ᠤᠨᠵᠢᠯᠭ᠎ᠠ ᠴᠡᠴᠡᠭ Унжлага цэцэг Unjlaga tsetseg ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠵᠢᠯᠭ᠎ᠠ ᠴᠡᠴᠡᠭ Унжлага цэцэг Unjlaga tsetseg

ᠤᠨᠵᠢᠯᠭ᠎ᠠ ᠴᠡᠴᠡᠭ Унжлага цэцэг Unjlaga tsetseg

2025-03-23

184

ᠤᠨᠵᠢᠯᠭ᠎ᠠ ᠴᠡᠴᠡᠭ

   ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠲᠡᠩᠰᠡᠯᠢᠭ ᠵᠠᠮᠤᠷ ᠤ᠋ᠨ ᠪᠣᠯᠪᠠᠰᠤᠷᠠᠭᠰᠠᠨ ᠵᠢᠮᠢᠰ ᠮᠥᠨ᠃ ᠪᠠᠰᠠ ᠤᠨᠵᠢᠯᠭ᠎ᠠ ᠴᠡᠴᠡᠭ ᠭᠡᠳᠡᠭ᠃ ᠵᠠᠷᠢᠮ ᠭᠠᠵᠠᠷ ᠲᠤ᠌ ᠡᠭᠦᠨ ᠢ᠋ ᠪᠠᠳᠮᠠᠭᠡᠰᠡᠷ ᠭᠡᠵᠦ ᠬᠡᠷᠡᠭᠯᠡᠵᠦ ᠪᠠᠢᠨ᠎ᠠ᠃
   [ ᠤᠤᠯ ᠤᠷᠭᠤᠮᠠᠯ] ᠮᠥᠩᠬᠡ ᠨᠣᠭᠣᠭᠠᠨ ᠠᠪᠠᠷᠢᠵᠤ ᠤᠷᠭᠤᠬᠤ ᠪᠤᠲᠠ ᠮᠣᠳᠣ᠃5m ᠥᠨᠳᠥᠷ᠂ ᠵᠢᠵᠢᠭ ᠮᠥᠴᠢᠷ ᠨᠢ ᠲᠤᠷᠤᠭ ᠪᠦᠳᠦᠭᠦᠨ᠂ ᠬᠠᠪᠲᠠᠭᠠᠢ ᠮᠤᠷᠤᠢ ᠬᠠᠯᠢᠰᠤᠨ ᠥᠷᠭᠡᠰᠦ ᠲᠠᠷᠬᠠᠵᠤ ᠪᠠᠢᠳᠠᠭ᠃ ᠥᠳᠥᠯᠢᠭ ᠨᠡᠢᠯᠡᠮᠡᠯ ᠨᠠᠪᠴᠢ ᠨᠢ ᠴᠤᠪᠤᠷᠠᠨ ᠤᠷᠭᠤᠨ᠎ᠠ᠂ ᠣᠯᠠᠩᠬᠢ ᠨᠢ3 ᠢᠯᠲᠠᠰᠤ᠂ ᠬᠠᠶᠠ5 ᠢᠯᠲᠠᠰᠤ ᠴᠤ᠌ ᠪᠣᠢ᠃ ᠵᠢᠵᠢᠭ ᠨᠠᠪᠴᠢᠨ ᠢᠯᠲᠠᠰᠤ ᠨᠢ ᠬᠥᠲᠥᠰᠦᠯᠢᠭ᠂ ᠵᠣᠣᠪᠠᠩᠯᠢᠭ ᠥᠨᠳᠡᠭᠡᠯᠵᠢᠨ ᠲᠣᠩᠭᠣᠷᠤᠤ ᠥᠨᠳᠡᠭᠡᠯᠵᠢᠨ ᠪᠤᠶᠤ ᠬᠠᠪᠲᠠᠭᠠᠢ ᠲᠡᠪᠡᠨᠡ ᠰᠢᠭ ᠥᠨᠳᠡᠭᠡᠯᠵᠢᠨ ᠬᠡᠯᠪᠡᠷᠢ ᠲᠡᠢ᠂2 ~ 6cm ᠤᠷᠲᠤ᠂1.5 ~ 4.5cm ᠥᠷᠭᠡᠨ᠂ ᠱᠣᠪᠬᠣ ᠪᠤᠶᠤ ᠲᠣᠭᠣᠷᠢᠭ ᠮᠤᠬᠤᠷ ᠦᠵᠦᠭᠦᠷ ᠲᠡᠢ᠂ ᠲᠣᠭᠣᠷᠢᠭ ᠪᠤᠶᠤ ᠥᠷᠭᠡᠨ ᠱᠠᠭᠠᠨᠲᠠᠭ ᠤᠭ ᠲᠠᠢ᠂ ᠬᠥᠪᠡᠭᠡ ᠪᠡᠷ ᠨᠢ ᠨᠠᠷᠢᠨ ᠬᠤᠷᠴᠠ ᠬᠢᠷᠥᠭᠡᠨ ᠰᠢᠲᠦ ᠲᠡᠢ᠂ ᠨᠠᠪᠴᠢᠨ ᠥᠪᠥᠷ ᠨᠢ ᠭᠡᠭᠡᠨ ᠨᠣᠭᠣᠭᠠᠨ᠂ ᠠᠷᠤ ᠨᠢ ᠰᠢᠷᠠᠩᠭᠤᠢ ᠨᠣᠭᠣᠭᠠᠨ ᠥᠩᠭᠡ ᠲᠡᠢ᠃ ᠵᠢᠵᠢᠭ ᠨᠠᠪᠴᠢᠨ ᠪᠠᠷᠢᠭᠤᠯ ᠪᠠ ᠨᠠᠪᠴᠢᠨ ᠲᠡᠩᠭᠡᠯᠢᠭ ᠳᠡᠭᠡᠷ᠎ᠡ ᠨᠢ ᠬᠠᠯᠢᠰᠤᠨ ᠥᠷᠭᠡᠰᠦ ᠪᠠ ᠪᠤᠯᠴᠢᠷᠬᠠᠢ ᠦᠰᠦ ᠲᠡᠢ᠃ ᠲᠣᠰᠬᠣᠭᠤᠷ ᠨᠠᠪᠴᠢ ᠨᠢ ᠰᠠᠯᠤᠩᠬᠢ ᠪᠤᠶᠤ ᠤᠭ ᠢ᠋ᠶ᠋ᠠᠷ ᠢ᠋ᠶ᠋ᠠᠨ ᠨᠠᠪᠴᠢᠨ ᠪᠠᠷᠢᠭᠤᠯ ᠲᠠᠢ ᠨᠡᠢᠯᠡᠵᠦ ᠤᠷᠭᠤᠳᠠᠭ᠂ ᠬᠠᠪᠲᠠᠭᠠᠢ ᠲᠡᠪᠡᠨᠡ ᠬᠡᠯᠪᠡᠷᠢ ᠲᠡᠢ᠂ ᠬᠥᠪᠡᠭᠡ ᠶ᠋ᠢᠨ ᠠᠷᠠᠭ᠎ᠠ ᠶ᠋ᠢᠨ ᠦᠵᠦᠭᠦᠷ ᠲᠤᠨᠢ ᠪᠤᠯᠴᠢᠷᠬᠠᠢ ᠲᠠᠢ᠂ ᠡᠷᠲᠡ ᠵᠤᠯᠭᠠᠷᠠᠨ᠎ᠠ᠃ ᠴᠡᠴᠡᠭ ᠨᠢ ᠨᠠᠪᠴᠢᠨ ᠥᠪᠥᠷ ᠲᠦ ᠭᠠᠭᠴᠠᠭᠠᠷ ᠳᠡᠯᠭᠡᠷᠡᠨ᠎ᠡ᠂ ᠳ᠋ᠢᠶᠠᠮᠧᠲ᠋ᠷ ᠨᠢ5 ~ 7cm᠂ ᠴᠡᠴᠡᠭ ᠦ᠋ᠨ ᠪᠠᠷᠢᠭᠤᠯ ᠨᠢ1.8 ~ 3cm᠂ ᠴᠡᠴᠡᠭ ᠦ᠋ᠨ ᠪᠠᠷᠢᠭᠤᠯ ᠪᠠ ᠲᠣᠭᠳᠣᠢ ᠶ᠋ᠢᠨ ᠬᠣᠭᠣᠯᠠᠢ ᠳᠡᠭᠡᠷ᠎ᠡ ᠨᠢ ᠢᠬᠴᠤ ᠪᠤᠯᠴᠢᠷᠬᠠᠢ ᠦᠰᠦ ᠲᠡᠢ᠃ 5 ᠲᠣᠭᠳᠣᠢ ᠢᠯᠲᠠᠰᠤ ᠲᠠᠢ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠮᠥᠩᠬᠡ ᠣᠷᠣᠰᠢᠨ᠎ᠠ᠃ ᠴᠡᠴᠡᠭ ᠦ᠋ᠨ ᠲᠠᠪᠠᠭ ᠨᠢ ᠲᠣᠭᠳᠣᠢ ᠶ᠋ᠢᠨ ᠬᠣᠭᠣᠯᠠᠢ ᠶ᠋ᠢᠨ ᠠᠮᠠᠰᠠᠷ ᠢ᠋ ᠴᠠᠭᠠᠷᠢᠭᠯᠠᠵᠤ ᠪᠠᠢᠳᠠᠭ᠃ ᠴᠡᠴᠡᠭ ᠦ᠋ᠨ ᠬᠡᠯᠲᠡᠰ ᠨᠢ5᠂ ᠴᠠᠭᠠᠨ ᠥᠩᠭᠡ ᠲᠡᠢ᠂ ᠥᠷᠭᠡᠨ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠦᠵᠦᠭᠦᠷ ᠨᠢ ᠵᠢᠭᠠᠬᠠᠨ ᠤᠬᠤᠮᠠᠢ᠃ ᠣᠯᠠᠨ ᠡᠷ᠎ᠡ ᠲᠣᠭᠣᠷᠴᠣᠭ ᠲᠠᠢ᠂ ᠬᠡᠳᠦᠨ ᠴᠠᠭᠠᠷᠢᠭ ᠬᠤᠪᠢᠶᠠᠭᠳᠠᠨ ᠴᠡᠴᠡᠭ ᠦ᠋ᠨ ᠲᠠᠪᠠᠭ ᠤ᠋ᠨ ᠲᠣᠭᠣᠷᠢᠨ ᠳ᠋ᠤ᠌ ᠪᠠᠢᠷᠢᠯᠠᠨ᠎ᠠ᠃ ᠣᠯᠠᠨ ᠡᠮ᠎ᠡ ᠲᠣᠭᠣᠷᠴᠣᠭ ᠲᠠᠢ᠂ ᠲᠣᠭᠳᠣᠢ ᠶ᠋ᠢᠨ ᠬᠣᠭᠣᠯᠠᠢ ᠳᠣᠲᠣᠷ᠎ᠠ ᠤᠷᠭᠤᠳᠠᠭ᠂ ᠰᠠᠯᠤᠩᠬᠢ᠂ ᠦᠰᠦ ᠲᠡᠢ᠂ ᠡᠷ᠎ᠡ ᠲᠣᠭᠣᠷᠴᠣᠭ ᠠ᠋ᠴᠠ ᠪᠠᠨ ᠨᠡᠯᠢᠶᠡᠳ ᠣᠬᠣᠷ᠃ ᠴᠠᠩᠬᠤᠢ ᠵᠢᠮᠢᠰ ᠨᠢ ᠠᠯᠢᠮ᠎ᠠ ᠬᠡᠯᠪᠡᠷᠢ ᠲᠡᠢ ᠪᠤᠶᠤ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠰᠢᠷᠠᠩᠭᠤᠢ ᠤᠯᠠᠭᠠᠨ ᠠ᠋ᠴᠠ ᠪᠣᠷᠣᠪᠲᠤᠷ ᠬᠦᠷᠡᠩ ᠥᠩᠭᠡ ᠲᠡᠢ᠃3 ~ 4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂6 ~ 12 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
    [ ᠤᠷᠭᠤᠬᠤ ᠣᠷᠴᠢᠨ ᠬᠢᠭᠡᠳ ᠲᠠᠷᠬᠠᠴᠠ] ᠴᠢᠯᠠᠭᠤᠷᠬᠠᠭ ᠠᠭᠤᠯᠠᠨ ᠬᠥᠲᠥᠯ᠂ ᠪᠤᠲᠠ ᠰᠥᠭᠡᠭ ᠳᠤᠮᠳᠠ ᠤᠷᠭᠤᠨ᠎ᠠ᠃ ᠱᠠᠨᠰᠢ᠂ ᠠᠨᠾᠦ᠋ᠢ᠂ ᠵᠢᠶᠠᠩᠰᠢ᠂ ᠵᠢᠶᠠᠩᠰᠦ᠂ ᠵᠧᠵᠢᠶᠠᠩ᠂ ᠬᠤᠪᠧᠢ᠂ ᠬᠤᠨᠠᠨ᠂ ᠭᠤᠸᠠᠩᠳᠦ᠋ᠩ᠂ ᠬᠠᠢᠨᠠᠨ᠂ ᠭᠤᠸᠠᠩᠰᠢ᠂ ᠲᠠᠢᠸᠠᠨ᠂ ᠹᠦᠵᠢᠶᠠᠨ᠂ ᠰᠧᠴᠤᠸᠠᠨ᠂ ᠶᠦᠨᠨᠠᠨ᠂ ᠭᠦᠢᠵᠧᠦ ᠳ᠋ᠦ᠍ ᠲᠠᠷᠬᠠᠴᠠ ᠲᠠᠢ᠃
    [ ᠲᠡᠭᠦᠵᠦ ᠪᠣᠯᠪᠠᠰᠤᠷᠠᠭᠤᠯᠬᠤ] 10 ~ 11 ᠳ᠋ᠦ᠍ᠭᠡᠷ ᠰᠠᠷ᠎ᠠ ᠳ᠋ᠤ᠌ ᠵᠢᠮᠢᠰ ᠨᠢ ᠪᠣᠯᠪᠠᠰᠤᠷᠠᠭᠠᠳ ᠤᠯᠠᠢᠬᠤ ᠳᠤᠨᠢ ᠲᠡᠭᠦᠵᠦ ᠬᠠᠲᠠᠭᠠᠭᠠᠳ᠂ ᠦᠰᠦ ᠥᠷᠭᠡᠰᠦ ᠶ᠋ᠢ ᠨᠢ ᠠᠷᠢᠯᠭᠠᠨ᠎ᠠ᠃
    [ ᠠᠮᠲᠠ᠂ ᠴᠢᠨᠠᠷ᠂ ᠡᠷᠳᠡᠮ] ᠢᠰᠬᠦᠯᠡᠩ᠂ ᠠᠮᠲᠠᠯᠢᠭ᠂ ᠡᠬᠡᠭᠦᠨ ᠠᠮᠲᠠ ᠲᠠᠢ᠃ ᠲᠡᠭᠰᠢ ᠴᠢᠨᠠᠷ ᠲᠠᠢ᠃
    [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠰᠢᠷ᠎ᠠ ᠶ᠋ᠢ ᠳᠠᠷᠤᠬᠤ ᠴᠢᠳᠠᠯ ᠲᠠᠢ᠃ ᠵᠢᠷᠦᠬᠡ᠂ ᠠᠭᠤᠰᠬᠢ᠂ ᠡᠯᠢᠭᠡᠨ ᠦ᠌ ᠬᠠᠯᠠᠭᠤᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄金樱子
   ᠠᠩᠭ᠌ᠯᠢ ᠨᠡᠷ᠎ᠡ᠄Rosa  laeuigata  Miehx

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠣᠶᠤᠨᠴᠢᠮᠡᠭ᠂ ᠲᠤᠶᠠᠭ᠎ᠠ