ᠵᠢᠬᠡᠭᠦᠴᠡᠯ - ᠱ᠂ ᠭᠦᠷᠦᠪᠠᠽᠠᠷ Жихүүцэл - Ш᠂ Гүрбазар
ᠵᠢᠬᠡᠭᠦᠴᠡᠯ
ᠶᠠᠭ ᠵᠡᠭᠦᠦ ᠦᠭᠡᠢ ᠯᠤᠤᠵᠢᠩ ᠰᠢᠭ᠋
ᠶᠠᠯ᠎ᠠ ᠪᠠᠨ ᠰᠣᠨᠣᠰᠬᠤ ᠬᠡᠷᠡᠭᠲᠡᠨ
ᠶᠡᠷᠡ ᠵᠠᠩᠭᠢᠷᠠᠭᠰᠠᠨ ᠡᠭᠦᠯᠡ ᠰᠢᠭ
ᠤᠢᠳᠤᠭᠰᠠᠨ ᠬᠥᠮᠦᠨ ᠳᠠᠭᠤᠤ ᠠᠶᠠᠯᠬᠤ ᠨᠢ
ᠮᠥᠴᠢᠳ ᠰᠠᠯᠬᠢ ᠰᠡᠢᠭᠡᠬᠦ ᠰᠢᠭ
ᠤᠢᠳᠬᠠᠷ ᠵᠣᠬᠢᠶᠠᠵᠤ ᠭᠡᠶᠦᠷᠡᠬᠦ ᠨᠢ
ᠮᠥᠩᠭᠥ ᠤᠷᠠᠵᠤ ᠲᠡᠨᠡᠭᠯᠡᠬᠦ ᠰᠢᠭ
ᠬᠠᠳᠠᠮ ᠬᠤᠳᠠᠯ ᠢᠨᠢᠶᠡᠬᠦ ᠨᠢ
ᠬᠠᠷᠠᠴᠠ ᠪᠠᠷ ᠢ᠋ᠶ᠋ᠠᠨ ᠬᠠᠵᠠᠬᠤ ᠰᠢᠭ᠋
ᠬᠠᠢᠷᠠᠲᠤ ᠮᠢᠨᠢ ᠢᠷᠡᠯ ᠦᠭᠡᠢ ᠤᠳᠠᠬᠤ ᠨᠢ
ᠬᠠᠭᠠᠴᠠᠯ ᠢ᠋ᠶ᠋ᠠᠷ ᠠᠶᠤᠯᠭᠠᠬᠤ ᠰᠢᠭ᠋
ᠡᠭᠦᠳᠡ ᠪᠡᠨ ᠴᠢᠩᠨᠠᠵᠤ ᠭᠠᠭᠴᠠᠭᠠᠷᠳᠠᠬᠤ ᠨᠢ
ᠰᠡᠷᠡᠭᠦᠨ ᠵᠡᠭᠦᠳᠦᠯᠡᠬᠦ ᠰᠢᠭ
ᠦᠬᠦᠬᠦ ᠪᠡᠨ ᠪᠣᠳᠣᠵᠤ ᠠᠮᠢᠳᠤᠷᠠᠬᠤ ᠨᠢ
ᠰᠡᠳᠬᠢᠯ ᠢ᠋ᠶ᠋ᠡᠨ ᠵᠦᠰᠦᠬᠦ ᠰᠢᠭ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
