᠢᠮ ᠢᠷᠡᠭᠡᠳᠦᠢ ᠳ᠋ᠤ᠌ ᠲᠦᠭᠰᠢᠭᠦᠷᠢᠲᠡᠢ ᠪᠣᠯᠤᠨ᠎ᠠ ᠭᠡᠵᠦ ᠨᠠᠷᠢᠨ ᠨᠢᠮᠪᠠᠢ ᠬᠡᠯᠡᠭᠰᠡᠨ ᠴᠤ᠌ ᠬᠡᠷᠡᠭ ᠦᠭᠡᠢ ᠪᠣᠯᠪᠠ᠃ ᠴᠢᠩᠭᠢᠰ ᠬᠠᠭᠠᠨ ᠥᠨᠳᠥᠷ ᠳᠠᠭᠤᠨ ᠢ᠋ᠶ᠋ᠠᠷ:
《ᠲᠡᠷᠡ ᠮᠣᠨᠳᠢ ᠮᠤᠩᠬᠠᠷᠠᠵᠠᠢ᠂ ᠮᠤᠩᠬᠠᠷᠠᠭᠰᠠᠨ ᠲᠤᠯᠠ ᠮᠢᠨᠦ ᠵᠠᠷᠯᠢᠭ ᠢ᠋ ᠡᠰᠡᠷᠭᠦᠴᠡᠵᠦ ᠪᠠᠢᠨ᠎ᠠ᠂ ᠮᠤᠩᠬᠠᠷᠠᠭᠰᠠᠨ ᠠᠮᠢᠲᠠᠨ ᠲᠥᠷᠥ ᠶ᠋ᠢ ᠡᠵᠡᠯᠡᠵᠦ ᠴᠢᠳᠠᠬᠤ ᠦᠭᠡᠢ ᠁》 ᠭᠡᠵᠦ ᠬᠡᠯᠡᠵᠡᠢ᠃
ᠬᠣᠶᠠᠷ ᠨᠣᠶᠠᠳ ᠠᠷᠤ ᠵᠦᠭ ᠨᠢᠭᠡᠨᠲᠡ ᠮᠣᠷᠳᠠᠭᠠᠳ᠂ ᠪᠦᠬᠦ ᠴᠡᠷᠢᠭ ᠨᠢ ᠬᠥᠳᠡᠯᠵᠦ ᠡᠬᠢᠯᠡᠭᠰᠡᠨ ᠦᠶ᠎ᠡ ᠳ᠋ᠤ᠌ ᠵᠥᠴᠢ ᠶ᠋ᠢᠨ ᠨᠢᠭᠡᠨ ᠬᠥᠪᠡᠭᠦᠨ ᠶᠠᠭᠠᠷᠠᠤ ᠰᠠᠨᠳᠤᠷᠤᠤ ᠬᠦᠷᠴᠦ ᠢᠷᠡᠭᠡᠳ ᠵᠥᠴᠢ ᠦᠬᠦᠪᠡ ᠭᠡᠵᠦ ᠮᠡᠳᠡᠭᠦᠯᠪᠡ᠃
ᠵᠥᠴᠢ ᠠᠪᠠ ᠳ᠋ᠤ᠌ ᠶᠡᠷᠦ ᠭᠠᠷᠤᠭ᠎ᠠ ᠦᠭᠡᠢ᠂ ᠲᠡᠭᠦᠨ ᠦ᠌ ᠵᠠᠩᠵᠤᠨ ᠨᠠᠷ ᠨᠢᠭᠡ ᠤᠳᠠᠭ᠎ᠠ ᠠᠪᠠ ᠶ᠋ᠢ ᠵᠢᠯᠣᠭᠣᠳᠤᠨ ᠬᠢᠭᠰᠡᠨ ᠪᠠᠢᠨ᠎ᠠ᠃ᠡᠭᠦᠨ ᠳ᠋ᠤ᠌ ᠵᠥᠴᠢ ᠵᠠᠩᠵᠤᠨ ᠨᠠᠷ ᠤ᠋ᠨ ᠤᠷᠮ᠎ᠠ ᠶ᠋ᠢ ᠭᠣᠮᠣᠳᠠᠭᠠᠬᠤ ᠦᠭᠡᠢ ᠭᠡᠰᠡᠨ ᠲᠡᠳᠦᠢ ᠪᠢᠯᠡ᠃ ᠲᠡᠷᠡ ᠦᠶ᠎ᠡ ᠳ᠋ᠤ᠌ ᠵᠥᠴᠢ ᠡᠪᠡᠳᠴᠢᠨ ᠳ᠋ᠤ᠌ ᠨᠡᠷᠪᠡᠭᠳᠡᠭᠡᠳ ᠣᠷᠳᠣᠨ ᠳ᠋ᠤ᠌ ᠪᠠᠨ ᠬᠡᠪᠲᠡᠵᠦ ᠪᠠᠢᠵᠠᠢ᠃ ᠴᠢᠩᠭᠢᠰ ᠬᠠᠭᠠᠨ ᠤ᠋ ᠰᠡᠭᠦᠷᠡᠰᠦ ᠠᠯᠳᠠᠵᠤ ᠭᠠᠰᠢᠭᠤᠳᠠᠬᠤ ᠶ᠋ᠢ ᠬᠡᠨ ᠴᠤ᠌ ᠣᠯᠵᠤ ᠦᠵᠡᠭᠰᠡᠨ ᠦᠭᠡᠢ ᠪᠢᠯᠡ᠃ ᠥᠩᠭᠡᠷᠡᠭᠰᠡᠨ ᠳ᠋ᠤ᠌ ᠴᠠᠭᠠᠲᠠᠢ ᠶ᠋ᠢᠨ ᠬᠥᠪᠡᠭᠦᠨ ᠨᠢ ᠪᠠᠢᠯᠳᠤᠭᠠᠨ ᠳ᠋ᠤ᠌ ᠦᠬᠦᠭᠰᠡᠨ ᠳ᠋ᠤ᠌ ᠴᠠᠭᠠᠲᠠᠢ ᠶ᠋ᠢ ᠤᠬᠢᠯᠠᠵᠤ ᠪᠣᠯᠬᠤ ᠦᠭᠡᠢ ᠭᠡᠵᠦ ᠴᠠᠭᠠᠵᠠᠯᠠᠪᠠ᠂ ᠪᠡᠶ᠎ᠡ ᠪᠡᠨ ᠴᠤ᠌ ᠢᠩᠭᠢᠵᠦ ᠱᠠᠭᠠᠷᠳᠠᠭᠰᠠᠨ ᠪᠠᠢᠨ᠎ᠠ᠃ ᠬᠣᠶᠠᠷ ᠡᠳᠦᠷ ᠭᠠᠭᠴᠠᠭᠠᠷ ᠣᠷᠳᠣᠨ ᠳ᠋ᠠᠭᠠᠨ ᠰᠠᠭᠤᠵᠤ᠂ ᠦᠬᠦᠭᠰᠡᠨ ᠬᠥᠪᠡᠭᠦᠨ ᠳ᠋ᠡᠭᠡᠨ ᠶᠣᠰᠣ ᠠᠯᠳᠠᠭᠰᠠᠨ ᠭᠣᠣᠯᠴᠢ ᠪᠤᠰᠤ ᠪᠤᠷᠤᠭᠤ ᠪᠠᠨ ᠭᠡᠮᠰᠢᠨ ᠲᠠᠨᠢᠵᠤ᠂ ᠲᠡᠭᠦᠨ ᠦ᠌ ᠠᠭᠤᠴᠢᠯᠠᠬᠤ ᠶ᠋ᠢ ᠬᠦᠰᠡᠭᠰᠡᠨ ᠪᠢᠵᠡ᠃ ᠵᠥᠴᠢ ᠭᠣᠮᠣᠳᠠᠯ ᠪᠠᠢᠭᠰᠠᠨ ᠴᠤ᠌ ᠵᠢᠲᠥᠭᠡᠷᠬᠡᠭᠰᠡᠨ ᠦᠭᠡᠢ᠂ ᠲᠤᠰᠠᠭᠠᠷ ᠲᠣᠭᠲᠠᠨᠢᠬᠤ ᠰᠡᠳᠬᠢᠯ ᠪᠠᠢᠭᠰᠠᠨ ᠴᠤ᠌ ᠡᠴᠢᠭᠡ ᠬᠠᠭᠠᠨ ᠢ᠋ᠶ᠋ᠠᠨ ᠡᠰᠡᠷᠭᠦᠴᠡᠭᠰᠡᠨ ᠦᠭᠡᠢ᠃ ᠲᠡᠷᠡ ᠴᠣᠬᠣᠷ ᠬᠤᠯᠠᠨ᠂ ᠰᠠᠭᠠᠷᠠᠯ ᠠᠳᠤᠭᠤ ᠵᠡᠷᠭᠡ ᠰᠠᠢᠨ ᠪᠡᠯᠡᠭ ᠢ᠋ᠶ᠋ᠡᠨ ᠡᠷᠭᠦᠵᠦ ᠢᠷᠡᠭᠰᠡᠨ ᠨᠢ ᠡᠴᠢᠭᠡ ᠶ᠋ᠢᠨ ᠢ᠋ᠶ᠋ᠡᠨ ᠵᠠᠷᠯᠢᠭ ᠶᠣᠰᠣᠭᠠᠷ ᠡᠰᠡ ᠴᠢᠳᠠᠭᠰᠠᠨ ᠢ᠋ᠶ᠋ᠠᠨ ᠠᠭᠤᠴᠢᠯᠠᠭᠤᠯᠬᠤ ᠪᠠᠷ ᠭᠤᠶᠤᠭᠰᠠᠨ ᠬᠡᠷᠡᠭ ᠪᠠᠢᠬ᠎ᠠ᠃ ᠴᠢᠩᠭᠢᠰ ᠬᠠᠭᠠᠨ ᠣᠷᠳᠣᠨ ᠡᠴᠡ ᠪᠠᠨ ᠭᠠᠷᠴᠤ ᠢᠷᠡᠮᠡᠭᠴᠡ ᠵᠥᠴᠢ ᠶ᠋ᠢ ᠠᠪᠠ ᠳ᠋ᠤ᠌ ᠶᠠᠪᠤᠵᠤ ᠪᠠᠢᠨ᠎ᠠ ᠭᠡᠵᠦ ᠬᠡᠯᠡᠭᠰᠡᠨ ᠲᠡᠷᠡ ᠬᠥᠮᠦᠨ ᠢ᠋ ᠡᠷᠢᠵᠦ ᠪᠠᠷᠢᠬᠤ ᠵᠠᠷᠯᠢᠭ ᠪᠠᠭᠤᠯᠭᠠᠪᠠ᠃ ᠬᠡᠳᠦᠨ ᠵᠠᠭᠤᠨ ᠺᠢᠯᠣᠮᠧᠲ᠋ᠷ ᠭᠠᠵᠠᠷ ᠤ᠋ᠨ ᠳᠥᠷᠪᠡᠨ ᠵᠦᠭ ᠦ᠋ᠨ ᠥᠨᠴᠥᠭ ᠪᠤᠯᠤᠩ ᠢ᠋ᠶ᠋ᠠᠷ ᠡᠷᠢᠭᠰᠡᠨ ᠪᠣᠯᠪᠠᠴᠤ ᠣᠷᠣ ᠰᠡᠭᠦᠳᠡᠷ ᠢ᠋ ᠴᠤ᠌ ᠣᠯᠤᠭᠰᠠᠨ ᠦᠭᠡᠢ᠃
ᠴᠢᠩᠭᠢᠰ ᠬᠠᠭᠠᠨ ᠨᠢᠷᠤᠭᠤ ᠪᠠᠨ ᠪᠥᠭᠲᠦᠭᠡᠷ ᠪᠣᠯᠲᠠᠯ᠎ᠠ ᠵᠣᠪᠠᠨ ᠵᠦᠳᠡᠵᠦ᠂ ᠳᠣᠯᠣᠭᠠᠨ ᠵᠢᠯ ᠭᠠᠳᠠᠭᠰᠢ ᠶᠠᠪᠤᠭᠠᠳ ᠤᠢᠭᠤᠷᠴᠤᠳ ᠤ᠋ᠨ ᠤᠯᠤᠰ ᠢ᠋ ᠥᠩᠭᠡᠷᠡᠵᠦ ᠵᠡᠭᠦᠨ ᠵᠦᠭ ᠮᠣᠩᠭᠣᠯ ᠭᠠᠵᠠᠷ ᠲᠠᠭᠠᠨ ᠪᠤᠴᠠᠯ᠎ᠠ᠃ ᠤᠢᠭᠤᠷ ᠮᠣᠩᠭᠣᠯ ᠤ᠋ᠨ ᠬᠢᠯᠢ ᠬᠢᠵᠠᠭᠠᠷ ᠲᠤ᠌ ᠪᠠᠶᠠᠷ ᠬᠥᠷ ᠲᠡᠢ ᠠᠪᠠ ᠬᠢᠬᠦ ᠶ᠋ᠢ ᠪᠣᠭᠳᠠ ᠬᠠᠭᠠᠨ ᠦᠵᠡᠵᠡᠢ᠃ ᠬᠠᠮᠤᠭ ᠪᠠᠭ᠎ᠠ ᠬᠣᠶᠠᠷ ᠠᠴᠢ ᠬᠥᠪᠡᠭᠦᠨ ᠨᠢ ᠤᠭᠲᠤᠨ ᠢᠷᠡᠪᠡ᠂ ᠲᠤᠯᠤᠢ ᠶ᠋ᠢᠨ ᠬᠥᠪᠡᠭᠦᠨ ᠠᠷᠪᠠᠨ ᠨᠢᠭᠡᠨ ᠨᠠᠰᠤᠲᠠᠢ ᠦᠯᠡᠬᠦ᠂ ᠶᠢᠰᠦᠨ ᠨᠠᠰᠤ ᠲᠠᠢ ᠬᠤᠪᠢᠯᠠᠢ (ᠡᠨᠡ ᠬᠣᠶᠠᠷ ᠤ᠋ᠨ ᠨᠠᠰᠤ ᠶ᠋ᠢ ᠠᠨᠳᠠᠭᠤᠷᠠᠭᠰᠠᠨ ᠮᠠᠭᠠᠳ ᠂ᠬᠢᠨᠠᠭᠴᠢ ᠡᠴᠡ) ᠠᠩᠬ᠎ᠠ ᠠᠪᠠ ᠳ᠋ᠤ᠌ ᠭᠠᠷᠤᠭᠠᠳ ᠣᠯᠤᠭᠰᠠᠨ ᠠᠩ ᠬᠦᠷᠦᠭᠡ ᠪᠡᠨ ᠮᠠᠵᠢᠭᠣᠯᠬᠣ ᠰᠢᠭ᠋ ᠢ᠋ᠶ᠋ᠡᠷ ᠡᠪᠦᠭᠡ ᠡᠴᠢᠭᠡ ᠳ᠋ᠡᠭᠡᠨ ᠬᠤᠪᠢᠯᠠᠢ ᠨᠢᠭᠡ ᠲᠠᠤᠯᠠᠢ᠂ ᠦᠯᠡᠬᠦ ᠨᠢᠭᠡ ᠪᠤᠭᠤ ᠶ᠋ᠢ ᠴᠢᠷᠦᠨ ᠠᠪᠴᠢᠷᠠᠵᠤ ᠦᠵᠡᠭᠦᠯᠪᠡ᠃ ᠡᠭᠦᠨ ᠳ᠋ᠤ᠌ ᠮᠣᠩᠭᠣᠯ ᠤ᠋ᠨ ᠬᠠᠭᠤᠴᠢᠨ ᠳᠠᠳᠬᠠᠯ ᠢ᠋ᠶ᠋ᠠᠷ ᠬᠡᠢ ᠮᠣᠷᠢ ᠳᠡᠭᠳᠡᠬᠦ ᠶ᠋ᠢ ᠢᠷᠦᠭᠡᠵᠦ ᠠᠯᠠᠭᠰᠠᠨ ᠠᠩ ᠤ᠋ᠨ ᠥᠭᠡᠬᠦ ᠪᠡᠷ ᠠᠴᠢ ᠬᠥᠪᠡᠭᠦᠳ ᠦ᠋ᠨ ᠢ᠋ᠶ᠋ᠡᠨ ᠡᠷᠡᠬᠡᠢ ᠬᠤᠷᠤᠭᠤ ᠶ᠋ᠢ ᠮᠢᠯᠢᠶᠠᠵᠤ ᠥᠭᠬᠦ ᠶᠣᠰᠣᠲᠠᠢ ᠶᠤᠮ᠃ ᠴᠢᠩᠭᠢᠰ ᠬᠠᠭᠠᠨ ᠪᠠᠶᠠᠷᠯᠠᠨ ᠬᠥᠭᠡᠷᠴᠦ ᠰᠡᠳᠬᠢᠯ ᠨᠢ ᠰᠡᠷᠭᠦᠵᠦ ᠪᠡᠶ᠎ᠡ ᠪᠡᠷ ᠢ᠋ᠶ᠋ᠡᠨ ᠬᠣᠶᠠᠷ ᠠᠴᠢ ᠬᠥᠪᠡᠭᠦᠳ ᠲᠡᠭᠡᠨ ᠡᠨᠡᠬᠦ ᠶᠣᠰᠣ ᠪᠠᠷ ᠮᠢᠯᠢᠶᠠᠵᠤ ᠥᠭᠪᠡ᠃
ᠢᠷᠡᠭᠡᠳᠦᠢ ᠶ᠋ᠢᠨ ᠳᠤᠮᠳᠠᠳᠤ ᠠᠽᠢᠶ᠎ᠠ ᠶ᠋ᠢᠨ ᠡᠵᠡᠨ— ᠢᠯ ᠬᠠᠭᠠᠨ ᠤᠯᠤᠰ ᠢ᠋ ᠪᠠᠢᠭᠤᠯᠤᠭᠴᠢ ᠦᠯᠡᠬᠦ ᠂ ᠡᠪᠦᠭᠡ ᠡᠴᠢᠭᠡ ᠶ᠋ᠢᠨ ᠭᠠᠷ ᠢ᠋ ᠴᠢᠩᠭ᠎ᠠ ᠠᠳᠬᠤᠨ ᠠᠯᠢᠶᠠᠷᠬᠠᠵᠤ ᠪᠠᠢᠪᠠ᠃ ᠴᠢᠩᠭᠢᠰ ᠬᠠᠭᠠᠨ ᠢᠨᠢᠶᠡᠭᠰᠡᠭᠡᠷ
《ᠲᠠᠨᠠᠷ ᠦᠵᠡᠭᠡᠷᠡᠢ᠂ ᠮᠢᠨᠦ ᠠᠴᠢ ᠬᠥᠪᠡᠭᠦᠨ ᠮᠢᠨᠦ ᠭᠠᠷ ᠢ᠋ ᠶᠠᠭᠠᠬᠢᠨ ᠪᠤᠯᠢᠶᠠᠵᠤ ᠠᠪᠴᠤ ᠪᠠᠢᠬᠤ ᠪᠣᠢ 》ᠭᠡᠵᠦ ᠬᠡᠯᠡᠪᠡ᠃
ᠡᠭᠦᠨ ᠳ᠋ᠤ᠌᠂ ᠢᠷᠡᠭᠡᠳᠦᠢ ᠶ᠋ᠢᠨ ᠶᠡᠬᠡ ᠬᠠᠭᠠᠨ᠂ ᠲᠥᠷᠥ ᠶ᠋ᠢ ᠠᠳᠬᠤᠭᠰᠠᠨ ᠦᠶ᠎ᠡ ᠳ᠋ᠡᠭᠡᠨ ᠮᠣᠩᠭᠣᠯ ᠬᠠᠭᠠᠨᠲᠤ ᠤᠯᠤᠰ ᠢ᠋ ᠲᠤᠩ ᠶᠡᠬᠡ ᠬᠥᠭᠵᠢᠭᠦᠯᠵᠦ᠂ ᠨᠣᠮᠣᠬᠠᠨ ᠳᠠᠯᠠᠢ ᠡᠴᠡ ᠠᠳ᠋ᠷᠢᠶᠠᠲ ᠲᠠᠩᠭᠢᠰ ᠬᠦᠷᠲᠡᠯᠡᠬᠢ ᠶᠢᠷᠲᠢᠨᠴᠦ ᠶ᠋ᠢ ᠨᠣᠶᠠᠷᠬᠠᠭᠰᠠᠨ ᠬᠤᠪᠢᠯᠠᠢ᠂ ᠶᠡᠬᠡ ᠬᠢᠨᠠᠮᠠᠭᠠᠢ ᠮᠥᠷᠲᠡᠭᠡᠨ ᠡᠷᠬᠡ ᠰᠦᠷ ᠲᠡᠢ ᠣᠪᠣᠷ ᠢ᠋ᠶ᠋ᠠᠷ ᠠᠩᠬᠠᠷᠤᠯ ᠲᠠᠯᠪᠢᠵᠤ ᠭᠠᠷ ᠢ᠋ᠶ᠋ᠠᠨ ᠰᠤᠩᠭᠠᠭᠰᠠᠨ ᠳ᠋ᠤ᠌᠂ ᠴᠢᠩᠭᠢᠰ ᠬᠠᠭᠠᠨ ᠠᠴᠢ ᠬᠥᠪᠡᠭᠦᠨ ᠦ᠌ ᠪᠡᠨ ᠵᠦᠭ ᠬᠠᠨᠳᠤᠵᠤ
《ᠲᠠᠨᠠᠷ ᠬᠡᠷᠪᠡ ᠶᠠᠭᠠᠬᠢᠬᠤ ᠪᠠᠨ ᠮᠡᠳᠡᠬᠦ ᠦᠭᠡᠢ ᠦᠶ᠎ᠡ ᠳ᠋ᠤ᠌ ᠮᠢᠨᠦ ᠠᠴᠢ ᠬᠥᠪᠡᠭᠦᠨ ᠬᠤᠪᠢᠯᠠᠢ ᠡᠴᠡ ᠠᠰᠠᠭᠤ》 ᠭᠡᠵᠦ ᠬᠡᠯᠡᠪᠡ᠃
