ᠵᠠᠶᠠᠭᠠᠨ ᠤ᠋ ᠢᠷᠥᠭᠡᠯ - ᠳᠠᠮᠪᠢᠨᠢᠮ᠎ᠠ᠂ ᠨᠠᠮᠤᠬᠠᠨ᠂ ᠪᠠᠳᠮᠠᠵᠢᠷᠭᠠᠯ᠂ ᠨᠠᠠᠵᠢᠯᠮ᠎ᠠ Заяаны ерөөл-Дамбийням,Намухан,Бадамжаргал,Нанжлам ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠶᠠᠭᠠᠨ ᠤ᠋ ᠢᠷᠥᠭᠡᠯ - ᠳᠠᠮᠪᠢᠨᠢᠮ᠎ᠠ᠂ ᠨᠠᠮᠤᠬᠠᠨ᠂ ᠪᠠᠳᠮᠠᠵᠢᠷᠭᠠᠯ᠂ ᠨᠠᠠᠵᠢᠯᠮ᠎ᠠ Заяаны ерөөл-Дамбийням,Намухан,Бадамжаргал,Нанжлам

ᠵᠠᠶᠠᠭᠠᠨ ᠤ᠋ ᠢᠷᠥᠭᠡᠯ - ᠳᠠᠮᠪᠢᠨᠢᠮ᠎ᠠ᠂ ᠨᠠᠮᠤᠬᠠᠨ᠂ ᠪᠠᠳᠮᠠᠵᠢᠷᠭᠠᠯ᠂ ᠨᠠᠠᠵᠢᠯᠮ᠎ᠠ Заяаны ерөөл-Дамбийням,Намухан,Бадамжаргал,Нанжлам

2025-03-22

2141

ᠵᠠᠶᠠᠭᠠᠨ ᠤ᠋ ᠢᠷᠥᠭᠡᠯ

        ᠪᠤᠷᠢᠶᠠᠳ ᠲᠥᠷᠥ ᠶ᠋ᠢᠨ ᠳᠠᠭᠤᠤ  

    ᠦᠭᠡ᠄ ᠪᠠᠲᠤᠵᠢᠷᠭᠠᠯ( ᠬᠥᠲᠥᠯᠦᠭᠴᠢ)    
    ᠠᠶ᠎ᠠ᠄ ᠴᠢ᠂ ᠴᠢᠮᠡᠭ( ᠸᠠᠩ ᠢ)    
    ᠬᠥᠭᠵᠢᠮ᠄ ᠠᠩᠭᠢᠷ  
    ᠳᠠᠭᠤᠴᠢᠨ᠄ ᠳᠠᠮᠪᠢᠨᠢᠮ᠎ᠠ᠂ ᠨᠠᠮᠤᠬᠠᠨ᠂ ᠪᠠᠳᠮᠠᠵᠢᠷᠭᠠᠯ᠂ ᠨᠠᠠᠵᠢᠯᠮ᠎ᠠ     

 ᠨᠠᠷᠠ ᠲᠠᠢ ᠤᠷᠤᠯᠳᠤᠨ ᠤᠷᠤᠭ ᠤ᠋ᠳ ᠪᠠᠭᠤᠭᠠᠳ    
 ᠪᠤᠷᠬᠠᠨ ᠪᠤᠭᠤᠷᠤᠯ ᠠ᠋ᠴᠠ ᠢᠷᠦᠭᠡᠯ ᠲᠣᠭᠲᠠᠭᠠᠨ᠎ᠠ    
 ᠤᠷᠢ ᠵᠠᠯᠠᠭᠤ ᠢᠨᠠᠭ ᠬᠣᠣᠰᠯᠠᠭᠠᠳ    
 ᠤᠨᠠᠭᠠᠨ ᠨᠤᠲᠤᠭ ᠲᠤ᠌ ᠪᠠᠨ ᠵᠠᠶᠠᠭ᠎ᠠ ᠬᠣᠯᠪᠣᠨ᠎ᠠ    
 ᠬᠦᠳᠡᠷ ᠬᠥᠪᠡᠭᠦᠳ ᠳᠡᠷ᠎ᠡ ᠪᠤᠯᠢᠶᠠᠯᠳᠤᠭᠠᠳ    
 ᠬᠥᠭᠡᠷᠦᠬᠦᠨ ᠪᠡᠷᠢᠶᠡᠳ ᠲᠦᠢᠪᠡ ᠵᠡᠭᠦᠨ᠎ᠡ    
 ᠬᠣᠲᠠ ᠤᠷᠤᠭ ᠤ᠋ᠳ ᠲᠥᠭᠥᠷᠢᠭ ᠴᠢᠮᠡᠭᠡᠳ    
 ᠬᠣᠲᠠ ᠶ᠋ᠢᠨ ᠲᠡᠷᠢᠭᠦᠨ ᠲᠥᠭᠡᠯᠡᠢ ᠭᠦᠨᠳᠡᠨ᠎ᠡ       
 ᠪᠤᠶᠠᠨᠲᠠᠢ ᠠᠪᠤ ᠶ᠋ᠢᠨ ᠤᠳᠤᠮ ᠵᠠᠯᠭᠠᠭᠠᠳ       
 ᠪᠤᠮᠠᠨ ᠦᠶ᠎ᠡ ᠶ᠋ᠢᠨ ᠭᠣᠯᠣᠮᠲᠠ  ᠬᠥᠭᠵᠢᠭᠡᠨ᠎ᠡ       
 ᠭᠡᠰᠡᠷ ᠬᠥᠪᠡᠭᠦᠨ ᠡᠮᠦᠰᠬᠡᠯ ᠭᠠᠢᠬᠠᠭᠤᠯᠤᠭᠠᠳ       
 ᠭᠡᠭᠡᠨ ᠨᠤᠲᠤᠭ ᠲᠤ᠌ ᠪᠠᠨ ᠳᠣᠪᠣ ᠰᠢᠷᠠᠯᠠᠭᠤᠯᠤᠨ᠎ᠠ     

 ᠥᠨᠢ ᠶ᠋ᠢᠨ ᠬᠣᠯᠪᠣᠭ᠎ᠠ ᠡᠮᠦᠰᠬᠡᠯ ᠠᠨᠳᠠᠯᠳᠤᠭᠠᠳ    
 ᠡᠪᠦᠭᠡᠳ ᠨᠠᠰᠤᠲᠠᠳ ᠢᠷᠦᠭᠡᠯ ᠬᠠᠢᠷᠠᠯᠠᠨ᠎ᠠ    
 ᠥᠷᠭᠡᠨ ᠲᠦᠮᠡᠨ ᠦ᠌ ᠪᠤᠶᠠᠨ ᠳᠡᠯᠭᠡᠷᠡᠭᠡᠳ    
 ᠥᠨᠢᠷ ᠨᠤᠲᠤᠭ ᠲᠤ᠌ ᠪᠠᠨ ᠠᠢᠯ ᠨᠡᠮᠡᠭᠳᠡᠨ᠎ᠡ    
 ᠰᠠᠷᠠᠨ ᠤ᠋ ᠭᠡᠷᠡᠯ ᠢ᠋ᠶ᠋ᠡᠷ ᠰᠢᠭᠦᠷ ᠰᠢᠳᠡᠭᠡᠳ    
 ᠰᠢᠨᠡᠬᠡᠨ ᠭᠡᠷ ᠦ᠋ᠨ ᠨᠠᠭᠠᠳᠤᠮ ᠴᠡᠩᠭᠡᠭᠦᠯᠦᠨ᠎ᠡ    
 ᠬᠤᠰᠤᠨ ᠰᠡᠷᠬᠡ ᠳ᠋ᠦ᠍ ᠮᠣᠷᠢᠳ ᠦᠦᠷᠰᠡᠭᠡᠳ    
 ᠬᠣᠲᠠᠯᠠ ᠪᠦᠭᠦᠳᠡ ᠬᠠᠲᠠᠷᠢᠨ ᠶᠣᠣᠬᠣᠷᠯᠠᠨ᠎ᠠ       
 ᠪᠤᠶᠠᠨᠲᠠᠢ ᠠᠪᠤ ᠶ᠋ᠢᠨ ᠤᠳᠤᠮ ᠵᠠᠯᠭᠠᠭᠠᠳ       
 ᠪᠤᠮᠠᠨ ᠦᠶ᠎ᠡ ᠶ᠋ᠢᠨ ᠭᠣᠯᠣᠮᠲᠠ  ᠬᠥᠭᠵᠢᠭᠡᠨ᠎ᠡ       
 ᠭᠡᠰᠡᠷ ᠬᠥᠪᠡᠭᠦᠨ ᠡᠮᠦᠰᠬᠡᠯ ᠭᠠᠢᠬᠠᠭᠤᠯᠤᠭᠠᠳ       
 ᠭᠡᠭᠡᠨ ᠨᠤᠲᠤᠭ ᠲᠤ᠌ ᠪᠠᠨ ᠳᠣᠪᠣ ᠰᠢᠷᠠᠯᠠᠭᠤᠯᠤᠨ᠎ᠠ     

     ᠦᠰᠦᠭ ᠠᠮᠢᠯᠠᠭᠤᠯᠤᠭᠴᠢ᠄ ᠭᠡᠭᠡᠷᠡᠯ    
     ᠦᠰᠦᠭ ᠬᠠᠳᠠᠭᠴᠢ᠄ ᠭᠡᠭᠡᠷᠡᠯ    
     ᠦᠰᠦᠭ ᠬᠢᠨᠠᠭᠴᠢ᠄ ᠢᠷᠡᠭᠡᠳᠦᠢ᠂ ᠮᠥᠴᠢᠷ