ᠰᠢᠳᠢᠲᠦ ᠮᠡᠷᠭᠡᠨ ᠰᠢᠪᠠᠭᠤШидэт мэргэн шувуу
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2025-03-12
785
ᠰᠢᠳᠢᠲᠦ ᠮᠡᠷᠭᠡᠨ ᠰᠢᠪᠠᠭᠤ ᠡᠷᠲᠡ ᠤᠷᠢᠳᠤ ᠨᠢᠭᠡᠨ ᠴᠠᠭ ᠲᠤ᠌᠂ ᠠᠷᠤ ᠬᠠᠩᠭᠠᠢ ᠠᠭᠤᠯᠠᠨ ᠳ᠋ᠤ᠌᠂ ᠰᠣᠳᠣ ᠰᠡᠴᠡᠨ ᠪᠥᠭᠡᠳ ᠬᠥᠮᠦᠨ ᠦ᠌ ᠦᠭᠡ ᠶᠠᠷᠢᠵᠤ ᠴᠢᠳᠠᠳᠠᠭ ᠰᠢᠳᠢᠲᠦ ᠮᠡᠷᠭᠡᠨ ᠰᠢᠪᠠᠭᠤ ᠭᠡᠵᠦ ᠪᠠᠢᠭᠰᠠᠨ ᠭᠡᠨ᠎ᠡ᠃ ᠴᠢᠩᠭᠢᠭᠡᠳ ᠲᠡᠭᠦᠨ ᠢ᠋ ᠬᠡᠳᠦᠢ ᠣᠯᠠᠨ ᠤᠯᠤᠰ ᠤ᠋ᠨ ᠬᠠᠭᠠᠨ ᠡᠵᠡᠨ ᠪᠠ ᠵᠣᠭᠣᠰᠳᠠᠨ ᠨᠤᠭᠤᠳ ᠬᠥᠮᠦᠨ ᠵᠠᠷᠤᠵᠤ ᠶᠠᠪᠤᠭᠤᠯᠬᠤ ᠪᠤᠶᠤ ᠥᠪᠡᠷ ᠦ᠋ᠨ ᠪᠡᠶ᠎ᠡ ᠪᠡᠷ ᠢ᠋ᠶ᠋ᠡᠨ ᠴᠦ᠍ ᠣᠴᠢᠵᠤ ᠦᠵᠡᠭᠰᠡᠨ ᠪᠣᠯᠪᠠᠴᠤ ᠣᠯᠵᠤ ᠢᠷᠡᠭᠰᠡᠨ ᠬᠥᠮᠦᠨ ᠨᠢᠭᠡ ᠴᠦ᠍...