ᠵᠠᠮᠤᠬ᠎ᠠ-ᠪᠢ ᠦᠬᠦᠬᠦ ᠪᠡᠷ ᠴᠢ ᠦᠬᠦ-ᠴᠢᠩᠭᠢᠰ ᠬᠠᠭᠠᠨ ᠊ᠤ᠌ ᠨᠢᠭᠤᠴᠠ ᠲᠡᠦᠬᠡ05Жамух-Би үххээр чи үх-Чингис хаан оо нууц түүх ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮᠤᠬ᠎ᠠ-ᠪᠢ ᠦᠬᠦᠬᠦ ᠪᠡᠷ ᠴᠢ ᠦᠬᠦ-ᠴᠢᠩᠭᠢᠰ ᠬᠠᠭᠠᠨ ᠊ᠤ᠌ ᠨᠢᠭᠤᠴᠠ ᠲᠡᠦᠬᠡ05Жамух-Би үххээр чи үх-Чингис хаан оо нууц түүх

ᠵᠠᠮᠤᠬ᠎ᠠ-ᠪᠢ ᠦᠬᠦᠬᠦ ᠪᠡᠷ ᠴᠢ ᠦᠬᠦ-ᠴᠢᠩᠭᠢᠰ ᠬᠠᠭᠠᠨ ᠊ᠤ᠌ ᠨᠢᠭᠤᠴᠠ ᠲᠡᠦᠬᠡ05Жамух-Би үххээр чи үх-Чингис хаан оо нууц түүх

ᠠᠩᠭᠢᠯᠠᠯ:ᠲᠡᠦᠬᠡ ᠰᠣᠶᠣᠯ
2025-03-22

911

ᠵᠠᠮᠤᠬ᠎ᠠ-ᠪᠢ ᠦᠬᠦᠬᠦ ᠪᠡᠷ ᠴᠢ ᠦᠬᠦ

ᠨᠠᠬᠤ ᠪᠠᠶᠠᠨ ᠤ᠋ ᠬᠥᠨᠳᠡᠢ ᠶ᠋ᠢ ᠤᠷᠤᠭᠤᠳᠠᠨ ᠲᠡᠮᠦᠵᠢᠨ ᠦ᠌ ᠴᠡᠷᠢᠭ ᠦ᠋ᠨ ᠬᠦᠷᠢᠶ᠎ᠡ ᠤᠷᠤᠭᠤ ᠣᠢᠷᠠᠲᠤᠬᠤ ᠪᠦᠷᠢ ᠬᠠᠨᠲᠡᠮᠦᠷ ᠦ᠋ᠨ ᠰᠡᠳᠬᠢᠯ ᠲᠦᠭᠰᠢᠬᠦ ᠨᠢ ᠨᠡᠮᠡᠭᠳᠡᠭᠰᠡᠭᠡᠷ ᠪᠠᠢᠪᠠ᠃ ᠲᠡᠮᠦᠵᠢᠨ ᠲᠡᠭᠦᠨ ᠢ᠋ ᠬᠡᠷᠬᠢᠨ ᠤᠭᠲᠤᠬᠤ ᠪᠣᠯ? ᠡᠵᠡᠨ ᠦ᠌ ᠬᠢᠨᠢ ᠦᠭᠡ ᠶ᠋ᠢ ᠬᠡᠷᠬᠢᠨ ᠬᠦᠯᠢᠶᠡᠵᠦ ᠠᠪᠬᠤ ᠪᠣᠯ ᠭᠡᠬᠦ ᠡᠴᠡ ᠲᠡᠷᠡ ᠶᠤᠮ᠃ ᠵᠠᠮᠤᠬ᠎ᠠ ᠶ᠋ᠢᠨ ᠠᠭᠠᠰᠢ ᠵᠠᠩ᠂ ᠰᠢᠢᠳᠪᠦᠷᠢ ᠨᠢ ᠲᠡᠭᠦᠨ ᠳ᠋ᠦ᠍ ᠰᠠᠢᠨ ᠣᠢᠯᠠᠭᠠᠭᠳᠠᠬᠤ ᠦᠭᠡᠢ ᠪᠦᠷ ᠠᠷᠭ᠎ᠠ ᠪᠠᠨ ᠪᠠᠷᠠᠵᠤ ᠮᠤᠬᠤᠷᠳᠠᠭᠰᠠᠨ ᠬᠥᠮᠦᠨ ᠦ᠌ ᠦᠢᠯᠡ ᠰᠢᠭ ᠯᠡ ᠰᠠᠨᠠᠭᠳᠠᠨ᠎ᠠ᠃ ᠵᠠᠮᠤᠬ᠎ᠠ ᠬᠠᠷᠠᠬᠤ ᠳ᠋ᠤ᠌ ᠳᠣᠭᠰᠢᠨ ᠰᠦᠷᠯᠢᠭ ᠴᠦ᠍ ᠰᠡᠳᠬᠢᠯ ᠦ᠋ᠨ ᠴᠠᠭᠠᠳᠤ ᠦᠵᠦᠭᠦᠷ ᠨᠢ ᠤᠶᠠᠷᠠᠭᠤ ᠵᠥᠭᠡᠯᠡᠨ ᠭᠡᠳᠡᠭ ᠢ᠋ ᠬᠠᠨᠲᠡᠮᠦᠷ ᠰᠠᠢᠨ ᠮᠡᠳᠡᠨ᠎ᠡ᠃ ᠬᠣᠷᠢᠭᠠᠳ ᠵᠢᠯ ᠲᠡᠮᠦᠵᠢᠨ ᠲᠡᠢ ᠠᠮᠢ ᠥᠷᠢᠰᠦᠨ ᠲᠤᠯᠤᠯᠳᠤᠵᠤ ᠳᠠᠢᠰᠤᠩᠨᠠᠭᠰᠠᠨ ᠮᠥᠷᠲᠡᠭᠡᠨ ᠡᠴᠦᠰ ᠢ᠋ ᠬᠦᠷᠲᠡᠯ᠎ᠡ ᠦᠵᠡᠯᠴᠡᠬᠦ ᠡᠴᠡ ᠵᠠᠢᠯᠠᠰᠬᠢᠨ ᠰᠡᠭᠦᠯᠴᠢ ᠶ᠋ᠢᠨ ᠬᠣᠯᠪᠣᠭᠠᠲᠠᠨ ᠨᠠᠢ᠍ᠮᠠᠨ ᠤ᠋ ᠲᠠᠶᠠᠨ ᠬᠠᠨ ᠠ᠋ᠴᠠ ᠰᠠᠯᠬᠤ ᠪᠠᠷ ᠰᠢᠢᠳᠦᠭᠰᠡᠨ ᠢ᠋ ᠪᠦᠷ ᠣᠢᠯᠠᠭᠠᠵᠤ ᠶᠠᠳᠠᠪᠠ᠃ ᠲᠡᠭᠦᠨ ᠡᠴᠡ ᠰᠠᠯᠤᠭᠠᠳ ᠬᠠᠮᠢᠭ᠎ᠠ ᠣᠴᠢᠬᠤ ᠶᠤᠮ ᠪᠣᠯ? ᠬᠠᠨᠲᠡᠮᠦᠷ ᠥᠪᠡᠷ ᠡᠴᠡ ᠪᠡᠨ ᠢᠩᠭᠢᠵᠦ ᠠᠰᠠᠭᠤᠪᠠᠴᠤ ᠬᠠᠷᠢᠭᠤ ᠦᠯᠦ ᠣᠯᠳᠠᠨ᠎ᠠ᠃ ᠡᠨᠡ ᠠᠰᠠᠭᠤᠯᠲᠠ ᠶ᠋ᠢᠨ ᠬᠠᠷᠢᠭᠤ ᠶ᠋ᠢ ᠵᠠᠮᠤᠬ᠎ᠠ ᠡᠵᠡᠨ ᠨᠢ ᠥᠪᠡᠷ ᠢ᠋ᠶ᠋ᠡᠨ ᠮᠡᠳᠡᠬᠦ ᠦᠭᠡᠢ ᠪᠠᠢᠭ᠎ᠠ ᠶ᠋ᠢ ᠬᠠᠨᠲᠡᠮᠦᠷ ᠭᠠᠳᠠᠷᠯᠠᠭᠰᠠᠨ ᠦᠭᠡᠢ᠃
ᠲᠣᠯᠣᠭᠠᠢ ᠶ᠋ᠢᠨ ᠬᠠᠷᠠᠭᠤᠯ ᠤ᠋ᠨ ᠳᠡᠷᠭᠡᠳᠡ ᠣᠴᠢᠭᠠᠳ ᠯᠠ ᠲᠡᠮᠦᠵᠢᠨ ᠶᠠᠮᠠᠷ ᠵᠠᠩ ᠪᠠᠢᠭ᠎ᠠ ᠶ᠋ᠢ᠂ ᠲᠠᠶᠠᠨ ᠬᠠᠨ ᠶᠠᠭᠤᠨ ᠠ᠋ᠴᠠ ᠠᠶᠤᠵᠤ ᠰᠦᠷᠳᠡᠭᠰᠡᠨ ᠢ᠋ ᠬᠠᠨᠲᠡᠮᠦᠷ ᠮᠡᠳᠡᠯ᠎ᠡ᠃ ᠲᠡᠮᠦᠵᠢᠨ ᠦ᠌ ᠴᠡᠷᠢᠭ ᠬᠥᠮᠦᠨ ᠡᠴᠡ ᠪᠡᠨ ᠣᠯᠠᠨ ᠲᠦᠳᠡᠭ ᠢ᠋ ᠬᠥᠨᠳᠡᠢ ᠳᠦᠭᠦᠷᠲᠡᠯ᠎ᠡ ᠠᠰᠠᠭᠠᠭᠰᠠᠨ ᠨᠢ ᠲᠠᠶᠠᠨ ᠬᠠᠨ ᠢ᠋ ᠲᠡᠭᠡᠵᠦ ᠠᠶᠤᠨ ᠰᠦᠷᠳᠡᠬᠦ ᠳ᠋ᠦ᠍ ᠬᠦᠷᠭᠡᠵᠡᠢ᠃《ᠵᠠᠮᠤᠬ᠎ᠠ ᠶ᠋ᠢᠨ ᠡᠯᠴᠢ》 ᠭᠡᠰᠡᠨ ᠦᠭᠡ ᠶ᠋ᠢ ᠬᠠᠷᠠᠭᠤᠯ ᠤ᠋ᠳ ᠦᠭᠡ ᠳᠠᠭᠤ ᠦᠭᠡᠢ ᠰᠣᠨᠣᠰᠤᠭᠠᠳ ᠲᠣᠯᠣᠭᠠᠢ ᠳ᠋ᠤᠨᠢ ᠤᠭᠤᠲᠠ ᠤᠭᠯᠠᠵᠤ ᠬᠠᠮᠢᠭᠠᠰᠢ ᠪᠠᠨ ᠴᠤ᠌ ᠶᠤᠮ ᠬᠥᠲᠥᠯᠦᠨ ᠶᠠᠪᠤᠪᠠ᠃ ᠮᠣᠷᠢᠨ ᠤ᠋ ᠶᠠᠪᠤᠳᠠᠯ ᠢ᠋ᠶ᠋ᠠᠷ ᠲᠡᠳᠡ ᠠᠭᠤᠯᠠ ᠥᠭᠰᠥᠵᠦ ᠪᠠᠢᠭ᠎ᠠ ᠨᠢ ᠮᠡᠳᠡᠭᠳᠡᠨ᠎ᠡ᠃ ᠶᠠᠪᠤᠵᠤ ᠶᠠᠪᠤᠵᠤ ᠮᠣᠷᠢᠨ ᠠ᠋ᠴᠠ ᠪᠠᠭᠤᠯᠭᠠᠭᠠᠳ ᠤᠭᠤᠲᠠ ᠪᠠᠨ ᠠᠪᠤᠯ᠎ᠠ᠃ ᠮᠣᠳᠣ ᠲᠠᠢ ᠵᠢᠵᠢᠭ ᠲᠣᠯᠣᠭᠠᠢ ᠶ᠋ᠢᠨ ᠥᠪᠥᠷ ᠲᠦ᠍ ᠪᠠᠷᠢᠭᠰᠠᠨ ᠠᠰᠠᠷ ᠤ᠋ᠨ ᠡᠭᠦᠳᠡᠨ ᠳ᠋ᠦ᠍ ᠢᠷᠡᠵᠢ᠃ ᠡᠨᠡ ᠯᠠᠪᠲᠠᠢ ᠲᠡᠮᠦᠵᠢᠨ ᠦ᠌ ᠠᠰᠠᠷ ᠪᠣᠢ ᠵ᠎ᠠ᠃ ᠠᠰᠠᠷ ᠢ᠋ ᠲᠣᠷᠭᠠᠨ ᠴᠡᠷᠢᠭ ᠦ᠋ᠳ ᠰᠢᠪᠡᠭᠡᠯᠡᠨ ᠲᠣᠭᠣᠷᠢᠵᠤ ᠵᠣᠭᠰᠣᠵᠠᠢ᠃ ᠲᠡᠳᠡ ᠯᠠᠪᠰᠠᠨ ᠣᠷᠣᠬᠤ ᠴᠠᠰᠤᠨ ᠳᠣᠣᠷ᠎ᠠ ᠣᠭᠲᠣ ᠬᠥᠳᠡᠯᠬᠦ ᠦᠭᠡᠢ ᠵᠣᠭᠰᠣᠬᠤ ᠨᠢ ᠣᠯᠠᠨ ᠬᠥᠮᠦᠨ ᠴᠢᠯᠠᠭᠤ ᠡᠩᠨᠡᠭᠦᠯᠦᠨ ᠲᠠᠯᠪᠢᠭᠰᠠᠨ ᠮᠡᠲᠦ ᠰᠠᠨᠠᠭᠳᠠᠪᠠ᠃ ᠠᠰᠠᠷ ᠤ᠋ᠨ ᠣᠩᠭᠣᠷᠬᠠᠢ ᠡᠭᠦᠳᠡ ᠪᠡᠷ ᠭᠠᠯ ᠤ᠋ᠨ ᠭᠡᠷᠡᠯ ᠤᠯᠠᠯᠵᠠᠨ᠎ᠠ᠃ ᠬᠠᠨᠲᠡᠮᠦᠷ ᠢ᠋ ᠬᠡᠰᠡᠭ ᠬᠦᠯᠢᠶᠡᠯᠭᠡᠭᠡᠳ ᠪᠤᠴᠠᠨ ᠭᠠᠷᠴᠤ ᠢᠷᠡᠭᠰᠡᠨ ᠬᠥᠮᠦᠨ ᠰᠡᠯᠡᠮ᠎ᠡ ᠶ᠋ᠢ ᠨᠢ ᠮᠤᠯᠲᠤᠯᠤᠨ ᠠᠪᠴᠤ ᠠᠷᠤ ᠠ᠋ᠴᠠ ᠲᠦᠯᠬᠢᠭᠰᠡᠨ ᠨᠢ ᠣᠷᠣ ᠭᠡᠰᠡᠨ ᠦᠭᠡ ᠪᠣᠯᠤᠯᠲᠠᠢ᠃
ᠠᠰᠠᠷ  ᠲᠤ᠌ ᠳᠤᠯᠠᠭᠠᠨ ᠭᠡᠷᠡᠯ ᠲᠡᠢ ᠠᠵᠢ᠃ ᠠᠰᠠᠷ ᠤ᠋ᠨ ᠬᠣᠢᠮᠣᠷ  ᠲᠤ᠌ ᠲᠡᠮᠦᠵᠢᠨ ᠬᠣᠭᠣᠯᠠ ᠢᠳᠡᠵᠦ ᠰᠠᠭᠤᠨ᠎ᠠ᠃ ᠠᠷᠠᠭᠠᠨ ᠤ᠋ ᠰᠢᠯᠦᠰᠦ ᠠᠰᠬᠠᠷᠠᠵᠤ ᠠᠮᠠᠨ ᠳ᠋ᠤᠨᠢ ᠳᠦᠭᠦᠷᠬᠦ ᠳ᠋ᠦ᠍ ᠥᠨᠥᠳᠥᠷ ᠣᠯᠢᠭ ᠲᠠᠢ ᠬᠣᠭᠣᠯᠠ ᠢᠳᠡᠭᠡ ᠦᠭᠡᠢ ᠨᠢ ᠪᠣᠳᠣᠭᠳᠠᠪᠠ᠃ ᠪᠠᠷᠠᠭᠤᠨ ᠲᠠᠯ᠎ᠠ ᠳ᠋ᠤ᠌ ᠬᠤᠶᠠᠭ ᠳᠤᠭᠤᠯᠠᠭ᠎ᠠ ᠲᠠᠢ᠂ ᠬᠠᠳᠠ ᠴᠢᠯᠠᠭᠤ ᠰᠢᠭ᠋ ᠡᠷ᠎ᠡ ᠬᠥᠷᠯᠥᠢᠨ ᠬᠠᠷᠠᠭᠳᠠᠬᠤ ᠨᠢ ᠬᠠᠰᠠᠷ ᠮᠥᠨ ᠭᠡᠳᠡᠭ ᠢ᠋ ᠲᠡᠷᠡ ᠲᠠᠨᠢᠨ᠎ᠠ᠃ ᠬᠠᠷᠢᠨ ᠵᠡᠭᠦᠨ ᠲᠠᠯ᠎ᠠ ᠳ᠋ᠤᠨᠢ ᠬᠣᠷᠢᠨ ᠬᠡᠳᠦ ᠲᠡᠢ᠂ ᠡᠮᠡᠭᠲᠡᠢ ᠬᠥᠮᠦᠨ ᠰᠢᠭ ᠦᠵᠡᠰᠬᠦᠯᠡᠩᠲᠡᠢ ᠴᠢᠷᠠᠢ ᠲᠠᠢ᠂ ᠥᠨᠳᠥᠷ ᠭᠤᠸᠠᠯᠢᠭ ᠪᠡᠶ᠎ᠡ ᠲᠡᠢ ᠵᠥᠴᠢ ᠵᠣᠭᠰᠣᠵᠤ ᠪᠠᠢᠬᠤ ᠠᠵᠢ᠃ ᠲᠡᠮᠦᠵᠢᠨ ᠬᠠᠨᠲᠡᠮᠦᠷ ᠢ᠋ ᠬᠠᠷᠠᠭᠰᠠᠨ ᠴᠤ᠌ ᠳᠤᠤᠭᠠᠷᠤᠭᠰᠠᠨ ᠦᠭᠡᠢ᠃ ᠬᠥᠯ ᠬᠦᠨᠳᠦ ᠲᠡᠢ ᠪᠥᠷᠲᠡ ᠶ᠋ᠢ ᠮᠡᠷᠭᠢᠳ ᠡᠴᠡ ᠪᠤᠴᠠᠭᠠᠵᠤ ᠪᠤᠯᠢᠶᠠᠨ ᠠᠪᠤᠭᠰᠠᠨ ᠤ᠋ ᠳᠠᠷᠠᠭ᠎ᠠ ᠲᠡᠮᠦᠵᠢᠨ᠂ ᠵᠠᠮᠤᠬ᠎ᠠ ᠨᠠᠷ ᠵᠢᠯ ᠬᠠᠭᠠᠰ ᠴᠣᠭ ᠠᠮᠢᠳᠤᠷᠠᠭᠰᠠᠨ ᠲᠤᠯᠠ ᠬᠠᠨᠲᠡᠮᠦᠷ ᠲᠡᠢ ᠪᠦᠭᠦᠳᠡ ᠰᠠᠢᠨ ᠲᠠᠨᠢᠯ᠃ ᠪᠠᠰᠠ ᠵᠠᠮᠤᠬ᠎ᠠ ᠶ᠋ᠢᠨ ᠰᠢᠳᠠᠷ ᠤ᠋ᠨ ᠬᠤᠪᠢ ᠳ᠋ᠤ᠌ ᠬᠦᠨᠳᠦᠳᠬᠡᠯ ᠲᠡᠢ ᠬᠠᠨᠳᠤᠵᠤ ᠪᠠᠢᠭᠰᠠᠨ ᠪᠢᠯᠡ᠃ ᠲᠡᠢᠮᠦ ᠴᠦ᠍ ᠤᠴᠢᠷ ᠠ᠋ᠴᠠ ᠵᠠᠮᠤᠬ᠎ᠠ ᠶ᠋ᠢᠨ ᠡᠯᠴᠢ ᠭᠡᠵᠦ ᠲᠡᠭᠦᠨ ᠢ᠋ ᠢᠲᠡᠭᠡᠵᠦ ᠪᠠᠢᠯ᠎ᠠ᠃
— ᠵᠠᠮᠤᠬ᠎ᠠ ᠡᠵᠡᠨ ᠲᠠᠨ ᠳ᠋ᠤ᠌ ᠰᠢᠯᠦᠭ ᠵᠠᠷᠤᠵᠤ ᠨᠠᠮᠠᠶ᠋ᠢ ᠢᠯᠡᠭᠡᠪᠡ ᠭᠡᠳ ᠬᠠᠨᠲᠡᠮᠦᠷ ᠶᠣᠰᠣ ᠪᠠᠨ ᠳᠠᠭᠠᠨ ᠰᠥᠬᠥᠷᠡᠬᠦ ᠳ᠋ᠦ᠍ ᠬᠤᠶᠠᠭ ᠳᠤᠭᠤᠯᠠᠭ᠎ᠠ ᠨᠢ ᠬᠠᠩᠭᠢᠨᠠᠵᠤ ᠡᠪᠦᠳᠦᠭ ᠳᠣᠣᠷ᠎ᠠ ᠨᠢ ᠭᠠᠵᠠᠷ ᠲᠤᠷᠭᠢᠬᠤ ᠰᠢᠭ᠋ ᠪᠣᠯᠵᠠᠢ᠃ ᠬᠠᠨᠲᠡᠮᠦᠷ ᠪᠣᠯ ᠰᠠᠢᠨ ᠳᠣᠯᠣᠭᠠᠨ ᠲᠣᠬᠣᠢ ᠥᠨᠳᠥᠷ ᠨᠢᠷᠤᠭᠤ ᠲᠠᠢ ᠬᠦᠳᠡᠷ ᠡᠷ᠎ᠡ ᠪᠢᠯᠡ᠃ ᠬᠠᠨᠲᠡᠮᠦᠷ ᠤᠭ ᠨᠢ《ᠬᠥᠷ ᠬᠠᠭᠠᠨ ᠵᠠᠮᠤᠬ᠎ᠠ》 ᠭᠡᠵᠦ ᠬᠡᠯᠡᠬᠦ ᠪᠡᠷ ᠠᠮᠠᠨ ᠳᠡᠭᠡᠷ᠎ᠡ ᠨᠢ ᠭᠠᠷᠴᠤ ᠢᠷᠡᠭᠰᠡᠨ ᠪᠣᠯᠪᠠᠴᠤ ᠲᠡᠮᠦᠵᠢᠨ ᠦ᠌ ᠳᠤᠷ᠎ᠠ ᠦᠭᠡᠢᠴᠡᠯ ᠵᠢᠪᠡᠭᠦᠴᠡᠯ ᠢ᠋ ᠲᠥᠷᠥᠭᠦᠯᠬᠦ ᠪᠣᠢ ᠭᠡᠵᠦ ᠡᠮᠢᠶᠡᠬᠦ ᠤᠴᠢᠷ ᠢᠩᠭᠢᠵᠦ ᠲᠦᠪᠡᠭᠳᠡᠭᠰᠡᠨ ᠦᠭᠡᠢ᠃ ᠪᠠᠰᠠ《ᠴᠢᠩᠭᠢᠰ ᠬᠠᠭᠠᠨ》 ᠭᠡᠵᠦ ᠴᠦ᠍ ᠬᠡᠯᠡᠭᠰᠡᠨ ᠦᠭᠡᠢ᠃
ᠵᠠᠮᠤᠬ᠎ᠠ ᠶ᠋ᠢᠨ ᠴᠡᠭᠡᠵᠢᠯᠡᠭᠦᠯᠦᠭᠰᠡᠨ ᠰᠢᠯᠦᠭ ᠢ᠋ ᠲᠡᠮᠦᠵᠢᠨ ᠰᠣᠨᠣᠰᠤᠭᠠᠳ ᠦᠭᠡ ᠬᠡᠯᠡᠭᠰᠡᠨ ᠦᠭᠡᠢ᠃ ᠭᠠᠷ ᠤ᠋ᠨ ᠲᠣᠰᠣ ᠶ᠋ᠢ ᠳᠣᠲᠣᠭᠤᠷ ᠬᠣᠷᠮᠣᠢ ᠳ᠋ᠤ᠌ ᠠᠷᠴᠢᠨ ᠪᠣᠳᠣᠯ ᠪᠣᠯᠵᠤ ᠰᠢᠭᠡᠵᠡᠢ ᠬᠤᠷᠤᠭᠤ ᠪᠠᠷ ᠰᠢᠲᠦ ᠪᠡᠨ ᠰᠢᠭᠡᠵᠡᠢᠯᠡᠨ᠎ᠡ
— ᠴᠢ ᠳᠠᠬᠢᠭᠠᠳ ᠬᠡᠯᠡ᠃ ᠴᠢᠩᠭᠢᠰ ᠬᠠᠭᠠᠨ ᠰᠣᠨᠣᠰᠴᠤ ᠪᠠᠢᠨ᠎ᠠ ᠭᠡᠵᠦ ᠲᠡᠮᠦᠵᠢᠨ ᠢ᠋ ᠲᠥᠯᠥᠭᠡᠯᠡᠨ ᠳᠤᠤᠭᠠᠷᠤᠭᠰᠠᠨ ᠨᠢ ᠲᠡᠭᠦᠨ ᠦ᠌ ᠡᠷᠬᠡ ᠮᠠᠲᠠᠯ ᠢ᠋ ᠢᠯᠡᠳᠬᠡᠨ᠎ᠡ᠃ ᠬᠠᠰᠠᠷ ᠤ᠋ᠨ ᠦᠭᠡ ᠬᠡᠯᠡᠬᠦ᠂ ᠲᠡᠮᠦᠵᠢᠨ ᠳ᠋ᠦ᠍ ᠬᠠᠨᠳᠤᠵᠤ ᠪᠣᠢ ᠶᠣᠰᠣᠷᠬᠠᠭ ᠪᠠᠢᠳᠠᠯ ᠵᠡᠷᠭᠡ ᠨᠢ ᠴᠣᠭ ᠠᠮᠢᠳᠤᠷᠠᠭᠰᠠᠨ ᠦᠶ᠎ᠡ ᠡᠴᠡ ᠡᠷᠡᠰ ᠥᠭᠡᠷᠡᠴᠢᠯᠡᠭᠳᠡᠭᠰᠡᠨ ᠢ᠋ ᠬᠠᠨᠲᠡᠮᠦᠷ ᠰᠠᠶᠢ ᠯᠠ ᠠᠩᠵᠠᠭᠠᠷᠠᠯ᠎ᠠ᠃ ᠥᠪᠡᠷ ᠢ᠋ᠶ᠋ᠡᠨ ᠶᠠᠭᠠᠬᠢᠬᠤ ᠶᠣᠰᠣᠲᠠᠢ ᠪᠠᠨ ᠴᠤ᠌ ᠤᠬᠠᠭᠠᠷᠠᠪᠠ᠃ ᠲᠡᠭᠡᠭᠡᠳ ᠡᠪᠦᠳᠦᠭ ᠢ᠋ᠶ᠋ᠡᠷ ᠶᠠᠪᠤᠵᠤ ᠵᠢᠭᠠᠬᠠᠨ ᠤᠷᠤᠭᠰᠢᠯᠠᠨ ᠲᠡᠮᠦᠵᠢᠨ ᠳ᠋ᠦ᠍ ᠣᠢᠷᠠᠲᠤᠵᠤ ᠠᠩᠬᠠᠷᠤᠯ ᠢ᠋ ᠨᠢ ᠥᠪᠡᠷ ᠲᠡᠭᠡᠨ ᠲᠠᠲᠠᠬᠤ ᠶ᠋ᠢ ᠬᠢᠴᠢᠶᠡᠪᠡ᠃ ᠬᠠᠷᠢᠨ ᠵᠥᠴᠢ ᠲᠡᠭᠦᠨ ᠢ᠋ ᠢᠩᠭᠢᠬᠦ ᠳ᠋ᠦ᠍ ᠰᠡᠯᠡᠮ᠎ᠡ ᠪᠡᠨ ᠰᠤᠭᠤᠯᠤᠨ ᠡᠮᠦᠨ᠎ᠡ ᠪᠡᠨ ᠪᠠᠷᠢᠪᠠ᠃ ᠮᠡᠷᠭᠢᠳ ᠦ᠋ᠨ ᠡᠨᠡ ᠬᠥᠪᠡᠭᠦᠨ ᠲᠡᠮᠦᠵᠢᠨ ᠦ᠌ ᠦᠨᠡᠨᠴᠢ ᠢᠲᠡᠭᠡᠯᠲᠡᠢ ᠰᠢᠳᠠᠷ ᠪᠣᠯᠤᠭᠰᠠᠨ ᠨᠢ ᠢᠯᠡᠳᠲᠡ ᠠᠵᠢ᠃ ᠬᠠᠷᠢᠨ ᠲᠡᠮᠦᠵᠢᠨ ᠬᠠᠨᠲᠡᠮᠦᠷ ᠢ᠋ ᠬᠥᠮᠦᠨ ᠴᠢᠨᠡᠭᠡ ᠰᠠᠨᠠᠵᠤ ᠳᠠᠬᠢᠨ ᠬᠠᠷᠠᠴᠠ ᠲᠤᠰᠬᠠᠭᠰᠠᠨ ᠦᠭᠡᠢ᠃
— ᠴᠢᠩᠭᠢᠰ ᠬᠠᠭᠠᠨ᠃ ᠵᠠᠮᠤᠬ᠎ᠠ ᠡᠵᠡᠨ ᠲᠠᠨ ᠳ᠋ᠤ᠌ ᠡᠢᠨ ᠬᠡᠯᠡᠭᠦᠯᠪᠡ᠃
ᠲᠡᠷᠡ ᠵᠠᠮᠤᠬ᠎ᠠ ᠶ᠋ᠢᠨ ᠴᠡᠭᠡᠵᠢᠯᠡᠭᠦᠯᠦᠭᠰᠡᠨ ᠰᠢᠯᠦᠭ ᠢ᠋ ᠲᠣᠳᠣ ᠪᠠᠷ ᠳᠠᠪᠲᠠᠨ ᠬᠡᠯᠡᠭᠡᠳ ᠬᠠᠷᠢᠭᠤ ᠬᠦᠯᠢᠶᠡᠨ ᠲᠣᠩᠭᠣᠢᠪᠠ᠃ ᠨᠠᠮ ᠭᠦᠮ ᠪᠣᠯᠤᠯ᠎ᠠ᠃ ᠵᠥᠪᠬᠡᠨ ᠭᠠᠯ ᠠᠰᠠᠵᠤ ᠳᠥᠯᠥ ᠨᠢ ᠳᠦᠷᠡᠯᠵᠡᠬᠦ ᠲᠡᠳᠦᠢ ᠴᠢᠮᠡᠭᠡ ᠯᠡ ᠰᠣᠨᠣᠰᠤᠭᠳᠠᠨ᠎ᠠ᠃
— ᠴᠢ ᠳᠠᠬᠢᠭᠠᠳ ᠬᠡᠯᠡ ᠭᠡᠵᠦ ᠲᠡᠮᠦᠵᠢᠨ ᠶᠠᠭ ᠰᠠᠭᠤᠭᠰᠠᠨ ᠴᠢᠭ ᠢ᠋ᠶ᠋ᠡᠷ ᠭᠡᠨᠡᠳᠲᠡ ᠬᠡᠯᠡᠬᠦ ᠳ᠋ᠦ᠍ ᠬᠠᠨᠲᠡᠮᠦᠷ ᠰᠣᠴᠢᠵᠠᠢ᠃ ᠲᠡᠮᠦᠵᠢᠨ ᠢ᠋ ᠡᠢᠮᠦ ᠲᠣᠳᠣ ᠭᠡᠷᠡᠯᠲᠡᠢ ᠰᠢᠷ᠎ᠠ ᠨᠢᠳᠦᠲᠡᠢ ᠭᠡᠳᠡᠭ ᠢ᠋ ᠲᠡᠷᠡ ᠶᠡᠷᠦ ᠡᠴᠡ ᠠᠩᠵᠠᠭᠠᠷᠠᠭ᠎ᠠ ᠦᠭᠡᠢ ᠪᠢᠯᠡ᠃ ᠲᠡᠮᠦᠵᠢᠨ ᠦ᠌ ᠬᠣᠭᠣᠯᠠᠢ ᠰᠥᠭᠡᠵᠦ ᠳᠠᠭᠤ ᠨᠢ ᠲᠠᠨᠢᠭᠳᠠᠬᠤ ᠶ᠋ᠢᠨ ᠠᠷᠭ᠎ᠠ ᠦᠭᠡᠢ ᠪᠣᠯᠵᠠᠢ᠃ ᠲᠡᠮᠦᠵᠢᠨ ᠲᠡᠭᠦᠨ ᠢ᠋ ᠬᠠᠷᠠᠨ᠎ᠠ᠃ ᠲᠡᠮᠦᠵᠢᠨ ᠦ᠌ ᠡᠨᠡ ᠠᠶᠤᠮᠰᠢᠭᠲᠤ ᠬᠠᠷᠠᠴᠠ ᠨᠢᠳᠦ ᠶ᠋ᠢ ᠨᠢ ᠰᠣᠬᠣᠯᠬᠤ ᠰᠢᠭ᠋ ᠪᠣᠯᠬᠤ ᠳ᠋ᠤ᠌ ᠥᠪᠡᠷ ᠦ᠋ᠨ ᠡᠷᠬᠡ ᠦᠭᠡᠢ ᠬᠠᠷᠠᠴᠠ ᠳᠠᠯᠳᠢᠷᠠᠪᠠ᠃
— ᠳᠠᠶᠠᠨ ᠬᠠᠨ ᠴᠢᠮ᠎ᠠ ᠠ᠋ᠴᠠ ᠠᠶᠤᠵᠤ
ᠲᠠᠢᠭ᠎ᠠ ᠠᠭᠤᠯᠠᠨ ᠳ᠋ᠤ᠌ ᠰᠢᠷᠭᠤᠵᠤ ᠣᠷᠣᠪᠠ᠁
     ᠬᠠᠨᠲᠡᠮᠥᠷ ᠡᠨᠡ ᠤᠳᠠᠭ᠎ᠠ ᠡᠬᠢᠨ ᠦ᠌ ᠬᠢ ᠰᠢᠭ ᠴᠢᠩᠭ᠎ᠠ ᠪᠢᠰᠢ᠂ ᠬᠠᠷᠢᠨ ᠠᠭᠠᠵᠢᠭᠤᠬᠠᠨ ᠪᠥᠭᠡᠳ ᠲᠣᠭᠲᠠᠭᠤᠨ ᠲᠣᠳᠣ ᠳᠠᠭᠤ ᠪᠠᠷ ᠨᠢᠭᠡ ᠴᠦ᠍ ᠬᠡᠭᠡᠯ ᠦᠭᠡᠢ  ᠳᠠᠭᠤᠰᠲᠠᠯ᠎ᠠ ᠨᠢ ᠤᠩᠰᠢᠬᠤ ᠳ᠋ᠠᠭᠠᠨ ᠡᠨᠡ ᠰᠢᠯᠦᠭ ᠦ᠋ᠨ ᠴᠠᠭᠠᠨ᠎ᠠ ᠨᠢᠭᠤᠭᠳᠠᠬᠤ ᠤᠴᠢᠷ ᠢ᠋ ᠣᠢᠯᠠᠭᠠᠬᠤ ᠭᠡᠵᠦ ᠬᠢᠴᠢᠶᠡᠵᠦ ᠪᠣᠢ ᠲᠡᠮᠦᠵᠢᠨ ᠳ᠋ᠦ᠍ ᠲᠤᠰᠠ ᠪᠣᠯᠬᠤ ᠪᠠᠷ ᠠᠶᠠᠳᠠᠭᠤ ᠤᠶᠠᠩᠭᠠᠯᠢᠭ ᠢ᠋ᠶ᠋ᠠᠷ ᠳᠠᠪᠲᠠᠪᠠ᠃ ᠲᠡᠭᠦᠨ ᠢ᠋ ᠤᠩᠰᠢᠵᠤ ᠪᠠᠢᠬᠤ ᠳ᠋ᠤ᠌《ᠬᠥᠷ ᠬᠠᠭᠠᠨ》 ᠭᠡᠬᠦ ᠦᠭᠡ ᠰᠣᠨᠣᠰᠤᠭᠠᠳ ᠲᠡᠮᠦᠵᠢᠨ ᠦ᠌ ᠬᠠᠷᠠᠭ᠎ᠠ ᠤᠯᠠᠮ ᠬᠤᠷᠴᠠ ᠪᠣᠯᠬᠤ ᠰᠢᠭ᠋ ᠪᠣᠯᠤᠭᠰᠠᠨ ᠤ᠋ ᠵᠡᠷᠭᠡᠴᠡᠭᠡ《ᠤᠷᠠᠯᠴᠠᠬᠤ ᠴᠠᠭ ᠴᠤ᠌ ᠲᠣᠬᠢᠶᠠᠨ᠎ᠠ ᠪᠢᠵᠡ》 ᠭᠡᠮᠡᠨ ᠳᠠᠭᠤᠰᠬᠤ ᠦᠶ᠎ᠡ ᠳ᠋ᠦ᠍ ᠰᠢᠨᠠ ᠶ᠋ᠢᠨ ᠬᠢᠨᠢ ᠪᠤᠯᠴᠢᠩ ᠭᠦᠷᠡᠯᠵᠡᠨ ᠵᠠᠩᠭᠢᠷᠴᠤ ᠰᠢᠲᠦ ᠵᠠᠭᠤᠬᠤ ᠨᠢ ᠠᠩᠵᠠᠭᠠᠷᠠᠳᠠᠭᠰᠠᠨ ᠲᠤᠯᠠ ᠬᠠᠨᠳᠡᠮᠥᠷ ᠪᠠᠭ᠎ᠠ ᠦᠭᠡᠢ ᠡᠮᠢᠶᠡᠵᠡᠢ᠃
    — ᠥᠭᠡᠷ᠎ᠡ ᠶᠠᠭᠤ ᠭᠡᠵᠦ ᠬᠡᠯᠡᠭᠦᠯᠪᠡ? ᠭᠡᠵᠦ ᠲᠡᠮᠦᠵᠢᠨ ᠠᠰᠠᠭᠤᠭᠰᠠᠨ ᠨᠢ ᠵᠠᠮᠤᠬ᠎ᠠ ᠶ᠋ᠢᠨ ᠰᠠᠯᠬᠤ ᠳ᠋ᠠᠭᠠᠨ ᠬᠡᠯᠡᠭᠰᠡᠨ ᠦᠭᠡ ᠶ᠋ᠢ ᠮᠡᠳᠡᠵᠦ ᠪᠠᠢᠬᠤ ᠰᠢᠭ᠋ ᠰᠠᠨᠠᠭᠳᠠᠭᠠᠳ ᠬᠠᠨᠲᠡᠮᠥᠷ ᠡᠷᠡᠭᠡᠯᠵᠡᠵᠦ ᠡᠬᠢᠯᠡᠪᠡ᠃ ᠲᠡᠮᠦᠵᠢᠨ ᠳ᠋ᠦ᠍ ᠶᠠᠭᠤ ᠴᠤ᠌ ᠨᠢᠭᠤᠬᠤ ᠬᠡᠷᠡᠭ ᠦᠭᠡᠢ ᠭᠡᠵᠦ ᠲᠡᠷᠡ ᠬᠣᠷᠣᠮ ᠤ᠋ᠨ ᠳᠣᠲᠣᠷ᠎ᠠ ᠰᠢᠢᠳᠦᠯ᠎ᠡ᠃ ᠤᠴᠢᠷ ᠨᠢ ᠲᠡᠮᠦᠵᠢᠨ ᠦᠨᠡᠨᠴᠢ ᠬᠥᠮᠦᠨ ᠳ᠋ᠦ᠍ ᠳᠤᠷᠠᠲᠠᠢ ᠭᠡᠳᠡᠭ ᠢ᠋ ᠣᠯᠠᠨ ᠤᠳᠠᠭ᠎ᠠ ᠰᠣᠨᠣᠰᠤᠭᠰᠠᠨ ᠪᠢᠯᠡ᠃ ᠬᠠᠷᠢᠨ ᠲᠡᠮᠦᠵᠢᠨ ᠲᠡᠳᠡᠨ ᠦ᠌ ᠨᠢᠭᠤᠴᠠ ᠶᠠᠷᠢᠶ᠎ᠠ ᠶ᠋ᠢ ᠮᠡᠳᠡᠭᠰᠡᠨ ᠳ᠋ᠡᠭᠡᠨ ᠴᠦ᠍ ᠪᠢᠰᠢ᠂ ᠵᠠᠮᠤᠬ᠎ᠠ ᠶ᠋ᠢᠨ ᠬᠡᠯᠡᠭᠦᠯᠦᠭᠰᠡᠨ ᠢ᠋ ᠰᠠᠢᠲᠤᠷ ᠣᠢᠯᠠᠭᠠᠵᠤ ᠶᠠᠮᠠᠷ ᠬᠠᠷᠢᠭᠤ ᠥᠭᠬᠦ ᠪᠣᠢ ᠭᠡᠳᠡᠭ ᠢ᠋ᠶ᠋ᠡᠨ ᠰᠡᠳᠬᠢᠵᠦ ᠠᠮᠵᠢᠬᠤ ᠦᠭᠡᠢ ᠲᠤᠯᠠ ᠴᠠᠭ ᠬᠣᠵᠢᠬᠤ ᠭᠡᠵᠦ ᠯᠡ ᠵᠦᠭᠡᠷ ᠨᠢᠭᠡ ᠠᠰᠠᠭᠤᠭᠰᠠᠨ ᠨᠢ  ᠲᠡᠷᠡ ᠪᠠᠢᠯ᠎ᠠ᠃
    — ᠬᠡᠷᠪᠡ ᠲᠡᠮᠦᠵᠢᠨ ᠢ᠋ ᠬᠦᠰᠡᠪᠡᠯ ᠴᠢ ᠨᠠᠮᠠᠶ᠋ᠢ ᠣᠷᠬᠢᠵᠤ ᠲᠡᠭᠦᠨ ᠦ᠌ ᠥᠨᠳᠥᠷ ᠪᠣᠱᠣᠭ᠎ᠠ ᠶ᠋ᠢ ᠪᠡᠬᠢᠯᠡᠵᠦ᠂ ᠥᠷᠭᠡᠨ ᠬᠠᠲᠠᠪᠴᠢ ᠶ᠋ᠢ ᠨᠢ ᠬᠠᠰᠢᠵᠤ ᠰᠠᠭᠤ ᠭᠡᠵᠦ ᠢᠯᠡᠭᠡᠪᠡ᠃
     ᠢᠩᠭᠢᠵᠦ ᠬᠡᠯᠡᠭᠡᠳ ᠬᠠᠨᠲᠡᠮᠥᠷ ᠦ᠋ᠨ ᠰᠡᠳᠬᠢᠯ ᠨᠢᠭᠡᠮᠦᠰᠦᠨ ᠴᠡᠯᠮᠡᠨ ᠠᠮᠠᠷᠠᠪᠠ᠃
     —  ᠬᠠᠷᠢᠨ ᠴᠢ ᠶᠠᠭᠤ ᠭᠡᠵᠦ ᠪᠣᠳᠣᠨ᠎ᠠ?
   ᠲᠡᠮᠦᠵᠢᠨ ᠡᠴᠡ ᠡᠢᠮᠦ ᠦᠭᠡ ᠰᠣᠨᠣᠰᠬᠤ ᠨᠢ ᠶᠠᠭᠤ ᠶᠠᠭᠤᠨ ᠠ᠋ᠴᠠ ᠢᠯᠡᠭᠦᠦ ᠲᠣᠳᠣᠷᠬᠠᠢ ᠪᠠᠢᠭᠰᠠᠨ ᠲᠤᠯᠠ ᠵᠠᠮ ᠵᠠᠭᠤᠷ᠎ᠠ ᠪᠣᠳᠣᠵᠤ ᠶᠠᠪᠤᠭᠰᠠᠨ ᠦᠭᠡ ᠪᠡᠨ ᠡᠷᠡᠮᠡᠬᠡᠢ ᠠᠭᠠᠳ ᠪᠠᠬᠠᠷᠬᠠᠯ ᠳᠦᠭᠦᠷᠡᠩ ᠰᠡᠳᠬᠢᠯ ᠢ᠋ᠶ᠋ᠡᠷ
    — ᠪᠢ ᠵᠠᠮᠤᠬ᠎ᠠ ᠡᠵᠡᠨ ᠢ᠋ᠶ᠋ᠡᠨ ᠠᠭᠤᠯᠠ ᠶ᠋ᠢᠨ ᠮᠤᠬᠤᠷ᠂ ᠤᠰᠤᠨ ᠤ᠋ ᠴᠢᠨᠠᠳᠤ ᠭᠠᠭᠴᠠᠭᠠᠷ ᠶᠠᠭᠠᠬᠢᠵᠤ ᠣᠷᠬᠢᠨ᠎ᠠ ᠭᠡᠵᠦ ᠲᠣᠳᠣ ᠬᠡᠯᠡᠪᠡ᠃ ᠲᠡᠮᠦᠵᠢᠨ᠂ ᠬᠠᠰᠠᠷ ᠬᠣᠶᠠᠷ ᠳᠤᠤᠭᠠᠷᠤᠭ᠎ᠠ ᠦᠭᠡᠢ ᠴᠦ᠍ ᠲᠡᠭᠦᠨ ᠦ᠌ ᠦᠭᠡ ᠲᠡᠳᠡᠨ ᠳ᠋ᠦ᠍ ᠲᠠᠭᠠᠯᠠᠭᠳᠠᠭᠰᠠᠨ ᠨᠢ ᠢᠯᠡᠳᠲᠡ ᠪᠠᠢᠯ᠎ᠠ᠃
   — ᠬᠠᠷᠢᠨ ᠪᠢ ᠭᠡᠳᠡᠷᠭᠦ ᠬᠤᠷᠳᠤᠨ ᠪᠤᠴᠠᠬᠤ ᠦᠭᠡᠢ ᠪᠣᠯ ᠵᠠᠮᠤᠬ᠎ᠠ ᠡᠵᠡᠨ ᠮᠢᠨᠢ ᠨᠠᠮᠠᠶ᠋ᠢ ᠡᠨᠳᠡ ᠦᠯᠡᠳᠡᠪᠡ ᠭᠡᠮᠡᠨ ᠰᠠᠨᠠᠭᠠᠳ ᠣᠷᠬᠢᠨ ᠣᠳᠬᠤ ᠪᠣᠢ ᠭᠡᠵᠦ ᠡᠮᠢᠶᠡᠵᠦ ᠪᠠᠢᠨ᠎ᠠ᠃
ᠬᠠᠨᠲᠡᠮᠥᠷ ᠦᠨᠡᠬᠡᠷ ᠢᠩᠭᠢᠵᠦ ᠠᠶᠤᠵᠤ ᠪᠠᠢᠯ᠎ᠠ᠃
     — ᠲᠡᠭᠡᠪᠡᠯ ᠴᠢ ᠦᠳᠲᠡᠷ ᠪᠤᠴᠠ᠃ ᠣᠴᠢᠭᠠᠳ ᠵᠠᠮᠤᠬ᠎ᠠ ᠠᠨᠳᠠ ᠳ᠋ᠤ᠌ ᠢᠩᠭᠢᠵᠦ ᠬᠡᠯᠡᠭᠲᠦᠨ ᠭᠡᠵᠦ ᠲᠡᠮᠦᠵᠢᠨ ᠰᠥᠭᠡᠩᠭᠢ ᠳᠠᠭᠤ ᠪᠠᠷ ᠰᠢᠪᠡᠨᠡᠪᠡ᠃《ᠠᠨᠳᠠ》 ᠭᠡᠵᠦ ᠳᠠᠭᠤᠳᠠᠭᠰᠠᠨ ᠨᠢ ᠲᠡᠮᠦᠵᠢᠨ ᠦ᠌ ᠨᠠᠢᠷᠲᠠᠢ ᠰᠡᠳᠬᠢᠯ ᠦ᠋ᠨ ᠢᠯᠡᠷᠡᠯ ᠶᠤᠮ᠃ ᠪᠦᠭᠦᠳᠡ ᠠᠩᠬᠠᠷᠤᠨ ᠬᠦᠯᠢᠶᠡᠯ᠎ᠡ᠃ ᠲᠡᠮᠦᠵᠢᠨ ᠴᠦ᠍ ᠰᠢᠢᠳᠦᠭᠰᠡᠨ ᠴᠢᠷᠠᠢᠲᠠᠢ ᠪᠣᠯᠵᠠᠢ᠃
     — ᠵᠠᠮᠤᠬ᠎ᠠ ᠠᠨᠳᠠ ᠴᠢᠨᠦ ᠰᠢᠯᠦᠭ ᠢ᠋ ᠰᠣᠨᠣᠰᠪᠠ᠃

ᠨᠠᠷᠠᠨ ᠤ᠋ ᠳᠣᠣᠷ᠎ᠠ ᠭᠠᠵᠠᠷ ᠤ᠋ᠨ ᠳᠡᠭᠡᠷ᠎ᠡ
ᠨᠠᠳᠠ ᠠ᠋ᠴᠠ ᠴᠢ ᠬᠠᠮᠢᠭ᠎ᠠ ᠵᠠᠢᠯᠠᠨ᠎ᠠ
ᠮᠥᠩᠬᠡ ᠲᠩᠷᠢ ᠶ᠋ᠢᠨ ᠵᠠᠷᠯᠢᠭ ᠠ᠋ᠴᠠ ᠭᠠᠵᠢᠵᠤ
ᠮᠡᠬᠦᠰ ᠴᠢ ᠬᠠᠮᠢᠭ᠎ᠠ ᠬᠣᠯᠠᠳᠤᠨ᠎ᠠ
ᠭᠡᠮ ᠦᠭᠡᠢ ᠴᠡᠷᠢᠭ ᠦ᠋ᠨ ᠠᠮᠢ ᠶ᠋ᠢ
ᠭᠡᠰᠬᠡᠭᠡᠵᠦ ᠪᠦᠦ ᠵᠣᠯᠢᠭᠲᠤᠨ
ᠳᠠᠢᠰᠤᠨ ᠤ᠋ ᠬᠦᠷᠢᠶᠡᠨ ᠳ᠋ᠦ᠍ ᠰᠠᠭᠤᠬᠤ ᠪᠠᠷ
ᠳᠠᠷᠤᠢ ᠢᠷᠡᠵᠦ ᠰᠢᠳᠠᠷᠯᠠᠭᠲᠤᠨ
ᠤᠬᠠᠭᠠᠨ ᠵᠣᠷᠢᠭ ᠭᠠᠷᠭᠠᠵᠤ
ᠤᠷᠢᠵᠤ ᠵᠠᠯᠠᠭᠤᠯᠤᠯ ᠦᠭᠡᠢ ᠢᠷᠡᠪᠡᠰᠦ
ᠤᠷᠢᠳ ᠤ᠋ᠨ ᠶᠠᠪᠤᠳᠠᠯ ᠢ᠋ ᠴᠢᠨᠢ ᠮᠠᠷᠲᠠᠵᠤ
ᠪᠠᠭ᠎ᠠ ᠶ᠋ᠢᠨ ᠠᠨᠳᠠ ᠶ᠋ᠢᠨ ᠶᠣᠰᠣ ᠪᠠᠷ
ᠪᠠᠲᠤ ᠨᠠᠢᠷᠰᠠᠨ ᠰᠠᠭᠤᠶ᠎ᠠ᠁

ᠲᠡᠮᠦᠵᠢᠨ ᠬᠡᠳᠦᠢ ᠪᠡᠷ ᠵᠠᠮᠤᠬ᠎ᠠ ᠲᠠᠢ ᠠᠳᠠᠯᠢ ᠤᠷᠠᠨ ᠴᠡᠴᠡᠨ ᠦᠭᠡᠰ ᠢ᠋ ᠤᠷᠤᠰᠬᠠᠨ ᠰᠢᠯᠦᠭᠯᠡᠵᠦ ᠴᠢᠳᠠᠬᠤ ᠦᠭᠡᠢ ᠴᠦ᠍ ᠬᠠᠨᠲᠡᠮᠦᠷ  ᠲᠦ᠍ ᠴᠡᠭᠡᠵᠢᠯᠡᠬᠦ ᠳ᠋ᠦ᠍ᠨᠢ ᠠᠮᠠᠷ ᠢ᠋ ᠪᠣᠳᠣᠵᠤ ᠳᠡᠭᠡᠷᠡᠬᠢ ᠦᠭᠡᠰ ᠢ᠋ ᠠᠢᠵᠠᠮ ᠬᠣᠯᠪᠣᠨ ᠬᠡᠯᠡᠵᠡᠢ᠃ ᠬᠠᠨᠲᠡᠮᠦᠷ ᠲᠡᠮᠦᠵᠢᠨ ᠦ᠌ ᠬᠡᠯᠡᠭᠰᠡᠨ ᠢ᠋ ᠳᠠᠪᠲᠠᠨ ᠬᠡᠯᠡᠵᠦ ᠲᠡᠭᠦᠨ ᠦ᠌ ᠲᠣᠯᠣᠭᠠᠢ ᠲᠣᠬᠢᠬᠤ ᠶ᠋ᠢ ᠦᠵᠡᠭᠡᠳ ᠪᠣᠰᠤᠯ᠎ᠠ᠃ ᠬᠡᠨ ᠴᠦ᠍ ᠳᠠᠬᠢᠨ ᠳᠤᠤᠭᠠᠷᠤᠭᠰᠠᠨ ᠦᠭᠡᠢ ᠲᠤᠯᠠ ᠭᠠᠷᠬᠤ ᠶ᠋ᠢᠨ ᠡᠮᠦᠨ᠎ᠡ ᠡᠷᠭᠢᠵᠦ ᠬᠠᠷᠠᠨ ᠬᠠᠰᠠᠷ  ᠲᠤ᠌ ᠬᠠᠨᠳᠤᠵᠤ
— ᠳᠠᠶᠠᠨ ᠬᠠᠨ ᠪᠥᠬᠡ ᠠᠪᠴᠢᠷᠠᠵᠤ ᠲᠩᠷᠢ ᠵᠡᠳᠯᠡᠨ ᠲᠠ ᠨᠠᠷ ᠤ᠋ᠨ ᠳᠡᠭᠡᠷ᠎ᠡ ᠡᠴᠡ ᠴᠠᠰᠤ ᠮᠥᠨᠳᠥᠷ ᠣᠷᠣᠭᠤᠯᠬᠤ ᠭᠡᠵᠦ ᠪᠠᠢᠨ᠎ᠠ᠃ ᠡᠭᠦᠨ ᠢ᠋ ᠪᠣᠯᠭᠣᠭᠠᠭᠲᠤᠨ ᠭᠡᠳ ᠭᠠᠷᠪᠠ᠃ ᠵᠠᠮᠤᠬ᠎ᠠ ᠶ᠋ᠢᠨ ᠰᠢᠯᠦᠭ ᠲᠦ᠍ ᠨᠠᠢ᠍ᠮᠠᠨ ᠤ᠋ ᠴᠡᠷᠢᠭ ᠦ᠋ᠨ ᠪᠠᠢᠳᠠᠯ ᠢ᠋ ᠲᠣᠳᠣᠷᠠᠭᠤᠯᠤᠭᠰᠠᠨ ᠲᠤᠯᠠ ᠪᠠᠢᠯᠳᠤᠬᠤ ᠠᠷᠭ᠎ᠠ ᠪᠠᠨ ᠶᠠᠭᠠᠷᠠᠯᠲᠠᠢ ᠪᠣᠯᠪᠠᠰᠤᠷᠠᠭᠤᠯᠬᠤ ᠬᠡᠷᠡᠭᠲᠡᠢ ᠪᠠᠢᠯ᠎ᠠ᠃ ᠡᠯᠴᠢ ᠢᠷᠡᠭᠦᠯᠦᠭᠰᠡᠨ ᠨᠢ ᠵᠠᠮᠤᠬ᠎ᠠ ᠶ᠋ᠢᠨ ᠲᠡᠮᠦᠵᠢᠨ ᠳ᠋ᠦ᠍ ᠦᠵᠡᠭᠦᠯᠦᠭᠰᠡᠨ ᠰᠡᠭᠦᠯᠴᠢ ᠶ᠋ᠢᠨ ᠲᠤᠰᠠ ᠪᠢᠵᠡ ᠠ᠋᠃ ᠴᠣᠬᠣᠮ ᠶᠠᠭᠠᠬᠢᠬᠤ ᠭᠡᠵᠦ ᠢᠩᠭᠢᠪᠡ ᠭᠡᠳᠡᠭ ᠦ᠋ᠨ ᠤᠴᠢᠷ ᠢ᠋ ᠲᠡᠮᠦᠵᠢᠨ ᠣᠢᠯᠠᠭᠠᠭᠰᠠᠨ ᠦᠭᠡᠢ᠃ ᠲᠣᠭᠣᠷᠢᠯ᠂ ᠰᠡᠩᠭᠦᠮ ᠬᠣᠶᠠᠷ ᠲᠠᠢ ᠨᠡᠢᠯᠡᠵᠦ ᠲᠡᠭᠦᠨ ᠢ᠋ ᠳᠣᠪᠲᠣᠯᠬᠤ ᠳ᠋ᠠᠭᠠᠨ ᠪᠠᠰᠠ ᠯᠠ ᠢᠩᠭᠢᠵᠦ ᠨᠢᠭᠤᠴᠠ ᠡᠯᠴᠢ ᠢᠷᠡᠭᠦᠯᠵᠦ ᠲᠣᠭᠣᠷᠢᠯ ᠤ᠋ᠨ ᠴᠡᠷᠢᠭ ᠦ᠋ᠨ ᠪᠠᠢᠳᠠᠯ ᠢ᠋ ᠬᠡᠯᠡᠭᠦᠯᠦᠭᠰᠡᠨ ᠪᠢᠯᠡ᠃ ᠬᠠᠷᠢᠨ ᠬᠠᠨᠲᠡᠮᠦᠷ ᠦ᠋ᠨ ᠬᠡᠯᠡᠭᠰᠡᠨᠴᠢᠯᠡᠨ ᠳᠠᠶᠠᠨ ᠬᠠᠨ ᠪᠥᠬᠡ ᠶ᠋ᠢᠨ ᠬᠦᠴᠦ ᠪᠡᠷ ᠲᠩᠷᠢ ᠵᠠᠳᠯᠠᠭᠰᠠᠨ ᠪᠣᠯᠤᠯᠲᠠᠢ᠃ ᠰᠠᠯᠬᠢ ᠤᠯᠠᠮ ᠰᠢᠷᠦᠭᠦᠰᠴᠦ ᠴᠠᠰᠤᠨ ᠰᠢᠭᠤᠷᠭ᠎ᠠ ᠲᠠᠯᠪᠢᠵᠤ ᠡᠬᠢᠯᠡᠯ᠎ᠡ᠃ ᠬᠠᠨᠲᠡᠮᠦᠷ ᠢ᠋ ᠬᠠᠰᠠᠷ ᠥᠪᠡᠷ ᠦ᠋ᠨ ᠪᠡᠶ᠎ᠡ ᠪᠡᠷ ᠭᠠᠷᠭᠠᠵᠤ ᠥᠭᠭᠦᠭᠰᠡᠨ ᠨᠢ ᠵᠠᠮᠤᠬ᠎ᠠ ᠶ᠋ᠢ ᠬᠦᠨᠳᠦᠳᠬᠡᠭᠰᠡᠨ ᠬᠡᠷᠡᠭ ᠪᠠᠢᠪᠠ᠃ ᠬᠠᠰᠠᠷ ᠴᠤ᠌ ᠬᠠᠨᠳᠠᠮᠤᠷ ᠴᠤ᠌ ᠶᠠᠭᠤᠮ᠎ᠠ ᠳᠤᠤᠭᠠᠷᠤᠭᠰᠠᠨ ᠦᠭᠡᠢ᠃ ᠬᠠᠷᠢᠨ ᠲᠡᠳᠡᠨ ᠡᠴᠡ ᠬᠣᠯᠠ ᠦᠭᠡᠢ ᠥᠨᠥᠬᠢ ᠵᠢᠭᠠᠰᠤᠨ ᠨᠢᠳᠦᠲᠦ ᠲᠡᠳᠦ ᠵᠥᠴᠢ ᠶ᠋ᠢᠨ ᠮᠣᠷᠢ ᠶ᠋ᠢ ᠪᠠᠷᠢᠵᠤ ᠵᠣᠭᠰᠣᠨ᠎ᠠ᠃ ᠲᠡᠳᠦ ᠶ᠋ᠢ ᠬᠠᠷᠠᠮᠠᠭᠴᠠ ᠡᠳᠦᠷ ᠵᠠᠮᠤᠬ᠎ᠠ ᠶ᠋ᠢᠨ ᠬᠡᠯᠡᠭᠰᠡᠨ ᠰᠠᠨᠠᠭᠳᠠᠵᠠᠢ᠃《ᠨᠡᠭᠡᠷᠡᠨ ᠮᠠᠷᠲᠠᠬᠤ ᠶ᠋ᠢᠨ ᠠᠷᠭ᠎ᠠ ᠦᠭᠡᠢ ᠬᠠᠴᠢᠨ ᠨᠢᠳᠦ ᠲᠡᠢ ᠵᠣᠯᠢᠭ ᠶᠤᠮ》 ᠭᠡᠵᠦ ᠬᠠᠨᠳᠠᠮᠤᠷ ᠪᠣᠳᠣᠭᠠᠳ ᠮᠣᠷᠳᠠᠯ᠎ᠠ᠃ ᠤᠨᠤᠨ ᠤ᠋ ᠵᠡᠭᠡᠷᠡᠨ ᠬᠠᠪᠴᠢᠯ ᠤ᠋ᠨ ᠳᠡᠷᠭᠡᠳᠡ ᠲᠡᠷᠡ ᠨᠢᠭᠡᠨ ᠰᠥᠨᠢ ᠡᠨᠡ ᠲᠡᠳᠦ ᠲᠡᠭᠦᠨ ᠦ᠌ ᠲᠤᠭ ᠬᠢᠬᠦ ᠶ᠋ᠢ ᠠᠨᠠᠵᠤ ᠪᠠᠢᠭᠠᠳ ᠵᠥᠴᠢ ᠴᠠᠭᠠᠲᠠᠢ ᠬᠣᠶᠠᠷ ᠢ ᠠᠪᠴᠤ ᠵᠢᠭᠤᠲᠠᠭᠰᠠᠨ ᠢ᠋ ᠬᠠᠨᠳᠠᠮᠤᠷ ᠮᠠᠷᠲᠠᠭ᠎ᠠ ᠦᠭᠡᠢ ᠪᠠᠢᠪᠠ᠃ ᠵᠠᠮᠤᠬ᠎ᠠ ᠲᠡᠭᠡᠬᠦ ᠳ᠋ᠦ᠍ ᠬᠢᠯᠢᠩᠨᠡᠭᠡ ᠦᠭᠡᠢ ᠨᠢ ᠠᠵᠠ ᠪᠣᠯᠤᠭᠰᠠᠨ ᠪᠢᠯᠡ᠃ ᠭᠡᠪᠡᠴᠦ ᠬᠠᠨᠳᠠᠮᠤᠷ ᠣᠳᠣ ᠲᠡᠷᠡ ᠶ᠋ᠢ ᠰᠠᠨᠠᠵᠤ ᠲᠡᠳᠦ ᠲᠡᠢ ᠲᠣᠭᠠᠴᠠᠭ᠎ᠠ ᠪᠣᠳᠣᠬᠤ ᠲᠠᠢ ᠮᠠᠨ᠎ᠠ ᠲᠠᠢ᠃ ᠳᠠᠷᠤᠢ ᠭᠡᠳᠡᠷᠭᠦ ᠳᠣᠪᠲᠣᠯᠤᠨ ᠵᠠᠮᠤᠬ᠎ᠠ ᠡᠵᠡᠨ ᠳ᠋ᠡᠭᠡᠨ ᠬᠤᠷᠳᠤᠨ ᠣᠴᠢᠬᠤ ᠶ᠋ᠢ ᠲᠡᠷᠡ ᠬᠦᠰᠡᠵᠦ ᠪᠠᠢᠯ᠎ᠠ᠃ ᠢᠩᠭᠢᠭᠡᠳ ᠳᠥᠩᠭᠡᠵᠢ ᠰᠠᠢᠬᠠᠨ ᠴᠢᠩᠭᠢᠰ ᠬᠠᠭᠠᠨ ᠤ᠋ ᠥᠴᠦᠬᠡᠨ ᠲᠡᠳᠦᠢ ᠳᠣᠬᠢᠶ᠎ᠠ ᠵᠠᠩᠭᠠᠨ ᠤ᠋ ᠦᠵᠦᠭᠦᠷ ᠲᠦ᠍ ᠪᠠᠢᠭᠰᠠᠨ ᠲᠡᠭᠦᠨ ᠦ᠌ ᠠᠮᠢ ᠨᠠᠰᠤ ᠵᠠᠮᠤᠬ᠎ᠠ ᠶ᠋ᠢᠨ ᠭᠠᠷ ᠲᠤ᠌ ᠪᠤᠴᠠᠨ ᠣᠴᠢᠪᠠ᠃ ᠰᠢᠷᠦᠭᠦᠰᠴᠦ ᠪᠣᠢ ᠰᠠᠯᠬᠢ ᠶ᠋ᠢ ᠰᠥᠷᠦᠨ ᠬᠠᠨᠳᠠᠮᠤᠷ ᠮᠣᠷᠢᠨ ᠤ᠋ ᠠᠮᠠ ᠲᠠᠲᠠᠬᠤ ᠦᠭᠡᠢ ᠳᠠᠪᠬᠢᠭᠰᠠᠭᠠᠷ ᠲᠣᠷᠴᠤ ᠰᠠᠭᠠᠲᠠᠯ ᠦᠭᠡᠢ ᠪᠤᠴᠠᠨ ᠢᠷᠡᠪᠡᠯ ᠵᠠᠮᠤᠬ᠎ᠠ ᠤᠨᠲᠠᠵᠤ ᠪᠠᠢᠯ᠎ᠠ᠃ ᠲᠡᠭᠦᠨ ᠦ᠌ ᠣᠯᠠᠨ ᠬᠣᠨᠣᠭ ᠨᠣᠢᠷ ᠦᠭᠡᠢ ᠶᠠᠪᠤᠭᠰᠠᠨ ᠢ᠋ ᠪᠣᠳᠣᠨ ᠬᠡᠰᠡᠭ ᠵᠠᠭᠤᠷ᠎ᠠ ᠰᠡᠷᠡᠭᠡᠵᠦ ᠴᠢᠳᠠᠬᠤ ᠦᠭᠡᠢ ᠬᠦᠯᠢᠶᠡᠵᠡᠢ᠃ ᠭᠡᠪᠡᠴᠦ ᠲᠡᠮᠦᠵᠢᠨ ᠦ᠌ ᠦᠭᠡ ᠶ᠋ᠢᠨ ᠴᠢᠬᠤᠯᠠ ᠶ᠋ᠢ ᠰᠠᠨᠠᠪᠠᠯ ᠦᠷ ᠴᠠᠢᠵᠤ ᠭᠡᠭᠡ ᠣᠷᠣᠬᠤ ᠠ᠋ᠴᠠ ᠡᠮᠦᠨ᠎ᠡ ᠬᠥᠳᠡᠯᠬᠦ ᠶᠣᠰᠣᠲᠠᠢ ᠲᠤᠯᠠ ᠠᠷᠭ᠎ᠠ ᠦᠭᠡᠢᠳᠡᠨ ᠲᠡᠭᠦᠨ ᠢ᠋ ᠰᠡᠷᠡᠭᠡᠪᠡ᠃ ᠲᠡᠮᠦᠵᠢᠨ ᠦ᠌ ᠦᠭᠡ ᠶ᠋ᠢ ᠰᠣᠨᠣᠰᠤᠮᠠᠭᠴᠠ ᠵᠠᠮᠤᠬ᠎ᠠ ᠦᠰᠦᠷᠦᠨ ᠪᠣᠰᠪᠠ᠃ ᠬᠣᠷᠣ ᠰᠢᠷ᠎ᠠ᠂ ᠠᠭᠤᠷ ᠬᠢᠯᠢᠩ ᠨᠢ ᠪᠠᠳᠠᠷᠠᠵᠠᠢ᠃ ᠪᠥᠷᠲᠡ ᠵᠡᠭᠦᠳᠦᠨ ᠳ᠋ᠦ᠍ᠨᠢ ᠣᠷᠣᠬᠤ ᠳ᠋ᠠᠭᠠᠨ ᠬᠡᠯᠡᠭᠰᠡᠨ ᠦᠭᠡ ᠶ᠋ᠢ ᠣᠳᠣ ᠲᠡᠭᠦᠨ ᠳ᠋ᠦ᠍ ᠲᠡᠮᠦᠵᠢᠨ ᠬᠡᠯᠡᠭᠦᠯᠵᠡᠢ᠃ ᠳᠣᠲᠣᠷ᠎ᠠ ᠰᠡᠳᠬᠢᠯ ᠳ᠋ᠡᠭᠡᠨ ᠥᠪᠡᠷ ᠡᠴᠡ ᠪᠡᠨ ᠴᠦ᠍ ᠪᠣᠯᠪᠠ ᠨᠢᠭᠤᠵᠤ ᠪᠠᠢᠭᠰᠠᠨ ᠳᠠᠯᠳᠠ ᠬᠦᠰᠡᠯ ᠢ᠋ ᠨᠢ ᠲᠡᠮᠦᠵᠢᠨ ᠳᠠᠭᠠᠵᠤ ᠮᠡᠳᠡᠭᠡᠳ ᠣᠳᠣ ᠪᠠᠭᠤᠵᠤ ᠥᠭᠭᠦᠨ ᠭᠤᠲᠤᠮᠰᠢᠭᠲᠠᠢ ᠪᠠᠷ ᠳᠠᠭᠠᠵᠤ ᠢᠷᠡᠬᠦ ᠶ᠋ᠢ ᠱᠠᠭᠠᠷᠳᠠᠵᠠᠢ᠃ ᠵᠠᠮᠤᠬ᠎ᠠ ᠶ᠋ᠢ ᠪᠠᠭᠤᠯᠭᠠᠨ ᠠᠪᠬᠤ ᠨᠢ ᠲᠡᠭᠦᠨ ᠢ᠋ ᠠᠯᠠᠭᠰᠠᠨ ᠠ᠋ᠴᠠ ᠠᠮᠲᠠᠲᠠᠢ ᠪᠠᠢᠬᠤ ᠨᠢ ᠮᠡᠳᠡᠭᠡᠵᠢ᠃ ᠢᠩᠭᠢᠵᠦ ᠪᠣᠳᠣᠭᠰᠠᠨ ᠠ᠋ᠴᠠ ᠵᠠᠮᠤᠬ᠎ᠠ ᠶ᠋ᠢᠨ ᠠᠭᠤᠷ ᠬᠢᠯᠢᠩ᠂ ᠬᠣᠷᠣ ᠰᠢᠷ᠎ᠠ ᠣᠪᠣᠯᠵᠠᠵᠠᠢ᠃
ᠴᠡᠷᠢᠭ ᠦ᠋ᠳ ᠢ᠋ᠶ᠋ᠡᠨ ᠪᠤᠰᠬ᠎ᠠ᠃ ᠮᠣᠷᠳᠠᠶ᠎ᠠ᠃
ᠬᠠᠨᠳᠠᠮᠤᠷ ᠡᠵᠡᠨ ᠦ᠌ ᠪᠡᠨ ᠦᠭᠡ ᠶ᠋ᠢ ᠳᠠᠭᠠᠬᠤ ᠠ᠋ᠴᠠ ᠥᠭᠡᠷ᠎ᠡ ᠠᠷᠭ᠎ᠠ ᠪᠠᠢᠭᠰᠠᠨ ᠦᠭᠡᠢ ᠲᠤᠯᠠ ᠪᠤᠴᠠᠵᠤ ᠭᠦᠶᠦᠯ᠎ᠡ᠃ ᠤᠳᠠᠬᠤ ᠦᠭᠡᠢ ᠵᠠᠮᠤᠬ᠎ᠠ ᠶ᠋ᠢᠨ ᠴᠥᠭᠡᠨ ᠴᠡᠷᠢᠭ ᠳᠠᠶᠠᠨ ᠬᠠᠨ ᠤ᠋ ᠬᠦᠷᠢᠶᠡᠨ ᠡᠴᠡ ᠰᠠᠮ ᠭᠠᠷᠴᠤ ᠪᠠᠷᠠᠭᠤᠨ ᠬᠣᠢᠲᠤ ᠵᠦᠭ ᠢ᠋ ᠴᠢᠭᠯᠡᠨ ᠴᠢᠮᠡᠭᠡ ᠦᠭᠡᠢ ᠭᠤᠯᠠᠰᠬᠤ ᠮᠣᠭᠠᠢ ᠮᠡᠲᠦ ᠬᠣᠯᠠᠳᠤᠨ ᠬᠣᠯᠠᠳᠤᠭᠰᠠᠭᠠᠷ ᠬᠠᠷᠠᠩᠭᠤᠢ ᠳ᠋ᠤ᠌ ᠠᠭᠤᠰᠤᠨ ᠠᠯᠠᠭ᠎ᠠ ᠪᠣᠯᠵᠠᠢ᠃ ᠵᠠᠮᠤᠬ᠎ᠠ ᠨᠢᠭᠡ ᠴᠦ᠍ ᠦᠭᠡ ᠳᠤᠤᠭᠠᠷᠬᠤ ᠦᠭᠡᠢ ᠭᠦᠷᠯᠢᠭᠡᠷ ᠴᠢᠷᠠᠢᠯᠠᠨ ᠴᠡᠷᠢᠭ ᠦ᠋ᠨ ᠮᠠᠩᠯᠠᠢ ᠳ᠋ᠤ᠌ ᠮᠣᠷᠢᠨ ᠳᠡᠭᠡᠷ᠎ᠡ ᠪᠡᠨ ᠤᠨᠲᠠᠭᠰᠠᠨ ᠮᠡᠲᠦ ᠶᠠᠪᠤᠨ᠎ᠠ᠃ ᠴᠡᠷᠢᠭ ᠦ᠋ᠳ ᠵᠡᠭᠦᠦ ᠳᠠᠭᠠᠬᠤ ᠤᠲᠠᠰᠤ ᠰᠢᠭ᠋ ᠬᠣᠢᠨ᠎ᠠ ᠠ᠋ᠴᠠ ᠨᠢ ᠲᠤᠪᠳᠤᠯᠠᠭᠠᠨ᠎ᠠ᠃ ᠲᠡᠳᠡ ᠪᠣᠯ ᠵᠠᠮᠤᠬ᠎ᠠ ᠶ᠋ᠢᠨ ᠲᠥᠯᠥᠭᠡ ᠠᠮᠢ ᠪᠠᠨ ᠥᠭᠬᠦ ᠦᠢᠯᠡ ᠲᠡᠢ ᠦᠨᠡᠨᠴᠢ ᠨᠥᠬᠥᠳ ᠨᠢ ᠶᠤᠮ᠃ ᠣᠳᠣ ᠶᠠᠭᠤ ᠪᠣᠯᠵᠤ ᠬᠡᠷᠬᠢᠬᠦ ᠶ᠋ᠢ ᠬᠡᠨ ᠴᠦ᠍ ᠦᠯᠦ ᠳᠠᠭᠠᠪᠤᠷᠢᠯᠠᠨ᠎ᠠ᠃
ᠡᠨᠡ ᠦᠶ᠎ᠡ ᠳ᠋ᠦ᠍ ᠪᠣᠷᠣ ᠵᠤᠩᠲᠤ ᠠᠭᠤᠯᠠ ᠶ᠋ᠢᠨ ᠡᠩᠭᠡᠷ ᠲᠦ᠍ ᠲᠡᠮᠦᠵᠢᠨ ᠦ᠌ ᠠᠰᠠᠷ ᠤ᠋ᠨ ᠭᠠᠳᠠᠭ᠎ᠠ ᠠᠰᠠᠭᠠᠭᠰᠠᠨ ᠶᠡᠬᠡ ᠲᠦᠳᠡᠭ ᠦ᠋ᠨ ᠳᠡᠷᠭᠡᠳᠡ ᠳᠠᠪ ᠲᠡᠭᠷᠢ ᠪᠥᠬᠡᠯᠡᠵᠦ᠂ ᠳᠠᠶᠠᠨ ᠬᠠᠨ  ᠤ᠋ ᠪᠥᠬᠡ ᠶ᠋ᠢᠨ ᠢᠷᠡᠭᠦᠯᠦᠭᠰᠡᠨ ᠴᠠᠰᠤ ᠰᠢᠭᠤᠷᠭ᠎ᠠ ᠶ᠋ᠢ ᠬᠠᠷᠢᠭᠤᠯᠬᠤ ᠵᠠᠰᠠᠯ ᠬᠢᠵᠦ ᠬᠡᠩᠭᠡᠷᠭᠡ ᠨᠢ ᠨᠢᠵᠢᠭᠢᠨᠡᠵᠦ᠂ ᠲᠡᠭᠦᠨ ᠡᠴᠡ ᠬᠣᠯᠠ ᠦᠭᠡᠢ ᠲᠡᠮᠦᠵᠢᠨ ᠨᠥᠬᠥᠳ ᠦ᠋ᠨ ᠬᠠᠮᠲᠤ ᠪᠦᠰᠡ ᠪᠡᠨ ᠬᠦᠵᠦᠭᠦᠨ ᠳ᠋ᠡᠭᠡᠨ ᠲᠣᠬᠣᠭᠠᠳ ᠬᠣᠶᠠᠷ ᠭᠠᠷ ᠢ᠋ᠶ᠋ᠠᠨ ᠲᠩᠷᠢ ᠳ᠋ᠦ᠍ ᠰᠤᠩᠭᠠᠨ ᠳᠡᠭᠡᠭᠰᠢ ᠬᠠᠷᠠᠨ ᠮᠥᠷᠭᠥᠵᠦ ᠰᠠᠭᠤᠵᠠᠢ᠃ ᠳᠠᠪ ᠲᠡᠭᠷᠢ ᠪᠥᠬᠡ ᠭᠠᠭᠴᠠᠬᠠᠨ ᠥᠪᠡᠷ ᠢ᠋ᠶ᠋ᠡᠨ ᠯᠡ ᠣᠢᠯᠠᠭᠠᠳᠠᠭ ᠬᠡᠯᠡ ᠪᠡᠷ ᠢ᠋ᠶ᠋ᠡᠨ ᠲᠩᠷᠢ ᠲᠡᠢ ᠶᠠᠷᠢᠵᠤ᠂ ᠪᠠᠰᠠ ᠠᠶᠠᠯᠤᠭᠤᠯᠤᠨ ᠳᠠᠭᠤᠯᠠᠵᠤ ᠠᠷᠭᠠᠳᠠᠨ ᠭᠤᠶᠤᠬᠤ ᠠᠵᠢ᠃ ᠳᠠᠪ ᠲᠩᠷᠢ ᠶ᠋ᠢᠨ ᠭᠠᠢᠬᠠᠯᠲᠠᠢ ᠴᠡᠭᠡᠯ ᠬᠣᠭᠣᠯᠠᠢ ᠬᠠᠷᠠᠩᠭᠤᠢ ᠲᠩᠷᠢ ᠶ᠋ᠢᠨ ᠭᠦᠨ ᠳ᠋ᠦ᠍ ᠳᠡᠭᠡᠭᠰᠢ ᠰᠠᠴᠤᠷᠠᠨ ᠰᠢᠩᠭᠡᠵᠦ ᠪᠠᠢᠪᠠ᠃
ᠤᠳᠠᠯ ᠦᠭᠡᠢ ᠰᠠᠯᠬᠢ ᠲᠣᠭᠲᠠᠪᠠ᠃ ᠳᠠᠪ ᠲᠩᠷᠢ ᠲᠦᠳᠡᠭ ᠦ᠋ᠨ ᠳᠡᠷᠭᠡᠳᠡ ᠮᠠᠭᠤᠵᠢᠷᠠᠨ ᠤᠨᠠᠵᠠᠢ᠃ ᠲᠡᠭᠦᠨ ᠳ᠋ᠦ᠍ ᠬᠡᠨ ᠴᠦ᠍ ᠦᠯᠦ ᠣᠢᠷᠠᠲᠤᠨ᠎ᠠ᠃ ᠲᠡᠮᠦᠵᠢᠨ ᠴᠦ᠍ ᠪᠠᠰᠠ ᠬᠥᠳᠡᠯᠦᠭᠰᠡᠨ ᠦᠭᠡᠢ᠂ ᠥᠨᠥ ᠯᠡ ᠭᠠᠷ ᠢ᠋ᠶ᠋ᠠᠨ ᠲᠩᠷᠢ ᠥᠭᠡᠳᠡ ᠰᠤᠩᠭᠠᠭᠰᠠᠨ ᠴᠢᠭ ᠢ᠋ᠶ᠋ᠡᠷ ᠰᠠᠭᠤᠭᠰᠠᠭᠠᠷ᠃ ᠰᠠᠯᠬᠢ ᠵᠦᠭ ᠢ᠋ᠶ᠋ᠡᠨ ᠥᠭᠡᠷᠡᠴᠢᠯᠡᠨ ᠬᠥᠨᠳᠡᠢ ᠡᠴᠡ ᠠᠭᠤᠯᠠ ᠤᠷᠤᠭᠤ ᠪᠠᠨ ᠰᠡᠪ ᠰᠡᠪ ᠦᠯᠢᠶᠡᠵᠦ ᠡᠬᠢᠯᠡᠭᠰᠡᠨ ᠢ᠋ᠶ᠋ᠡᠨ ᠬᠣᠷᠣᠮ ᠤ᠋ᠨ ᠳᠣᠲᠣᠷ᠎ᠠ ᠰᠢᠷᠦᠭᠦᠰᠦᠨ ᠴᠠᠰᠤ ᠬᠠᠶᠠᠯᠠᠵᠤ ᠡᠬᠢᠯᠡᠪᠡ᠃ ᠳᠠᠪ ᠲᠩᠷᠢ ᠶ᠋ᠢᠨ ᠦᠭᠡ ᠶ᠋ᠢ ᠰᠠᠯᠬᠢ ᠰᠣᠨᠣᠰᠴᠠᠢ᠃ ᠳᠠᠪ ᠲᠩᠷᠢ ᠰᠡᠷᠭᠦᠮᠡᠭᠴᠡ ᠪᠡᠨ ᠤᠬᠤᠰᠬᠢᠨ ᠥᠨᠳᠡᠢᠵᠦ ᠬᠡᠩᠭᠡᠷᠭᠡ ᠪᠡᠨ ᠰᠢᠭᠦᠷᠦᠨ ᠠᠪᠤᠭᠠᠳ ᠴᠢᠩᠭ᠎ᠠ ᠴᠢᠩᠭ᠎ᠠ ᠳᠡᠯᠡᠳᠴᠦ ᠲᠦᠳᠡᠭ ᠲᠣᠭᠣᠷᠢᠨ ᠳᠡᠪᠬᠡᠴᠡᠵᠦ ᠪᠥᠵᠢᠪᠡ᠃ ᠲᠡᠷᠡ ᠣᠳᠣ ᠨᠢᠭᠡᠨᠲᠡ ᠡᠬᠢᠯᠡᠭᠰᠡᠨ ᠴᠠᠰᠤ ᠰᠢᠭᠤᠷᠭ᠎ᠠ ᠶ᠋ᠢ ᠬᠥᠭᠡᠷᠭᠡᠳᠡᠨ ᠦᠯᠢᠶᠡᠵᠦ ᠪᠠᠢᠭ᠎ᠠ ᠨᠢ ᠡᠨᠡ᠃ ᠲᠡᠮᠦᠵᠢᠨ ᠳᠠᠪ ᠲᠩᠷᠢ ᠶ᠋ᠢᠨ ᠬᠦᠴᠦᠨ ᠳ᠋ᠦ᠍ ᠢᠲᠡᠭᠡᠨ᠎ᠡ᠃ ᠦᠨᠡᠬᠡᠷ ᠠᠰᠤᠷᠤ ᠬᠦᠴᠦᠲᠡᠢ ᠰᠠᠯᠬᠢᠨ ᠳ᠋ᠤ᠌ ᠦᠯᠢᠶᠡᠭᠳᠡᠭᠰᠡᠨ ᠴᠠᠰᠤ ᠠᠭᠤᠯᠠ ᠶ᠋ᠢᠨ ᠣᠷᠣᠢ᠂ ᠬᠢᠰᠠᠭᠠᠨ ᠳᠡᠭᠡᠷ᠎ᠡ ᠬᠣᠷᠭᠣᠳᠠᠭᠰᠠᠨ ᠳᠠᠶᠠᠨ ᠬᠠᠨ ᠤ᠋ ᠴᠡᠷᠢᠭ ᠦ᠋ᠨ ᠳᠡᠭᠡᠷ᠎ᠡ ᠡᠴᠡ ᠰᠢᠭᠤᠷᠭᠠᠯᠠᠨ ᠪᠠᠭᠤᠵᠤ᠂ ᠴᠡᠷᠢᠭ ᠦ᠋ᠳ ᠨᠢ ᠠᠶᠤᠵᠤ ᠣᠷᠢᠯᠠᠯᠳᠤᠨ ᠬᠠᠪᠴᠢᠯ ᠤᠷᠤᠭᠤ ᠨᠤᠷᠠᠵᠤ ᠭᠤᠯᠠᠰᠤᠨ᠂ ᠨᠢᠰᠴᠦ ᠦᠬᠦᠵᠡᠭᠡᠵᠦ ᠡᠬᠢᠯᠡᠪᠡ᠃ ᠳᠠᠶᠠᠨ ᠬᠠᠨ ᠬᠦᠴᠦᠲᠦ ᠰᠠᠯᠬᠢᠨ ᠳ᠋ᠤ᠌ ᠬᠡᠢᠰᠴᠦ ᠤᠨᠠᠭᠰᠠᠨ ᠠᠰᠠᠷ ᠲᠠᠭᠠᠨ ᠳᠠᠷᠤᠭᠳᠠᠭᠠᠳ
— ᠵᠠᠮᠤᠬ᠎ᠠ ᠃ ᠵᠠᠮᠤᠬ᠎ᠠ ᠶ᠋ᠢ ᠳᠠᠭᠤᠳᠠ᠃ ᠴᠡᠷᠢᠭ ᠢ᠋ᠶ᠋ᠡᠨ ᠵᠠᠰᠠᠭ ᠭᠡᠵᠦ ᠠᠮᠢ ᠲᠠᠯᠪᠢᠬᠤ ᠭᠡᠵᠦ ᠪᠣᠢ ᠮᠡᠲᠦ ᠪᠠᠴᠢᠮᠳᠠᠨ ᠣᠷᠢᠯᠠᠨ᠎ᠠ᠃ ᠭᠡᠪᠡᠴᠦ ᠵᠠᠮᠤᠬ᠎ᠠ ᠲᠡᠭᠦᠨ ᠦ᠌ ᠳᠠᠭᠤ ᠶ᠋ᠢ ᠰᠣᠨᠣᠰᠬᠤ ᠠ᠋ᠴᠠ ᠨᠢᠭᠡᠨᠲᠡ ᠥᠩᠭᠡᠷᠡᠵᠡᠢ᠃ ᠴᠠᠰᠤᠨ ᠰᠢᠭᠤᠷᠭ᠎ᠠ ᠳ᠋ᠤ᠌ ᠬᠡᠢᠰᠦᠭᠰᠡᠨ ᠴᠡᠷᠢᠭ ᠦ᠋ᠳ ᠪᠡᠶ᠎ᠡ ᠪᠡᠶ᠎ᠡ ᠪᠡᠨ ᠳᠠᠷᠤᠵᠤ ᠲᠡᠳᠡᠨ ᠦ᠌ ᠠᠶᠤᠮᠰᠢᠭᠲᠠᠢ ᠶᠡᠬᠡ ᠬᠠᠰᠬᠢᠷᠤᠯᠳᠤᠭᠠᠨ ᠤᠯᠢᠨ ᠢᠰᠬᠡᠷᠬᠦ ᠬᠦᠴᠦᠲᠦ ᠰᠢᠭᠤᠷᠭ᠎ᠠ ᠲᠠᠢ ᠵᠡᠷᠭᠡᠴᠡᠨ ᠰᠦᠨᠡᠰᠦ ᠵᠠᠢᠯᠠᠮᠠᠷ ᠴᠤᠤᠷᠠᠢᠯᠠᠬᠤ ᠠᠵᠢ᠃ ᠬᠠᠷᠢᠨ ᠡᠨᠡ ᠰᠠᠯᠬᠢᠨ ᠤ᠋ ᠢᠰᠬᠡᠷᠭᠡᠨ᠂ ᠦᠬᠦᠵᠦ ᠪᠣᠢ ᠴᠡᠷᠢᠭ ᠦ᠋ᠨ ᠣᠷᠢᠯᠠᠯᠳᠤᠭᠠᠨ ᠢ᠋ ᠵᠠᠮᠤᠬ᠎ᠠ ᠰᠣᠨᠣᠰᠪᠠ᠃ ᠭᠡᠬᠦ ᠳ᠋ᠡᠭᠡᠨ ᠲᠡᠷᠡ ᠴᠢᠬᠢᠨ ᠳ᠋ᠡᠭᠡᠨ ᠪᠢᠰᠢ ᠵᠢᠷᠦᠬᠡ ᠰᠡᠳᠬᠢᠯ ᠳ᠋ᠡᠭᠡᠨ ᠰᠣᠨᠣᠰᠴᠠᠢ᠃ ᠬᠣᠯᠠ ᠶ᠋ᠢᠨ ᠬᠣᠯᠠ᠂ ᠬᠠᠷᠠᠩᠭᠤᠢ ᠰᠢᠭᠤᠷᠭᠠᠨ ᠳᠤᠮᠳᠠ ᠨᠠᠢ᠍ᠮᠠᠨ ᠠᠢᠮᠠᠭ ᠤ᠋ᠨ ᠴᠡᠷᠢᠭ ᠦ᠋ᠳ ᠦᠬᠦᠵᠦ᠂ ᠰᠦᠢᠷᠡᠵᠦ ᠪᠠᠢᠯ᠎ᠠ᠃
— ᠬᠤᠷᠳᠤᠯᠠ᠃ ᠮᠣᠷᠢ ᠪᠠᠨ ᠭᠤᠶᠠᠳᠠᠵᠠᠭ᠎ᠠ ᠭᠡᠵᠦ ᠲᠠᠭ ᠳᠠᠭᠤ ᠦᠭᠡᠢ ᠶᠠᠪᠤᠭᠰᠠᠨ ᠵᠠᠮᠤᠬ᠎ᠠ ᠭᠡᠨᠡᠳᠲᠡ ᠪᠦᠭᠦᠳᠡ ᠶ᠋ᠢ ᠴᠣᠴᠢᠲᠠᠯ᠎ᠠ ᠬᠠᠰᠬᠢᠷᠤᠯ᠎ᠠ᠃ ᠵᠠᠮᠤᠬ᠎ᠠ ᠶ᠋ᠢᠨ ᠰᠡᠳᠬᠢᠯ ᠲᠦᠭᠰᠢᠭᠦᠷᠢ ᠪᠡᠷ ᠳᠦᠭᠦᠷᠴᠡᠢ᠃ ᠤᠴᠢᠷ ᠨᠢ ᠳᠠᠶᠠᠨ ᠬᠠᠨ ᠰᠤᠢᠷᠠᠯ᠎ᠠ ᠴᠦ᠍ ᠲᠡᠮᠦᠵᠢᠨ ᠲᠡᠭᠦᠨ ᠢ᠋ ᠵᠦᠩ ᠳ᠋ᠦ᠍ᠨᠢ ᠣᠷᠬᠢᠬᠤ ᠦᠭᠡᠢ ᠪᠢᠯᠡ᠃ ᠲᠡᠭᠦᠨ ᠦ᠌ ᠪᠣᠳᠣᠭᠰᠠᠨ ᠦᠨᠡᠬᠡᠷ ᠵᠥᠪ ᠪᠠᠢᠯ᠎ᠠ᠃ ᠳᠠᠪ ᠲᠩᠷᠢ ᠶ᠋ᠢᠨ ᠢᠳᠢ ᠰᠢᠳᠢ ᠪᠡᠷ ᠡᠷᠭᠢᠭᠦᠯᠦᠭᠰᠡᠨ ᠴᠠᠰᠤᠨ ᠰᠢᠭᠤᠷᠭ᠎ᠠ ᠳᠠᠶᠠᠨ ᠬᠠᠨ ᠤ᠋ ᠴᠡᠷᠢᠭ ᠦ᠋ᠨ ᠳᠡᠭᠡᠷ᠎ᠡ ᠡᠴᠡ ᠪᠠᠭᠤᠵᠤ᠂ ᠰᠠᠨᠳᠤᠷᠴᠤ ᠲᠡᠪᠡᠳᠡᠭᠰᠡᠨ ᠲᠡᠳᠡᠨ ᠦ᠌ ᠦᠯᠡᠳᠡᠭᠳᠡᠯ ᠢ᠋ ᠥᠷᠯᠥᠭᠡ ᠪᠣᠯᠣᠮᠠᠭᠴᠠ ᠬᠠᠰᠠᠷ ᠨᠥᠬᠥᠳ ᠦ᠋ᠨ ᠬᠠᠮᠲᠤ ᠬᠢᠳᠤᠵᠤ ᠳᠠᠭᠤᠰᠬᠠᠨ᠎ᠠ᠃
ᠬᠠᠷᠢᠨ ᠵᠠᠮᠤᠬ᠎ᠠ ᠶ᠋ᠢᠨ ᠮᠥᠷ ᠢ᠋ᠶ᠋ᠡᠷ ᠲᠡᠮᠦᠵᠢᠨ ᠦ᠌ ᠦᠨᠡᠨᠴᠢ ᠨᠣᠬᠠᠢ ᠪᠤᠭᠤᠷᠴᠢ ᠰᠢᠯᠢᠳᠡᠭ ᠴᠡᠷᠢᠭ ᠦ᠋ᠳ ᠢ᠋ᠶ᠋ᠡᠨ ᠮᠠᠩᠯᠠᠢᠯᠠᠨ ᠭᠡᠵᠢᠭᠡ ᠳᠠᠷᠤᠨ ᠳᠣᠪᠲᠣᠯᠭᠠᠵᠤ ᠶᠠᠪᠤᠭ᠎ᠠ ᠶ᠋ᠢ ᠵᠠᠮᠤᠬ᠎ᠠ ᠦᠵᠡᠭᠰᠡᠨ ᠦᠭᠡᠢ᠃ ᠭᠡᠪᠡᠴᠦ ᠥᠪᠡᠷ ᠢ᠋ ᠪᠡᠨ ᠠᠪᠤᠷᠠᠬᠤ ᠳᠠᠳᠤᠯ᠂ ᠠᠮᠢᠳᠤ ᠦᠯᠡᠳᠡᠬᠦ ᠶᠡᠬᠡ ᠬᠦᠰᠡᠯ ᠨᠢ ᠲᠡᠭᠦᠨ ᠡᠴᠡ ᠭᠠᠪᠰᠢᠭᠠᠢᠯᠠᠨ ᠬᠤᠷᠳᠤᠯᠠᠬᠤ ᠶ᠋ᠢ ᠱᠠᠭᠠᠷᠳᠠᠭᠰᠠᠨ ᠠᠵᠢ᠃ ᠪᠤᠭᠤᠷᠴᠢ ᠠᠮᠠ ᠪᠠᠨ ᠠᠩᠭᠠᠢᠵᠤ ᠣᠯᠠᠨ ᠮᠣᠷᠢᠳ ᠤ᠋ᠨ ᠬᠥᠯᠥᠰᠥᠨ ᠦ᠌ ᠦᠨᠦᠷ ᠢ᠋ᠶ᠋ᠡᠷ ᠪᠠᠷᠢᠮᠵᠢᠶᠠᠯᠠᠨ ᠮᠥᠷᠳᠡᠵᠦ ᠶᠠᠪᠤᠯ᠎ᠠ᠃ ᠵᠠᠮᠤᠬ᠎ᠠ ᠶ᠋ᠢ ᠠᠮᠢᠳᠤ ᠪᠠᠷ ᠪᠠᠷᠢᠵᠤ ᠠᠪᠴᠢᠷᠠᠬᠤ ᠶ᠋ᠢ ᠲᠡᠮᠦᠵᠢᠨ ᠲᠡᠭᠦᠨ ᠳ᠋ᠦ᠍ ᠲᠤᠰᠢᠶᠠᠭᠰᠠᠨ ᠲᠤᠯᠠ ᠳᠠᠶᠠᠨ ᠬᠠᠨ ᠤ᠋ ᠴᠡᠷᠢᠭ ᠢ᠋ ᠴᠣᠬᠢᠬᠤ ᠴᠤ᠌ ᠵᠠᠪ ᠦᠭᠡᠢ ᠵᠠᠮᠤᠬ᠎ᠠ ᠶ᠋ᠢ ᠮᠥᠰᠬᠢᠭᠰᠡᠨ ᠪᠢᠯᠡ᠃ ᠣᠳᠣ ᠲᠡᠳᠡᠨ ᠦ᠌ ᠬᠣᠭᠣᠷᠣᠨᠳᠣᠬᠢ ᠵᠠᠢ ᠠᠯᠬᠤᠮ ᠠᠯᠬᠤᠮ ᠢ᠋ᠶ᠋ᠠᠷ ᠣᠢᠷᠠᠲᠤᠵᠤ ᠪᠠᠢᠪᠠ ᠃ ᠵᠠᠮᠤᠬ᠎ᠠ ᠶ᠋ᠢᠨ ᠦᠬᠦᠯ ᠪᠤᠭᠤᠷᠴᠢ ᠶ᠋ᠢᠨ ᠳᠦᠷᠢ   ᠳ᠋ᠦ᠍ ᠬᠤᠪᠢᠯᠤᠭᠠᠳ ᠲᠡᠭᠦᠨ ᠢ᠋ ᠨᠡᠬᠡᠵᠦ ᠶᠠᠪᠤᠪᠠ᠃ ᠭᠤᠷᠪᠠ ᠬᠣᠨᠣᠭ ᠤ᠋ᠨ ᠳᠠᠷᠠᠭ᠎ᠠ ᠭᠡᠬᠦ   ᠳ᠋ᠦ᠍ ᠪᠤᠭᠤᠷᠴᠢ ᠵᠠᠮᠤᠬ᠎ᠠ ᠶ᠋ᠢ ᠨᠡᠬᠡᠨ ᠭᠦᠢᠴᠡᠵᠦ ᠳᠣᠯᠣᠭᠠᠨ ᠡᠬᠢᠯᠡᠭᠰᠡᠨ ᠴᠦ᠍ ᠵᠠᠮᠤᠬ᠎ᠠ ᠡᠨᠡ ᠤᠳᠠᠭ᠎ᠠ ᠳ᠋ᠤ᠌ ᠦᠬᠦᠯ ᠡᠴᠡ ᠮᠤᠯᠲᠤᠷᠠᠨ ᠭᠠᠷᠴᠠᠢ᠃ ᠰᠠᠷ᠎ᠠ ᠰᠢᠬᠠᠮ ᠮᠤᠤᠷ ᠬᠤᠯᠤᠭᠠᠨ᠎ᠠ ᠰᠢᠭ᠋ ᠬᠥᠭᠡᠭᠡᠴᠡᠯᠳᠦᠨ ᠨᠡᠬᠡᠭᠰᠡᠨ ᠦ᠌ ᠡᠴᠦᠰ ᠲᠦ᠍ ᠵᠠᠮᠤᠬ᠎ᠠ ᠬᠡᠳᠦᠬᠡᠨ ᠲᠣᠭᠠᠨ  ᠤ᠋ ᠴᠡᠷᠢᠭ ᠲᠡᠢ ᠪᠡᠨ ᠭᠠᠵᠠᠷ ᠤ᠋ᠨ ᠭᠠᠪ ᠢ᠋ᠶ᠋ᠠᠷ ᠣᠷᠣᠭᠰᠠᠨ ᠮᠡᠲᠦ ᠠᠯᠠᠭ᠎ᠠ ᠪᠣᠯᠬᠤ ᠳ᠋ᠤ᠌ ᠬᠡᠳᠦᠢ ᠪᠡᠷ ᠭᠡᠮᠰᠢᠵᠦ᠂ ᠲᠡᠮᠦᠵᠢᠨ ᠦ᠌ ᠵᠠᠷᠯᠢᠭ ᠢ᠋ ᠪᠡᠶᠡᠯᠡᠭᠦᠯᠵᠦ ᠴᠢᠳᠠᠭ᠎ᠠ ᠦᠭᠡᠢ ᠳ᠋ᠡᠭᠡᠨ ᠲᠦᠭᠰᠢᠵᠦ ᠪᠠᠢᠭᠰᠠᠨ ᠴᠤ᠌ ᠦᠯᠡᠳᠡᠭᠰᠡᠨ ᠴᠡᠷᠢᠭ ᠨᠢ ᠡᠴᠡᠵᠦ ᠶᠠᠳᠠᠷᠠᠬᠤ ᠶ᠋ᠢᠨ ᠲᠤᠢᠯ ᠳ᠋ᠤ᠌ ᠬᠦᠷᠦᠭᠰᠡᠨ ᠲᠤᠯᠠ ᠪᠤᠭᠤᠷᠴᠢ ᠠᠷᠭ᠎ᠠ ᠦᠭᠡᠢᠳᠡᠨ ᠪᠤᠴᠠᠬᠤ ᠪᠠᠷ ᠰᠢᠢᠳᠪᠡ ᠃
ᠲᠡᠮᠦᠵᠢᠨ ᠡᠨᠡ ᠦᠶ᠎ᠡ   ᠳ᠋ᠦ᠍ ᠳᠠᠶᠠᠨ ᠬᠠᠨ ᠢ᠋ ᠦᠬᠦᠭᠦᠯᠵᠦ ᠨᠠᠢ᠍ᠮᠠᠨ ᠠᠢᠮᠠᠭ ᠤ᠋ᠨ ᠢᠷᠭᠡᠳ᠂ ᠡᠳ᠋ ᠬᠥᠷᠥᠩᠭᠡ ᠶ᠋ᠢ ᠬᠣᠷᠢᠶᠠᠨ ᠠᠪᠤᠭᠠᠳ ᠠᠯᠲᠠᠢ ᠶ᠋ᠢᠨ ᠨᠢᠷᠤᠭᠤᠨ ᠤ᠋ ᠥᠪᠥᠷ ᠲᠦ᠍ ᠨᠤᠲᠤᠭᠯᠠᠵᠤ ᠪᠠᠢᠪᠠ᠃ ᠲᠡᠮᠦᠵᠢᠨ ᠲᠠᠶᠠᠨ ᠬᠠᠨ ᠤ᠋ ᠡᠬᠡ ᠶᠡᠬᠡ ᠦᠭᠡᠲᠦ ᠬᠦᠷᠪᠡᠰᠦ ᠬᠠᠲᠤᠨ ᠢ᠋ ᠪᠠᠷᠢᠵᠤ ᠠᠪᠴᠢᠷᠠᠨ ᠪᠠᠢᠴᠠᠭᠠᠵᠤ ᠣᠯᠠᠨ ᠰᠠᠷ᠎ᠠ ᠳᠣᠲᠣᠷ᠎ᠠ ᠪᠠᠨ ᠬᠠᠳᠠᠭᠠᠯᠠᠵᠤ ᠶᠠᠪᠤᠭᠰᠠᠨ ᠬᠣᠷᠣᠰᠤᠯ ᠢ᠋ᠶ᠋ᠠᠨ ᠳᠡᠢᠯᠵᠡᠢ᠃
ᠨᠠᠢ᠍ᠮᠠᠨ ᠠᠢᠮᠠᠭ  ᠲᠤ᠌ ᠪᠠᠢᠭᠰᠠᠨ ᠲᠡᠮᠦᠵᠢᠨ ᠦ᠌ ᠲᠤᠷᠰᠢᠭᠤᠯ ᠤᠲᠠᠢ ᠭᠡᠭᠴᠢ ᠡᠷ᠎ᠡ ᠳᠠᠶᠠᠨ ᠬᠠᠨ ᠤ᠋ ᠡᠬᠡ ᠶ᠋ᠢᠨ ᠢ᠋ᠶ᠋ᠡᠨ ᠬᠠᠮᠲᠤ ᠬᠡᠯᠡᠯᠴᠡᠵᠦ ᠪᠠᠢᠭᠰᠠᠨ ᠦᠭᠡ ᠶ᠋ᠢ ᠡᠮᠦᠨ᠎ᠡ ᠨᠢ ᠬᠡᠯᠡᠭᠰᠡᠨ ᠲᠤᠯᠠ ᠲᠡᠮᠦᠵᠢᠨ ᠡᠨᠡ ᠶᠡᠬᠡ ᠦᠭᠡ ᠲᠡᠢ ᠠᠪᠠᠭᠠᠢ ᠳ᠋ᠤ᠌ ᠬᠣᠷᠣᠰᠤᠨ ᠪᠤᠬᠢᠨᠢᠳᠤᠭᠰᠠᠭᠠᠷ ᠪᠠᠢᠭᠰᠠᠨ ᠪᠢᠯᠡ ᠃ ᠲᠡᠮᠦᠵᠢᠨ ᠢ᠋ ᠪᠣᠷᠵᠢᠭᠢᠨ ᠠᠢᠮᠠᠭ ᠤ᠋ᠨ ᠬᠠᠨ ᠪᠣᠯᠵᠤ ᠬᠡᠷᠡᠢᠳ ᠠᠢᠮᠠᠭ ᠢ᠋ ᠮᠥᠬᠥᠭᠡᠭᠰᠡᠨ ᠢ᠋ ᠲᠤᠭᠤᠯᠤᠭᠰᠠᠨ ᠨᠠᠢ᠍ᠮᠠᠨ ᠤ᠋ ᠳᠠᠶᠠᠨ ᠬᠠᠨ
—ᠣᠮᠣᠭ ᠶᠡᠬᠡᠲᠡᠢ ᠪᠣᠯᠤᠭᠰᠠᠨ ᠴᠥᠭᠡᠨ ᠮᠣᠩᠭᠣᠯᠴᠤᠳ ᠢ᠋ ᠳᠠᠷᠤᠢ ᠨᠣᠮᠣᠬᠠᠷᠠᠭᠤᠯᠤᠶ᠎ᠠ᠃ ᠲᠡᠳᠡ ᠡᠷᠲᠡᠨ ᠦ᠌ ᠰᠤᠷᠪᠤᠯᠵᠢᠲᠤ ᠬᠠᠨ ᠲᠤᠭᠤᠷᠢᠯ ᠢ᠋ ᠳᠤᠲᠠᠭᠠᠯᠭᠠᠨ ᠦᠬᠦᠭᠦᠯᠪᠡ᠃ ᠲᠩᠷᠢ   ᠳ᠋ᠦ᠍ ᠵᠥᠪᠬᠡᠨ ᠨᠠᠷᠠ ᠰᠠᠷᠠ ᠬᠣᠶᠠᠷ ᠪᠠᠢᠳᠠᠭ ᠪᠢᠵᠡ᠃ ᠭᠡᠲᠡᠯ᠎ᠡ ᠭᠠᠵᠠᠷ ᠳᠡᠭᠡᠷ᠎ᠡ ᠬᠣᠶᠠᠷ ᠬᠠᠨ ᠪᠠᠢᠵᠤ ᠶᠠᠭᠠᠬᠢᠵᠤ ᠪᠣᠯᠤᠨ᠎ᠠ ᠃ ᠣᠳᠣ ᠪᠢᠳᠡ ᠲᠡᠷᠡ ᠮᠣᠩᠭᠣᠯᠴᠤᠳ ᠢ᠋ ᠡᠵᠡᠯᠡᠵᠦ ᠠᠪᠴᠢᠷᠠᠶ᠎ᠠ ᠭᠡᠵᠦ ᠶᠡᠬᠡᠷᠬᠡᠵᠡᠢ᠃ ᠲᠡᠭᠡᠲᠡᠯ᠎ᠡ ᠬᠦᠷᠪᠡᠰᠦ ᠬᠠᠲᠤᠨ ᠡᠬᠡ ᠨᠢ
— ᠲᠡᠷᠡ ᠮᠣᠩᠭᠣᠯᠴᠤᠳ ᠴᠢᠨᠢ ᠬᠠᠷ᠎ᠠ ᠮᠠᠭᠤᠬᠠᠢ ᠬᠤᠪᠴᠠᠰᠤ ᠲᠠᠢ᠂ ᠬᠠᠩᠬᠤᠯᠬᠤ ᠮᠠᠭᠤ ᠦᠨᠦᠷ ᠲᠡᠢ ᠲᠤᠯᠠ ᠠᠪᠴᠢᠷᠠᠵᠤ ᠶᠠᠭᠤ ᠬᠢᠨ᠎ᠡ᠃ ᠬᠣᠯᠠᠬᠠᠨ ᠲᠡᠨᠳᠡ ᠨᠢ ᠪᠠᠢᠯᠭ᠎ᠠ᠃ ᠭᠠᠭᠴᠠ ᠬᠦ᠌ ᠰᠢᠯᠢᠳᠡᠭ ᠴᠡᠪᠡᠷ ᠥᠬᠢᠳ᠂ ᠪᠡᠷᠢ ᠨᠦ᠍ᠭᠦᠳ ᠢ᠋ ᠨᠢ ᠠᠪᠴᠢᠷᠠᠵᠤ ᠭᠠᠷ ᠬᠥᠯ ᠢ᠋ ᠨᠢ ᠤᠬᠢᠶᠠᠯᠭᠠᠵᠤ ᠪᠠᠢᠭᠠᠳ ᠦᠨᠢᠶ᠎ᠡ᠂ ᠬᠣᠨᠢ ᠰᠠᠭᠠᠯᠭᠠᠪᠠᠯ ᠶᠠᠭᠠᠬᠢᠳᠠᠭ ᠶᠤᠮ ᠭᠡᠬᠦ ᠡᠴᠡ᠂ ᠪᠤᠰᠤᠳ ᠢ᠋ ᠨᠢ ᠬᠠᠷ᠎ᠠ ᠭᠡᠷ  ᠲᠦ᠋ᠨᠢ ᠨᠤᠲᠤᠭ  ᠲᠤᠨᠢ ᠦᠬᠦᠭᠦᠯᠪᠡᠯ ᠲᠠᠭᠠᠷᠠᠨ᠎ᠠ ᠭᠡᠵᠡᠢ᠃ ᠬᠠᠷᠢᠨ ᠳᠠᠶᠠᠨ ᠬᠠᠨ
—ᠵᠠ ᠶᠠᠭᠤ ᠪᠣᠯᠪᠠᠴᠤ ᠪᠢᠳᠡ ᠮᠣᠩᠭᠣᠯᠴᠤᠳ ᠤ᠋ᠨ ᠬᠣᠷᠣᠮᠰᠠᠭ᠎ᠠ ᠂ ᠰᠠᠭᠠᠳᠠᠭ ᠢ᠋ ᠨᠢ ᠬᠣᠷᠢᠶᠠᠨ ᠠᠪᠴᠢᠷᠠᠵᠤ ᠲᠡᠷᠡ ᠲᠡᠮᠦᠵᠢᠨ ᠳ᠋ᠦ᠍ ᠬᠠᠷ᠎ᠠ ᠨᠠᠪᠲᠠᠰᠤ ᠨᠥᠮᠥᠷᠢᠭᠦᠯᠵᠦ ᠬᠠᠮᠤᠭ ᠣᠯᠠᠨ ᠤ᠋ ᠡᠮᠦᠨ᠎ᠡ ᠬᠠᠰᠢᠷᠠᠭᠠᠨ ᠵᠠᠯᠬᠠᠭᠠᠶ᠎ᠠ ᠭᠡᠰᠡᠨ ᠪᠠᠢᠪᠠ᠃ ᠳᠡᠷᠭᠡᠳᠡ ᠨᠢ ᠪᠠᠢᠭᠰᠠᠨ ᠨᠠᠢ᠍ᠮᠠᠨ ᠤ᠋ ᠬᠥᠭᠰᠡᠭᠥᠤ ᠰᠠᠪᠷᠠᠭ᠋ ᠪᠠᠭᠠᠲᠤᠷ
— ᠲᠡᠮᠦᠵᠢᠨ ᠢ᠋ ᠶᠠᠭᠠᠬᠢᠵᠤ ᠪᠠᠰᠤᠮᠵᠢᠯᠠᠵᠤ ᠪᠣᠯᠬᠤ ᠪᠣᠢ? ᠲᠠ ᠬᠡᠲᠦᠷᠬᠡᠢ ᠶᠡᠬᠡ ᠦᠭᠡ ᠬᠡᠯᠡᠵᠦ ᠪᠠᠢᠨ᠎ᠠ᠃ ᠬᠠᠩᠭᠠᠢ ᠶ᠋ᠢᠨ ᠨᠢᠷᠤᠭᠤᠨ ᠤ᠋ ᠤᠯᠠᠭᠠᠨ ᠬᠤᠰᠤ ᠭᠡᠳᠡᠭ ᠭᠠᠵᠠᠷ ᠨᠠᠢ᠍ᠮᠠᠨ ᠢ᠋ ᠲᠡᠮᠦᠵᠢᠨ ᠳ᠋ᠦ᠍ ᠶᠠᠭᠠᠬᠢᠵᠤ ᠴᠣᠬᠢᠭᠳᠠᠭᠰᠠᠨ ᠢ᠋ ᠬᠠᠨ ᠲᠠ ᠮᠠᠷᠲᠠᠪᠠ ᠤᠤ? ᠭᠡᠵᠦ ᠮᠠᠩᠨᠠᠢ ᠶ᠋ᠢᠨ ᠬᠥᠯᠥᠰᠥ ᠪᠡᠨ ᠴᠢᠬᠠᠷᠠᠲᠠᠯ᠎ᠠ ᠰᠠᠨᠠᠭᠤᠯᠤᠭᠰᠠᠨ ᠪᠣᠯᠪᠠᠴᠤ ᠮᠣᠩᠭᠣᠯ ᠤ᠋ᠨ ᠨᠡᠷᠡᠲᠡᠢ ᠠᠢᠮᠠᠭ ᠤ᠋ᠨ ᠵᠠᠮᠤᠬ᠎ᠠ ᠣᠯᠠᠨ ᠢᠷᠭᠡᠳ ᠴᠡᠷᠢᠭ ᠦ᠋ᠨ ᠬᠠᠮᠲᠤ ᠲᠡᠭᠦᠨ ᠲᠡᠢ ᠨᠡᠢᠯᠡᠨ᠎ᠡ ᠭᠡᠰᠡᠨ ᠳ᠋ᠦ᠍ ᠵᠣᠷᠢᠭᠵᠢᠭᠰᠠᠨ ᠳᠠᠶᠠᠨ ᠬᠠᠨ ᠥᠪᠡᠷ ᠦ᠋ᠨ ᠪᠣᠯᠴᠢᠮ ᠦᠭᠡᠢ ᠦᠭᠡᠨ ᠡᠴᠡ ᠪᠤᠴᠠᠯ ᠦᠭᠡᠢ ᠴᠡᠷᠢᠭ ᠢ᠋ᠶ᠋ᠡᠨ ᠠᠯᠲᠠᠢ ᠶ᠋ᠢᠨ ᠨᠢᠷᠤᠭᠤ ᠳᠠᠪᠠᠭᠤᠯᠤᠨ ᠬᠥᠳᠡᠯᠭᠡᠵᠦ ᠣᠷᠬᠣᠨ ᠤ᠋ ᠬᠥᠨᠳᠡᠢ ᠬᠦᠷᠲᠡᠯ᠎ᠡ ᠳᠣᠪᠲᠣᠯᠤᠨ ᠢᠷᠡᠭᠰᠡᠨ ᠨᠢ ᠡᠢᠨ ᠬᠦ᠌ ᠦᠬᠦᠯ ᠰᠦᠢᠷᠡᠯ ᠢ᠋ᠶ᠋ᠡᠷ ᠳᠠᠭᠤᠰᠴᠤ ᠥᠪᠡᠷ ᠦ᠋ᠨ ᠢ᠋ᠶ᠋ᠡᠨ ᠪᠣᠯᠤᠭᠠᠳ ᠣᠯᠠᠨ ᠴᠡᠷᠢᠭ ᠦ᠋ᠨ ᠠᠮᠢ ᠶ᠋ᠢ ᠦᠷᠡᠵᠦ ᠨᠠᠢ᠍ᠮᠠᠨ ᠠᠢᠮᠠᠭ ᠢ᠋ᠶ᠋ᠠᠨ ᠮᠥᠬᠥᠯ ᠦ᠋ᠨ ᠵᠠᠮ ᠳ᠋ᠤ᠌ ᠬᠥᠲᠥᠯᠵᠡᠢ᠃ ᠣᠷᠬᠣᠨ ᠤ᠋ ᠬᠥᠨᠳᠡᠢ ᠡᠴᠡ ᠠᠯᠲᠠᠢ ᠶ᠋ᠢᠨ ᠨᠢᠷᠤᠭᠤ ᠳᠠᠪᠠᠲᠠᠯ᠎ᠠ ᠨᠠᠢ᠍ᠮᠠᠨ ᠤ᠋ ᠴᠡᠷᠢᠭ ᠦ᠋ᠨ ᠬᠡᠭᠦᠷ ᠬᠥᠯ ᠢ᠋ᠶ᠋ᠡᠷ ᠬᠥᠭᠯᠡᠷᠡᠵᠦ ᠭᠠᠵᠠᠷ ᠤ᠋ᠨ ᠬᠥᠷᠥᠰᠥ ᠤᠯᠠᠭᠠᠨ ᠥᠩᠭᠡᠲᠡᠢ ᠪᠣᠯᠵᠠᠢ᠃ ᠨᠠᠢ᠍ᠮᠠᠨ ᠠᠢᠮᠠᠭ ᠤ᠋ᠨ ᠪᠦᠬᠦ ᠢᠷᠭᠡᠳ᠂ ᠬᠥᠷᠥᠩᠭᠡ ᠶ᠋ᠢ ᠬᠣᠷᠢᠶᠠᠨ ᠠᠪᠴᠤ ᠲᠡᠮᠦᠵᠢᠨ ᠲᠡᠷᠡ ᠶᠡᠬᠡ ᠦᠭᠡᠲᠦ ᠬᠠᠲᠤᠨ ᠬᠦᠷᠪᠡᠰᠦ ᠶ᠋ᠢ ᠪᠠᠷᠢᠨ ᠠᠪᠴᠢᠷᠠᠵᠤ ᠬᠡᠭᠡᠷ᠎ᠡ ᠶ᠋ᠢᠨ ᠦᠷᠭᠦᠭᠡᠨ ᠳ᠋ᠡᠭᠡᠨ ᠢᠷᠡᠭᠦᠯᠪᠡ᠃ ᠲᠡᠷᠡ ᠬᠦᠷᠪᠡᠰᠦ ᠨᠠᠰᠤ ᠲᠣᠭᠲᠠᠭᠰᠠᠨ ᠴᠤ᠌ ᠵᠢᠪᠬᠤᠭ᠎ᠠ ᠦᠵᠡᠰᠬᠦᠯᠡᠩ ᠪᠠᠭᠤᠷᠠᠭ᠎ᠠ ᠦᠭᠡᠢ ᠨᠢ ᠨᠢᠳᠦᠨ ᠳ᠋ᠦ᠍ ᠤᠨᠠᠨ᠎ᠠ᠃
— ᠴᠢ ᠮᠣᠩᠭᠣᠯᠴᠤᠳ ᠢ᠋ ᠮᠠᠭᠤᠬᠠᠢ ᠦᠨᠦᠷ ᠲᠡᠢ ᠭᠡᠳᠡᠭ ᠪᠢᠯᠡ ᠤᠤ? ᠴᠢ ᠣᠳᠣ ᠶᠠᠭᠤᠨ ᠳ᠋ᠤ᠌ ᠡᠨᠳᠡ ᠢᠷᠡᠪᠡ? ᠭᠡᠵᠦ ᠲᠡᠮᠦᠵᠢᠨ ᠬᠥᠭᠡᠷᠴᠦ ᠲᠡᠭᠦᠨ ᠳ᠋ᠦ᠍ ᠣᠢᠷᠠᠲᠤᠨ ᠲᠠᠷᠭᠤᠨ ᠡᠷᠡᠦ ᠳᠡᠭᠡᠷ᠎ᠡ ᠡᠴᠡ ᠨᠢ ᠲᠠᠲᠠᠵᠤ ᠦᠵᠡᠪᠡ᠃
— ᠪᠢ ᠴᠢᠮᠠᠶ᠋ᠢ ᠥᠪᠡᠷ ᠢ᠋ᠶ᠋ᠡᠨ ᠠᠪᠤᠨ᠎ᠠ᠃
ᠬᠦᠷᠪᠡᠰᠦ ᠬᠠᠲᠤᠨ ᠶᠡᠬᠡ ᠦᠭᠡ ᠲᠡᠢ ᠶ᠋ᠢᠨ ᠠᠳᠠᠯᠢ ᠪᠠᠷ ᠪᠠᠰᠠ ᠡᠮ᠎ᠡ ᠬᠥᠮᠦᠨ ᠭᠡᠬᠦ ᠳ᠋ᠦ᠍ ᠰᠥᠰᠥ ᠶᠡᠬᠡᠲᠡᠢ ᠤᠴᠢᠷ ᠣᠭᠲᠣ ᠰᠠᠨᠳᠤᠷᠴᠤ ᠢᠴᠢᠭᠰᠡᠨ ᠦᠭᠡᠢ᠃ ᠬᠠᠷᠢᠨ ᠴᠤ᠌ ᠵᠣᠷᠢᠭ ᠲᠡᠭᠦᠰ ᠶᠡᠬᠡᠮᠰᠦᠭ ᠵᠣᠭᠰᠣᠭᠠᠳ
— ᠲᠡᠮᠦᠵᠢᠨ᠂ ᠪᠢ ᠴᠢᠮᠠᠶ᠋ᠢ ᠡᠴᠢᠭᠡ ᠦᠭᠡᠢ ᠵᠣᠯᠪᠢᠩ᠂ ᠢᠵᠢᠯᠢ ᠦᠭᠡᠢ ᠥᠨᠥᠴᠢᠨ ᠭᠡᠵᠦ ᠰᠣᠨᠣᠰᠤᠭᠰᠠᠨ᠃ ᠴᠢ ᠡᠷᠲᠡᠨ ᠦ᠌ ᠰᠤᠷᠪᠤᠯᠵᠢᠲᠤ ᠲᠤᠭᠤᠷᠢᠯ ᠬᠠᠨ ᠢ᠋ ᠳᠠᠷᠤᠵᠤ ᠪᠠᠶᠠᠨ ᠬᠦᠴᠦᠷᠬᠡᠭ᠂ ᠪᠢᠴᠢᠭ ᠰᠣᠶᠣᠯ ᠲᠠᠢ ᠮᠠᠨ ᠤ᠋ ᠨᠠᠢ᠍ᠮᠠᠨ ᠠᠢᠮᠠᠭ ᠢ᠋ ᠮᠥᠬᠥᠭᠡᠭᠰᠡᠨ ᠨᠢ ᠨᠢᠭᠡ ᠴᠠᠭ ᠤ᠋ᠨ ᠲᠣᠬᠢᠶᠠᠯ ᠪᠣᠯᠬᠤ ᠠ᠋ᠴᠠ ᠲᠩᠷᠢ ᠮᠡᠲᠦ ᠡᠭᠦᠷᠢᠳᠡ ᠶ᠋ᠢᠨ ᠬᠢ ᠭᠡᠵᠦ ᠪᠤᠤ ᠡᠨᠳᠡᠭᠦᠷᠡ᠃ ᠨᠠᠢ᠍ᠮᠠᠨ ᠠᠢᠮᠠᠭ ᠴᠢᠮ᠎ᠠ ᠳ᠋ᠤ᠌ ᠳᠡᠢᠯᠦᠭᠳᠡᠭᠰᠡᠨ ᠨᠢ ᠴᠢᠨᠦ ᠭᠠᠷᠮᠠᠭᠠᠢ ᠶ᠋ᠢᠨ ᠬᠢ ᠪᠢᠰᠢ᠃ ᠮᠠᠨ ᠤ᠋ ᠳᠠᠶᠠᠨ ᠬᠠᠨ ᠤ᠋ ᠪᠣᠯᠴᠢᠮ ᠦᠭᠡᠢ᠂ ᠴᠢᠳᠠᠪᠤᠷᠢ ᠦᠭᠡᠢ ᠶ᠋ᠢᠨ ᠬᠢ ᠪᠣᠯᠪᠠ᠃ ᠪᠠᠰᠠ ᠴᠢᠨᠦ ᠬᠠᠭᠤᠴᠢᠨ ᠠᠨᠳᠠ ᠵᠠᠮᠤᠬ᠎ᠠ ᠶ᠋ᠢᠨ ᠤᠭ ᠤ᠋ᠨ ᠬᠤᠩᠰᠢ ᠦᠭᠡᠢ᠂ ᠤᠷᠪᠠᠭᠠᠴᠢ ᠰᠢᠷᠪᠠᠭᠠᠴᠢ ᠵᠠᠩ᠂ ᠨᠡᠮᠡᠷᠢ ᠦᠭᠡᠢ ᠡᠴᠡ ᠪᠣᠯᠪᠠ᠃ ᠴᠢᠨᠦ ᠢᠩᠭᠢᠵᠦ ᠲᠦᠷ ᠵᠠᠭᠤᠷ᠎ᠠ ᠶ᠋ᠢᠨ ᠢᠯᠠᠯᠲᠠ ᠳ᠋ᠠᠭᠠᠨ ᠬᠥᠭᠡᠷᠴᠦ᠂ ᠣᠷᠢᠯᠠᠵᠤ ᠭᠤᠸᠠᠭᠴᠢᠬᠤ ᠴᠢᠨᠢ ᠬᠡᠭᠡᠷ᠎ᠡ ᠶ᠋ᠢᠨ ᠵᠡᠷᠯᠢᠭ ᠬᠥᠮᠦᠨ ᠭᠥᠷᠥᠭᠡᠰᠦ ᠬᠣᠭᠣᠯᠠ ᠣᠯᠤᠭᠠᠳ ᠪᠠᠶᠠᠰᠬᠤ ᠲᠠᠢ ᠠᠳᠠᠯᠢ ᠪᠠᠢᠨ᠎ᠠ᠃ ᠪᠢ ᠴᠢᠮᠠᠶ᠋ᠢ ᠡᠵᠡᠨ ᠦᠭᠡᠢ ᠭᠥᠯᠥᠭᠡ ᠲᠡᠢ ᠠᠳᠠᠯᠢ ᠦᠵᠡᠨ ᠦᠯᠦ ᠲᠣᠭᠣᠨ᠎ᠠ ᠭᠡᠵᠦ ᠪᠠᠰᠤᠵᠤ ᠳᠣᠷᠣᠮᠵᠢᠯᠠᠬᠤ ᠶᠡᠬᠡ ᠦᠭᠡ ᠬᠡᠯᠡᠭᠰᠡᠨ ᠳ᠋ᠦ᠍ ᠲᠡᠮᠦᠵᠢᠨ ᠦ᠌ ᠲᠡᠪᠴᠢᠶᠡᠷᠢ ᠠᠯᠳᠠᠷᠠᠵᠤ ᠴᠡᠷᠢᠭ ᠳᠠᠭᠤᠳᠠᠨ ᠲᠡᠭᠦᠨ ᠦ᠌ ᠲᠠᠷᠭᠤᠨ ᠰᠠᠯᠬᠤᠭᠠᠷ ᠪᠡᠶ᠎ᠡ ᠶ᠋ᠢ ᠴᠢᠷᠠᠮ᠎ᠠ ᠨᠢᠴᠦᠭᠦᠯᠡᠭᠦᠯᠦᠨ ᠬᠦᠴᠦ ᠪᠡᠷ ᠡᠳ᠋ᠯᠡᠨ ᠪᠠᠬ᠎ᠠ ᠲᠠᠪᠠ ᠪᠠᠨ ᠬᠠᠩᠭᠠᠭᠠᠳ ᠴᠢᠷᠴᠦ ᠭᠠᠷᠭᠠᠨ ᠴᠡᠷᠢᠭ ᠦ᠋ᠳ ᠲᠡᠭᠡᠨ ᠬᠠᠶᠠᠵᠤ ᠥᠭᠴᠡᠢ᠃ ᠨᠠᠢ᠍ᠮᠠᠨ ᠠᠢᠮᠠᠭ ᠤ᠋ᠨ ᠣᠯᠵᠠᠨ ᠤ᠋ ᠬᠥᠮᠦᠰ ᠦ᠋ᠨ ᠨᠢᠭᠡ ᠲᠠᠲᠠᠲᠤᠩᠭ᠎ᠠ ᠭᠡᠭᠴᠢ ᠨᠢᠭᠡᠨ ᠲᠠᠮᠠᠭ᠎ᠠ ᠡᠪᠦᠷᠲᠦᠯᠡᠵᠦ ᠶᠠᠪᠤᠭᠰᠠᠨ ᠢ᠋ ᠬᠠᠰᠠᠷ ᠣᠯᠵᠤ ᠲᠡᠮᠦᠵᠢᠨ ᠳ᠋ᠦ᠍ ᠠᠪᠴᠢᠷᠠᠨ ᠤᠴᠢᠷ ᠢ᠋ ᠬᠡᠯᠡᠭᠦᠯᠪᠡ᠃ ᠬᠡᠷᠡᠭ ᠬᠥᠲᠥᠯᠵᠦ ᠶᠠᠪᠤᠭᠤᠯᠬᠤ ᠳ᠋ᠤ᠌ ᠡᠨᠡ ᠲᠠᠮᠠᠭ᠎ᠠ ᠶ᠋ᠢ ᠬᠡᠷᠡᠭᠯᠡᠬᠦ᠂ ᠮᠥᠨ ᠥᠪᠡᠷᠰᠡᠳ ᠢ᠋ᠶ᠋ᠡᠨ ᠪᠢᠴᠢᠭ ᠰᠤᠷᠬᠤ ᠨᠢ ᠬᠡᠷᠡᠭᠲᠡᠢ ᠴᠢᠬᠤᠯᠠ ᠪᠣᠯᠬᠤ ᠶ᠋ᠢ ᠬᠠᠰᠠᠷ ᠰᠠᠢᠰᠢᠶᠠᠨ ᠮᠡᠳᠡᠭᠦᠯᠦᠭᠰᠡᠨ ᠳ᠋ᠦ᠍ ᠲᠡᠮᠦᠵᠢᠨ ᠳᠡᠮᠵᠢᠵᠦ ᠲᠡᠷᠡ ᠳᠣᠣᠷ᠎ᠠ ᠪᠠᠨ ᠬᠥᠮᠦᠨ ᠲᠣᠮᠢᠯᠠᠵᠤ ᠬᠠᠰᠠᠷ ᠢ᠋ᠶ᠋ᠠᠷ ᠲᠣᠯᠣᠭᠠᠢᠯᠠᠭᠤᠯᠤᠨ ᠪᠢᠴᠢᠭ ᠦᠰᠦᠭ ᠵᠢᠭᠠᠯᠭᠠᠬᠤ ᠪᠤᠯᠵᠠᠭᠠᠵᠤ ᠲᠦᠪᠡᠭ ᠦᠭᠡᠢ ᠰᠤᠷᠴᠠᠭᠠᠭᠰᠠᠨ ᠪᠢᠯᠡ᠃ ᠨᠠᠢ᠍ᠮᠠᠨ ᠢ᠋ ᠳᠠᠭᠠᠭᠤᠯᠤᠭᠰᠠᠨ ᠤ᠋ ᠬᠠᠮᠤᠭ ᠤ᠋ᠨ ᠲᠣᠮᠣ ᠣᠯᠵᠠ ᠨᠢ ᠮᠣᠩᠭᠣᠯᠴᠤᠳ ᠤᠢᠭᠤᠷ ᠤ᠋ᠨ ᠪᠢᠴᠢᠭ ᠦᠰᠦᠭ ᠬᠡᠷᠡᠭᠯᠡᠬᠦ ᠪᠣᠯᠤᠭᠰᠠᠨ ᠶᠠᠪᠤᠳᠠᠯ ᠶᠤᠮ᠃ ᠨᠠᠢ᠍ᠮᠠᠨ ᠢ᠋ ᠳᠠᠷᠤᠭᠰᠠᠨ ᠤ᠋ ᠳᠠᠷᠠᠭ᠎ᠠ ᠲᠡᠮᠦᠵᠢᠨ ᠴᠡᠷᠢᠭ ᠦ᠋ᠨ ᠬᠠᠮᠲᠤ ᠠᠯᠲᠠᠢ ᠶ᠋ᠢᠨ ᠨᠢᠷᠤᠭᠤᠨ ᠤ᠋ ᠥᠪᠥᠷ ᠲᠦ᠍ ᠡᠪᠦᠯᠵᠢᠵᠦ ᠪᠠᠢᠲᠠᠯ᠎ᠠ ᠡᠨᠡ ᠮᠡᠲᠦ ᠶᠠᠪᠤᠳᠠᠯ ᠪᠣᠯᠵᠠᠢ᠃
ᠵᠠᠮᠤᠬ᠎ᠠ ᠲᠠᠢ ᠬᠥᠭᠡᠭᠡᠴᠡᠯᠳᠦᠭᠰᠡᠭᠡᠷ ᠴᠡᠷᠢᠭ ᠢ᠋ᠶ᠋ᠡᠨ ᠶᠠᠳᠠᠷᠠᠭᠠᠵᠤ᠂ ᠮᠣᠷᠢᠳ ᠢ᠋ᠶ᠋ᠠᠨ ᠡᠴᠡᠭᠡᠭᠰᠡᠨ ᠪᠤᠭᠤᠷᠴᠢ ᠶ᠋ᠢ ᠭᠤᠷᠠᠩᠬᠤᠯᠠᠭᠰᠠᠨ ᠨᠣᠬᠠᠢ ᠰᠢᠭ᠋ ᠦᠯᠭᠡ ᠰᠠᠯᠭᠠᠨ ᠢᠷᠡᠬᠦ ᠳ᠋ᠦ᠍ ᠲᠡᠮᠦᠵᠢᠨ ᠣᠭᠲᠣ ᠠᠭᠤᠷᠯᠠᠵᠤ ᠬᠢᠯᠢᠩᠨᠡᠭᠰᠡᠨ ᠦᠭᠡᠢ ᠪᠡᠷ ᠪᠠᠷᠠᠬᠤ ᠦᠭᠡᠢ ᠲᠡᠭᠦᠨ ᠳ᠋ᠦ᠍ ᠨᠠᠢ᠍ᠮᠠᠨ ᠤ᠋ ᠢᠷᠭᠡᠳ ᠡᠴᠡ ᠮᠠᠰᠢ ᠣᠯᠠᠨ ᠢ᠋ ᠱᠠᠩᠨᠠᠨ ᠥᠭᠪᠡ᠃ ᠣᠳᠣ ᠵᠠᠮᠤᠬ᠎ᠠ ᠨᠦᠬᠡᠨ ᠦ᠌ ᠣᠭᠣᠲᠣᠨ᠎ᠠ ᠰᠢᠭ᠋ ᠠᠶᠤᠯ ᠦᠭᠡᠢ ᠪᠣᠯᠵᠤ ᠲᠡᠭᠦᠨ ᠦ᠌ ᠲᠣᠯᠣᠭᠠᠢ ᠬᠣᠷᠭᠣᠳᠠᠵᠤ ᠪᠠᠢᠭᠰᠠᠨ ᠨᠠᠢ᠍ᠮᠠᠨ ᠠᠢᠮᠠᠭ ᠨᠢᠭᠡᠨᠲᠡ ᠰᠥᠨᠥᠭᠰᠡᠨ ᠲᠤᠯᠠ ᠲᠡᠮᠦᠵᠢᠨ ᠲᠡᠢᠨ ᠰᠡᠳᠬᠢᠯ ᠥᠭᠡᠳᠡᠷᠡᠭ ᠪᠠᠢᠯ᠎ᠠ᠃ ᠶᠡᠷᠦ ᠨᠢ ᠲᠡᠷᠡ ᠪᠤᠭᠤᠷᠴᠢ ᠳ᠋ᠤ᠌ ᠵᠢᠮᠡᠯᠡᠵᠦ ᠬᠢᠯᠢᠩᠨᠡᠭᠰᠡᠨ ᠬᠠᠲᠠᠭᠤ ᠦᠭᠡ ᠬᠡᠯᠡᠭᠰᠡᠨ ᠨᠢ ᠲᠣᠭ᠎ᠠ ᠲᠠᠢ᠃ ᠲᠡᠭᠡᠵᠦ ᠬᠡᠯᠡᠯ᠎ᠡ ᠴᠦ᠍ ᠡᠨᠡ ᠨᠢ ᠵᠥᠪᠬᠡᠨ ᠪᠤᠰᠤᠳ ᠨᠥᠬᠥᠳ ᠲᠦ᠍ ᠠᠩᠬᠠᠷᠤᠭᠤᠯᠵᠤ᠂ ᠤᠬᠠᠭᠠᠷᠠᠭᠤᠯᠬᠤ ᠶ᠋ᠢᠨ ᠲᠤᠯᠠᠳᠠ ᠬᠡᠯᠡᠳᠡᠭ ᠪᠠᠢᠪᠠ᠃ ᠡᠭᠦᠨ ᠢ᠋ ᠪᠤᠭᠤᠷᠴᠢ ᠮᠡᠳᠡᠬᠦ ᠲᠤᠯᠠ ᠰᠡᠳᠬᠢᠯ ᠬᠠᠩᠬᠤᠯᠤᠭᠤᠨ ᠪᠠᠢᠬᠤ ᠪᠥᠯᠥᠭᠡ᠃ ᠨᠠᠢ᠍ᠮᠠᠨ ᠠᠢᠮᠠᠭ ᠤ᠋ᠨ ᠳᠠᠶᠠᠨ ᠬᠠᠨ ᠤ᠋ ᠳᠣᠪᠲᠣᠯᠬᠤ ᠮᠠᠭᠤ ᠰᠠᠨᠠᠭ᠎ᠠ ᠶ᠋ᠢ ᠬᠡᠯᠡᠵᠦ ᠢᠷᠡᠭᠰᠡᠨ ᠲᠡᠷᠡ ᠣᠳᠣᠢ ᠭᠡᠭᠴᠢ ᠶ᠋ᠢ ᠲᠡᠮᠦᠵᠢᠨ ᠰᠠᠢᠰᠢᠶᠠᠵᠤ ᠬᠠᠭᠤᠴᠢᠨ ᠳᠠᠶᠠᠨ ᠬᠠᠨ ᠤ᠋ ᠡᠳ᠋ᠯᠡᠵᠦ ᠪᠠᠢᠭᠰᠠᠨ ᠥᠷᠭᠥᠭᠡ ᠭᠡᠷ᠂ ᠲᠣᠭᠣᠭᠠᠴᠢ᠂ ᠰᠢᠪᠡᠭᠴᠢᠳ ᠢ᠋ ᠱᠠᠩᠨᠠᠨ ᠣᠯᠭᠣᠪᠠ᠃ ᠲᠡᠮᠦᠵᠢᠨ ᠥᠪᠡᠷ ᠲᠦ᠋ᠨᠢ ᠬᠡᠷᠡᠭᠲᠡᠢ ᠴᠢᠬᠤᠯᠠ ᠬᠣᠪ ᠮᠡᠳᠡᠭᠡ ᠬᠦᠷᠭᠡᠵᠦ ᠢᠷᠡᠭᠰᠡᠨ ᠬᠡᠨ ᠢ᠋ ᠴᠦ᠍ ᠪᠣᠯᠪᠠ ᠥᠭᠭᠢᠶᠡᠮᠦᠷ ᠰᠡᠳᠬᠢᠯ ᠢ᠋ᠶ᠋ᠡᠷ ᠱᠠᠩᠨᠠᠨ ᠤᠷᠮᠠᠰᠢᠭᠤᠯᠳᠠᠭ ᠢ᠋ ᠨᠢ ᠮᠣᠩᠭᠣᠯ ᠤ᠋ᠨ ᠲᠠᠯ᠎ᠠ ᠳᠠᠶᠠᠭᠠᠷ ᠰᠠᠢᠨ ᠮᠡᠳᠡᠬᠦ ᠪᠣᠯᠤᠭᠰᠠᠨ ᠲᠤᠯᠠ ᠥᠷᠢᠰᠦᠯᠳᠦᠭᠴᠢ ᠠᠢᠮᠠᠭ ᠤ᠋ᠳ ᠠ᠋ᠴᠠ ᠲᠤᠷᠰᠢᠭᠤᠯ ᠲᠠᠩᠨᠠᠭᠤᠯ ᠣᠯᠬᠤ ᠨᠢ ᠲᠤᠢᠯ ᠤ᠋ᠨ ᠠᠮᠠᠷ ᠬᠢᠯᠪᠠᠷ ᠪᠣᠯᠤᠭᠰᠠᠨ ᠪᠢᠯᠡ᠃ ᠡᠨᠡ ᠠᠷᠭ᠎ᠠ ᠪᠠᠨ ᠲᠡᠷᠡ ᠣᠯᠠᠨᠲᠠ ᠬᠡᠷᠡᠭᠯᠡᠵᠦ ᠲᠤᠷᠰᠢᠭᠰᠠᠭᠠᠷ ᠪᠦᠷ ᠪᠠᠢᠩᠭᠤ ᠶ᠋ᠢᠨ ᠲᠠᠩᠨᠠᠨ ᠲᠤᠷᠰᠢᠬᠤ ᠠᠯᠪᠠ ᠶ᠋ᠢ ᠤᠬᠤᠨ᠎ᠠ ᠪᠠᠷ ᠲᠣᠯᠣᠭᠠᠢᠯᠠᠭᠤᠯᠤᠨ ᠪᠠᠢᠭᠤᠯᠵᠠᠢ᠃ ᠬᠣᠵᠢᠮ ᠨᠢ ᠡᠨᠡ ᠠᠯᠪᠠ ᠮᠣᠩᠭᠣᠯᠴᠤᠳ ᠤ᠋ᠨ ᠶᠡᠬᠡ ᠠᠶᠠᠨ ᠲᠡᠢᠨ ᠦ᠌ ᠪᠡᠯᠡᠳᠬᠡᠯ ᠢ᠋ ᠬᠠᠩᠭᠠᠬᠤ᠂ ᠳᠠᠢᠰᠤᠨ ᠤ᠋ ᠳᠤᠮᠳᠠ ᠥᠪᠡᠷ ᠦ᠋ᠨ ᠬᠥᠮᠦᠰ ᠢ᠋ᠶ᠋ᠡᠨ ᠣᠷᠣᠭᠤᠯᠵᠤ ᠪᠠᠢᠯᠳᠤᠭᠠᠨ ᠤ᠋ ᠭᠠᠷᠤᠵᠠ ᠬᠣᠬᠢᠷᠠᠯ ᠢ᠋ ᠪᠠᠭᠠᠰᠬᠠᠬᠤ᠂ ᠢᠯᠠᠭᠳᠠᠯ ᠢ᠋ ᠲᠦᠷᠭᠡᠰᠬᠡᠬᠦ᠂ ᠳᠠᠢᠰᠤᠨ ᠢ᠋ᠶ᠋ᠠᠨ ᠶᠠᠮᠠᠷ ᠴᠤ᠌ ᠬᠣᠬᠢᠷᠠᠯ ᠲᠡᠮᠡᠴᠡᠯ ᠦᠭᠡᠢ ᠪᠡᠷ ᠪᠠᠭᠤᠯᠭᠠᠨ ᠠᠪᠬᠤ ᠳ᠋ᠤ᠌ ᠴᠢᠭᠯᠡᠭᠰᠡᠨ ᠡᠯᠳᠡᠪ ᠨᠢᠭᠤᠴᠠ ᠠᠵᠢᠯ ᠶᠠᠪᠤᠭᠤᠯᠭ᠎ᠠ ᠬᠢᠬᠦ ᠵᠡᠷᠭᠡ ᠪᠡᠷ ᠴᠢᠩᠭᠢᠰ ᠬᠠᠭᠠᠨ ᠤ᠋ ᠪᠣᠯᠤᠨ ᠲᠡᠭᠦᠨ ᠦ᠌ ᠵᠠᠯᠭᠠᠮᠵᠢᠯᠠᠭᠴᠢᠳ ᠤ᠋ᠨ ᠶᠡᠬᠡ ᠦᠢᠯᠡᠰ ᠲᠦ᠍ ᠨᠡᠩ ᠴᠢᠬᠤᠯᠠ ᠡᠭᠦᠷᠭᠡ ᠭᠦᠢᠴᠡᠳᠬᠡᠭᠰᠡᠨ ᠪᠢᠯᠡ᠃
ᠮᠣᠩᠭᠣᠯ ᠠᠢᠮᠠᠭ ᠤ᠋ᠳ ᠤ᠋ᠨ ᠬᠠᠮᠤᠭ ᠤ᠋ᠨ ᠪᠠᠷᠠᠭᠤᠨ ᠲᠠᠯ᠎ᠠ ᠳ᠋ᠤ᠌ ᠣᠷᠣᠰᠢᠬᠤ ᠨᠠᠢ᠍ᠮᠠᠨ ᠪᠣᠯ ᠪᠤᠰᠤᠳ ᠠᠢᠮᠠᠭ ᠤ᠋ᠳ ᠠ᠋ᠴᠠ ᠰᠣᠶᠣᠯ ᠠᠬᠤᠢ ᠨᠢ ᠲᠦᠯᠬᠢᠭᠦᠦ ᠬᠥᠭᠵᠢᠭᠰᠡᠨ᠂ ᠢᠯᠡᠭᠦᠦ ᠪᠠᠶᠠᠨ ᠴᠢᠨᠡᠭᠡᠯᠢᠭ᠂ ᠪᠦᠷ ᠥᠪᠡᠷ ᠦ᠋ᠨ ᠪᠢᠴᠢᠭ ᠦᠰᠦᠭ ᠲᠡᠢ ᠪᠠᠢᠭᠰᠠᠨ ᠨᠢ ᠲᠡᠮᠦᠵᠢᠨ ᠳ᠋ᠦ᠍ ᠶᠡᠬᠡ ᠶ᠋ᠢ ᠪᠣᠳᠣᠭᠳᠠᠭᠤᠯᠵᠤ ᠨᠠᠢ᠍ᠮᠠᠨ ᠠ᠋ᠴᠠ ᠪᠠᠷᠠᠭᠤᠨ ᠲᠠᠢᠰᠢ ᠪᠠᠢᠬᠤ ᠤᠯᠤᠰ ᠤ᠋ᠳ ᠢ᠋ ᠶᠡᠬᠡᠳᠡ ᠰᠣᠨᠢᠷᠬᠠᠬᠤ ᠪᠣᠯᠤᠭᠰᠠᠨ ᠪᠥᠭᠡᠳ ᠤᠯᠠᠮ ᠢ᠋ᠶ᠋ᠠᠷ ᠯᠠᠯᠤ ᠶ᠋ᠢᠨ ᠮᠥᠷᠭᠥᠯᠲᠡᠨ ᠨᠦ᠍ᠭᠦᠳ ᠦ᠋ᠨ ᠠᠮᠢᠳᠤᠷᠠᠯ᠂ ᠬᠡᠯᠡ ᠶ᠋ᠢ ᠮᠡᠳᠡᠬᠦ ᠥᠪᠡᠷ ᠦ᠋ᠨ ᠰᠢᠳᠠᠷ ᠤᠬᠤᠨ᠎ᠠ ᠶ᠋ᠢ ᠬᠤᠳᠠᠯᠳᠤᠭ᠎ᠠ ᠬᠢᠬᠦ ᠨᠡᠷ᠎ᠡ ᠪᠡᠷ ᠲᠠᠩᠨᠠᠭᠤᠯ ᠳ᠋ᠤ᠌ ᠶᠠᠪᠤᠭᠤᠯᠵᠠᠢ᠃ ᠬᠠᠷᠢᠨ ᠣᠳᠣ ᠴᠡᠷᠢᠭ ᠢ᠋ᠶ᠋ᠡᠨ ᠠᠮᠠᠷᠠᠵᠤ ᠳᠠᠭᠤᠰᠤᠮᠠᠭᠴᠠ ᠬᠡᠳᠦᠨ ᠭᠣᠣᠯ ᠳᠠᠮᠵᠢᠨ ᠵᠢᠭᠤᠲᠠᠭᠰᠠᠭᠠᠷ ᠪᠠᠢᠭ᠎ᠠ ᠥᠰᠲᠦ ᠮᠡᠷᠭᠢᠳ ᠦ᠋ᠨ ᠦᠯᠡᠳᠡᠭᠳᠡᠯ ᠢ᠋ ᠦᠷ᠎ᠡ ᠦᠨᠳᠦᠰᠦ ᠦᠭᠡᠢ ᠪᠣᠯᠲᠠᠯ᠎ᠠ ᠨᠢ ᠤᠰᠠᠳᠬᠠᠨ ᠰᠥᠨᠥᠭᠡᠬᠦ ᠬᠡᠷᠡᠭ ᠲᠤᠯᠭᠠᠷᠠᠭᠠᠳ ᠪᠠᠢᠪᠠ᠃ ᠲᠡᠳᠡᠨ ᠢ᠋ ᠦᠭᠡᠢ ᠬᠢᠪᠡᠯ ᠮᠣᠩᠭᠣᠯ ᠠᠢᠮᠠᠭ ᠤ᠋ᠳ ᠪᠦᠭᠦᠳᠡ ᠲᠡᠭᠦᠨ ᠳ᠋ᠦ᠍ ᠡᠵᠡᠯᠡᠭᠳᠡᠨ ᠵᠠᠬᠢᠷᠤᠭᠳᠠᠬᠤ ᠪᠥᠯᠥᠭᠡ᠃
ᠵᠠᠮᠤᠬ᠎ᠠ ᠪᠤᠭᠤᠷᠴᠢ ᠠ᠋ᠴᠠ ᠠᠵᠠ ᠪᠠᠷ ᠠᠮᠢ ᠮᠤᠯᠲᠤᠷᠠᠨ ᠭᠠᠷᠴᠤ ᠪᠦᠷ ᠪᠠᠷᠠᠭᠤᠨ ᠬᠣᠢᠲᠤ ᠵᠦᠭ ᠨᠢᠭᠤᠷ ᠪᠤᠷᠤᠭᠤᠯᠠᠨ ᠵᠢᠭᠤᠲᠠᠭᠰᠠᠭᠠᠷ ᠲᠠᠩᠨᠤ ᠠᠭᠤᠯᠠᠨ ᠳ᠋ᠤ᠌ ᠬᠦᠷᠴᠦ ᠰᠠᠶᠢ ᠨᠢᠭᠡ ᠠᠮᠤᠰᠬᠢᠨ ᠬᠡᠳᠦᠨ ᠰᠠᠷ᠎ᠠ ᠶ᠋ᠢ ᠦᠳᠡᠵᠡᠢ᠃ ᠬᠣᠭᠣᠯᠠ ᠬᠦᠨᠡᠰᠦ ᠦᠭᠡᠢ ᠥᠯᠥᠰᠴᠦ ᠴᠠᠩᠭᠠᠵᠤ ᠣᠯᠠᠨ ᠴᠤ᠌ ᠬᠣᠨᠣᠭ ᠬᠡᠪᠲᠡᠪᠡ᠃ ᠣᠳᠣ ᠲᠡᠭᠦᠨ ᠦ᠌ ᠳᠡᠷᠭᠡᠳᠡ ᠬᠠᠨᠳᠡᠮᠦᠷ ᠲᠡᠢ ᠨᠡᠢᠯᠡᠭᠡᠳ ᠲᠠᠪᠤᠨ ᠴᠡᠷᠢᠭ ᠯᠡ ᠦᠯᠡᠳᠡᠭᠰᠡᠨ ᠪᠠᠢᠪᠠ᠃ ᠰᠡᠭᠦᠯ ᠳ᠋ᠡᠭᠡᠨ ᠠᠮᠢ ᠵᠢᠭᠤᠬᠤ ᠶ᠋ᠢᠨ ᠲᠤᠯᠠᠳᠠ ᠨᠤᠲᠤᠭ ᠤ᠋ᠨ ᠠᠢᠯ ᠠᠮᠢᠲᠠᠨ ᠢ᠋ ᠳᠡᠭᠡᠷᠡᠮᠳᠡᠬᠦ ᠴᠦ᠍ ᠵᠢᠷ ᠦ᠋ᠨ ᠶᠠᠪᠤᠳᠠᠯ ᠪᠣᠯᠵᠠᠢ᠃ ᠡᠪᠦᠯ ᠥᠩᠭᠡᠷᠡᠵᠦ ᠬᠠᠪᠤᠷ᠂ ᠪᠦᠷ ᠵᠤᠨ ᠪᠣᠯᠪᠠ᠃ ᠠᠭᠤᠯᠠᠨ ᠳ᠋ᠤ᠌ ᠬᠥᠬᠥᠭᠡ ᠳᠣᠩᠭᠣᠳᠴᠤ᠂ ᠤᠰᠤᠨ ᠳ᠋ᠤ᠌ ᠬᠤᠨ ᠭᠠᠯᠠᠭᠤ ᠢᠷᠡᠨ ᠴᠡᠩᠭᠡᠵᠦ ᠤᠷᠠᠨ ᠪᠠᠢᠭᠠᠯᠢ ᠪᠦᠬᠦᠢ ᠯᠡ ᠥᠩᠭᠡ ᠪᠡᠷ ᠢ᠋ᠶ᠋ᠡᠨ ᠳᠡᠯᠭᠡᠷᠡᠨ ᠭᠠᠵᠠᠷ ᠳᠡᠯᠡᠬᠡᠢ ᠳᠡᠭᠡᠷ᠎ᠡ ᠦᠬᠦᠯ ᠵᠣᠪᠠᠯᠠᠩ᠂ ᠦᠭᠡᠢᠷᠡᠯ ᠬᠣᠭᠣᠰᠣᠷᠠᠯ ᠢᠷᠡᠬᠦ ᠦᠭᠡᠢ ᠮᠡᠲᠦ ᠪᠠᠶᠠᠨ ᠦᠵᠡᠰᠬᠦᠯᠡᠩᠲᠡᠢ ᠵᠤᠨ ᠪᠣᠯᠤᠯ᠎ᠠ᠃
ᠲᠤᠷᠠᠩᠬᠠᠢ ᠴᠤ᠌ ᠭᠡᠯ᠎ᠡ ᠠᠷᠭᠠᠯᠢ ᠠᠯᠠᠵᠤ ᠰᠢᠷᠠᠵᠤ ᠢᠳᠡᠭᠰᠡᠨ ᠲᠡᠷᠡ ᠡᠳᠦᠷ ᠵᠠᠮᠤᠬ᠎ᠠ ᠡᠴᠦᠰ ᠦ᠋ᠨ ᠦᠭᠡ ᠪᠡᠨ ᠬᠠᠨᠲᠡᠮᠦᠷ ᠲᠦ᠍ ᠬᠡᠯᠡᠵᠦ ᠡᠨᠡ ᠭᠤᠨᠢᠭᠲᠤ ᠲᠡᠦᠬᠡ ᠪᠡᠨ ᠲᠡᠭᠦᠰᠬᠡᠯ ᠪᠣᠯᠭᠠᠬᠤ ᠪᠠᠷ ᠰᠢᠢᠳᠴᠡᠢ᠃ ᠰᠢᠷᠠᠭᠰᠠᠨ ᠮᠢᠬ᠎ᠠ ᠢᠳᠡᠵᠦ᠂ ᠭᠡᠳᠡᠰᠦ ᠭᠠᠷᠤᠭᠰᠠᠨ ᠴᠡᠷᠢᠭ ᠦ᠋ᠳ ᠲᠣᠷᠭᠠᠨ ᠵᠦᠯᠭᠡᠨ ᠳᠡᠭᠡᠷ᠎ᠡ ᠤᠨᠳᠤᠢ ᠰᠤᠨᠳᠤᠢ ᠲᠡᠷᠡᠢᠨ ᠤᠨᠠᠭᠠᠳ ᠬᠠᠮᠠᠷ ᠢ᠋ᠶ᠋ᠠᠨ ᠰᠡᠳᠡᠷᠡᠲᠡᠯ᠎ᠡ ᠬᠤᠷᠬᠢᠷᠠᠨ ᠤᠨᠲᠠᠨ᠎ᠠ᠃ ᠭᠠᠭᠴᠠᠬᠠᠨ ᠬᠠᠨᠲᠡᠮᠦᠷ ᠯᠡ ᠡᠵᠡᠨ ᠳ᠋ᠡᠭᠡᠨ ᠮᠢᠬ᠎ᠠ ᠰᠢᠷᠠᠵᠤ ᠥᠭᠬᠦ ᠭᠡᠵᠦ ᠲᠦᠳᠡᠭ ᠦ᠋ᠨ ᠳᠡᠷᠭᠡᠳᠡ ᠪᠥᠷᠲᠥᠢᠨ᠎ᠡ᠃ ᠤᠭ ᠨᠢ ᠠᠷᠭᠠᠯᠢ ᠶ᠋ᠢᠨ ᠮᠢᠬ᠎ᠠ ᠶ᠋ᠢ ᠬᠠᠷᠠᠴᠤ ᠪᠣᠭᠣᠯ ᠬᠥᠮᠦᠨ ᠢᠳᠡᠬᠦ ᠶᠣᠰᠣ ᠦᠭᠡᠢ ᠶᠤᠮ᠃ ᠭᠡᠪᠡᠴᠦ ᠡᠢᠮᠦ ᠦᠶ᠎ᠡ ᠳ᠋ᠦ᠍ ᠬᠡᠨ ᠬᠠᠭᠠᠨ ᠡᠵᠡᠨ᠂ ᠬᠠᠷᠠᠴᠤ ᠪᠣᠭᠣᠯ ᠭᠡᠵᠦ ᠢᠯᠭᠠᠬᠤ ᠪᠢᠯᠡ᠃ ᠥᠯᠥᠰᠦᠭᠰᠡᠨ ᠬᠣᠳᠣᠭᠣᠳᠣ ᠬᠥᠮᠦᠨ ᠪᠦᠷᠢ ᠳ᠋ᠦ᠍ ᠠᠳᠠᠯᠢᠬᠠᠨ ᠲᠤᠯᠠ ᠲᠦᠭᠦᠬᠡᠢ ᠮᠢᠬ᠎ᠠ ᠶ᠋ᠢ ᠥᠩᠭᠡ ᠬᠤᠪᠢᠷᠠᠭᠠᠭᠰᠠᠨ ᠲᠡᠳᠦᠢ ᠪᠣᠯᠣᠮᠠᠭᠴᠠ ᠤᠯᠠᠭᠠᠨ ᠰᠢᠭᠦᠰᠦ ᠶ᠋ᠢ ᠨᠢ ᠡᠷᠡᠦ ᠵᠠᠪᠠᠵᠢ ᠪᠠᠷ ᠰᠠᠪᠢᠷᠠᠭᠤᠯᠤᠨ ᠴᠢᠨᠣ᠎ᠠ ᠰᠢᠭ᠋ ᠠᠷᠬᠢᠷᠠᠬᠤ ᠨᠢ ᠬᠣᠯᠠ ᠦᠭᠡᠢ ᠤᠷᠤᠯᠳᠤᠨ ᠢᠳᠡᠵᠡᠭᠡᠵᠡᠢ᠃ ᠬᠠᠷᠢᠨ ᠵᠠᠮᠤᠬ᠎ᠠ ᠴᠡᠷᠢᠭ ᠦ᠋ᠳ ᠢ᠋ᠶ᠋ᠡᠨ ᠴᠠᠳᠬᠤ ᠶ᠋ᠢ ᠲᠡᠪᠴᠢᠶᠡᠷᠢ ᠲᠡᠢ ᠬᠦᠯᠢᠶᠡᠨ ᠬᠣᠭᠣᠰᠣᠨ ᠬᠣᠳᠣᠭᠣᠳᠣ ᠪᠠᠨ ᠬᠤᠷᠴᠢᠭᠢᠨᠠᠨ ᠳᠤᠤᠭᠠᠷᠬᠤ ᠶ᠋ᠢ ᠰᠣᠨᠣᠰᠤᠨ ᠰᠠᠭᠤᠪᠠ᠃ ᠬᠠᠨᠲᠡᠮᠦᠷ ᠥᠷᠥᠴᠡ ᠨᠢ ᠨᠢᠷᠤᠭᠤᠨ ᠳ᠋ᠠᠭᠠᠨ ᠨᠠᠭᠠᠯᠳᠤᠲᠠᠯ᠎ᠠ ᠪᠠᠨ ᠥᠯᠥᠰᠦᠭᠰᠡᠨ ᠴᠡᠷᠢᠭ ᠦ᠋ᠳ ᠡᠴᠡ ᠥᠷᠢᠰᠦᠨ ᠰᠠᠯᠭᠠᠵᠤ ᠠᠪᠤᠭᠰᠠᠨ ᠠᠷᠭᠠᠯᠢ ᠶ᠋ᠢᠨ ᠭᠤᠶ᠎ᠠ ᠪᠠᠨ ᠲᠤᠬᠠᠲᠠᠢᠬᠠᠨ ᠰᠢᠷᠠᠵᠤ ᠪᠠᠢᠯ᠎ᠠ᠃ ᠰᠠᠢᠲᠤᠷ ᠪᠣᠯᠬᠤ ᠶ᠋ᠢ ᠬᠦᠯᠢᠶᠡᠨ ᠪᠠᠢᠨ ᠪᠠᠢᠨ ᠡᠷᠭᠢᠭᠦᠯᠵᠦ ᠲᠣᠭᠣᠷᠢᠭᠤᠯᠤᠨ ᠰᠢᠷᠠᠨ᠎ᠠ᠃ ᠵᠠᠮᠤᠬ᠎ᠠ ᠡᠵᠡᠨ ᠦᠭᠡᠢ ᠪᠣᠳᠣᠯ ᠳ᠋ᠤ᠌ ᠠᠪᠲᠠᠨ ᠲᠦᠳᠡᠭ ᠦ᠋ᠨ ᠭᠠᠯ ᠰᠢᠷᠲᠡᠨ ᠰᠠᠭᠤᠪᠠ᠃ ᠦᠵᠡᠰᠬᠦᠯᠡᠩᠲᠦ ᠪᠠᠢᠭᠠᠯᠢ᠂ ᠰᠢᠪᠠᠭᠤᠳ ᠤ᠋ᠨ ᠵᠢᠷᠭᠢᠭᠡᠨ ᠳᠤᠮᠳᠠ ᠰᠢᠷᠠᠭᠰᠠᠨ ᠮᠢᠬᠠᠨ ᠤ᠋ ᠰᠠᠢᠬᠠᠨ ᠦᠨᠦᠷ ᠬᠠᠩᠬᠤᠯᠬᠤ ᠨᠢ ᠶᠡᠷᠦ ᠳ᠋ᠧᠪᠠᠵᠠᠨ ᠮᠡᠲᠦ᠃ ᠬᠠᠨᠲᠡᠮᠦᠷ ᠬᠣᠷᠣᠮ ᠪᠣᠯᠪᠠᠴᠤ ᠲᠤᠢᠯ ᠤ᠋ᠨ ᠵᠢᠷᠭᠠᠯᠲᠠᠢ ᠪᠠᠢᠯ᠎ᠠ᠃
— ᠬᠥᠷ ᠬᠠᠭᠠᠨ ᠲᠠ ᠰᠢᠷᠠᠭᠰᠠᠨ ᠮᠢᠬ᠎ᠠ ᠪᠠᠨ ᠵᠣᠭᠣᠭᠯᠠ᠃
ᠬᠠᠨᠲᠡᠮᠦᠷ ᠦ᠋ᠨ ᠬᠡᠯᠡᠭᠰᠡᠨ ᠬᠣᠭᠣᠰᠣᠨ ᠬᠦᠨᠳᠦᠯᠡᠯ ᠦ᠋ᠨ ᠦᠭᠡ ᠣᠳᠣ ᠲᠣᠮᠣᠳᠠᠭᠰᠠᠨ ᠬᠤᠪᠴᠠᠰᠤ ᠮᠡᠲᠦ ᠲᠡᠭᠡᠭᠡᠷ᠎ᠡ ᠲᠡᠢ ᠰᠠᠨᠠᠭᠳᠠᠪᠠᠴᠤ ᠵᠠᠮᠤᠬ᠎ᠠ ᠳᠤᠤᠭᠠᠷᠤᠭᠰᠠᠨ ᠦᠭᠡᠢ ᠪᠥᠰᠡᠨ ᠡᠴᠡ ᠪᠡᠨ ᠬᠢᠲᠤᠭ᠎ᠠ ᠪᠠᠨ ᠰᠤᠭᠤᠯᠤᠨ ᠠᠪᠴᠤ ᠰᠢᠷᠠᠭᠰᠠᠨ ᠮᠢᠬ᠎ᠠ ᠤᠷᠤᠭᠤ ᠳᠠᠭᠠᠷᠢᠨ ᠣᠷᠣᠪᠠ᠃ ᠪᠦᠲᠦᠨ ᠭᠤᠶᠠᠨ ᠤ᠋ ᠮᠢᠬ᠎ᠠ ᠢᠳᠡᠵᠦ ᠪᠤᠯᠠᠭ ᠤ᠋ᠨ ᠬᠦᠢᠲᠡᠨ ᠤᠰᠤ ᠤᠤᠭᠤᠭᠠᠳ ᠰᠠᠶᠢ ᠨᠢᠭᠡ ᠴᠠᠳᠤᠭᠰᠠᠨ ᠢ᠋ᠶ᠋ᠠᠨ ᠮᠡᠳᠡᠵᠦ ᠵᠥᠭᠡᠯᠡᠨ ᠨᠣᠭᠣᠭᠠᠨ ᠳᠡᠭᠡᠷ᠎ᠡ ᠬᠡᠪᠲᠡᠮᠡᠭᠴᠡ ᠨᠣᠢᠷ ᠨᠢ ᠬᠦᠷᠴᠦ ᠥᠪᠡᠷ ᠦ᠋ᠨ ᠡᠷᠬᠡ ᠦᠭᠡᠢ ᠨᠢᠳᠦ ᠠᠨᠢᠯᠳᠤᠨ᠎ᠠ᠃ ᠵᠠᠮᠤᠬ᠎ᠠ ᠤᠨᠲᠠᠵᠤ ᠪᠣᠯᠬᠤ ᠦᠭᠡᠢ ᠭᠡᠵᠦ ᠰᠠᠨᠠᠭᠠᠳ ᠥᠨᠳᠡᠢᠬᠦ ᠳ᠋ᠦ᠍ ᠡᠵᠡᠨ ᠨᠢ ᠨᠢᠭᠡ ᠶᠠᠭᠤᠮ᠎ᠠ ᠬᠡᠯᠡᠬᠦ ᠭᠡᠳ ᠪᠠᠢᠭ᠎ᠠ ᠶ᠋ᠢ ᠴᠢᠷᠠᠢ ᠪᠠᠷ ᠨᠢ ᠭᠠᠳᠠᠷᠯᠠᠭᠰᠠᠨ ᠬᠠᠨᠲᠡᠮᠦᠷ ᠲᠡᠭᠦᠨ ᠳ᠋ᠦ᠍ ᠣᠢᠷᠠᠲᠤᠨ ᠰᠠᠭᠤᠪᠠ᠃ ᠠᠮᠢ ᠥᠷᠢᠰᠦᠭᠰᠡᠨ ᠳᠣᠯᠣᠭᠠᠨ᠂ ᠦᠬᠦᠯ ᠴᠢᠰᠤ ᠪᠦᠭᠦᠳᠡ ᠠᠷᠤ ᠳ᠋ᠤ᠌ ᠦᠯᠡᠳᠡᠭᠡᠳ ᠡᠨᠳᠡ ᠮᠣᠳᠣᠳ ᠤ᠋ᠨ ᠳᠤᠮᠳᠠ ᠡᠷᠭᠢᠨ ᠲᠣᠭᠣᠷᠢᠨ ᠳ᠋ᠤ᠌ ᠰᠢᠷᠠᠭᠰᠠᠨ ᠮᠢᠬᠠᠨ ᠤ᠋ ᠦᠨᠦᠷ ᠬᠠᠩᠬᠤᠯᠤᠨ ᠨᠡᠩ ᠲᠠᠭᠠᠲᠠᠢ᠂ ᠬᠡᠨ ᠪᠣᠯᠪᠠᠴᠤ ᠲᠠᠢᠪᠤᠰᠢᠷᠠᠨ ᠨᠠᠮ ᠤᠨᠲᠠᠮᠠᠷ ᠠᠵᠢ᠃
ᠬᠠᠨᠲᠡᠮᠦᠷ ᠠ᠋᠃ ᠴᠢᠮ᠎ᠠ ᠳ᠋ᠤ᠌ ᠶᠡᠷᠦ ᠨᠢ ᠦᠬᠦᠬᠦ ᠳ᠋ᠦ᠍ ᠬᠠᠷᠠᠮᠰᠠᠬᠤ ᠵᠦᠢᠯ ᠪᠣᠢ ᠤᠤ? ᠭᠡᠵᠦ ᠵᠠᠮᠤᠬ᠎ᠠ ᠭᠡᠨᠡᠳᠲᠡ ᠠᠰᠠᠭᠤᠪᠠ᠃ ᠬᠠᠨᠲᠡᠮᠦᠷ ᠶᠠᠭᠤ ᠭᠡᠵᠦ ᠬᠠᠷᠢᠭᠤ ᠬᠡᠯᠡᠬᠦ ᠪᠡᠨ ᠲᠡᠷᠡ ᠳᠣᠣᠷ᠎ᠠ ᠪᠠᠨ ᠪᠣᠳᠣᠵᠤ ᠣᠯᠤᠭᠰᠠᠨ ᠦᠭᠡᠢ᠃ ᠡᠨᠡ ᠦᠭᠡ ᠠᠮᠢ ᠪᠠᠨ ᠬᠣᠣᠷᠯᠠᠵᠤ ᠦᠬᠦᠶ᠎ᠡ ᠭᠡᠰᠡᠨ ᠲᠡᠢ ᠠᠳᠠᠯᠢ ᠰᠣᠨᠣᠰᠳᠠᠭᠠᠳ ᠪᠠᠢᠪᠠ᠃ ᠠᠮᠠ ᠨᠡᠭᠡᠭᠡᠬᠦ ᠡᠴᠡ ᠡᠮᠦᠨ᠎ᠡ ᠡᠵᠡᠨ ᠦ᠌ ᠪᠡᠨ ᠥᠨᠥᠴᠢᠷᠡᠭᠰᠡᠨ ᠰᠡᠳᠬᠢᠯ ᠢ᠋ ᠲᠠᠢᠳᠬᠤᠷᠠᠭᠤᠯᠵᠤ ᠦᠬᠦᠯ ᠦ᠋ᠨ ᠲᠤᠬᠠᠢ ᠪᠣᠳᠣᠯ ᠠ᠋ᠴᠠ ᠰᠠᠯᠭᠠᠬᠤ ᠶ᠋ᠢᠨ ᠲᠤᠯᠠᠳᠠ ᠲᠠᠭᠠᠷᠠᠬᠤ ᠠᠶᠠᠲᠠᠢ ᠦᠭᠡ ᠣᠯᠬᠤ ᠭᠡᠵᠦ ᠬᠡᠰᠡᠭ ᠪᠣᠳᠣᠪᠠ᠃
— ᠬᠥᠷ ᠬᠠᠭᠠᠨ᠃ ᠪᠢ ᠲᠠᠨ ᠢ᠋ ᠦᠭᠡᠢ ᠪᠣᠯᠪᠠᠯ ᠠᠮᠢᠳᠤ ᠶᠠᠪᠤᠭᠠᠳ ᠶᠠᠭᠤ ᠬᠢᠨ᠎ᠡ᠃ ᠦᠬᠦᠬᠦ ᠳ᠋ᠦ᠍ ᠬᠦᠨᠳᠦ ᠲᠡᠢ ᠰᠢᠯᠲᠠᠭᠠᠨ ᠬᠡᠷᠡᠭᠲᠡᠢ ᠪᠢᠵᠡ᠃ ᠬᠡᠷᠪᠡ ᠲᠠ ᠨᠢᠭᠡᠨᠲᠡ ᠠᠮᠢ ᠪᠠᠨ ᠦᠷᠡᠬᠦ ᠪᠡᠷ ᠰᠢᠢᠳᠦᠭᠰᠡᠨ ᠪᠣᠯ ᠡᠬᠢᠯᠡᠭᠡᠳ ᠨᠠᠮᠠᠶ᠋ᠢ ᠬᠣᠷᠣᠭᠠᠭᠲᠤᠨ᠃
ᠡᠢᠮᠦ ᠦᠭᠡ ᠰᠣᠨᠣᠰᠤᠭᠠᠳ ᠡᠵᠡᠨ ᠨᠢ ᠤᠬᠠᠭᠠᠷᠠᠵᠤ ᠤᠶᠠᠷᠠᠨ᠎ᠠ ᠭᠡᠵᠦ ᠬᠠᠡᠲᠡᠮᠥᠷ ᠢᠲᠡᠭᠡᠵᠡᠢ᠃
—ᠲᠡᠢᠮᠦ ᠠ᠋ ᠃ ᠬᠠᠡᠲᠡᠮᠥᠷ ᠴᠢ ᠵᠥᠪ ᠦᠭᠡ ᠶ᠋ᠢ ᠣᠯᠵᠤ ᠬᠡᠯᠡᠪᠡ᠃ ᠵᠠᠮᠤᠬ᠎ᠠ ᠨᠠᠳᠠᠳᠤ ᠠᠮᠢ ᠪᠠᠨ ᠦᠷᠡᠬᠦ ᠣᠯᠠᠨ ᠲᠦᠮᠡᠨ ᠰᠢᠯᠲᠠᠭ ᠪᠣᠢ᠃

ᠰᠠᠭᠠᠷ ᠬᠥᠮᠦᠨ ᠦ᠌ ᠦᠭᠡ ᠪᠡᠷ
ᠰᠠᠢᠨ ᠨᠥᠬᠥᠷ ᠡᠴᠡ ᠤᠷᠪᠠᠪᠠ ᠪᠢ
ᠰᠠᠭᠠᠳᠠᠭ ᠨᠣᠮᠣᠨ ᠠ᠋ᠴᠠ ᠬᠠᠭᠠᠴᠠᠵᠤ
ᠰᠠᠷᠨᠢᠬᠤ ᠮᠢᠨᠢ ᠪᠣᠯᠪᠠ ᠪᠢ
ᠤᠨᠤᠨ ᠤ᠋ ᠡᠷᠭᠢ   ᠳ᠋ᠦ᠍ ᠡᠷᠭᠦᠭᠰᠡᠨ
ᠤᠨᠤᠭ᠎ᠠ ᠲᠠᠩᠭᠠᠷᠢᠭ ᠡᠪᠳᠡᠪᠡ ᠪᠢ
ᠣᠨᠴᠠᠯᠠᠭᠰᠠᠨ ᠨᠥᠬᠥᠷ ᠡᠴᠡ ᠤᠷᠪᠠᠵᠤ
ᠣᠰᠣᠯ ᠶᠠᠯ᠎ᠠ ᠳ᠋ᠤ᠌ ᠤᠨᠠᠪᠠ ᠪᠢ
ᠠᠲᠠᠭᠠᠲᠤ ᠡᠮᠡᠰ ᠦ᠋ᠨ ᠦᠭᠡ ᠪᠡᠷ
ᠠᠨᠳᠠ ᠠ᠋ᠴᠠ ᠰᠠᠯᠵᠤ ᠬᠠᠭᠠᠴᠠᠪᠠ ᠪᠢ
ᠠᠰᠠᠷᠠᠬᠤ ᠨᠥᠬᠥᠷ ᠦᠭᠡᠢ ᠬᠣᠴᠣᠷᠤᠭᠠᠳ
ᠠᠯᠵᠢᠶᠠᠨ ᠵᠦᠳᠡᠷᠡᠵᠦ ᠵᠣᠪᠠᠪᠠ ᠪᠢ
ᠬᠤᠷᠢᠶᠠᠭᠰᠠᠨ ᠤᠯᠤᠰ ᠢ᠋ᠶ᠋ᠠᠨ ᠰᠠᠨᠳᠤᠷᠭᠠᠵᠤ
ᠬᠤᠮᠠᠬᠢ ᠶ᠋ᠢᠨ ᠲᠣᠭᠣᠰᠣ ᠪᠣᠯᠭᠠᠪᠠ ᠪᠢ
ᠴᠤᠭᠯᠠᠭᠤᠯᠤᠭᠰᠠᠨ ᠤᠯᠤᠰ ᠢ᠋ᠶ᠋ᠠᠨ ᠪᠤᠲᠠᠷᠭᠠᠵᠤ
ᠴᠣᠭ ᠢ᠋ ᠦᠬᠦᠳᠡᠯ ᠪᠣᠯᠭᠠᠪᠠ ᠪᠢ

ᠵᠠᠮᠤᠬ᠎ᠠ ᠭᠦᠨᠵᠡᠭᠡᠢ ᠭᠤᠨᠢᠭ ᠬᠠᠷᠠᠭᠤᠰᠤᠯ ᠳᠦᠭᠦᠷᠡᠩ ᠳᠠᠭᠤ ᠪᠠᠷ ᠢᠩᠭᠢᠵᠦ ᠰᠢᠯᠦᠭᠯᠡᠨ ᠬᠡᠯᠡᠪᠡ᠃ ᠪᠠᠰᠠ ᠵᠡᠭᠦᠨ ᠨᠢᠳᠦᠨ ᠡᠴᠡ ᠨᠢ ᠭᠠᠭᠴᠠ ᠳᠤᠰᠤᠯ ᠨᠢᠯᠪᠤᠰᠤ ᠲᠠᠰᠤᠷᠠᠨ ᠬᠠᠴᠠᠷ ᠢ᠋ ᠵᠦᠰᠦᠨ ᠳᠣᠭᠣᠭᠰᠢᠯᠠᠬᠤ ᠶ᠋ᠢ ᠬᠠᠡᠲᠡᠮᠥᠷ ᠵᠢᠷᠦᠬᠡ ᠪᠡᠨ ᠱᠠᠷᠬᠢᠷᠠᠭᠤᠯᠤᠨ ᠬᠠᠷᠠᠵᠤ ᠪᠠᠢᠯ᠎ᠠ᠃ ᠬᠦᠴᠦᠷᠬᠡᠭ ᠵᠠᠳᠠᠷᠠᠨ ᠠᠢᠮᠠᠭ ᠢ᠋ᠶ᠋ᠠᠨ ᠮᠠᠩᠯᠠᠢᠯᠠᠨ ᠣᠯᠠᠨ ᠢ᠋ ᠪᠢᠰᠢᠷᠡᠭᠦᠯᠵᠦ ᠶᠠᠪᠤᠭᠰᠠᠨ ᠵᠢᠰᠦ ᠭᠤᠸ᠎ᠠ᠂ ᠪᠡᠶ᠎ᠡ ᠥᠨᠳᠥᠷ᠂ ᠵᠣᠷᠢᠭ ᠶᠡᠬᠡ ᠡᠨᠡ ᠡᠷ᠎ᠡ ᠣᠳᠣ ᠠᠳᠠᠭ ᠤ᠋ᠨ ᠬᠤᠯᠠᠭᠠᠢᠴᠢ᠂ ᠠᠯᠳᠠᠭᠤᠯ ᠪᠣᠰᠬᠠᠭᠤᠯ ᠰᠢᠭ᠋ ᠬᠡᠭᠡᠷ᠎ᠡ ᠪᠡᠷ ᠭᠡᠷ ᠬᠢᠵᠦ᠂ ᠬᠡᠴᠡ ᠪᠡᠷ ᠳᠡᠷ᠎ᠡ ᠬᠢᠵᠦ ᠪᠥᠭᠡᠰᠦ ᠬᠢᠭᠤᠷᠰᠤᠨ ᠳ᠋ᠤ᠌ ᠪᠠᠷᠢᠭᠳᠠᠭᠠᠳ ᠪᠦᠯᠡᠬᠡ ᠰᠢᠷᠪᠥᠰᠥ ᠵᠠᠵᠢᠯᠵᠤ ᠶᠠᠪᠤᠬᠤ ᠶ᠋ᠢ ᠦᠵᠡᠬᠦ ᠨᠡᠩ ᠬᠠᠷᠠᠭᠤᠰᠤᠯ ᠡᠮᠭᠡᠨᠢᠯᠲᠡᠢ ᠠᠵᠢ᠃ ᠲᠡᠭᠦᠨ ᠦ᠌ ᠨᠢᠳᠦᠨ ᠡᠴᠡ ᠴᠢᠰᠤ ᠰᠢᠭ᠋ ᠳᠤᠰᠤᠯ ᠨᠢᠯᠪᠤᠰᠤ ᠭᠠᠷᠤᠭᠰᠠᠨ ᠨᠢ ᠠᠷᠭ᠎ᠠ ᠪᠠᠨ ᠪᠠᠷᠠᠭᠰᠠᠨ ᠤ᠋᠂ ᠪᠠᠰᠠ ᠠᠮᠢ ᠪᠠᠨ ᠦᠷᠡᠬᠦ ᠶ᠋ᠢᠨ ᠡᠷᠭᠢᠰᠢ ᠦᠭᠡᠢ ᠲᠡᠮᠳᠡᠭ ᠭᠡᠵᠦ ᠬᠠᠨᠳᠡᠮᠥᠷ ᠲᠦᠭᠰᠢᠪᠡ᠃
     — ᠬᠥᠷ ᠬᠠᠭᠠᠨᠲᠠᠨ᠃ ᠡᠨᠡ ᠡᠵᠡᠭᠦᠢ ᠠᠭᠤᠯᠠᠨ ᠳ᠋ᠤ᠌ ᠡᠯᠡᠰᠦ ᠮᠡᠲᠦ ᠳᠠᠷᠤᠭᠳᠠᠵᠤ᠂ ᠡᠷᠭᠢ ᠮᠡᠲᠦ ᠨᠤᠷᠠᠬᠤ ᠶ᠋ᠢᠨ ᠣᠷᠣᠨ ᠳ᠋ᠤ᠌ ᠳᠠᠷᠤᠢ ᠲᠡᠮᠡᠴᠡᠨ ᠶᠠᠪᠤᠵᠤ ᠠᠯᠲᠠᠨ ᠤᠯᠤᠰ  ᠲᠤ᠌ ᠣᠴᠢᠪᠠᠯ ᠳᠡᠭᠡᠷ᠎ᠡ ᠪᠢᠰᠢ ᠦᠦ? ᠡᠰᠡᠪᠡᠯ ᠪᠠᠷᠠᠭᠤᠨ ᠳᠠᠢᠰᠢ ᠤᠢᠭᠤᠷ᠂ ᠪᠦᠷ ᠪᠣᠯᠬᠤ ᠦᠭᠡᠢ ᠪᠣᠯ ᠲᠠᠩᠭᠤᠳ᠂ ᠬᠠᠷᠠᠯᠠᠭ ᠤᠯᠤᠰ  ᠲᠤ᠌ ᠴᠤ᠌ ᠲᠠᠨ ᠢ᠋ ᠪᠠᠶᠠᠷᠯᠠᠨ ᠤᠭᠲᠤᠬᠤ ᠪᠢᠰᠢ ᠦᠦ?
  — ᠬᠠᠨᠲᠡᠮᠥᠷ ᠦ᠋ᠨ ᠵᠣᠷᠢᠭᠯᠠᠨ ᠬᠡᠯᠡᠭᠰᠡᠨ ᠡᠨᠡ ᠦᠭᠡ ᠦᠨᠡᠨ ᠲᠤᠯᠠ ᠵᠠᠮᠤᠬ᠎ᠠ ᠡᠰᠡᠷᠭᠦᠴᠡᠨ ᠳᠤᠤᠭᠠᠷᠤᠭᠰᠠᠨ ᠦᠭᠡᠢ ᠳ᠋ᠦ᠍ ᠲᠡᠷᠡ ᠪᠡᠷ ᠤᠯᠠᠮ ᠵᠣᠷᠢᠭᠵᠢᠨ ᠦᠭᠡ ᠪᠡᠨ ᠦᠷᠭᠦᠯᠵᠢᠯᠡᠭᠦᠯᠵᠦ ᠪᠦᠷ ᠳᠡᠷᠭᠡᠳᠡ ᠣᠴᠢᠭᠠᠳ ᠲᠤᠯᠵᠤ ᠰᠠᠭᠤᠪᠠ᠃ ᠣᠳᠣ ᠲᠡᠳᠡ ᠬᠠᠭᠠᠨ ᠡᠵᠡᠨ᠂ ᠠᠯᠪᠠᠲᠤ ᠪᠣᠭᠣᠯ ᠪᠢᠰᠢ ᠬᠠᠯᠠᠭᠤᠨ ᠠᠮᠢ ᠨᠢᠭᠡᠲᠡᠢ ᠬᠠᠢᠷᠠᠲᠠᠢ ᠨᠥᠬᠥᠳ ᠦ᠋ᠨ ᠶᠣᠰᠣ ᠪᠠᠷ ᠠᠮᠢᠰᠬᠤᠭ᠎ᠠ ᠨᠡᠢᠯᠡᠭᠦᠯᠦᠨ ᠰᠠᠭᠤᠵᠠᠢ᠃ ᠳᠥᠴᠢᠨ ᠵᠢᠯ ᠳᠥᠷᠥᠭᠡ ᠮᠣᠯᠲᠤᠯᠠᠯ ᠦᠭᠡᠢ ᠳᠠᠭᠠᠵᠤ᠂ ᠭᠤᠴᠢᠨ ᠵᠢᠯ ᠭᠤᠲᠤᠯ ᠲᠠᠢᠯᠤᠯ ᠦᠭᠡᠢ ᠵᠢᠳᠬᠦᠭᠰᠡᠨ ᠡᠵᠡᠨ ᠳ᠋ᠡᠭᠡᠨ ᠬᠠᠮᠤᠭ ᠤ᠋ᠨ ᠣᠢᠷᠠᠬᠠᠨ ᠰᠠᠭᠤᠭᠰᠠᠨ ᠨᠢ ᠡᠨᠡ ᠪᠢᠯᠡ᠃ ᠲᠡᠳᠡᠨ ᠦ᠌ ᠬᠣᠭᠣᠷᠣᠨᠳᠣ ᠳ᠋ᠤ᠌ ᠣᠳᠣ ᠬᠤᠷᠤᠭᠤ ᠲᠡᠳᠦᠢ ᠵᠠᠢ ᠦᠯᠡᠳᠡᠭᠡᠳ ᠪᠠᠷᠤᠭ ᠬᠠᠮᠠᠷ ᠤ᠋ᠨ ᠦᠵᠦᠭᠦᠷ ᠱᠦᠷᠭᠦᠬᠦ ᠠᠵᠢ᠃
     — ᠬᠥᠷ ᠬᠠᠭᠠᠨ᠃
ᠢᠩᠭᠢᠵᠦ ᠬᠦᠨᠳᠦᠳᠬᠡᠯ ᠳᠦᠭᠦᠷᠡᠩ ᠬᠡᠯᠡᠭᠰᠡᠨ ᠨᠢ ᠡᠵᠡᠨ ᠢ᠋ᠶ᠋ᠡᠨ ᠰᠡᠷᠭᠦᠭᠡᠬᠦ᠂ ᠬᠠᠭᠤᠴᠢᠨ ᠵᠣᠯᠪᠣᠭᠠᠲᠤ ᠦᠶ᠎ᠡ ᠶ᠋ᠢ ᠨᠢ ᠰᠠᠨᠠᠭᠳᠠᠭᠤᠯᠬᠤ᠂ ᠰᠡᠳᠬᠢᠯ ᠰᠠᠨᠠᠭ᠎ᠠ ᠶ᠋ᠢ ᠨᠢ ᠡᠷᠭᠦᠬᠦ ᠭᠡᠰᠡᠨ ᠲᠡᠭᠦᠨ ᠦ᠌ ᠠᠷᠭ᠎ᠠ ᠪᠠᠨ ᠣᠯᠵᠤ  ᠶᠠᠳᠠᠭᠰᠠᠨ ᠪᠢᠴᠢᠬᠠᠨ ᠵᠠᠯᠢ ᠲᠡᠳᠦᠢ ᠶᠤᠮ᠃
    — ᠬᠥᠷ ᠬᠠᠭᠠᠨ᠃ ᠠᠯᠲᠠᠨ ᠤᠯᠤᠰ ᠲᠡᠮᠦᠵᠢᠨ ᠦ᠌ ᠬᠦᠴᠦᠷᠬᠡᠭᠵᠢᠬᠦ ᠶ᠋ᠢ ᠬᠡᠵᠢᠶ᠎ᠡ ᠴᠦ᠍ ᠦᠯᠦ ᠲᠠᠭᠠᠰᠢᠶᠠᠬᠤ ᠲᠤᠯᠠ ᠲᠠᠨ ᠢ᠋ ᠲᠠᠯᠠᠷᠬᠠᠨ ᠤᠭᠲᠤᠭᠠᠳ ᠵᠣᠭᠰᠣᠬᠤ ᠦᠭᠡᠢ ᠴᠡᠷᠢᠭ ᠬᠥᠳᠡᠯᠭᠡᠨ ᠲᠤᠰᠠᠯᠠᠵᠤ ᠴᠤ᠌ ᠮᠡᠳᠡᠨ᠎ᠡ᠃ ᠲᠡᠭᠡᠪᠡᠯ ᠲᠠᠨ ᠳ᠋ᠤ᠌ ᠤᠯᠤᠰ ᠠᠢᠮᠠᠭ ᠢ᠋ᠶ᠋ᠠᠨ ᠪᠤᠴᠠᠭᠠᠨ ᠠᠪᠬᠤ ᠰᠠᠢᠬᠠᠨ ᠪᠣᠯᠤᠮᠵᠢ ᠳᠠᠬᠢᠨ ᠢᠷᠡᠬᠦ ᠪᠢᠰᠢ ᠦᠦ? ᠤᠷᠤᠭᠰᠢ ᠶᠠᠪᠤᠵᠤ ᠲᠠᠩᠭᠤᠳ ᠤᠯᠤᠰ ᠢ᠋ᠶ᠋ᠠᠷ ᠳᠠᠮᠵᠢᠨ ᠠᠯᠲᠠᠨ ᠤᠯᠤᠰ  ᠲᠤ᠌ ᠣᠴᠢᠪᠠᠯ ᠪᠣᠯᠬᠤ ᠦᠭᠡᠢ ᠭᠡᠬᠦ ᠭᠠᠵᠠᠷ ᠦᠭᠡᠢ᠃ ᠪᠢᠳᠡᠨ ᠳ᠋ᠦ᠍ ᠬᠡᠳᠦᠨ ᠰᠠᠢᠨ ᠮᠣᠷᠢᠳ ᠪᠠᠢᠬᠤ ᠳ᠋ᠤ᠌ ᠯᠠ ᠪᠣᠯᠤᠨ᠎ᠠ᠃
ᠬᠠᠨᠳᠡᠮᠥᠷ ᠡᠵᠡᠨ ᠢ᠋ᠶ᠋ᠡᠨ ᠳᠠᠬᠢᠨ ᠰᠡᠭᠡᠭᠡᠰᠡᠢ᠂ ᠬᠦᠴᠦᠷᠬᠡᠭᠵᠢᠨ ᠮᠠᠨᠳᠤᠰᠤᠭᠠᠢ ᠭᠡᠵᠦ ᠦᠨᠡᠨ ᠰᠡᠳᠬᠢᠯ ᠡᠴᠡ ᠬᠦᠰᠡᠬᠦ ᠲᠤᠯᠠ ᠡᠢᠨ ᠬᠡᠯᠡᠪᠡ᠃
ᠪᠠᠰᠠ ᠵᠠᠮᠤᠬ᠎ᠠ ᠲᠡᠭᠦᠨ ᠦ᠌ ᠡᠨᠡ ᠦᠨᠡᠨ ᠦᠭᠡ ᠶ᠋ᠢ ᠨᠢ ᠳᠠᠭᠠᠨ ᠠᠯᠲᠠᠨ ᠤᠯᠤᠰ  ᠲᠤ᠌ ᠣᠳᠤᠨ᠎ᠠ ᠭᠡᠵᠦ ᠢᠲᠡᠭᠡᠨ᠎ᠡ᠃ ᠵᠠᠮᠤᠬ᠎ᠠ ᠲᠡᠭᠦᠨ ᠦ᠌ ᠬᠡᠯᠡᠭᠰᠡᠨ ᠢ᠋ ᠰᠣᠨᠣᠰᠤᠭ᠎ᠠ ᠦᠭᠡᠢ ᠮᠡᠲᠦ ᠲᠠᠭ ᠳᠠᠭᠤ ᠦᠭᠡᠢ ᠭᠥᠯᠢᠷᠡᠨ ᠰᠠᠭᠤᠪᠠ᠃ ᠭᠡᠲᠡᠯ᠎ᠡ ᠲᠡᠷᠡ ᠰᠢᠳᠠᠷ ᠤ᠋ᠨ ᠢ᠋ᠶ᠋ᠠᠨ ᠦᠭᠡ ᠶ᠋ᠢ ᠰᠣᠨᠣᠰᠬᠤ ᠶ᠋ᠢᠨ ᠰᠠᠢᠨ ᠢ᠋ᠶ᠋ᠠᠷ ᠰᠣᠨᠣᠰᠴᠤ ᠰᠢᠷ᠎ᠠ ᠬᠣᠷᠣ ᠨᠢ ᠪᠤᠴᠠᠯᠪᠠ᠃
     — ᠬᠠᠨᠳᠡᠮᠥᠷ ᠴᠢ ᠰᠣᠨᠣᠰ᠃ ᠴᠢᠨᠦ ᠬᠡᠯᠡᠭᠰᠡᠨ ᠦᠨᠡᠨ ᠴᠦ᠍ ᠪᠠᠢᠵᠤ ᠮᠡᠳᠡᠨ᠎ᠡ᠃ ᠠᠯᠲᠠᠨ ᠬᠠᠭᠠᠨ ᠨᠠᠳᠠᠳᠤ ᠴᠡᠷᠢᠭ ᠥᠭᠴᠦ ᠲᠡᠮᠦᠵᠢᠨ ᠦ᠌ ᠡᠰᠡᠷᠭᠦ ᠶᠠᠪᠤᠭᠤᠯᠵᠤ ᠴᠤ᠌ ᠮᠡᠳᠡᠨ᠎ᠡ᠃ ᠲᠡᠮᠦᠵᠢᠨ ᠢ᠋ ᠳᠠᠷᠤᠬᠤ ᠰᠠᠨ ᠭᠡᠵᠦ ᠠᠯᠲᠠᠨ ᠤᠯᠤᠰ ᠬᠦᠰᠡᠬᠦ ᠨᠢ ᠯᠠᠪᠲᠠᠢ᠃ ᠭᠡᠪᠡᠴᠦ ᠴᠢ ᠮᠠᠭᠤ ᠮᠣᠳᠣᠨ ᠲᠣᠯᠣᠭᠠᠢ᠂ ᠳᠦᠯᠡᠢ ᠭᠣᠳᠣᠯᠢ ᠮᠢᠨᠢ ᠨᠢᠳᠦ ᠪᠡᠨ ᠨᠡᠬᠡᠭᠡ᠃ ᠴᠢ ᠶᠠᠭᠤ ᠦᠵᠡᠨ᠎ᠡ? ᠭᠡᠵᠦ ᠵᠠᠮᠤᠬ᠎ᠠ ᠣᠭᠲᠣ ᠰᠠᠨᠠᠭᠠᠨ ᠳ᠋ᠤ᠌ ᠦᠭᠡᠢ ᠪᠠᠢᠲᠠᠯ᠎ᠠ ᠰᠢᠯᠦᠰᠦ ᠪᠡᠨ ᠦᠰᠦᠴᠢᠭᠦᠯᠦᠨ ᠬᠣᠷᠣᠰᠤᠨ ᠰᠢᠪᠡᠨᠡᠪᠡ᠃ ᠡᠭᠦᠨ ᠢ᠋ ᠦᠵᠡᠪᠡᠯ ᠡᠵᠡᠨ ᠨᠢ  ᠯᠠᠪ ᠤᠬᠠᠭᠠᠨ ᠰᠠᠮᠠᠭᠤᠷᠠᠵᠤ ᠪᠣᠳᠣᠯ ᠡᠭᠡᠳᠡᠪᠡ ᠦᠦ ᠭᠡᠯᠲᠡᠢ᠃ ᠵᠠᠮᠤᠬ᠎ᠠ ᠶ᠋ᠢᠨ ᠨᠢᠳᠦᠨ ᠡᠴᠡ ᠬᠣᠷᠣᠰᠤᠯ ᠵᠠᠨᠤᠯ ᠨᠢ ᠪᠠᠷᠤᠭ ᠨᠢᠯᠪᠤᠰᠤ ᠠᠳᠠᠯᠢ ᠲᠤᠰᠬᠤ ᠨᠢ ᠴᠦ᠍ ᠭᠡᠮᠡᠷ ᠳᠦᠷᠡᠯᠵᠡᠪᠡ᠃
— ᠪᠢ ᠶᠠᠭᠤ ᠦᠵᠡᠬᠦ ᠶᠣᠰᠣᠲᠠᠢ ᠭᠡᠵᠢ᠃ ᠪᠢ ᠣᠳᠣ ᠬᠥᠷ ᠬᠠᠭᠠᠨ ᠲᠠᠨ ᠤ᠋ ᠭᠠᠷᠠᠬᠠᠯᠠᠭᠰᠠᠨ ᠨᠢᠳᠦ᠂ ᠰᠠᠭᠠᠷᠢᠲᠤᠭᠰᠠᠨ ᠨᠢᠭᠤᠷ ᠢ᠋ ᠬᠠᠷᠠᠵᠤ ᠪᠠᠢᠨ᠎ᠠ᠃ ᠪᠢ ᠥᠭᠡᠷ᠎ᠡ ᠶᠠᠭᠤ ᠦᠵᠡᠨ᠎ᠡ? ᠪᠢ ᠲᠠᠨ ᠤ᠋ ᠬᠣᠷᠣᠰᠤᠯ ᠵᠠᠨᠤᠯ ᠳ᠋ᠠᠭᠠᠨ ᠰᠢᠲᠠᠵᠤ ᠰᠣᠯᠢᠶᠠᠷᠠᠬᠤ ᠶ᠋ᠢ ᠬᠠᠷᠠᠵᠤ ᠪᠠᠢᠨ᠎ᠠ ᠭᠡᠵᠦ ᠬᠠᠨᠲᠡᠮᠦᠷ ᠪᠠᠰᠠ ᠯᠠ ᠥᠪᠡᠷ ᠦ᠋ᠨ ᠮᠠᠲᠠᠯ ᠦᠭᠡᠢ ᠬᠣᠷᠣᠰᠤᠨ ᠰᠢᠪᠡᠨᠡᠪᠡ᠃
— ᠠᠯᠲᠠᠢ ᠶ᠋ᠢᠨ ᠨᠢᠷᠤᠭᠤᠨ ᠠ᠋ᠴᠠ᠂ ᠬᠢᠩᠭᠠᠨ ᠤ᠋ ᠨᠢᠷᠤᠭᠤ ᠬᠦᠷᠲᠡᠯ᠎ᠡ ᠣᠯᠠᠨ ᠭᠣᠣᠯ ᠤ᠋ᠨ ᠮᠣᠩᠭᠣᠯ ᠠᠢᠮᠠᠭ ᠪᠦᠭᠦᠳᠡ ᠶ᠋ᠢ ᠲᠡᠮᠦᠵᠢᠨ ᠬᠤᠷᠢᠶᠠᠵᠤ ᠳᠠᠭᠤᠰᠪᠠ᠃ ᠪᠢ ᠮᠥᠨ ᠢᠩᠭᠢᠵᠦ ᠬᠦᠰᠡᠭᠡ ᠦᠭᠡᠢ ᠭᠡᠵᠢ ᠦᠦ? ᠣᠳᠣ ᠪᠦᠬᠦ ᠮᠣᠩᠭᠣᠯ ᠠᠢᠮᠠᠭ ᠲᠡᠮᠦᠵᠢᠨ ᠦ᠌ ᠭᠠᠷ ᠳᠣᠣᠷ᠎ᠠ ᠴᠤᠭᠯᠠᠪᠠ᠃ ᠪᠢ ᠲᠡᠮᠦᠵᠢᠨ ᠦ᠌ ᠳᠠᠢᠰᠤᠨ ᠪᠣᠯᠬᠤ ᠠ᠋ᠴᠠ ᠪᠢᠰᠢ ᠮᠣᠩᠭᠣᠯ ᠤ᠋ᠨ ᠳᠠᠢᠰᠤᠨ ᠪᠢᠰᠢ ᠲᠤᠯᠠ ᠶᠠᠭᠠᠬᠢᠨ ᠠᠯᠲᠠᠨ ᠤᠯᠤᠰ  ᠲᠤ᠌ ᠣᠴᠢᠵᠤ ᠪᠣᠯᠤᠨ᠎ᠠ᠃ ᠴᠢ ᠡᠢᠮᠦ ᠵᠠᠪᠬᠠᠢ ᠮᠠᠭᠤ ᠦᠭᠡ ᠨᠠᠳᠠᠳᠤ ᠳᠠᠬᠢᠨ ᠪᠦᠦ ᠬᠡᠯᠡ᠃ ᠬᠠᠷᠢᠨ ᠣᠳᠣ ᠴᠢ ᠴᠢᠬᠢ ᠪᠡᠨ ᠣᠩᠭᠣᠢᠯᠭᠠᠵᠤ ᠮᠢᠨᠦ ᠬᠡᠯᠡᠬᠦ ᠶ᠋ᠢ ᠰᠣᠨᠣᠰ᠃ ᠪᠢ ᠴᠢᠮ᠎ᠠ ᠳ᠋ᠤ᠌ ᠡᠴᠦᠰ ᠦ᠋ᠨ ᠵᠠᠷᠯᠢᠭ ᠪᠠᠭᠤᠯᠭᠠᠶ᠎ᠠ᠃ ᠡᠭᠦᠨ ᠢ᠋ ᠬᠥᠷ ᠬᠠᠭᠠᠨ ᠵᠠᠮᠤᠬ᠎ᠠ ᠪᠢ ᠴᠢᠮ᠎ᠠ ᠳ᠋ᠤ᠌ ᠬᠡᠯᠡᠵᠦ ᠪᠠᠢᠨ᠎ᠠ᠃
ᠰᠣᠨᠣᠰᠬᠤ ᠠ᠋ᠴᠠ ᠴᠤ᠌ ᠳᠤᠷ᠎ᠠ ᠦᠭᠡᠢᠴᠡᠳᠡᠭ《ᠬᠥᠷ ᠬᠠᠭᠠᠨ》 ᠭᠡᠳᠡᠭ ᠦᠭᠡ ᠶ᠋ᠢ ᠵᠠᠮᠤᠬ᠎ᠠ ᠡᠵᠡᠨ ᠨᠢ ᠶᠠᠭᠤᠨ ᠤ᠋ ᠤᠴᠢᠷ ᠬᠡᠯᠡᠭᠰᠡᠨ ᠢ᠋ ᠬᠠᠨᠲᠡᠮᠦᠷ ᠲᠡᠷᠡ ᠳᠣᠣᠷ᠎ᠠ ᠨᠢ ᠣᠢᠯᠠᠭᠠᠭᠰᠠᠨ ᠦᠭᠡᠢ᠃ ᠵᠠᠮᠤᠬ᠎ᠠ ᠶ᠋ᠢᠨ ᠬᠡᠯᠡᠵᠦ ᠶᠠᠷᠢᠬᠤ ᠨᠢ ᠲᠣᠭᠰᠢᠨ ᠰᠦᠷᠯᠢᠭ ᠪᠣᠯᠤᠭᠰᠠᠨ ᠲᠤᠯᠠ ᠬᠠᠨᠲᠡᠮᠦᠷ ᠠᠶᠤᠵᠤ ᠬᠣᠢᠰᠢ ᠠᠯᠬᠤᠮ ᠤᠬᠤᠷᠢᠪᠠ᠃ ᠬᠠᠷᠢᠨ ᠵᠠᠮᠤᠬ᠎ᠠ ᠲᠡᠭᠦᠨ ᠳ᠋ᠦ᠍ ᠰᠢᠬᠠᠨ ᠢᠷᠡᠵᠦ ᠵᠣᠭᠰᠣᠯ᠎ᠠ᠃ ᠨᠠᠮ ᠤᠨᠲᠠᠭᠰᠠᠨ ᠳᠥᠷᠪᠡᠨ ᠨᠥᠬᠥᠳ ᠢ᠋ᠶ᠋ᠡᠨ ᠬᠢᠯᠠᠮᠬᠢᠨ ᠬᠠᠷᠠᠪᠠᠯ ᠲᠡᠷᠡ ᠶᠠᠭ ᠯᠠ ᠦᠬᠦᠭᠰᠡᠨ ᠮᠡᠲᠦ ᠭᠤᠯᠳᠤᠢᠨ ᠬᠤᠷᠬᠢᠷᠠᠬᠤ ᠠᠵᠢ᠃ ᠬᠠᠨᠲᠡᠮᠦᠷ ᠲᠦ᠍ ᠲᠡᠳᠡᠨ ᠦ᠌ ᠠᠳᠠᠯᠢ ᠨᠠᠮ ᠤᠨᠲᠠᠬᠤ ᠬᠦᠰᠡᠯ ᠢ᠋ ᠰᠢᠷᠠᠭᠰᠠᠨ ᠮᠢᠬ᠎ᠠ ᠳᠦᠭᠦᠷᠲᠡᠯ᠎ᠡ ᠴᠢᠭᠢᠭᠰᠡ ᠬᠣᠳᠣᠭᠣᠳᠣ ᠨᠢ ᠰᠠᠨᠠᠭᠤᠯᠤᠨ᠎ᠠ᠃ ᠭᠡᠪᠡᠴᠦ ᠲᠡᠭᠦᠨ ᠳ᠋ᠦ᠍ ᠤᠨᠲᠠᠬᠤ ᠵᠠᠪ ᠣᠯᠳᠠᠬᠤ ᠦᠭᠡᠢ ᠪᠠᠢᠪᠠ᠃
— ᠬᠠᠨᠲᠡᠮᠦᠷ ᠴᠢ ᠰᠠᠢᠨ ᠰᠣᠨᠣᠰ᠂ ᠪᠦᠦ ᠳᠤᠤᠭᠠᠷ!
ᠵᠠᠮᠤᠬ᠎ᠠ ᠶ᠋ᠢᠨ ᠨᠢᠳᠦ ᠵᠢᠭᠠᠰᠤᠨ ᠤ᠋ ᠬᠢ ᠠᠳᠠᠯᠢ ᠲᠥᠭᠥᠷᠢᠭ ᠪᠣᠯᠤᠭᠰᠠᠨ ᠨᠢ ᠬᠡᠴᠢᠨᠡᠨ ᠴᠢᠬᠤᠯᠠ ᠶᠠᠭᠤᠮ᠎ᠠ ᠬᠡᠯᠡᠬᠦ ᠭᠡᠵᠦ ᠪᠠᠢᠬᠤ ᠶ᠋ᠢ ᠭᠡᠷᠡᠴᠢᠯᠡᠨ᠎ᠡ᠃
ᠲᠡᠢᠮᠦ ᠠ᠋᠃ ᠪᠢ ᠲᠡᠮᠦᠵᠢᠨ ᠳ᠋ᠦ᠍ ᠳᠡᠢᠯᠦᠭᠳᠡᠭᠡ ᠦᠭᠡᠢ ᠪᠣᠯ ᠪᠠᠰᠠ ᠯᠠ ᠮᠣᠩᠭᠣᠯ ᠠᠢᠮᠠᠭ ᠤ᠋ᠳ ᠢ᠋ ᠨᠢᠭᠡᠳᠬᠡᠬᠦ ᠶ᠋ᠢ ᠬᠦᠰᠡᠭᠰᠡᠨ᠂ ᠭᠡᠪᠡᠴᠦ ᠮᠢᠨᠦ ᠬᠢᠵᠦ ᠴᠢᠳᠠᠭ᠎ᠠ ᠦᠭᠡᠢ ᠶ᠋ᠢ ᠲᠡᠮᠦᠵᠢᠨ ᠬᠢᠪᠡ᠃ ᠣᠳᠣ ᠴᠢ ᠪᠢᠳᠡ ᠬᠣᠶᠠᠷ ᠥᠩᠭᠡᠷᠡᠭᠰᠡᠨ ᠢ᠋ ᠪᠢᠰᠢ ᠴᠥᠭᠡᠬᠡᠨ ᠴᠦ᠍ ᠭᠡᠯ᠎ᠡ ᠦᠯᠡᠳᠡᠭᠰᠡᠨ ᠮᠠᠷᠭᠠᠰᠢ ᠡᠳᠦᠷ ᠢ᠋ ᠪᠣᠳᠣᠶ᠎ᠠ᠃ ᠴᠢ ᠨᠠᠮᠠᠶ᠋ᠢ ᠪᠠᠷᠢᠵᠤ ᠬᠦᠯᠢᠭᠡᠳ ᠲᠡᠮᠦᠵᠢᠨ ᠳ᠋ᠦ᠍ ᠠᠪᠠᠴᠢᠵᠤ ᠲᠤᠰᠢᠶᠠ᠃
— ᠬᠥᠷ ᠬᠠᠭᠠᠨ ᠭᠡᠵᠦ ᠬᠠᠨᠳᠡᠮᠦᠷ ᠰᠣᠨᠣᠰᠤᠭᠰᠠᠨ ᠦᠭᠡᠨ ᠳ᠋ᠡᠭᠡᠨ ᠰᠣᠴᠢᠨ ᠬᠠᠰᠬᠢᠷᠪᠠ᠃
— ᠪᠢ ᠴᠢᠮᠠᠶ᠋ᠢ ᠪᠤᠤ ᠳᠤᠤᠭᠠᠷ ᠭᠡᠰᠡᠨ ᠪᠢᠰᠢ ᠦᠦ? ᠴᠢ ᠮᠢᠨᠦ ᠦᠭᠡ ᠶ᠋ᠢ ᠪᠦᠦ ᠳᠠᠰᠤᠯ! ᠴᠢ ᠶᠠᠭᠤ ᠴᠤ᠌ ᠪᠣᠳᠣᠵᠤ ᠰᠡᠳᠦᠬᠦ ᠶᠣᠰᠣ ᠦᠭᠡᠢ᠃ ᠭᠠᠭᠴᠠᠬᠠᠨ ᠮᠢᠨᠦ ᠬᠡᠯᠡᠭᠰᠡᠨ ᠢ᠋ ᠬᠢ᠃ ᠪᠢ ᠲᠡᠮᠦᠵᠢᠨ ᠳ᠋ᠦ᠍ ᠣᠴᠢᠬᠤ ᠪᠠᠷ ᠰᠢᠢᠳᠦᠯ᠎ᠡ᠃ ᠭᠡᠬᠦ ᠳ᠋ᠡᠭᠡᠨ ᠪᠢ ᠳᠠᠷᠤᠭᠳᠠᠭᠰᠠᠨ ᠳᠠᠢᠰᠤᠨ ᠮᠡᠲᠦ ᠬᠠᠷᠠᠴᠠ ᠪᠠᠭᠤᠯᠭᠠᠵᠤ᠂ ᠬᠣᠷᠮᠣᠢ ᠤᠨᠵᠢᠭᠤᠯᠵᠤ᠂ ᠠᠪᠤᠷᠠᠯ ᠡᠷᠢᠵᠦ ᠣᠴᠢᠬᠤ ᠶ᠋ᠢ ᠦᠯᠦ ᠬᠦᠰᠡᠨ᠎ᠡ᠃ ᠬᠠᠷᠢᠨ ᠴᠢ ᠨᠠᠳᠠ ᠠ᠋ᠴᠠ ᠤᠷᠪᠠᠵᠤ ᠨᠠᠮᠠᠶ᠋ᠢ ᠬᠦᠯᠢᠵᠦ ᠲᠡᠮᠦᠵᠢᠨ ᠳ᠋ᠦ᠍ ᠠᠪᠠᠴᠢᠵᠤ ᠲᠤᠰᠢᠶᠠᠭᠲᠤᠨ᠃ ᠴᠡᠷᠢᠭ ᠦ᠋ᠳ ᠢ᠋ᠶ᠋ᠡᠨ ᠢᠩᠭᠢᠵᠦ ᠢᠳᠬ᠎ᠠ᠃ ᠪᠢ ᠡᠵᠡᠭᠦᠢ ᠬᠡᠭᠡᠷ᠎ᠡ ᠰᠢᠷᠠᠭᠳᠤᠭᠰᠠᠨ ᠴᠢᠨᠣ᠎ᠠ ᠰᠢᠭ᠋ ᠵᠢᠯᠠᠭ᠎ᠠ ᠶ᠋ᠢᠨ ᠮᠤᠬᠤᠷ  ᠲᠤ᠌ ᠦᠬᠦᠮᠡᠷ ᠦᠭᠡᠢ ᠪᠠᠢᠨ᠎ᠠ᠃ ᠪᠢ ᠦᠬᠦᠪᠡᠯ ᠲᠡᠮᠦᠵᠢᠨ ᠦ᠌ ᠭᠠᠷ  ᠲᠤ᠌ ᠦᠬᠦᠶ᠎ᠡ᠃ᠭᠡᠬᠦ ᠳ᠋ᠡᠭᠡᠨ ᠬᠦᠴᠦᠨ ᠳ᠋ᠦ᠍ ᠠᠪᠲᠠᠨ ᠣᠴᠢᠬᠤ ᠨᠢ ᠨᠡᠷ᠎ᠡ ᠳ᠋ᠦ᠍ ᠴᠡᠪᠡᠷ ᠪᠠᠢᠬᠤ ᠪᠣᠯᠤᠨ᠎ᠠ᠃ ᠴᠢ ᠡᠭᠦᠨ ᠢ᠋ ᠬᠢᠬᠦ ᠭᠡᠵᠦ ᠨᠠᠳᠠᠳᠤ ᠰᠢᠳᠠᠷᠯᠠᠭᠰᠠᠨ ᠪᠢᠰᠢ ᠦᠦ?
ᠵᠠᠮᠤᠬ᠎ᠠ ᠶ᠋ᠢᠨ ᠡᠨᠡ ᠠᠶᠤᠮᠰᠢᠭᠲᠤ ᠦᠭᠡᠰ ᠡᠷᠡᠰ ᠰᠢᠢᠳᠦᠮᠡᠭ᠂ ᠡᠷᠭᠢᠯᠲᠡ ᠪᠤᠴᠠᠯᠲᠠ ᠦᠭᠡᠢ ᠨᠢ ᠲᠣᠳᠣᠷᠬᠠᠢ ᠲᠤᠯᠠ ᠬᠠᠨᠳᠡᠮᠦᠷ ᠳᠠᠭᠤ ᠦᠭᠡᠢ ᠰᠥᠬᠥᠷᠡᠨ ᠤᠨᠠᠬᠤ ᠠ᠋ᠴᠠ ᠥᠭᠡᠷ᠎ᠡ ᠠᠷᠭ᠎ᠠ ᠣᠯᠳᠠᠭᠰᠠᠨ ᠦᠭᠡᠢ᠃ ᠡᠨᠡ ᠪᠣᠯ ᠮᠢᠨᠦ ᠲᠥᠯᠥᠭᠡ ᠴᠢ ᠦᠬᠦ ᠭᠡᠰᠡᠨ ᠦᠭᠡ ᠶᠤᠮ᠃ ᠡᠵᠡᠨ ᠳ᠋ᠡᠭᠡᠨ ᠢᠩᠭᠢᠵᠦ ᠨᠣᠬᠠᠢ ᠮᠡᠲᠦ ᠦᠨᠡᠨᠴᠢ ᠵᠢᠳᠬᠦᠭᠰᠡᠨ ᠦ᠌ ᠡᠴᠦᠰ ᠦ᠋ᠨ ᠱᠠᠩᠨᠠᠯ ᠨᠢ ᠲᠡᠭᠦᠨ ᠦ᠌ ᠨᠡᠷ᠎ᠡ ᠬᠦᠨᠳᠦ ᠶ᠋ᠢ ᠠᠮᠢ ᠪᠠᠷ ᠢ᠋ᠶ᠋ᠠᠨ ᠠᠪᠤᠷᠠᠬᠤ ᠶᠣᠰᠣᠲᠠᠢ ᠪᠣᠯᠵᠤ ᠪᠠᠢᠭ᠎ᠠ ᠶ᠋ᠢ ᠬᠠᠨᠳᠡᠮᠦᠷ ᠣᠢᠯᠠᠭᠠᠪᠠ᠃ ᠵᠠᠮᠤᠬ᠎ᠠ ᠡᠵᠡᠨ ᠨᠢ ᠭᠠᠭᠴᠠ ᠵᠥᠪ ᠵᠠᠮ ᠰᠣᠩᠭᠣᠭᠰᠠᠨ ᠢ᠋ ᠮᠡᠳᠡᠯ᠎ᠡ᠃ ᠲᠡᠮᠦᠵᠢᠨ ᠵᠠᠮᠤᠬ᠎ᠠ ᠶ᠋ᠢ ᠥᠷᠥᠰᠢᠶᠡᠬᠦ ᠨᠢ ᠯᠠᠪᠲᠠᠢ᠃ ᠬᠠᠷᠢᠨ ᠬᠠᠭᠠᠨ ᠡᠵᠡᠨ ᠳ᠋ᠡᠭᠡᠨ ᠬᠠᠯᠳᠠᠭᠰᠠᠨ ᠪᠣᠭᠣᠯ ᠤ᠋ᠨ ᠶᠣᠰᠣᠭᠠᠷ ᠲᠡᠭᠦᠨ ᠢ᠋ ᠲᠡᠮᠦᠵᠢᠨ ᠴᠠᠪᠴᠢᠨ ᠠᠯᠠᠬᠤ ᠨᠢ ᠮᠠᠭᠠᠳ᠃ ᠡᠨᠡ ᠪᠣᠯ ᠣᠳᠣ ᠲᠣᠯᠣᠭᠠᠢ ᠬᠠᠯᠠᠭᠠᠵᠤ ᠪᠣᠢ ᠨᠠᠷᠠ ᠲᠠᠢ ᠠᠳᠠᠯᠢ ᠦᠨᠡᠨ ᠲᠣᠳᠣ ᠬᠡᠷᠡᠭ ᠶᠤᠮ᠃ ᠵᠠᠮᠤᠬ᠎ᠠ ᠴᠤ᠌ ᠡᠭᠦᠨ ᠢ᠋ ᠣᠢᠯᠠᠭᠠᠵᠤ ᠪᠠᠢᠪᠠ᠃ ᠡᠵᠡᠨ ᠳ᠋ᠡᠭᠡᠨ ᠦᠨᠡᠨᠴᠢ ᠵᠢᠳᠬᠦᠵᠦ ᠥᠭᠡᠳᠡ ᠡᠴᠡ ᠨᠢ ᠠᠮᠢ ᠥᠷᠢᠰᠦᠨ ᠲᠡᠮᠡᠴᠡᠭᠰᠡᠨ ᠣᠯᠠᠨ ᠳᠠᠢᠰᠤᠨ ᠢ᠋ᠶ᠋ᠠᠨ ᠲᠡᠮᠦᠵᠢᠨ ᠰᠠᠢᠰᠢᠶᠠᠨ ᠦᠨᠡᠯᠡᠵᠦ᠂ ᠰᠢᠳᠠᠷ ᠢ᠋ᠶ᠋ᠠᠨ ᠪᠣᠯᠭᠠᠭᠰᠠᠨ ᠢ᠋ ᠮᠡᠳᠡᠨ᠎ᠡ᠃ ᠪᠠᠰᠠ ᠡᠵᠡᠨ ᠡᠴᠡ ᠪᠡᠨ ᠤᠷᠪᠠᠭᠰᠠᠨ ᠪᠠᠷᠢᠵᠤ ᠠᠪᠠᠴᠢᠵᠤ ᠥᠭᠭᠦᠭᠰᠡᠨ ᠬᠡᠨ ᠢ᠋ ᠴᠦ᠍ ᠪᠣᠯᠪᠠ ᠥᠴᠢᠯ ᠦᠭᠡᠢ ᠴᠠᠭᠠᠵᠠᠯᠠᠳᠠᠭ ᠢ᠋ᠶ᠋ᠠᠷ ᠢ᠋ᠶ᠋ᠠᠨ ᠠᠯᠳᠠᠷᠲᠠᠢ᠃ ᠥᠪᠡᠷ ᠦ᠋ᠨ ᠡᠵᠡᠨ ᠳ᠋ᠡᠭᠡᠨ ᠦᠨᠡᠨᠴᠢ ᠪᠠᠢᠵᠤ ᠴᠢᠳᠠᠭ᠎ᠠ ᠦᠭᠡᠢ ᠪᠣᠯ ᠬᠡᠨ ᠢ᠋ ᠴᠦ᠍ ᠪᠠᠢ ᠲᠡᠮᠦᠵᠢᠨ ᠢᠳᠡᠭᠡᠨ ᠨᠥᠬᠥᠷᠯᠡᠳᠡᠭ ᠦᠭᠡᠢ ᠶ᠋ᠢ ᠮᠡᠳᠡᠬᠦ ᠪᠢᠯᠡ᠃ ᠲᠡᠢᠮᠦ ᠪᠣᠯᠬᠣᠷ ᠵᠠᠮᠤᠬ᠎ᠠ ᠶ᠋ᠢᠨ ᠰᠠᠶᠢ ᠬᠡᠯᠡᠭᠰᠡᠨ ᠦᠭᠡ ᠬᠠᠨᠲᠡᠮᠦᠷ ᠦ᠋ᠨ ᠬᠤᠪᠢ ᠳ᠋ᠤ᠌ ᠴᠠᠭᠠᠵᠠᠯᠠᠭᠤᠯᠤᠭᠰᠠᠨ ᠲᠠᠢ ᠠᠳᠠᠯᠢ ᠬᠡᠷᠡᠭ ᠪᠠᠢᠪᠠ᠃ ᠦᠬᠦᠬᠦ ᠨᠢ ᠬᠠᠨᠲᠡᠮᠦᠷ ᠦ᠋ᠨ ᠬᠤᠪᠢ ᠳ᠋ᠤ᠌ ᠳᠡᠩᠳᠡᠭᠦᠦ ᠭᠠᠰᠠᠯᠠᠩᠲᠠᠢ᠂ ᠶᠠᠭᠠᠬᠢᠪᠠᠴᠤ ᠵᠥᠪᠰᠢᠶᠡᠷᠵᠦ ᠪᠣᠯᠬᠤ ᠦᠭᠡᠢ ᠬᠡᠷᠡᠭ ᠶᠤᠮ᠃
— ᠬᠥᠷ ᠬᠠᠭᠠᠨ᠃ ᠲᠠ ᠶᠠᠭᠠᠬᠢᠭᠰᠠᠨ ᠭᠡᠵᠦ ᠶᠠᠭᠤᠨ ᠳ᠋ᠤ᠌ ᠣᠰᠣᠯᠳᠠᠭᠰᠠᠨ ᠭᠡᠵᠦ ᠨᠠᠮᠠᠶ᠋ᠢ ᠢᠩᠭᠢᠵᠦ ᠵᠠᠯᠬᠠᠭᠠᠨ᠎ᠠ ᠪᠣᠢ? ᠪᠢ ᠲᠠᠨ ᠳ᠋ᠤ᠌ ᠣᠰᠣᠯᠳᠠᠵᠤ ᠪᠤᠷᠤᠭᠤᠳᠠᠭᠰᠠᠨ ᠤᠳᠠᠭ᠎ᠠ ᠪᠣᠢ ᠤᠤ? ᠪᠢ ᠲᠡᠵᠢᠭᠡᠭᠰᠡᠨ ᠨᠣᠬᠠᠢ ᠰᠢᠭ᠋ ᠲᠠᠯᠪᠢᠭᠰᠠᠨ ᠰᠤᠮᠤ ᠰᠢᠭ᠋ ᠯᠡ ᠵᠢᠳᠬᠦᠪᠡ᠃ ᠲᠠ ᠶᠠᠭᠤᠨ ᠳ᠋ᠤ᠌ ᠢᠩᠭᠢᠨ᠎ᠡ ᠪᠣᠢ? ᠲᠠ ᠨᠠᠮᠠᠶ᠋ᠢ ᠣᠳᠣ ᠯᠠ ᠲᠠᠰᠤ ᠴᠠᠪᠴᠢᠵᠤ ᠣᠷᠭᠢ᠃ ᠪᠢ ᠬᠠᠭᠠᠨ ᠡᠵᠡᠨ ᠳ᠋ᠡᠭᠡᠨ ᠬᠠᠯᠳᠠᠵᠤ ᠶᠠᠭᠠᠬᠢᠵᠤ ᠲᠠᠨ ᠢ᠋ ᠲᠡᠮᠦᠵᠢᠨ ᠳ᠋ᠦ᠍ ᠬᠦᠷᠭᠡᠵᠦ ᠥᠭᠴᠦ ᠴᠢᠳᠠᠬᠤ ᠪᠣᠢ? ᠲᠡᠭᠦᠨ ᠳ᠋ᠦ᠍ ᠣᠷᠣᠪᠠᠯ ᠪᠢ ᠡᠨᠳᠡ ᠪᠡᠨ ᠦᠬᠦᠶ᠎ᠡ᠃ ᠦᠭᠡᠢ ᠪᠣᠯ ᠲᠠ ᠨᠠᠮᠠᠶ᠋ᠢ ᠵᠦᠭᠡᠷ ᠯᠡ ᠬᠥᠭᠡᠭᠡᠵᠦ ᠣᠷᠬᠢᠭᠠᠴᠢ᠃ ᠪᠢ ᠣᠯᠳᠠᠭᠰᠠᠨ ᠵᠠᠶᠠᠭ᠎ᠠ ᠪᠠᠨ ᠳᠠᠭᠠᠭᠠᠳ ᠬᠠᠮᠢᠭ᠎ᠠ ᠨᠢᠭᠡ ᠭᠠᠵᠠᠷ ᠤ᠋ᠨ ᠮᠤᠬᠤᠷ  ᠲᠤ᠌ ᠬᠥᠮᠦᠨ ᠰᠢᠭ ᠠᠮᠢᠳᠤᠷᠠᠶ᠎ᠠ᠃ ᠨᠠᠳᠠᠳᠤ ᠪᠠᠰᠠ᠁
ᠭᠡᠪᠡᠴᠦ ᠬᠠᠨᠲᠡᠮᠦᠷ ᠰᠡᠭᠦᠯᠴᠢ ᠶ᠋ᠢᠨ ᠦᠭᠡ ᠪᠡᠨ ᠬᠡᠯᠡᠵᠦ ᠳᠠᠭᠤᠰᠬᠠᠯ ᠦᠭᠡᠢ ᠲᠠᠭ ᠭᠥᠯᠢᠷᠡᠪᠡ᠃ ᠲᠡᠷᠡ ᠠᠶᠤᠭᠰᠠᠨ᠂ ᠰᠡᠳᠬᠢᠯ ᠬᠥᠳᠡᠯᠦᠭᠰᠡᠨ ᠳ᠋ᠡᠭᠡᠨ ᠳᠡᠮᠡᠢ ᠣᠯᠠᠨ ᠢ᠋ ᠴᠠᠯᠴᠢᠭᠰᠠᠨ ᠢ᠋ᠶ᠋ᠠᠨ ᠤᠬᠠᠭᠠᠷᠠᠭᠰᠠᠨ ᠴᠤ᠌ ᠨᠢᠭᠡᠨᠲᠡ ᠣᠷᠣᠢᠲᠠᠵᠠᠢ᠃ ᠬᠠᠨᠲᠡᠮᠦᠷ ᠦᠬᠦᠵᠦ ᠪᠣᠯᠬᠤ ᠦᠭᠡᠢ ᠰᠢᠯᠲᠠᠭᠠᠨ ᠪᠠᠢᠭ᠎ᠠ ᠶ᠋ᠢ ᠣᠢᠯᠠᠭᠠᠮᠠᠭᠴᠠ ᠵᠠᠮᠤᠬ᠎ᠠ ᠲᠡᠭᠦᠨ ᠦ᠌ ᠴᠡᠭᠡᠵᠢᠨ ᠳ᠋ᠡᠭᠡᠨ ᠦᠯᠡᠳᠡᠭᠡᠭᠰᠡᠨ ᠦᠭᠡ ᠶ᠋ᠢ ᠨᠡᠬᠡᠨ ᠱᠠᠭᠠᠷᠳᠠᠪᠠ᠃
— ᠴᠢᠮ᠎ᠠ ᠳ᠋ᠤ᠌ ᠪᠠᠰᠠ ᠶᠠᠭᠤ ᠪᠣᠢ ᠭᠡᠨ᠎ᠡ? ᠲᠡᠭᠦᠨ ᠢ᠋ ᠪᠡᠨ ᠬᠡᠯᠡᠭᠲᠦᠨ᠃ ᠪᠦᠦ ᠨᠢᠭᠤ᠃ ᠬᠡᠯᠡᠬᠦ ᠦᠭᠡᠢ ᠶᠠᠪᠤᠪᠠᠯ ᠡᠴᠦᠰ ᠲᠦ᠋ᠨᠢ ᠬᠠᠷᠠᠮᠰᠠᠬᠤ ᠴᠤ᠌ ᠶᠤᠮ ᠪᠢᠯᠡ ᠤᠤ?
ᠬᠠᠨᠲᠡᠮᠦᠷ ᠭᠠᠵᠠᠷ ᠳᠡᠷᠡᠯᠡᠨ ᠬᠡᠰᠡᠭ ᠬᠡᠪᠲᠡᠭᠡᠳ ᠥᠨᠳᠡᠢᠪᠡ᠃ ᠦᠬᠦᠬᠦ ᠶ᠋ᠢᠨ ᠡᠮᠦᠨ᠎ᠡ ᠬᠡᠨ ᠡᠴᠡ ᠶᠠᠭᠤ ᠪᠠᠨ ᠴᠤ᠌ ᠨᠢᠭᠤᠬᠤ ᠪᠢᠯᠡ᠃
— ᠨᠠᠳᠠᠳᠤ ᠨᠢᠭᠡ ᠪᠦᠰᠡᠭᠦᠢ ᠪᠣᠢ ᠶᠤᠮ᠃ ᠲᠡᠷᠡ ᠨᠠᠮᠠᠶ᠋ᠢ ᠬᠦᠯᠢᠶᠡᠵᠦ ᠪᠣᠢ ᠭᠡᠵᠦ ᠡᠴᠢᠭᠡ ᠳ᠋ᠡᠭᠡᠨ ᠵᠣᠳᠣᠭᠤᠯᠬᠤ ᠠ᠋ᠴᠠ ᠠᠶᠤᠭᠰᠠᠨ ᠬᠥᠪᠡᠭᠦᠨ ᠰᠢᠭ ᠲᠡᠯᠳᠡᠴᠢᠵᠦ ᠰᠢᠯᠢ ᠪᠡᠨ ᠮᠠᠭᠠᠵᠢᠨ ᠬᠡᠯᠡᠪᠡ᠃
— ᠪᠦᠰᠡᠭᠦᠢ ᠭᠡᠨ᠎ᠡ? ᠭᠡᠵᠦ ᠵᠠᠮᠤᠬ᠎ᠠ ᠭᠡᠨᠡᠳᠲᠡ ᠵᠤᠭᠠᠲᠠᠢ ᠪᠣᠯᠵᠤ ᠳᠡᠰ ᠳᠡᠰ ᠬᠥᠬᠥᠷᠡᠪᠡ᠃ ᠲᠡᠭᠦᠨ ᠦ᠌ ᠴᠠᠩᠭᠢᠨᠠᠭᠰᠠᠨ ᠢᠨᠢᠶᠡᠳᠦ ᠠᠭᠤᠯᠠᠨ ᠳ᠋ᠤ᠌ ᠴᠤᠤᠷᠢᠶᠠᠲᠤᠵᠤ᠂ ᠡᠷᠲᠡᠨ ᠦ᠌ ᠵᠢᠷᠭᠠᠯᠲᠠᠢ ᠰᠠᠢᠬᠠᠨ ᠦᠶ᠎ᠡ ᠶ᠋ᠢ ᠡᠷᠬᠡ ᠦᠭᠡᠢ ᠰᠠᠨᠠᠭᠳᠠᠭᠤᠯᠤᠨ᠎ᠠ᠃
— ᠦᠭᠡᠢ ᠶᠡᠷᠦ᠃ ᠬᠠᠳᠠ ᠴᠢᠯᠠᠭᠤ ᠰᠢᠭ᠋ ᠬᠥᠯᠳᠡᠭᠦᠦ ᠮᠥᠰᠥ ᠰᠢᠭ ᠴᠢᠮ᠎ᠠ ᠳ᠋ᠤ᠌ ᠪᠠᠰᠠ ᠳᠠᠰᠤᠭᠰᠠᠨ ᠪᠦᠰᠡᠭᠦᠢ ᠪᠣᠢ ᠭᠡᠨ᠎ᠡ ᠠ᠋? ᠬᠡᠯᠡᠭᠡᠴᠢ ᠬᠡᠨ ᠶᠤᠮ ᠪᠣᠢ? ᠪᠢ ᠯᠠᠪ ᠲᠠᠨᠢᠬᠤ ᠪᠢᠵᠡ?
— ᠲᠠᠢᠴᠢᠭᠤᠳ ᠠ᠋ᠴᠠ ᠠᠪᠤᠭᠰᠠᠨ ᠨᠢᠭᠡ ᠬᠡᠦᠬᠡᠨ ᠶᠤᠮ᠃ ᠣᠳᠣ ᠬᠠᠮᠢᠭ᠎ᠠ ᠶᠠᠪᠤᠭ᠎ᠠ ᠶ᠋ᠢ ᠴᠦ᠍ ᠪᠦᠦ ᠮᠡᠳᠡ᠃ ᠪᠠᠰᠠ᠁ ᠬᠡᠦᠬᠡᠳ ᠲᠥᠷᠥᠭᠰᠡᠨ ᠪᠣᠯ᠁ ᠬᠥᠪᠡᠭᠦᠨ ᠦᠦ ᠥᠬᠢᠨ ᠦᠦ ᠪᠦᠦ ᠮᠡᠳᠡ᠃
ᠵᠠᠮᠤᠬ᠎ᠠ ᠡᠭᠦᠨ ᠢ᠋ ᠰᠣᠨᠣᠰᠤᠭᠠᠳ ᠪᠦᠷ ᠴᠦ᠍ ᠪᠡᠶᠡᠰᠪᠡ᠃
— ᠬᠡᠦᠬᠡᠳ ᠠ᠋᠁ ᠴᠢ ᠪᠠᠰᠠ ᠰᠦᠷᠡᠬᠡᠢ ᠡᠷ᠎ᠡ ᠶᠤᠮ᠁ ᠪᠢ ᠴᠢᠮᠠᠶ᠋ᠢ ᠳᠤᠲᠠᠭᠤ ᠣᠢᠯᠠᠭᠠᠵᠠᠢ᠃ ᠴᠢ ᠮᠢᠨᠦ ᠰᠠᠨᠠᠭᠰᠠᠨ ᠰᠢᠭ᠋ ᠲᠡᠨᠡᠭ ᠲᠣᠯᠣᠭᠠᠢ ᠪᠢᠰᠢ ᠶᠤᠮ ᠭᠡᠵᠦ ᠵᠠᠮᠤᠬ᠎ᠠ ᠦᠨᠡᠨ ᠡᠴᠡ ᠪᠡᠨ ᠬᠡᠯᠡᠵᠡᠢ᠃
— ᠲᠡᠢᠮᠦ ᠠ᠋᠃ ᠲᠡᠭᠦᠨ ᠡᠴᠡ ᠬᠥᠪᠡᠭᠦᠨ ᠲᠥᠷᠥᠭᠰᠡᠨ ᠪᠠᠢᠭᠠᠰᠠᠢ ᠭᠡᠵᠦ ᠪᠢ ᠶᠡᠬᠡ ᠬᠦᠰᠡᠨ᠎ᠡ᠃ ᠪᠦᠷ ᠥᠷᠯᠥᠭᠡ ᠪᠣᠯᠭᠠᠨ ᠴᠢᠯᠠᠭᠤ ᠲᠠᠰᠤᠯᠵᠤ ᠮᠡᠷᠭᠡᠯᠡᠳᠡᠭ ᠭᠡᠭᠴᠢ᠃
— ᠲᠡᠭᠡᠭᠡᠳ ᠬᠥᠪᠡᠭᠦᠨ ᠦᠦ?
— ᠵᠠᠷᠢᠮ ᠳ᠋ᠠᠭᠠᠨ ᠬᠥᠪᠡᠭᠦᠨ᠂ ᠵᠠᠷᠢᠮ ᠳ᠋ᠠᠭᠠᠨ ᠥᠬᠢᠨ ᠭᠡᠵᠦ ᠪᠠᠭᠤᠭᠠᠳ ᠲᠣᠯᠣᠭᠠᠢ ᠡᠷᠭᠢᠵᠦ ᠭᠦᠢᠴᠡᠭᠡᠳ ᠰᠡᠭᠦᠯ ᠳ᠋ᠡᠭᠡᠨ ᠲᠡᠮᠦᠵᠢᠨ ᠦ᠌ ᠴᠡᠷᠢᠭ ᠠᠯᠠᠵᠤ ᠣᠷᠬᠢᠭ᠎ᠠ ᠦᠭᠡᠢ ᠪᠣᠯ ᠬᠥᠪᠡᠭᠦᠨ ᠥᠬᠢᠨ ᠠᠯᠢ ᠨᠢ ᠴᠦ᠍ ᠪᠠᠢᠭᠰᠠᠨ ᠬᠠᠮᠢᠶ᠎ᠠ ᠶᠠᠭᠤ ᠪᠣᠢ ᠭᠡᠵᠦ ᠪᠣᠳᠣᠬᠤ ᠪᠣᠯᠤᠯ᠎ᠠ ᠭᠡᠵᠦ ᠬᠠᠨᠲᠡᠮᠦᠷ ᠦᠨᠡᠨ ᠢ᠋ᠶ᠋ᠡᠨ ᠬᠡᠯᠡᠪᠡ᠃
ᠬᠠᠷᠠᠴᠤ ᠵᠠᠷᠤᠴᠠ ᠶᠤᠮ ᠪᠣᠯ ᠲᠡᠮᠦᠵᠢᠨ ᠶᠠᠭᠠᠬᠢᠪᠠ ᠯᠠ ᠭᠡᠵᠦ᠂ ᠲᠠᠢᠴᠢᠭᠤᠳ ᠪᠦᠭᠦᠳᠡ ᠲᠡᠮᠦᠵᠢᠨ ᠳ᠋ᠦ᠍ ᠳᠠᠭᠠᠵᠤ ᠣᠴᠢᠭᠰᠠᠨ᠃ ᠰᠠᠨᠠᠭ᠎ᠠ ᠪᠦᠦ ᠵᠣᠪᠠ᠃ ᠬᠡᠷᠡᠭ ᠨᠢᠭᠡᠨᠲᠡ ᠡᠢᠮᠦ ᠪᠣᠯ ᠪᠢ ᠴᠢᠮᠠᠶ᠋ᠢ ᠦᠬᠦᠭᠦᠯᠬᠦ ᠦᠭᠡᠢ ᠪᠠᠢᠬᠤ ᠶ᠋ᠢ ᠲᠡᠮᠦᠵᠢᠨ ᠡᠴᠡ ᠭᠤᠶᠤᠨ᠎ᠠ᠃ ᠪᠦᠷ ᠴᠢᠮᠠᠶ᠋ᠢ ᠰᠤᠯᠠ ᠠᠷᠠᠳ ᠤ᠋ᠨ ᠠᠳᠠᠯᠢ ᠳᠠᠷᠬᠠᠯᠠᠨ ᠲᠠᠯᠪᠢᠵᠤ ᠶᠠᠪᠤᠭᠤᠯ ᠭᠡᠵᠦ ᠬᠦᠰᠡᠨ᠎ᠡ᠃ ᠴᠢ ᠲᠡᠭᠡᠭᠡᠳ ᠬᠥᠮᠦᠨ ᠰᠢᠭ ᠠᠮᠢᠳᠤᠷᠠᠭᠲᠤᠨ᠃ ᠪᠢ ᠠᠮᠠᠯᠠᠵᠤ ᠪᠠᠢᠨ᠎ᠠ᠃ ᠴᠢᠮᠠᠶ᠋ᠢ ᠬᠥᠪᠡᠭᠦᠨ ᠲᠡᠢ ᠪᠣᠯᠪᠠ ᠭᠡᠰᠡᠨ ᠴᠢᠨᠢ ᠰᠡᠳᠬᠢᠯ ᠤᠶᠠᠷᠠᠵᠤ ᠳᠣᠭᠳᠣᠯᠤᠯ᠎ᠠ ᠭᠡᠵᠦ ᠵᠠᠮᠤᠬ᠎ᠠ ᠲᠠᠢᠪᠤᠰᠢᠷᠠᠨ ᠢᠨᠢᠶᠡᠮᠰᠦᠭᠯᠡᠵᠦ ᠰᠠᠭᠤᠪᠠ᠃
ᠬᠠᠨᠲᠡᠮᠦᠷ ᠬᠡᠳᠦᠢ ᠣᠯᠠᠨ ᠦᠭᠡ ᠬᠡᠯᠡᠵᠦ ᠪᠦᠬᠦ ᠨᠢᠭᠤᠴᠠ ᠪᠠᠨ ᠳᠡᠯᠭᠡᠭᠰᠡᠨ ᠮᠡᠲᠦ ᠪᠠᠢᠪᠠᠴᠤ ᠵᠠᠮᠤᠬ᠎ᠠ ᠳ᠋ᠤ᠌ ᠬᠡᠯᠡᠵᠦ ᠪᠣᠯᠬᠤ ᠦᠭᠡᠢ ᠶᠠᠭᠤᠮ᠎ᠠ ᠪᠠᠰᠠ ᠦᠯᠡᠳᠡᠵᠡᠢ᠃ ᠬᠠᠨᠲᠡᠮᠦᠷ ᠦ᠋ᠨ ᠡᠨᠡ ᠪᠦᠰᠡᠭᠦᠢ ᠪᠣᠯ ᠵᠠᠮᠤᠬ᠎ᠠ ᠶ᠋ᠢᠨ ᠰᠡᠩᠭᠦᠮ ᠳ᠋ᠦ᠍ ᠪᠡᠯᠡᠭᠯᠡᠨ ᠣᠷᠬᠢᠭᠰᠠᠨ ᠭᠦᠷᠪᠡᠯᠵᠢᠨ ᠭᠤᠸ᠎ᠠ ᠪᠢᠯᠡ᠃ ᠰᠡᠩᠭᠦᠮ ᠳ᠋ᠦ᠍ ᠣᠴᠢᠵᠤ ᠬᠡᠳᠦᠨ ᠵᠢᠯ ᠪᠣᠯᠤᠭᠰᠠᠨ ᠤ᠋ ᠬᠣᠢᠨ᠎ᠠ ᠬᠤᠪᠴᠠᠰᠤ ᠪᠠᠨ ᠰᠣᠯᠢᠵᠤ ᠬᠠᠷᠠᠴᠤ ᠶ᠋ᠢᠨ ᠳᠠᠷᠤᠤ ᠪᠦᠰᠡᠭᠦᠢ ᠶ᠋ᠢᠨ ᠳᠦᠷᠢ ᠳ᠋ᠦ᠍ ᠬᠤᠪᠢᠯᠤᠭᠰᠠᠨ ᠭᠦᠷᠪᠡᠯᠵᠢᠨ ᠭᠤᠸ᠎ᠠ ᠨᠢᠭᠡ ᠯᠡ ᠦᠳᠡᠰᠢ ᠬᠡᠪ ᠭᠡᠨᠡᠳᠲᠡ ᠲᠩᠷᠢ ᠡᠴᠡ ᠪᠠᠭᠤᠭᠰᠠᠨ ᠮᠡᠲᠦ ᠬᠠᠨᠲᠡᠮᠦᠷ ᠦ᠋ᠨ ᠠᠰᠠᠷ  ᠲᠤ᠌ ᠬᠦᠷᠴᠦ ᠢᠷᠡᠵᠡᠢ᠃ ᠰᠡᠩᠭᠦᠮ ᠦ᠋ᠨ ᠳᠡᠷᠭᠡᠳᠡ ᠪᠠᠢᠬᠤ ᠨᠢ ᠦᠬᠦᠯ ᠢ᠋ᠶ᠋ᠡᠨ ᠳᠠᠭᠤᠳᠠᠭᠰᠠᠨ ᠬᠡᠷᠡᠭ ᠭᠡᠳᠡᠭ ᠢ᠋ ᠣᠢᠯᠠᠭᠠᠭᠰᠠᠨ ᠭᠦᠷᠪᠡᠯᠵᠢᠨ ᠭᠤᠸ᠎ᠠ ᠪᠦᠬᠦ ᠦᠨᠡᠨ ᠢ᠋ᠶ᠋ᠡᠨ ᠬᠡᠯᠡᠵᠦ ᠦᠨᠡᠨᠴᠢ ᠪᠠᠢᠬᠤ ᠪᠠᠨ ᠠᠮᠠᠯᠠᠨ ᠳᠡᠷᠭᠡᠳᠡ ᠪᠡᠨ ᠨᠢᠭᠤᠨ ᠠᠪᠬᠤ ᠶ᠋ᠢ ᠬᠦᠰᠡᠵᠦ ᠰᠥᠬᠥᠷᠡᠬᠦ ᠳ᠋ᠦ᠍ ᠬᠠᠡᠲᠡᠮᠥᠷ ᠤᠭ ᠠ᠋ᠴᠠ ᠲᠡᠭᠦᠨ ᠳ᠋ᠦ᠍ ᠲᠠᠯ᠎ᠠ ᠲᠠᠢ ᠤᠴᠢᠷ ᠦᠭᠡ ᠳᠠᠭᠤ ᠦᠭᠡᠢ ᠵᠥᠪᠰᠢᠶᠡᠷᠡᠵᠦ ᠪᠦᠰᠡᠭᠦᠢ ᠶ᠋ᠢ ᠥᠪᠡᠷ ᠦ᠋ᠨ ᠢᠲᠡᠭᠡᠯᠲᠡᠢ ᠠᠢᠯ ᠳ᠋ᠤ᠌ ᠨᠢᠭᠤᠴᠠ ᠪᠠᠷ ᠠᠪᠠᠴᠢᠵᠤ ᠰᠠᠭᠤᠯᠭᠠᠭᠰᠠᠨ ᠪᠢᠯᠡ᠃ ᠲᠡᠮᠦᠵᠢᠨ ᠦ᠌ ᠴᠡᠷᠢᠭ ᠲᠦ᠍ ᠬᠥᠭᠡᠭᠡᠭᠳᠡᠬᠦ ᠬᠦᠷᠲᠡᠯ᠎ᠡ ᠬᠠᠨᠲᠡᠮᠥᠷ ᠰᠥᠨᠢ ᠪᠦᠷᠢ ᠳᠠᠢᠰᠢ ᠳᠠᠪᠬᠢᠵᠤ ᠭᠦᠷᠪᠡᠯᠵᠢᠨ ᠭᠤᠸ᠎ᠠ ᠲᠠᠢ ᠢᠨᠠᠭᠯᠠᠨ ᠳᠠᠰᠤᠭᠰᠠᠨ ᠶᠤᠮ᠃ ᠬᠠᠷᠢᠨ ᠣᠳᠣ ᠠ᠋ᠴᠠ ᠵᠢᠯ ᠦ᠋ᠨ ᠡᠮᠦᠨ᠎ᠡ ᠰᠡᠭᠦᠯᠴᠢ ᠶ᠋ᠢᠨ ᠤᠳᠠᠭ᠎ᠠ ᠠᠭᠤᠯᠵᠠᠬᠤ ᠳ᠋ᠠᠭᠠᠨ ᠪᠡᠶ᠎ᠡ ᠰᠢᠯᠲᠠᠭᠠᠨ ᠲᠠᠢ ᠪᠣᠯᠤᠭᠰᠠᠨ ᠢ᠋ᠶ᠋ᠠᠨ ᠬᠡᠯᠡᠭᠰᠡᠨ ᠪᠢᠯᠡ᠃ ᠡᠨᠡ ᠦᠭᠡ ᠶ᠋ᠢ ᠰᠣᠨᠣᠰᠤᠭᠰᠠᠨ ᠠ᠋ᠴᠠ ᠬᠣᠢᠰᠢ ᠬᠠᠨᠲᠡᠮᠥᠷ ᠦ᠋ᠨ ᠰᠡᠳᠬᠢᠯ ᠰᠠᠨᠠᠭᠠᠨ ᠳ᠋ᠤ᠌ ᠣᠭᠵᠣᠮ ᠥᠭᠡᠷᠡᠴᠢᠯᠡᠯᠲᠡ ᠭᠠᠷᠴᠤ ᠭᠦᠷᠪᠡᠯᠵᠢᠨ ᠭᠤᠸ᠎ᠠ ᠶ᠋ᠢ ᠦᠷᠭᠦᠯᠵᠢ ᠳᠤᠷᠠᠰᠤᠨ ᠬᠦᠰᠡᠮᠵᠢᠯᠡᠬᠦ ᠪᠣᠯᠵᠤ ᠪᠦᠷ ᠵᠠᠷᠢᠮ ᠰᠥᠨᠢ ᠬᠡᠦᠬᠡᠳ ᠢ᠋ᠶ᠋ᠡᠨ ᠲᠡᠪᠡᠷᠢᠨ ᠲᠣᠭᠯᠠᠵᠤ ᠡᠷᠬᠡᠯᠡᠭᠦᠯᠵᠦ ᠪᠠᠢᠨ᠎ᠠ ᠭᠡᠵᠦ ᠵᠡᠭᠦᠳᠦᠯᠡᠵᠦ᠂ ᠴᠣᠴᠢᠨ ᠰᠡᠷᠡᠭᠡᠳ ᠬᠦᠢᠲᠡᠨ ᠨᠣᠢᠲᠠᠨ ᠲᠡᠭᠷᠢ ᠶ᠋ᠢᠨ ᠳᠣᠣᠷ᠎ᠠ ᠣᠯᠠᠨᠲᠠ ᠤᠬᠢᠯᠠᠭᠰᠠᠨ ᠪᠢᠯᠡ᠃ ᠲᠡᠭᠦᠨ ᠳ᠋ᠦ᠍ ᠣᠳᠣ ᠦᠷ᠎ᠡ ᠪᠡᠨ ᠦᠵᠡᠵᠦ ᠦᠵᠡᠰᠬᠦᠯᠡᠩᠲᠦ ᠭᠦᠷᠪᠡᠯᠵᠢᠨ ᠭᠤᠸ᠎ᠠ ᠪᠠᠨ ᠣᠯᠬᠤ ᠠ᠋ᠴᠠ ᠥᠭᠡᠷ᠎ᠡ ᠬᠦᠰᠡᠯ ᠦᠭᠡᠢ ᠶᠤᠮ᠃ ᠲᠡᠢᠮᠦ ᠪᠣᠯᠬᠣᠷ ᠵᠠᠮᠤᠬ᠎ᠠ ᠶ᠋ᠢ ᠲᠡᠮᠦᠵᠢᠨ ᠳ᠋ᠦ᠍ ᠪᠠᠭᠤᠵᠤ ᠥᠭᠭᠥᠭᠡᠰᠠᠢ᠂ ᠡᠰᠡᠪᠡᠯ ᠦᠬᠦᠭᠡᠰᠡᠢ ᠭᠡᠵᠦ ᠳᠣᠲᠣᠷ᠎ᠠ ᠪᠠᠨ ᠰᠢᠨᠠᠯᠤᠨ ᠬᠦᠰᠡᠭᠰᠡᠭᠡᠷ ᠪᠠᠢᠭᠰᠠᠨ ᠪᠢᠯᠡ᠃ ᠭᠡᠲᠡᠯ᠎ᠡ ᠣᠳᠣ ᠪᠦᠬᠦ ᠶᠠᠭᠤᠮ᠎ᠠ ᠲᠡᠭᠦᠨ ᠦ᠌ ᠬᠦᠰᠡᠭᠰᠡᠨ ᠢ᠋ᠶ᠋ᠡᠷ ᠪᠣᠯᠵᠤ ᠵᠠᠮᠤᠬ᠎ᠠ ᠲᠡᠮᠦᠵᠢᠨ ᠦ᠌ ᠳᠡᠷᠭᠡᠳᠡ ᠣᠴᠢᠬᠤ ᠪᠠᠷ ᠪᠣᠯᠤᠭᠰᠠᠨ ᠴᠤ᠌ ᠥᠷᠥᠰᠢᠶᠡᠯ ᠡᠨᠡᠷᠢᠯ ᠦᠭᠡᠢ ᠲᠡᠮᠦᠵᠢᠨ᠂ ᠬᠠᠭᠠᠨ ᠡᠵᠡᠨ ᠳ᠋ᠡᠭᠡᠨ ᠬᠠᠯᠳᠠᠭᠰᠠᠨ ᠲᠡᠭᠦᠨ ᠢ᠋ ᠲᠡᠷᠡ ᠳᠣᠣᠷ᠎ᠠ ᠨᠢ ᠴᠠᠪᠴᠢᠨ ᠠᠯᠠᠬᠤ ᠪᠢᠵᠡ᠃ ᠵᠠᠮᠤᠬ᠎ᠠ ᠶ᠋ᠢᠨ ᠡᠨᠡ ᠵᠠᠷᠯᠢᠭ 《ᠪᠢ ᠦᠬᠦᠬᠦ ᠪᠡᠷ ᠴᠢ ᠦᠬᠦ 》ᠭᠡᠰᠡᠨ ᠲᠡᠢ ᠤᠳᠬ᠎ᠠ ᠨᠢᠭᠡ ᠶᠦ᠍ᠮ ᠃ ᠪᠣᠭᠣᠯ ᠬᠠᠷᠠᠴᠤ ᠶ᠋ᠢᠨ ᠠᠮᠢ ᠨᠠᠰᠤ ᠬᠠᠭᠠᠨ ᠡᠵᠡᠨ ᠦ᠌ ᠬᠦᠰᠡᠯ᠂ ᠭᠠᠷ ᠬᠣᠶᠠᠷ  ᠲᠤ᠌ ᠶᠠᠪᠤᠳᠠᠭ ᠴᠠᠭ ᠬᠣᠢᠨ᠎ᠠ ᠶᠠᠭᠠᠬᠢᠯᠲᠠᠢ ᠪᠢᠯᠡ ᠃
ᠣᠭᠲᠣ ᠰᠠᠨᠠᠮᠰᠠᠷ ᠦᠭᠡᠢ ᠡᠭᠦᠰᠦᠭᠰᠡᠨ ᠬᠡᠦᠬᠡᠳ ᠦ᠋ᠨ ᠲᠤᠬᠠᠢ ᠶᠠᠷᠢᠶ᠎ᠠ ᠵᠠᠮᠤᠬ᠎ᠠ ᠶ᠋ᠢᠨ ᠰᠡᠳᠬᠢᠯ ᠢ᠋ ᠳᠣᠩᠰᠣᠯᠭᠠᠯ᠎ᠠ᠃ ᠡᠨᠡ ᠪᠣᠯ ᠲᠡᠭᠦᠨ ᠦ᠌ ᠬᠠᠮᠤᠭ ᠤ᠋ᠨ ᠡᠮᠵᠡᠭ ᠰᠢᠨᠠᠯᠤᠯ᠂ ᠦᠷᠭᠦᠯᠵᠢ ᠨᠢᠭᠤᠵᠤ ᠶᠠᠪᠤᠳᠠᠭ ᠭᠤᠨᠢᠭ ᠨᠢ ᠶᠦ᠍ᠮ᠃ ᠭᠠᠵᠠᠷ ᠳᠡᠭᠡᠷ᠎ᠡ ᠲᠥᠷᠥᠭᠰᠡᠨ ᠭᠠᠭᠴᠠ ᠬᠥᠪᠡᠭᠦᠨ ᠨᠢ ᠡᠩ ᠦ᠋ᠨ ᠭᠡᠮ ᠦᠭᠡᠢ ᠠᠩ ᠤ᠋ᠨ ᠦᠶ᠎ᠡ ᠪᠡᠷ ᠮᠣᠷᠢᠨ ᠠ᠋ᠴᠠ ᠤᠨᠠᠵᠤ ᠣᠰᠣᠯᠳᠠᠭᠰᠠᠨ ᠨᠢ ᠲᠡᠭᠦᠨ ᠦ᠌ ᠦᠵᠡᠭᠰᠡᠨ ᠬᠠᠮᠤᠭ ᠤ᠋ᠨ ᠠᠶᠤᠮᠰᠢᠭᠲᠤ ᠶᠠᠪᠤᠳᠠᠯ ᠪᠠᠢᠭᠰᠠᠨ ᠶᠤᠮ᠃ ᠲᠡᠷᠡ ᠬᠥᠪᠡᠭᠦᠨ ᠬᠥᠮᠦᠨ ᠬᠥᠮᠦᠨ ᠡᠴᠡ ᠣᠨᠴᠠᠭᠠᠢ ᠰᠡᠷᠭᠦᠯᠡᠩ ᠭᠠᠪᠰᠢᠭᠠᠢ ᠪᠠᠢᠭᠰᠠᠨ ᠨᠢ ᠮᠠᠭᠲᠠᠭᠠᠯ ᠂ ᠴᠠᠭᠠᠨ ᠬᠡᠯᠡ ᠠᠮᠠᠨ ᠳ᠋ᠤ᠌ ᠢᠳᠡᠭᠳᠡᠬᠦ   ᠳ᠋ᠦ᠍ ᠬᠦᠷᠴᠦ᠂ ᠵᠠᠮᠤᠬ᠎ᠠ ᠲᠡᠭᠦᠨ ᠢ᠋ ᠪᠡᠨ ᠬᠠᠮᠠᠭᠠᠯᠠᠵᠤ ᠴᠢᠳᠠᠯ ᠦᠭᠡᠢ ᠠᠯᠳᠠᠭᠰᠠᠨ ᠪᠢᠯᠡ᠃ ᠲᠡᠭᠦᠨ ᠡᠴᠡ ᠬᠣᠢᠰᠢ ᠲᠩᠷᠢ ᠲᠡᠭᠦᠨ ᠢ᠋ ᠴᠡᠭᠡᠷᠯᠡᠭᠦᠯᠵᠦ ᠬᠠᠲᠤᠳ ᠡᠮᠡᠰ ᠡᠴᠡ ᠨᠢ ᠬᠦᠦ ᠲᠥᠷᠥᠭᠰᠡᠨ ᠦᠭᠡᠢ ᠬᠦᠰᠡᠬᠦ   ᠳ᠋ᠦ᠍ ᠬᠢᠰᠠᠨ᠎ᠠ ᠭᠡᠳᠡᠭ ᠪᠣᠯᠵᠠᠢ᠃ ᠵᠠᠮᠤᠬ᠎ᠠ ᠂ ᠡᠮᠡᠰ ᠢ᠋ ᠤᠭ ᠠ᠋ᠴᠠ ᠬᠥᠮᠦᠨ ᠭᠡᠵᠦ ᠦᠯᠦ ᠲᠣᠭᠣᠬᠤ ᠲᠤᠯᠠ ᠲᠩᠷᠢ ᠴᠡᠭᠡᠷᠯᠡᠭᠦᠯᠵᠦ ᠭᠠᠭᠴᠠ ᠬᠥᠪᠡᠭᠦᠨ ᠢ᠋ ᠨᠢ ᠠᠪᠴᠤ ᠣᠳᠤᠭᠰᠠᠨ ᠢ᠋ ᠲᠡᠷᠡ ᠭᠠᠳᠠᠷᠯᠠᠳᠠᠭ ᠦᠭᠡᠢ ᠴᠦ᠍ ᠬᠦᠰᠡᠭᠰᠡᠨ ᠬᠦᠰᠡᠭᠡ ᠦᠭᠡᠢ ᠯᠡ ᠡᠨᠡ ᠭᠠᠵᠠᠷ ᠳᠡᠭᠡᠷ᠎ᠡ ᠵᠠᠮᠤᠬ᠎ᠠ ᠶ᠋ᠢᠨ ᠦᠷ᠎ᠡ ᠤᠳᠤᠮ ᠲᠠᠰᠤᠷᠠᠵᠤ ᠪᠠᠢᠭ᠎ᠠ ᠶ᠋ᠢ ᠮᠡᠳᠡᠷᠡᠨ ᠪᠡᠷᠬᠡ ᠶᠡᠬᠡ ᠪᠡᠷ ᠭᠤᠨᠢᠭᠯᠠᠳᠠᠭ ᠶᠤᠮ ᠃ ᠭᠡᠪᠡᠴᠦ ᠲᠠᠭᠠᠯᠠᠵᠤ ᠬᠠᠪᠢᠳᠠᠭᠰᠠᠨ᠂ ᠬᠦᠴᠦᠷᠬᠡᠢᠯᠡᠨ ᠣᠯᠠᠨ ᠡᠮᠡᠰ ᠦ᠋ᠨ ᠬᠡᠨ ᠨᠢᠭᠡ ᠨᠢ ᠲᠣᠬᠢᠶᠠᠯᠳᠤᠯ ᠢ᠋ᠶ᠋ᠠᠷ ᠬᠥᠪᠡᠭᠦᠨ ᠲᠥᠷᠥᠭᠦᠯᠦᠭᠰᠡᠨ ᠪᠠᠢᠬᠤ ᠶ᠋ᠢ ᠲᠡᠷᠡ ᠪᠠᠰᠠ ᠦᠭᠡᠢᠰᠬᠡᠵᠦ ᠦᠯᠦ ᠴᠢᠳᠠᠨ᠎ᠠ᠃ ᠲᠡᠭᠡᠪᠡᠯ ᠴᠦ᠍ ᠶᠠᠭᠠᠬᠢᠬᠤ ᠪᠣᠢ? ᠲᠡᠭᠦᠨ ᠦ᠌ ᠴᠢᠰᠤᠲᠠᠢ᠂ ᠠᠮᠢ ᠪᠠᠶᠠᠨ  ᠤ᠋ ᠬᠢᠨᠢ ᠲᠠᠰᠤᠷᠬᠠᠢ ᠪᠣᠯᠤᠭᠰᠠᠨ ᠬᠥᠪᠡᠭᠦᠨ ᠬᠡᠨ ᠨᠢᠭᠡᠨ ᠦ᠌ ᠪᠦᠯᠢ   ᠳ᠋ᠦ᠍ ᠠᠮᠢᠳᠤᠷᠠᠵᠤ ᠬᠣᠷᠸ᠎ᠠ ᠶ᠋ᠢᠨ ᠲᠣᠭᠣᠰᠣ ᠬᠥᠳᠡᠯᠭᠡᠵᠦ ᠶᠠᠪᠤᠭ᠎ᠠ ᠪᠢᠵᠡ ᠭᠡᠵᠦ ᠲᠠᠢᠪᠤᠰᠢᠷᠠᠬᠤ ᠴᠤ᠌ ᠪᠣᠢ᠃ ᠤᠭ ᠠ᠋ᠴᠠ ᠡᠷ᠎ᠡ ᠬᠥᠮᠦᠨ ᠳ᠋ᠦ᠍ ᠦᠷ᠎ᠡ ᠤᠳᠤᠮ ᠢ᠋ᠶ᠋ᠠᠨ ᠦᠯᠡᠳᠡᠭᠡᠬᠦ ᠭᠡᠵᠦ ᠨᠡᠩ ᠵᠣᠪᠠᠯᠠᠩᠲᠤ ᠦᠢᠯᠡ ᠪᠠᠢᠳᠠᠭ ᠢ᠋ ᠲᠡᠷᠡ ᠮᠡᠳᠡᠳᠡᠭ ᠦᠭᠡᠢ ᠪᠢᠰᠢ ᠮᠡᠳᠡᠵᠦ᠂ ᠤᠬᠠᠭᠠᠷᠠᠬᠤ ᠶ᠋ᠢᠨ ᠳᠡᠭᠡᠳᠦ ᠪᠡᠷ ᠤᠬᠠᠭᠠᠷᠠᠬᠤ ᠲᠤᠯᠠ ᠬᠠᠷᠠᠮᠰᠠᠨ ᠭᠠᠰᠢᠭᠤᠳᠠᠳᠠᠭ ᠨᠢ ᠨᠡᠩ ᠶᠡᠬᠡ ᠠᠵᠢ᠃ ᠭᠡᠪᠡᠴᠦ ᠳᠡᠭᠡᠳᠦ ᠲᠡᠭᠷᠢ ᠬᠢᠯᠢᠩᠨᠡᠵᠦ ᠲᠡᠭᠦᠨ ᠳ᠋ᠦ᠍ ᠡᠢᠨ ᠬᠦ᠌ ᠬᠥᠪᠡᠭᠦᠨ ᠦ᠌ ᠡᠴᠢᠭᠡ ᠪᠠᠢᠬᠤ ᠬᠤᠪᠢ ᠵᠠᠶᠠᠭ᠎ᠠ ᠬᠠᠢᠷᠠᠯᠠᠭᠰᠠᠨ ᠦᠭᠡᠢ ᠃ ᠬᠠᠷᠢᠨ ᠥᠴᠦᠬᠡᠨ ᠮᠠᠭᠤ ᠲᠡᠨᠡᠭ ᠪᠣᠭᠣᠯ ᠬᠠᠡᠲᠡᠮᠥᠷ ᠲᠦ᠍ ᠡᠢᠮᠦ ᠳᠡᠭᠡᠳᠦ ᠰᠣᠶᠣᠷᠬᠠᠯ ᠬᠦᠷᠲᠡᠭᠡᠭᠰᠡᠨ ᠢ᠋ ᠰᠣᠨᠣᠰᠤᠭᠠᠳ ᠠᠭᠤᠷ ᠤᠴᠠᠭᠠᠷ ᠪᠤᠴᠠᠯᠪᠠᠴᠤ ᠪᠡᠶ᠎ᠡ ᠪᠡᠨ ᠪᠠᠷᠢᠪᠠ᠃ ᠣᠳᠣ ᠨᠡᠷ᠎ᠡ ᠲᠥᠷᠥ ᠲᠡᠢ᠂ ᠣᠮᠣᠭ ᠪᠠᠷᠳᠠᠮ ᠦᠬᠦᠯ ᠯᠡ ᠲᠡᠭᠦᠨ ᠦ᠌ ᠪᠦᠬᠦ ᠭᠣᠮᠣᠳᠠᠯ ᠬᠠᠷᠠᠭᠤᠰᠤᠯ ᠢ᠋ ᠣᠷᠣᠯᠠᠨ᠎ᠠ ᠭᠡᠵᠦ ᠪᠣᠳᠣᠪᠠ᠃ ᠲᠡᠢᠮᠦ ᠤᠴᠢᠷ ᠠ᠋ᠴᠠ ᠬᠠᠨᠲᠡᠮᠦᠷ ᠦ᠋ᠨ ᠰᠡᠳᠬᠢᠯ ᠡᠷᠭᠢᠵᠦ ᠬᠤᠪᠢᠷᠠᠬᠤ ᠠ᠋ᠴᠠ ᠰᠡᠷᠭᠡᠢᠯᠡᠵᠦ
— ᠴᠢ ᠪᠦᠦ ᠰᠠᠨᠠᠭ᠎ᠠ ᠵᠣᠪᠠ᠃ ᠪᠢ ᠴᠢᠮᠠᠶ᠋ᠢ ᠦᠬᠦᠭᠦᠯᠬᠦ ᠦᠭᠡᠢ᠃ ᠴᠢ ᠤᠳᠠᠬᠤ ᠦᠭᠡᠢ ᠲᠡᠷᠡ ᠪᠦᠰᠡᠭᠦᠢ ᠲᠡᠢ ᠪᠡᠨ᠂ ᠪᠠᠰᠠ ᠬᠥᠪᠡᠭᠦᠨ ᠲᠡᠢ ᠪᠡᠨ ᠠᠭᠤᠯᠵᠠᠨ᠎ᠠ ᠭᠡᠵᠦ ᠳᠠᠪᠲᠠᠨ ᠬᠡᠯᠡᠪᠡ᠃ ᠥᠭᠡᠷ᠎ᠡ ᠵᠠᠮ ᠪᠠᠢᠬᠤ ᠦᠭᠡᠢ ᠡᠴᠡ ᠬᠣᠢᠰᠢ ᠬᠠᠨᠲᠡᠮᠦᠷ ᠡᠵᠡᠨ ᠦ᠌ ᠪᠡᠨ ᠬᠦᠰᠡᠯ ᠢ᠋ ᠪᠡᠶᠡᠯᠡᠭᠦᠯᠬᠦ ᠯᠡ ᠦᠯᠡᠳᠡᠵᠡᠢ᠃
ᠵᠠᠮᠤᠬ᠎ᠠ ᠤᠨᠲᠠᠬᠤ ᠪᠠᠷ ᠬᠡᠪᠲᠡᠪᠡ᠃ ᠬᠠᠷᠢᠨ ᠬᠠᠨᠲᠡᠮᠦᠷ ᠤᠨᠲᠠᠵᠤ ᠴᠢᠳᠠᠬᠤ ᠦᠭᠡᠢ ᠨᠣᠢᠷ ᠨᠢ ᠬᠤᠯᠵᠢᠵᠤ ᠡᠯᠳᠡᠪ ᠪᠤᠰᠤ ᠶ᠋ᠢᠨ ᠪᠣᠳᠣᠯ ᠲᠠᠷᠢᠬᠢ ᠲᠣᠯᠣᠭᠠᠢ ᠳ᠋ᠤᠨᠢ ᠡᠷᠭᠢᠯᠳᠦᠨ᠎ᠡ᠃ ᠲᠡᠭᠦᠨ ᠦ᠌ ᠠᠮᠢᠳᠤᠷᠠᠯ ᠴᠣᠬᠣᠮ ᠶᠠᠭᠤᠨ ᠤ᠋ ᠤᠴᠢᠷ ᠦᠷᠡᠭᠳᠡᠵᠦ ᠥᠩᠭᠡᠷᠡᠭᠰᠡᠨ ᠢ᠋ ᠣᠢᠯᠠᠭᠠᠬᠤ ᠭᠡᠵᠦ ᠣᠷᠣᠯᠳᠣᠵᠠᠢ᠃ ᠣᠳᠣ ᠤᠨᠲᠠᠵᠤ ᠬᠡᠪᠲᠡᠭᠡ ᠵᠠᠮᠤᠬ᠎ᠠ ᠶ᠋ᠢ ᠬᠣᠷᠣᠭᠠᠵᠤ ᠣᠷᠬᠢᠭᠠᠳ ᠭᠦᠷᠪᠡᠯᠵᠢᠨ ᠭᠤᠸ᠎ᠠ ᠶ᠋ᠢ᠂ ᠪᠠᠰᠠ ᠦᠵᠡᠭᠡ ᠦᠭᠡᠢ ᠮᠥᠷᠲᠡᠭᠡᠨ ᠰᠡᠳᠬᠢᠯ ᠵᠢᠷᠦᠬᠡᠨ ᠳ᠋ᠦ᠍ ᠪᠦᠯᠢᠶᠡᠨ ᠳᠤᠯᠠᠭᠠᠨ ᠢᠯᠴᠢ ᠲᠦᠭᠡᠭᠡᠵᠦ ᠬᠠᠢᠷ᠎ᠠ ᠬᠦᠷᠭᠡᠬᠦ ᠪᠢᠴᠢᠬᠠᠨ ᠦᠷ᠎ᠡ ᠪᠡᠨ ᠡᠷᠢᠵᠦ ᠣᠳᠬᠤ ᠰᠠᠨ ᠭᠡᠰᠡᠨ ᠬᠢᠵᠠᠭᠠᠷ ᠦᠭᠡᠢ ᠶᠡᠬᠡ ᠬᠦᠰᠡᠯ ᠣᠷᠭᠢᠯᠤᠨ᠎ᠠ᠃ ᠡᠨᠡ ᠪᠣᠯ ᠬᠢᠯᠪᠠᠷᠬᠠᠨ ᠵᠦᠢᠯ ᠶᠤᠮ᠃ ᠭᠡᠪᠡᠴᠦ ᠲᠡᠷᠡ ᠢᠩᠭᠢᠵᠦ ᠶᠠᠭᠠᠬᠢᠵᠤ ᠴᠢᠳᠠᠨ᠎ᠠ᠃ ᠪᠠᠰᠠ ᠵᠠᠮᠤᠬ᠎ᠠ ᠤᠨᠲᠠᠭ᠎ᠠ ᠦᠭᠡᠢ᠂ ᠨᠢᠳᠦᠨ ᠦ᠌ ᠪᠤᠯᠤᠩ ᠢ᠋ᠶ᠋ᠠᠷ ᠬᠢᠯᠠᠮᠬᠢᠨ ᠬᠡᠪᠲᠡᠭᠡ ᠶ᠋ᠢ᠂ ᠪᠠᠷᠠᠭᠤᠨ ᠭᠠᠷ ᠨᠢ ᠬᠢᠲᠤᠭ᠎ᠠ ᠪᠠᠨ ᠠᠳᠬᠤᠭᠠᠰᠤᠲᠠᠢ ᠪᠠᠢᠭ᠎ᠠ ᠶ᠋ᠢ ᠴᠦ᠍ ᠭᠠᠳᠠᠷᠯᠠᠵᠤ ᠪᠠᠢᠪᠠ᠃ ᠣᠳᠣ ᠭᠠᠭᠴᠠᠬᠠᠨ ᠵᠠᠮᠤᠬ᠎ᠠ ᠡᠵᠡᠨ ᠦ᠌ ᠪᠡᠨ ᠦᠭᠡᠨ ᠳ᠋ᠦ᠍ ᠢᠲᠡᠭᠡᠬᠦ ᠯᠡ ᠦᠯᠡᠳᠡᠵᠡᠢ᠃ ᠦᠬᠦᠳᠡᠭ ᠪᠠᠢᠯ᠎ᠠ ᠴᠤ᠌ ᠢᠩᠭᠢᠵᠦ ᠬᠢᠬᠦ ᠪᠡᠷ ᠰᠢᠢᠳᠪᠡ᠃ ᠠᠮᠢ ᠪᠠᠨ ᠠᠪᠤᠷᠠᠬᠤ ᠣᠯᠠᠨ ᠪᠣᠯᠤᠮᠵᠢ ᠲᠡᠭᠦᠨ ᠳ᠋ᠦ᠍ ᠪᠠᠢᠭᠰᠠᠨ ᠴᠤ᠌ ᠬᠠᠨᠲᠡᠮᠦᠷ ᠦᠢᠯᠡ ᠪᠡᠨ ᠳᠠᠭᠠᠵᠤ᠂ ᠡᠮᠵᠡᠭ ᠵᠠᠯᠠᠭᠤ ᠨᠠᠰᠤᠨ ᠠ᠋ᠴᠠ ᠡᠷᠭᠢᠯᠲᠡ ᠦᠭᠡᠢ ᠵᠢᠳᠬᠦᠭᠰᠡᠨ ᠡᠵᠡᠨ ᠳ᠋ᠡᠭᠡᠨ ᠦᠨᠡᠨᠴᠢ ᠦᠯᠡᠳᠡᠬᠦ ᠪᠡᠷ ᠰᠢᠢᠳᠴᠡᠢ᠃ ᠥᠰᠬᠦ ᠡᠴᠡ ᠡᠪᠦᠭᠡᠷᠡᠬᠦ ᠬᠦᠷᠲᠡᠯ᠎ᠡ ᠪᠡᠨ ᠵᠢᠳᠬᠦᠭᠰᠡᠨ᠂ ᠬᠠᠪᠢᠷᠭ᠎ᠠ ᠨᠢᠮᠭᠡᠨ ᠨᠠᠰᠤᠨ ᠠ᠋ᠴᠠ ᠬᠠᠭᠠᠨ ᠪᠣᠯᠲᠠᠯ᠎ᠠ ᠨᠢ ᠬᠠᠮᠲᠤᠷᠠᠭᠰᠠᠨ ᠡᠵᠡᠨ ᠢ᠋ᠶ᠋ᠡᠨ ᠣᠷᠬᠢᠵᠤ ᠠᠮᠢ ᠪᠠᠨ ᠪᠣᠳᠣᠬᠤ ᠨᠢ ᠶᠠᠭᠠᠬᠢᠪᠠᠴᠤ ᠡᠷ᠎ᠡ ᠶ᠋ᠢᠨ ᠰᠢᠭᠢᠷ᠎ᠡ ᠦᠭᠡᠢ ᠬᠡᠷᠡᠭ ᠭᠡᠵᠦ ᠲᠡᠷᠡ ᠦᠵᠡᠵᠡᠢ᠃ ᠬᠡᠷᠪᠡ ᠲᠩᠷᠢ ᠢᠪᠡᠭᠡᠵᠦ ᠠᠮᠢᠳᠤ ᠦᠯᠡᠳᠡᠬᠦ ᠠᠪᠠᠰᠤ ᠡᠵᠡᠨ ᠦ᠌ ᠪᠡᠨ ᠬᠡᠯᠡᠭᠰᠡᠨ ᠢ᠋ᠶ᠋ᠡᠷ ᠠᠮᠢᠳᠤᠷᠠᠶ᠎ᠠ ᠭᠡᠵᠦ ᠰᠠᠨᠠᠪᠠ᠃ ᠢᠩᠭᠢᠵᠦ ᠡᠷᠭᠢᠯᠲᠡ ᠦᠭᠡᠢ ᠰᠢᠢᠳᠦᠭᠰᠡᠨ ᠲᠤᠯᠠ ᠳᠠᠰᠤᠯ ᠦᠭᠡᠢ ᠥᠨᠳᠡᠢᠨ ᠵᠠᠮᠤᠬ᠎ᠠ ᠶ᠋ᠢ ᠬᠠᠷᠠᠪᠠ᠃ ᠵᠠᠮᠤᠬ᠎ᠠ ᠤᠨᠲᠠᠬᠤ ᠮᠡᠲᠦ ᠬᠡᠪᠲᠡᠭᠰᠡᠨ ᠴᠦ᠍ ᠬᠠᠨᠲᠡᠮᠦᠷ ᠦ᠋ᠨ ᠢᠩᠭᠢᠵᠦ ᠰᠢᠷᠲᠡᠵᠦ ᠰᠠᠭᠤᠲᠠᠯ᠎ᠠ ᠭᠡᠨᠡᠳᠲᠡ
— ᠴᠢ ᠶᠠᠭᠤᠨ ᠳ᠋ᠤ᠌ ᠨᠠᠮᠠᠶ᠋ᠢ ᠢᠩᠭᠢᠵᠦ ᠰᠢᠷᠳᠡᠨ᠎ᠡ ᠪᠣᠢ? ᠭᠡᠵᠦ ᠭᠡᠨᠡᠳᠲᠡᠬᠡᠨ ᠠᠰᠠᠭᠤᠵᠠᠢ᠃
ᠬᠠᠨᠲᠡᠮᠦᠷ ᠦᠭᠡ ᠳᠠᠭᠤ ᠦᠭᠡᠢ ᠮᠥᠯᠬᠥᠵᠦ ᠵᠠᠮ ᠳ᠋ᠠᠭᠠᠨ ᠬᠣᠶᠠᠷ ᠡᠪᠡᠰᠦ ᠲᠠᠰᠤᠯᠤᠨ ᠠᠳᠬᠤᠭᠠᠳ ᠳᠡᠷᠭᠡᠳᠡ ᠨᠢ ᠣᠴᠢᠪᠠ᠃
— ᠴᠢ ᠶᠠᠭᠠᠬᠢᠪᠠ? ᠭᠡᠵᠦ ᠵᠠᠮᠤᠬ᠎ᠠ ᠬᠠᠷᠠᠲᠠᠢ ᠪᠠᠷ ᠠᠰᠠᠭᠤᠬᠤ ᠳ᠋ᠤ᠌ ᠭᠠᠷ ᠲᠤᠨᠢ ᠬᠢᠲᠤᠭ᠎ᠠ ᠬᠢᠯᠠᠰᠬᠢᠪᠡ᠃
— ᠬᠥᠷ ᠬᠠᠭᠠᠨ ᠲᠠ ᠡᠨᠡ ᠡᠪᠡᠰᠦᠨ ᠦ᠌ ᠨᠢᠭᠡ ᠶ᠋ᠢ ᠰᠤᠭᠤᠯ᠃
— ᠶᠠᠭᠤ ᠶᠤᠮ ᠪᠣᠢ? ᠭᠡᠬᠦ ᠳ᠋ᠡᠭᠡᠨ ᠴᠦ᠍ ᠬᠢᠲᠤᠭ᠎ᠠ ᠪᠠᠨ ᠲᠠᠯᠪᠢᠭᠰᠠᠨ ᠦᠭᠡᠢ᠃
— ᠬᠡᠷᠪᠡ ᠤᠷᠲᠤ ᠡᠪᠡᠰᠦ ᠰᠤᠭᠤᠯᠪᠠᠯ ᠬᠥᠪᠡᠭᠦᠨ ᠲᠥᠷᠥᠭᠰᠡᠨ ᠪᠠᠢᠭ᠎ᠠ᠃ ᠲᠠ ᠨᠠᠳᠠᠳᠤ ᠨᠢᠭᠡ ᠦᠵᠡᠵᠦ ᠥᠭ᠃
ᠵᠠᠮᠤᠬ᠎ᠠ ᠡᠨᠡ ᠭᠡᠨᠡᠨ ᠲᠡᠨᠡᠭ ᠦᠭᠡ ᠶ᠋ᠢ ᠰᠣᠨᠣᠰᠤᠭᠠᠳ ᠢᠨᠢᠶᠡᠳᠦ ᠠᠯᠳᠠᠪᠠ᠃ ᠰᠤᠭᠤᠯᠤᠭᠰᠠᠨ ᠡᠪᠡᠰᠦ ᠨᠢ ᠤᠷᠲᠤ ᠪᠠᠢᠭᠰᠠᠨ ᠨᠢ ᠬᠠᠨᠲᠡᠮᠦᠷ ᠢ᠋ ᠲᠡᠭᠡᠵᠦ ᠪᠠᠶᠠᠷᠯᠠᠭᠤᠯᠬᠤ ᠶᠤᠮ ᠭᠡᠵᠦ ᠰᠠᠨᠠᠭᠰᠠᠨ ᠦᠭᠡᠢ᠃
— ᠬᠥᠷ ᠬᠠᠭᠠᠨ ᠲᠠ ᠬᠠᠷᠠᠭᠠᠴᠢ᠃ ᠬᠥᠪᠡᠭᠦᠨ ᠪᠠᠢᠨ᠎ᠠ᠃ ᠪᠢ ᠪᠦᠷ ᠲᠡᠭᠡᠨ᠎ᠡ ᠭᠡᠵᠦ ᠢᠲᠡᠭᠡᠭᠡᠳ ᠪᠠᠢᠭᠰᠠᠨ ᠶᠤᠮ ᠠ᠋᠃ ᠨᠢᠭᠡᠨᠲᠡ ᠬᠥᠷ ᠬᠠᠭᠠᠨ ᠲᠠ ᠮᠡᠷᠭᠡᠯᠡᠭᠰᠡᠨ ᠶᠤᠮ ᠴᠢᠨᠢ ᠪᠢ ᠬᠥᠪᠡᠭᠦᠨ ᠲᠡᠢ ᠪᠣᠯᠵᠠᠢ ᠭᠡᠵᠦ ᠬᠠᠨᠲᠡᠮᠦᠷ ᠪᠦᠷ ᠪᠣᠰᠤᠨ ᠬᠠᠷᠠᠢᠵᠤ ᠪᠠᠶᠠᠷᠯᠠᠪᠠ᠃ ᠲᠡᠭᠦᠨ ᠦ᠌ ᠪᠠᠶᠠᠷ ᠬᠥᠷ ᠬᠢᠵᠠᠭᠠᠷ ᠦᠭᠡᠢ ᠠᠵᠢ᠃ ᠬᠠᠨᠲᠡᠮᠦᠷ ᠢ᠋ ᠬᠡᠵᠢᠶ᠎ᠡ᠂ ᠬᠠᠮᠢᠭ᠎ᠠ ᠢᠩᠭᠢᠵᠦ ᠪᠠᠶᠠᠷᠯᠠᠵᠤ ᠪᠠᠢᠭᠰᠠᠨ ᠢ᠋ ᠵᠠᠮᠤᠬ᠎ᠠ ᠰᠠᠨᠠᠭᠰᠠᠨ ᠦᠭᠡᠢ᠃
— ᠬᠥᠷ ᠬᠠᠭᠠᠨ᠃ ᠪᠢ ᠥᠨᠥ ᠰᠥᠨᠢ ᠨᠥᠬᠥᠳ ᠢ᠋ᠶ᠋ᠡᠨ ᠪᠣᠰᠬᠠᠵᠤ ᠲᠠᠨ ᠢ᠋ ᠪᠠᠷᠢᠵᠤ ᠠᠪᠠᠴᠢᠨ᠎ᠠ᠃ ᠲᠠ ᠨᠢᠭᠡ ᠴᠦ᠍ ᠦᠭᠡ ᠪᠦᠦ ᠳᠤᠤᠭᠠᠷ᠃ ᠬᠠᠷᠢᠨ ᠲᠡᠮᠦᠵᠢᠨ ᠳ᠋ᠦ᠍ ᠣᠴᠢᠭᠰᠠᠨ ᠬᠣᠢᠨ᠎ᠠ ᠮᠢᠨᠦ ᠠᠮᠢ ᠶ᠋ᠢ ᠪᠦᠦ ᠬᠣᠷᠣᠭᠠᠯᠭ᠎ᠠ᠃ ᠪᠢ ᠭᠤᠶᠤᠶ᠎ᠠ᠃ ᠪᠢ ᠬᠥᠪᠡᠭᠦᠨ ᠲᠡᠢ ᠪᠣᠯᠤᠭᠰᠠᠨ ᠲᠤᠯᠠ ᠦᠬᠦᠵᠦ ᠶᠠᠭᠠᠬᠢᠵᠤ ᠪᠣᠯᠤᠨ᠎ᠠ ᠭᠡᠵᠦ ᠬᠠᠨᠲᠡᠮᠦᠷ ᠬᠥᠪᠡᠭᠦᠨ ᠢ᠋ᠶ᠋ᠡᠨ ᠦᠵᠡᠭᠰᠡᠨ ᠮᠡᠲᠦ ᠪᠡᠶᠡᠰᠦᠨ ᠰᠢᠪᠡᠨᠡᠪᠡ᠃
— ᠴᠢ ᠪᠦᠦ ᠠᠶᠤ᠃ ᠲᠡᠮᠦᠵᠢᠨ ᠮᠢᠨᠦ ᠬᠡᠯᠡᠭᠰᠡᠨ ᠢ᠋ᠶ᠋ᠡᠷ ᠬᠢᠬᠦ ᠪᠣᠯᠤᠨ᠎ᠠ᠃ ᠴᠢ ᠲᠡᠭᠡᠭᠡᠳ ᠮᠢᠨᠦ ᠨᠢᠳᠦᠨ ᠳ᠋ᠦ᠍ ᠥᠷᠲᠥᠬᠦ ᠦᠭᠡᠢ ᠠᠯᠠᠭ᠎ᠠ ᠪᠣᠯᠵᠤ ᠦᠵᠡ᠃ ᠲᠡᠷᠡ ᠡᠮ᠎ᠡ ᠴᠢᠨᠢ ᠠᠮᠢᠳᠤ ᠪᠠᠢᠪᠠᠯ ᠣᠯᠵᠤ ᠠᠪᠤᠭᠠᠳ ᠭᠠᠵᠠᠷ ᠤ᠋ᠨ ᠮᠤᠬᠤᠷ  ᠲᠤ᠌ ᠣᠴᠢᠵᠤ ᠠᠮᠢᠳᠤᠷᠠ᠃ ᠴᠢ ᠲᠡᠭᠡᠬᠦ ᠶ᠋ᠢ ᠬᠦᠰᠡᠭᠰᠡᠨ ᠪᠢᠰᠢ ᠦᠦ?
ᠢᠩᠭᠢᠵᠦ ᠬᠡᠯᠡᠬᠦ ᠳ᠋ᠡᠭᠡᠨ ᠵᠠᠮᠤᠬ᠎ᠠ ᠥᠪᠡᠷ ᠢ᠋ᠶ᠋ᠡᠨ ᠴᠦ᠍ ᠬᠠᠨᠲᠡᠮᠦᠷ ᠢ᠋ ᠬᠥᠪᠡᠭᠦᠨ ᠲᠡᠢ ᠪᠣᠯᠤᠭᠰᠠᠨ ᠳ᠋ᠤ᠌ ᠢᠲᠡᠭᠡᠬᠦ ᠰᠢᠭ ᠪᠣᠯᠵᠠᠢ᠃
— ᠲᠡᠢᠮᠦ ᠠ᠋᠃ ᠪᠢ ᠦᠬᠦᠬᠦ ᠦᠭᠡᠢ ᠠᠪᠠᠰᠤ ᠶᠠᠭ ᠲᠠᠨ ᠤ᠋ ᠬᠡᠯᠡᠭᠰᠡᠨ ᠢ᠋ᠶ᠋ᠡᠷ ᠬᠢᠬᠦ ᠪᠣᠯᠤᠨ᠎ᠠ᠃ ᠪᠢ ᠲᠠᠨ ᠳ᠋ᠤ᠌ ᠳᠠᠬᠢᠨ ᠭᠠᠢ ᠪᠣᠯᠬᠤ ᠦᠭᠡᠢ ᠭᠠᠵᠠᠷ ᠤ᠋ᠨ ᠭᠠᠪᠠ ᠪᠠᠷ ᠣᠷᠣᠭᠰᠠᠨ ᠮᠡᠲᠦ᠂ ᠭᠠᠯ ᠳ᠋ᠤ᠌ ᠰᠢᠲᠠᠵᠤ᠂ ᠰᠠᠯᠬᠢᠨ ᠳ᠋ᠤ᠌ ᠬᠡᠢᠰᠦᠭᠰᠡᠨ ᠮᠡᠲᠦ ᠦᠭᠡᠢ ᠪᠣᠯᠤᠨ᠎ᠠ᠃ ᠬᠣᠵᠢᠮ ᠬᠣᠢᠨ᠎ᠠ ᠬᠠᠭᠠᠨ ᠲᠠᠨ ᠤ᠋ ᠶᠡᠬᠡ ᠪᠡᠶ᠎ᠡ ᠡᠪᠳᠡᠷᠡᠵᠦ᠂ ᠡᠷᠭᠢ ᠮᠡᠲᠦ ᠨᠤᠷᠠᠵᠤ ᠤᠨᠠᠪᠠᠰᠤ ᠪᠢ ᠬᠥᠪᠡᠭᠦᠳ ᠦᠷ᠎ᠡ ᠰᠡᠳᠦ ᠪᠡᠨ ᠳᠠᠭᠠᠭᠤᠯᠤᠨ ᠢᠷᠡᠵᠦ ᠮᠥᠷᠭᠥᠭᠦᠯᠦᠭᠡᠳ ᠲᠠᠨ ᠤ᠋ ᠬᠡᠨ ᠪᠠᠢᠭᠰᠠᠨ ᠢ᠋᠂ ᠬᠠᠨᠲᠡᠮᠦᠷ ᠭᠡᠭᠴᠢ ᠶᠠᠳᠠᠭᠤ ᠡᠷ᠎ᠡ ᠶᠠᠮᠠᠷ ᠭᠡᠭᠴᠢ ᠶᠡᠬᠡ ᠬᠥᠮᠦᠨ ᠦ᠌ ᠰᠢᠳᠠᠷ ᠶᠠᠪᠤᠭᠰᠠᠨ ᠢ᠋ ᠬᠡᠯᠡᠬᠦ ᠪᠣᠯᠤᠨ᠎ᠠ᠃ ᠲᠡᠷᠡ ᠪᠣᠯᠲᠠᠯ᠎ᠠ ᠪᠢ ᠲᠠᠨ ᠤ᠋ ᠳᠡᠷᠭᠡᠳᠡ ᠢᠷᠡᠬᠦ ᠦᠭᠡᠢ᠃ ᠲᠠ ᠢᠩᠭᠢᠪᠡ ᠭᠡᠵᠦ ᠨᠠᠳᠠᠳᠤ ᠪᠦᠦ ᠭᠣᠮᠣᠳᠠᠯ ᠰᠠᠨᠠᠯ ᠬᠡᠯᠡᠭᠲᠦᠨ᠃ ᠪᠢ ᠦᠭᠡ ᠪᠡᠨ ᠳᠠᠭᠤᠰᠴᠤ᠂ ᠦᠰᠦ ᠪᠡᠨ ᠵᠤᠯᠭᠠᠷᠠᠲᠠᠯ᠎ᠠ ᠨᠢᠭᠡᠨ ᠴᠢᠭ ᠲᠦ᠍ ᠰᠡᠳᠬᠢᠯ ᠢ᠋ᠶ᠋ᠡᠷ ᠵᠢᠳᠬᠦᠪᠡ᠃ ᠪᠢ ᠲᠠᠨ ᠳ᠋ᠤ᠌ ᠣᠰᠣᠯᠳᠠᠭᠰᠠᠨ ᠤᠳᠠᠭ᠎ᠠ ᠪᠠᠢᠪᠠᠯ ᠣᠳᠣ ᠬᠡᠯᠡᠵᠦ ᠵᠢᠮᠡᠯᠡᠵᠦ ᠵᠥᠭᠡᠭᠲᠦᠨ᠃ ᠪᠢ ᠲᠠᠨ ᠤ᠋ ᠦᠭᠡ ᠶ᠋ᠢ ᠨᠠᠰᠤᠨ ᠳ᠋ᠠᠭᠠᠨ ᠮᠠᠷᠲᠠᠬᠤ ᠦᠭᠡᠢ ᠰᠠᠨᠠᠵᠤ᠂ ᠶᠠᠰᠤᠨ ᠳ᠋ᠠᠭᠠᠨ ᠰᠠᠯᠭᠠᠬᠤ ᠦᠭᠡᠢ ᠬᠠᠲᠠᠵᠤ ᠠᠪᠤᠶ᠎ᠠ᠃
ᠡᠢᠮᠦ ᠦᠨᠡᠨᠴᠢ ᠰᠠᠢᠬᠠᠨ ᠰᠡᠳᠬᠢᠯ ᠦ᠋ᠨ ᠬᠠᠯᠠᠭᠤᠨ ᠳᠤᠯᠠᠭᠠᠨ ᠦᠭᠡ ᠰᠣᠨᠣᠰᠤᠭᠰᠠᠨ ᠵᠠᠮᠤᠬ᠎ᠠ ᠶ᠋ᠢᠨ ᠰᠡᠳᠬᠢᠯ ᠳᠣᠭᠳᠣᠯᠤᠨ ᠳᠣᠩᠰᠣᠯᠪᠠ᠃
ᠬᠠᠮᠤᠭ ᠠ᠋ᠴᠠ ᠦᠨᠡᠨᠴᠢ
ᠬᠠᠨᠲᠡᠮᠦᠷ ᠮᠢᠨᠢ
ᠬᠠᠷ᠎ᠠ ᠨᠢᠳᠦ ᠪᠡᠨ ᠨᠡᠭᠡᠭᠡᠬᠦ ᠳ᠋ᠦ᠍
ᠬᠠᠵᠠᠭᠤ ᠳ᠋ᠤ᠌ ᠵᠣᠭᠰᠣᠭᠴᠢ ᠬᠠᠨᠢ ᠮᠢᠨᠢ
ᠬᠠᠯᠠᠭᠤᠨ ᠨᠠᠷᠠ᠂ ᠬᠦᠢᠲᠡᠨ ᠰᠠᠯᠬᠢᠨ ᠠ᠋ᠴᠠ
ᠬᠠᠭᠠᠴᠠᠢᠯᠠᠵᠤ ᠬᠠᠯᠬᠠᠯᠠᠭᠴᠢ ᠨᠥᠬᠥᠷ ᠮᠢᠨᠢ᠂
ᠬᠠᠳᠠᠨ ᠰᠡᠯᠡᠮ᠎ᠡ᠂ ᠬᠠᠷᠪᠤᠬᠤ ᠰᠤᠮᠤ ᠠ᠋ᠴᠠ
ᠬᠠᠮᠠᠭᠠᠯᠠᠭᠴᠢ ᠪᠠᠮᠪᠠᠢ ᠮᠢᠨᠢ᠃
ᠬᠠᠯᠠᠭᠠᠨ ᠳᠤᠯᠠᠭᠠᠴᠠᠭᠤᠯᠤᠭᠴᠢ ᠭᠠᠯ ᠮᠢᠨᠢ
ᠬᠠᠯᠠᠭᠤᠨ ᠠᠮᠢ ᠪᠦᠯᠢᠶᠡᠨ ᠰᠡᠳᠬᠢᠯ ᠢ᠋ᠶ᠋ᠡᠨ
ᠬᠠᠷᠠᠮ ᠦᠭᠡᠢ ᠬᠤᠪᠢᠶᠠᠭᠴᠢ ᠠᠨᠳᠠ ᠮᠢᠨᠢ᠁
ᠵᠠᠮᠤᠬ᠎ᠠ ᠰᠡᠳᠬᠢᠯ ᠬᠥᠳᠡᠯᠦᠨ ᠰᠢᠯᠦᠭᠯᠡᠨ ᠤᠷᠤᠰᠬᠠᠵᠤ ᠬᠡᠯᠡᠯ᠎ᠡ᠃ ᠲᠡᠭᠦᠨ ᠦ᠌ ᠴᠡᠴᠡᠨ ᠴᠡᠯᠮᠡᠭ ᠤᠷᠠᠨ ᠦᠭᠡᠰ ᠢ᠋ ᠰᠣᠨᠣᠰᠬᠤ ᠳ᠋ᠤ᠌ ᠠᠭᠤᠯᠠ ᠶ᠋ᠢᠨ ᠲᠠᠭᠲᠤ ᠳ᠋ᠤ᠌ ᠬᠥᠬᠥᠭᠡ ᠰᠢᠪᠠᠭᠤ ᠳᠣᠩᠭᠣᠳᠬᠤ ᠮᠡᠲᠦ ᠢᠷᠠᠭᠤ ᠪᠢᠯᠡ᠃
—ᠬᠠᠷ᠎ᠠ ᠬᠠᠲᠠᠭᠠᠨ ᠡᠴᠢᠭᠡ ᠶ᠋ᠢᠨ
ᠬᠤᠪᠢᠶᠠᠵᠤ ᠥᠭᠭᠦᠭᠰᠡᠨ ᠨᠥᠬᠥᠷ
ᠤᠬᠠᠭᠠᠨᠲᠤ ᠬᠣᠢᠯᠠᠷ ᠡᠴᠢᠭᠡ ᠶ᠋ᠢᠨ
ᠤᠤᠭᠠᠨ ᠬᠥᠪᠡᠭᠦᠨ ᠮᠢᠨᠢ ᠠ᠋᠃
ᠵᠠᠳᠠᠷᠠᠨ ᠠᠢᠮᠠᠭ ᠢ᠋
ᠪᠦᠲᠦᠨ ᠠᠬᠤᠢ ᠳ᠋ᠤ᠌
ᠢᠵᠢᠯᠢᠳᠪᠡ᠂ ᠪᠢᠳᠡ
ᠵᠢᠯᠠᠭ᠎ᠠ ᠶ᠋ᠢᠨ ᠮᠤᠬᠤᠷ  ᠲᠤ᠌
ᠬᠣᠶᠠᠭᠤᠯᠠ ᠦᠯᠡᠳᠡᠲᠡᠯ᠎ᠡ ᠵᠢᠳᠬᠦᠪᠡ᠂ ᠴᠢ
ᠵᠣᠷᠢᠭ ᠬᠤᠷᠴᠠᠯᠠᠬᠤ ᠠᠨᠳᠠ
ᠵᠣᠪᠠᠯᠠᠩ ᠨᠢᠮᠭᠡᠯᠡᠬᠦ ᠨᠥᠬᠥᠷ
ᠵᠣᠷᠢᠭ ᠢ᠋ᠶ᠋ᠠᠷ ᠶᠠᠪᠤᠬᠤ ᠳ᠋ᠤ᠌ ᠳᠠᠭᠠᠭᠤᠯ
ᠵᠣᠵᠢᠭᠷᠠᠵᠤ ᠭᠠᠭᠴᠠᠭᠠᠷᠳᠠᠬᠤ ᠳ᠋ᠤ᠌ ᠲᠦᠰᠢᠭ
ᠬᠠᠲᠠᠭᠤ ᠶ᠋ᠢ ᠵᠥᠭᠡᠯᠡᠯᠴᠡᠵᠦ
ᠬᠠᠳᠬᠤᠯᠳᠤᠬᠤ ᠳ᠋ᠤ᠌ ᠬᠠᠮᠵᠢᠯᠴᠠᠵᠤ
ᠬᠠᠮᠤᠭ ᠪᠦᠬᠦᠨ ᠢ᠋ᠶ᠋ᠡᠨ ᠬᠤᠪᠢᠶᠠᠯᠴᠠᠭᠰᠠᠨ
ᠬᠠᠨᠳᠠᠮᠤᠷ ᠴᠢᠮᠠᠶ᠋ᠢ ᠪᠢ
ᠵᠠᠩᠨᠠᠵᠤ ᠵᠢᠮᠡᠯᠡᠶ᠎ᠡ ᠭᠡᠪᠡᠴᠦ
ᠦᠭᠡ ᠦᠯᠦ ᠣᠯᠳᠠᠨ᠎ᠠ᠃
ᠵᠠᠰᠠᠵᠤ ᠰᠤᠷᠭᠠᠶ᠎ᠠ ᠭᠡᠪᠡᠴᠦ
ᠠᠯᠳᠠᠭ᠎ᠠ ᠦᠯᠦ ᠣᠯᠳᠠᠨ᠎ᠠ
ᠵᠦᠢ ᠦᠭᠡᠢ ᠮᠤᠩᠬᠠᠭ ᠪᠢ
ᠵᠥᠪ ᠢ᠋ ᠵᠠᠰᠠᠵᠤ ᠦᠯᠦ ᠴᠢᠳᠠᠪᠠ᠃
ᠵᠢᠳᠬᠦᠭᠰᠡᠨ ᠴᠢᠨᠦ ᠬᠦᠴᠦ ᠶ᠋ᠢ
ᠵᠦᠭ ᠦ᠋ᠨ ᠰᠠᠯᠬᠢᠨ ᠳ᠋ᠤ᠌ ᠬᠡᠢᠰᠬᠡᠪᠡ᠃
ᠣᠳᠣ ᠪᠢ ᠴᠢᠮ᠎ᠠ ᠳ᠋ᠤ᠌
ᠣᠯᠠᠨ ᠦᠭᠡ ᠶ᠋ᠢ ᠶᠠᠭᠠᠬᠢᠨ ᠬᠡᠯᠡᠨ᠎ᠡ᠃
ᠣᠨᠴᠠᠭᠠᠢ ᠨᠥᠬᠥᠷ ᠴᠢᠮ᠎ᠠ ᠳ᠋ᠤ᠌
ᠣᠨᠣᠪᠴᠢᠲᠠᠢ ᠵᠥᠪ ᠢ᠋ ᠶᠠᠭᠠᠬᠢᠨ ᠵᠢᠭᠠᠨ᠎ᠠ
ᠦᠨᠡᠨᠴᠢ ᠵᠢᠳᠬᠦᠭᠰᠡᠨ ᠰᠡᠳᠬᠢᠯ ᠦ᠋ᠨ ᠴᠢᠨᠢ ᠬᠠᠷᠢᠭᠤ ᠳ᠋ᠤ᠌
ᠦᠭᠡᠨ ᠡᠴᠡ ᠥᠭᠡᠷ᠎ᠡ ᠱᠠᠩᠨᠠᠯ ᠠᠯᠠᠭ᠎ᠠ
ᠪᠦᠬᠦᠨ᠎ᠡ ᠵᠣᠷᠢᠭᠤᠯᠤᠭᠰᠠᠨ ᠢᠲᠡᠭᠡᠯ ᠦ᠋ᠨ ᠴᠢᠨᠢ ᠬᠠᠷᠢᠭᠤ ᠳ᠋ᠤ᠌
ᠪᠥᠰᠡᠨ ᠡᠴᠡ ᠥᠭᠡᠷ᠎ᠡ ᠪᠡᠯᠡᠭ ᠠᠯᠠᠭ᠎ᠠ ᠭᠡᠵᠦ ᠠᠶᠠᠯᠭᠤᠯᠤᠨ ᠰᠢᠯᠦᠭᠯᠡᠭᠡᠳ ᠵᠠᠮᠤᠬ᠎ᠠ ᠠᠯᠲᠠᠨ ᠪᠦᠰᠡ ᠪᠡᠨ ᠲᠠᠢᠯᠵᠤ ᠥᠭᠪᠡ᠃
ᠬᠥᠷ ᠬᠠᠭᠠᠨ ᠲᠠ ᠶᠠᠭᠠᠬᠢᠨ ᠢᠩᠭᠢᠵᠦ ᠪᠣᠯᠬᠤ ᠪᠣᠢ? ᠪᠣᠭᠣᠯ ᠪᠢ ᠠᠯᠲᠠᠨ ᠪᠦᠰᠡ ᠪᠦᠰᠡᠯᠡᠪᠡᠯ ᠠᠢᠯ ᠤ᠋ᠨ ᠨᠣᠬᠠᠢ ᠠᠷᠰᠯᠠᠨ ᠤ᠋ ᠳᠦᠷᠢ ᠳ᠋ᠦ᠍ ᠬᠤᠪᠢᠯᠬᠤ ᠮᠡᠲᠦ ᠲᠤᠯᠠ ᠠᠯᠳᠠᠰᠢ ᠪᠣᠯᠵᠤ ᠲᠩᠷᠢ ᠬᠢᠯᠢᠩᠨᠡᠬᠦ ᠪᠢᠵᠡ ᠭᠡᠵᠦ ᠬᠠᠨᠳᠠᠮᠤᠷ ᠰᠢᠭᠤᠳ ᠡᠰᠡᠷᠭᠦᠴᠡᠪᠡ᠃
ᠣᠯᠠᠨ ᠦᠭᠡ ᠪᠤᠤ ᠶᠠᠷᠢ᠃ ᠬᠡᠨ ᠴᠢᠮᠠᠶ᠋ᠢ ᠣᠳᠣ ᠪᠣᠭᠣᠯ ᠭᠡᠨ᠎ᠡ᠃ ᠬᠥᠪᠡᠭᠦᠨ ᠴᠢᠨᠢ ᠴᠢᠮᠠᠶ᠋ᠢ ᠳᠠᠪᠠᠵᠤ ᠪᠠᠭᠠᠲᠤᠷ ᠰᠠᠢᠨ ᠡᠷ᠎ᠡ ᠪᠣᠯᠬᠤ ᠪᠢᠵᠡ᠃ ᠬᠥᠪᠡᠭᠦᠨ ᠳ᠋ᠡᠭᠡᠨ ᠨᠠᠮᠠᠶ᠋ᠢ ᠥᠭᠪᠡ ᠭᠡᠳ ᠡᠷ᠎ᠡ ᠪᠣᠯᠬᠤ ᠳ᠋ᠤᠨᠢ ᠵᠡᠭᠦᠵᠦ ᠥᠭ᠃ ᠬᠥᠷ ᠬᠠᠭᠠᠨ ᠵᠠᠮᠤᠬ᠎ᠠ ᠶ᠋ᠢ ᠰᠠᠢᠨ ᠢ᠋ᠶ᠋ᠠᠷ ᠳᠤᠷᠠᠰᠴᠤ ᠶᠠᠪᠤᠭ᠃
ᠵᠠᠮᠤᠬ᠎ᠠ ᠶ᠋ᠢᠨ ᠡᠨᠡ ᠦᠭᠡ ᠦᠨᠡᠨ ᠲᠤᠯᠠ ᠬᠠᠨᠳᠡᠮᠦᠷ ᠰᠠᠶᠢ ᠡᠷᠡᠭᠡᠯᠵᠡᠯ ᠦᠭᠡᠢ ᠠᠪᠴᠤ ᠪᠦᠰᠡᠯᠡᠪᠡ᠃ ᠬᠠᠷᠢᠨ ᠴᠤ᠌ ᠬᠥᠪᠡᠭᠦᠨ ᠮᠢᠨᠢ ᠥᠰᠬᠦ ᠳ᠋ᠦ᠍ ᠪᠡᠯᠭᠡ ᠳᠡᠮᠪᠡᠷᠢᠯ ᠲᠡᠢ ᠶᠠᠭᠤᠮ᠎ᠠ ᠪᠣᠯᠪᠠ ᠭᠡᠵᠦ ᠬᠥᠭᠡᠷᠦᠨ ᠪᠣᠳᠣᠵᠠᠢ᠃
— ᠡᠭᠦᠨ ᠡᠴᠡ ᠬᠣᠢᠰᠢ ᠴᠢ ᠥᠪᠡᠷ ᠢ᠋ ᠪᠡᠨ ᠪᠣᠭᠣᠯ ᠭᠡᠵᠦ ᠪᠤᠤ ᠬᠡᠯᠡᠭᠲᠦᠨ᠃ ᠴᠢᠯᠥᠭᠡᠲᠦ ᠰᠤᠯᠠ ᠢᠷᠭᠡᠨ ᠪᠣᠯᠪᠠ ᠭᠡᠵᠦ ᠰᠠᠨᠠ᠃ ᠪᠢ ᠢᠩᠭᠢᠵᠦ ᠲᠤᠰᠢᠶᠠᠶ᠎ᠠ᠃
ᠵᠠ᠂ ᠪᠢ ᠲᠠᠨ ᠤ᠋ ᠬᠡᠯᠡᠭᠰᠡᠨ ᠢ᠋ᠶ᠋ᠡᠷ ᠶᠠᠪᠤᠶ᠎ᠠ᠃ ᠲᠠ ᠣᠳᠣ ᠲᠠᠢᠪᠤᠩ ᠰᠠᠢᠬᠠᠨ ᠤᠨᠲᠠᠭᠲᠤᠨ᠃ ᠰᠥᠨᠢ ᠳᠦᠯᠢ ᠪᠡᠷ ᠪᠢ ᠪᠦᠭᠦᠳᠡ ᠶ᠋ᠢ ᠲᠠᠨ ᠤ᠋ ᠬᠦᠰᠡᠭᠰᠡᠨ ᠢ᠋ᠶ᠋ᠡᠷ ᠬᠢᠵᠦ ᠣᠳᠤᠨ᠎ᠠ᠃
— ᠵᠠ ᠲᠡᠭᠡᠪᠡᠯ ᠰᠠᠢᠨ ᠪᠣᠯᠪᠠ᠃ ᠣᠳᠣ ᠬᠣᠶᠠᠭᠤᠯᠠ ᠨᠥᠬᠥᠷ ᠦ᠋ᠨ ᠶᠣᠰᠣ ᠪᠠᠷ ᠰᠠᠯᠤᠶ᠎ᠠ᠃
ᠲᠡᠳᠡ ᠳᠤᠬᠤ ᠪᠠᠨ ᠨᠡᠢᠯᠡᠭᠦᠯᠦᠨ ᠤᠳᠠᠭᠠᠨ ᠵᠣᠭᠰᠣᠪᠠ᠃ ᠡᠭᠦᠨ ᠦ᠌ ᠬᠣᠢᠨ᠎ᠠ ᠵᠠᠮᠤᠬ᠎ᠠ ᠭᠠᠵᠠᠷ ᠬᠡᠪᠲᠡᠭᠡᠳ ᠨᠠᠮ ᠤᠨᠲᠠᠵᠠᠢ᠃

     ᠦᠰᠦᠭ ᠠᠮᠢᠯᠠᠭᠤᠯᠤᠭᠴᠢ᠄  ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂ 
                                   ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂ 
                                   ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
       ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ ᠂ ᠭᠠᠷᠮ᠎ᠠ᠂ ᠨᠠᠷᠠᠨ᠂ 
                      ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ