ᠥᠨᠴᠥᠭ ᠲᠠᠢ ᠮᠠᠭᠲᠠᠭᠤ - ᠪᠠᠪᠤᠤ ᠶ᠋ᠢᠨ ᡀᠬᠠᠪᠠᠰᠥ᠋ᠷᠦᠩ Өнцөгтэй магтуу – Бавуугийн Лхагвасүрэн
ᠥᠨᠴᠥᠭ ᠲᠠᠢ ᠮᠠᠭᠲᠠᠭᠤ
ᠰᠠᠢᠬᠠᠨ ᠢ᠋ᠶ᠋ᠠᠨ ᠮᠡᠳᠡᠳᠡᠭ《ᠮᠡᠳᠡᠬᠦ ᠦᠭᠡᠢ》
ᠴᠢ ᠪᠣᠯᠭᠣᠮᠵᠢᠲᠠᠢ᠁
ᠪᠣᠯᠭᠣᠮᠵᠢ ᠠ᠋ᠴᠠ ᠪᠠᠨ ᠳᠤᠲᠠᠭᠰᠠᠨ《ᠭᠡᠨᠡᠨ》
ᠴᠢ ᠠᠭᠠᠰᠢ ᠲᠠᠢ᠁
ᠠᠭᠠᠰᠢᠨ ᠳ᠋ᠠᠭᠠᠨ ᠪᠠᠭᠠᠳᠠᠭᠰᠠᠨ《ᠬᠠᠢᠯᠤᠨ》
ᠴᠢ ᠬᠠᠲᠠᠭᠤ᠁
ᠬᠠᠲᠠᠭᠤ ᠳ᠋ᠠᠭᠠᠨ ᠪᠠᠭᠲᠠᠳᠠᠭ ᠦᠭᠡᠢ《ᠵᠥᠭᠡᠯᠡᠨ》
ᠴᠢ ᠬᠠᠷᠠᠮᠴᠢ᠁
ᠬᠠᠷᠠᠮᠨᠠᠬᠤ ᠳ᠋ᠠᠭᠠᠨ ᠮᠠᠷᠲᠠᠳᠠᠭ《ᠥᠭᠯᠢᠭᠡᠴᠢ》
ᠴᠢ ᠤᠬᠠᠭᠠᠨ ᠲᠠᠢ᠁
ᠪᠡᠶ᠎ᠡ ᠪᠡᠨ ᠳᠡᠢᠯᠳᠡᠭ ᠦᠭᠡᠢ《ᠤᠬᠠᠭᠠᠨᠲᠠᠢ》
2012 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
