ᠠᠮᠧᠷᠢᠺᠠ ᠳ᠋ᠤ᠌ ᠨᠢᠭᠡᠨ ᠨᠠᠰᠤᠲᠠᠢᠴᠤᠳ ᠢ᠋ ᠠᠰᠠᠷᠠᠬᠤ ᠬᠦᠷᠢᠶᠡᠯᠡᠩ ᠳ᠋ᠦ᠍ ᠰᠣᠨᠢᠨ ᠲᠤᠷᠰᠢᠯᠲᠠ ᠬᠢᠵᠡᠢ᠃ ᠬᠦᠷᠢᠶᠡᠯᠡᠩ ᠦ᠋ᠨ ᠨᠠᠰᠤᠲᠠᠢᠴᠤᠳ ᠢ᠋ ᠬᠣᠶᠠᠷ ᠳᠤᠭᠤᠢᠯᠠᠩ ᠬᠤᠪᠢᠶᠠᠵᠤ᠂ ᠨᠢᠭᠡ ᠳᠤᠭᠤᠢᠯᠠᠩ ᠤ᠋ᠨ ᠨᠠᠰᠤᠲᠠᠢᠴᠤᠳ ᠡᠳᠦᠷ ᠪᠦᠷᠢ ᠵᠢᠭᠠᠰᠤ ᠲᠡᠵᠢᠭᠡᠬᠦ᠂ ᠬᠤᠸᠠᠷ ᠠᠷᠠᠴᠢᠯᠠᠬᠤ ᠵᠡᠷᠭᠡ ᠠᠵᠢᠯ ᠢ᠋ ᠬᠢᠵᠡᠢ᠃ ᠨᠥᠭᠦᠭᠡ ᠳᠤᠭᠤᠢᠯᠠᠩ ᠤ᠋ᠨ ᠨᠠᠰᠤᠲᠠᠢᠴᠤᠤᠯ ᠨᠢ ᠡᠳᠡᠭᠡᠷ ᠢ᠋ ᠬᠠᠷᠠᠵᠤ ᠰᠣᠨᠢᠷᠬᠠᠳᠠᠭ ᠶᠤᠮ ᠪᠠᠢᠨ᠎ᠠ᠃ ᠣᠯᠠᠨ ᠡᠳᠦᠷ ᠦ᠋ᠨ ᠳᠠᠷᠠᠭ᠎ᠠ ᠡᠳᠡᠭᠡᠷ ᠬᠥᠮᠦᠰ ᠦ᠋ᠨ ᠠᠮᠢᠳᠤᠷᠠᠯ ᠨᠢ ᠬᠢᠷᠢ ᠵᠡᠷᠭᠡ ᠪᠠᠶᠠᠷ ᠪᠠᠶᠠᠰᠤᠯ ᠪᠣᠯᠤᠨ ᠠᠵᠠ ᠵᠢᠷᠭᠠᠯ ᠲᠠᠢ ᠪᠠᠢᠬᠤ ᠶ᠋ᠢ ᠰᠤᠳᠤᠯᠬᠤ ᠳ᠋ᠤ᠌ ᠵᠢᠭᠠᠰᠤ ᠲᠡᠵᠢᠭᠡᠵᠦ᠂ ᠬᠤᠸᠠᠷ ᠠᠷᠠᠴᠢᠯᠠᠳᠠᠭ ᠲᠡᠷᠡᠬᠦ ᠳᠤᠭᠤᠢᠯᠠᠩ ᠤ᠋ᠨ ᠨᠠᠰᠤᠲᠠᠢᠴᠤᠤᠯ ᠤ᠋ᠨ ᠠᠵᠠ ᠵᠢᠷᠭᠠᠯ ᠤ᠋ᠨ ᠬᠢᠨᠢ ᠬᠡᠮᠵᠢᠶ᠎ᠡ ᠨᠢ ᠮᠠᠰᠢ ᠥᠨᠳᠥᠷ ᠪᠠᠢᠵᠤ᠂ ᠨᠥᠭᠦᠭᠡ ᠬᠠᠷᠠᠵᠤ ᠰᠣᠨᠢᠷᠬᠠᠳᠠᠭ ᠨᠠᠰᠤᠲᠠᠢᠴᠤᠳ ᠤ᠋ᠨ ᠠᠵᠠ ᠵᠢᠷᠭᠠᠯ ᠤ᠋ᠨ ᠬᠡᠮᠵᠢᠶ᠎ᠡ ᠨᠢ ᠮᠠᠰᠢ ᠳᠣᠣᠷ᠎ᠠ ᠪᠠᠢᠯ᠎ᠠ᠃ ᠢᠩᠭᠢᠭᠡᠳ ᠰᠤᠳᠤᠯᠭᠠᠲᠠᠳ《ᠶᠠᠭᠤ ᠶ᠋ᠢ ᠠᠵᠠ ᠵᠢᠷᠭᠠᠯ ᠭᠡᠳᠡᠭ ᠪᠣᠢ?》 ᠭᠡᠰᠡᠨ ᠠᠰᠠᠭᠤᠯᠲᠠ ᠶ᠋ᠢ ᠥᠪᠡᠷ ᠦ᠋ᠨ ᠬᠢᠭᠰᠡᠨ ᠦᠢᠯᠡ ᠨᠢ ᠥᠪᠡᠷ ᠢ᠋ᠶ᠋ᠡᠨ ᠬᠠᠷᠢᠭᠤ ᠲᠤᠰᠬᠤ ᠦᠶ᠎ᠡ ᠳ᠋ᠦ᠍ ᠣᠯᠤᠭᠰᠠᠨ ᠣᠯᠵᠠ ᠨᠢ ᠪᠣᠯ ᠳᠠᠷᠤᠢ ᠠᠵᠠ ᠵᠢᠷᠭᠠᠯ ᠪᠣᠯᠤᠨ᠎ᠠ ᠭᠡᠵᠦ ᠬᠠᠷᠢᠭᠤᠯᠲᠠ ᠶ᠋ᠢ ᠨᠢ ᠨᠤᠲᠠᠯᠠᠵᠠᠢ᠃ ᠠᠮᠢᠳᠤᠷᠠᠯ ᠳᠤᠮᠳᠠ ᠪᠤᠰᠤᠳ ᠬᠥᠮᠦᠨ ᠶᠠᠮᠠᠷ ᠨᠢᠭᠡᠨ ᠵᠦᠢᠯ ᠢ᠋ ᠰᠢᠭᠤᠳ ᠪᠦᠲᠦᠭᠡᠭᠡᠳ ᠥᠭᠬᠦ ᠶ᠋ᠢ ᠪᠢᠳᠡ ᠬᠦᠰᠡᠳᠡᠭ᠃ ᠭᠡᠬᠦ ᠳ᠋ᠦ᠍ ᠪᠡᠨ ᠥᠭᠭᠦᠭᠰᠡᠨ ᠪᠠᠢᠬᠤ ᠳ᠋ᠤ᠌ ᠪᠠᠰᠠ ᠪᠠᠶᠠᠷ ᠦᠭᠡᠢ ᠪᠠᠢᠳᠠᠭ ᠤ᠋ᠨ ᠭᠣᠣᠯ ᠰᠢᠯᠲᠠᠭᠠᠨ ᠨᠢ ᠲᠡᠷᠡ ᠨᠢ ᠠᠵᠠ ᠵᠢᠷᠭᠠᠯ ᠤ᠋ᠨ ᠦᠨᠳᠦᠰᠦ ᠪᠢᠰᠢ ᠡᠴᠡ ᠪᠣᠯᠤᠭᠰᠠᠨ ᠶᠤᠮ᠃ ᠠᠵᠠ ᠵᠢᠷᠭᠠᠯ ᠭᠡᠳᠡᠭ ᠨᠢ ᠣᠯᠤᠭᠰᠠᠨ ᠪᠦᠬᠦ ᠵᠦᠢᠯ ᠪᠢᠰᠢ᠂ ᠬᠠᠷᠢᠨ ᠪᠢᠳᠡᠨ ᠦ᠌ ᠥᠪᠡᠷ ᠢ᠋ᠶ᠋ᠡᠨ ᠲᠡᠮᠡᠴᠡᠨ ᠣᠯᠤᠭᠰᠠᠨ ᠲᠡᠷᠡᠬᠦ ᠨᠢᠭᠡ ᠬᠡᠰᠡᠭ ᠨᠢ ᠪᠣᠯᠤᠨ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ