ᠬᠠᠤᠯᠢ ᠨᠢ ᠭᠠᠤᠯᠢ ᠪᠣᠯᠵᠠᠢХуули нь гууль болжээ Khuuli ni guuli boljee
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2025-03-07
1586
ᠤᠷᠢᠳᠤ ᠨᠢᠭᠡᠨ ᠴᠠᠭ ᠲᠤ᠌᠂ ᠠᠭᠤᠵᠢᠮ ᠮᠣᠩᠭᠣᠯ ᠤ᠋ᠨ ᠣᠷᠣᠨ ᠳᠡᠭᠡᠷᠡᠬᠢ ᠲᠡᠷᠡ ᠨᠢᠭᠡᠨ ᠭᠠᠵᠠᠷ ᠲᠤ᠌᠂ ᠨᠢᠭᠡᠨ ᠰᠣᠬᠣᠷ ᠬᠤᠭᠤᠷᠴᠢ ᠪᠠᠢᠭᠰᠠᠨ ᠭᠡᠨ᠎ᠡ᠃ ᠲᠡᠷᠡ ᠬᠤᠭᠤᠷᠴᠢ ᠪᠣᠯ᠂ ᠨᠢᠭᠡ ᠵᠢᠯ ᠦ᠋ᠨ ᠭᠤᠷᠪᠠᠨ ᠵᠠᠭᠤ ᠵᠢᠷᠠᠨ ᠬᠣᠨᠣᠭ ᠲᠤ᠌ ᠬᠤᠭᠤᠷ ᠢ᠋ᠶ᠋ᠠᠨ ᠬᠤᠭᠤᠷᠳᠠᠵᠤ᠂ ᠬᠣᠲᠠ ᠵᠡᠭᠡᠯᠢ ᠶ᠋ᠢ ᠬᠡᠰᠦᠵᠦ᠂ ᠠᠢᠯ ᠬᠥᠳᠡᠭᠡ ᠶ᠋ᠢ ᠲᠣᠭᠣᠷᠢᠵᠤ ᠦᠯᠢᠭᠡᠷ ᠬᠡᠯᠡᠵᠦ ᠳᠠᠭᠤᠤ ᠳᠠᠭᠤᠯᠠᠵᠤ ᠶᠠᠪᠤᠳᠠᠭ ᠭᠡᠨ᠎ᠡ᠃ ᠡᠨᠡ ᠮᠡᠲᠦ ᠪᠡᠷ ᠬᠡᠴᠢᠨᠡᠨ ᠵᠢᠯ ᠪᠣᠯᠤᠭᠠᠳ ᠤᠳᠠᠭ᠎ᠠ...