ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠨᠠᠢ᠍ᠮᠠ Үүрийн туяа III – Б ᠂ Ренчин Гуравдугаар дэвтэр "Баялдаж олсон эх орон"-8
ᠨᠠᠢ᠍ᠮᠠ᠂ ᠰᠠᠯᠬᠢ ᠲᠠᠷᠢᠬᠰᠠᠳ᠂ ᠲᠣᠭᠰᠢᠨ ᠰᠢᠭᠤᠷᠭ᠎ᠠ ᠬᠣᠷᠢᠶᠠᠨ ᠠᠮᠰᠠᠮᠤ
ᠬᠠᠮᠤᠭ ᠶᠠᠭᠤᠮ᠎ᠠ ᠣᠨᠳᠣᠣ ᠪᠣᠯᠬᠤ ᠴᠠᠭ ᠢᠷᠡᠨ᠎ᠡ᠃
ᠬᠠᠷᠠᠴᠤ ᠠᠷᠠᠳ — ᠬᠠᠨ ᠢᠵᠠᠭᠤᠷᠲᠠᠨ ᠢ᠋ᠶ᠋ᠠᠨ ᠳᠡᠢᠯᠦᠨ᠎ᠡ᠃
ᠨᠠᠭᠠᠷᠲ᠋ ᠤ᠋ᠨ ᠲᠤᠤᠯᠢᠰ *
— ᠯᠣ ᠪᠡᠢᠰᠡ᠂ ᠠᠷᠠᠢ ᠪᠠᠬᠠᠨ ᠰᠢᠷᠦᠭᠦᠨ ᠲᠦᠷᠭᠡᠨ ᠬᠥᠳᠡᠯᠵᠡᠢ᠃ ᠭᠡᠪᠡᠴᠦ ᠪᠣᠭᠳᠠ ᠴᠢᠩᠭᠢᠰ ᠦ᠋ᠨ ᠦᠷ᠎ᠡ ᠤᠭᠰᠠᠭ᠎ᠠ᠂ ᠲᠠᠢᠵᠢ ᠨᠣᠶᠠᠳ ᠪᠢᠳᠡ ᠪᠦᠭᠦᠳᠡ ᠶ᠋ᠢᠨ ᠨᠡᠷ᠎ᠡ ᠲᠥᠷᠥ ᠶ᠋ᠢ ᠬᠠᠮᠠᠭᠠᠯᠠᠭᠰᠠᠨ ᠬᠡᠷᠡᠭ ᠠ᠋᠃ ᠬᠡᠷᠪᠡ ᠠᠢᠮᠠᠭ ᠠ᠋ᠴᠠ ᠲᠤᠰᠠᠯᠠᠮᠵᠢ ᠶ᠋ᠢᠨ ᠡᠳ᠋ ᠬᠦᠷᠭᠡᠵᠦ ᠢᠷᠡᠭᠰᠡᠨ ᠵᠢᠩᠴᠢᠨ᠂ ᠬᠠᠭᠤᠴᠢᠨ ᠴᠡᠷᠢᠭ ᠠᠯᠲᠠᠨᠬᠤᠶᠠᠭ᠂ ᠵᠠᠯᠠᠭᠤᠴᠤᠳ ᠤ᠋ᠨ ᠭᠡᠰᠢᠭᠦᠨ ᠨᠠᠶᠠᠨᠲᠠᠢ ᠲᠡᠷᠡ ᠬᠣᠶᠠᠷ᠂ ᠭᠠᠢ ᠭᠠᠵᠠᠷ ᠳᠣᠣᠷ᠎ᠠ ᠠ᠋ᠴᠠ ᠭᠡᠵᠦ ᠰᠠᠨᠠᠮᠰᠠᠷ ᠦᠭᠡᠢ ᠲᠡᠷᠡ ᠲᠤᠬᠠᠢ ᠡᠰᠡ ᠳᠠᠭᠠᠷᠢᠯᠳᠤᠭᠰᠠᠨ ᠪᠣᠯᠪᠠᠯ ᠴᠢᠳᠬᠥᠷ ᠬᠤᠪᠢᠯᠭᠠᠨ ᠴᠤ᠌ ᠮᠡᠳᠡᠬᠦ ᠦᠭᠡᠢ ᠥᠩᠭᠡᠷᠡᠬᠦ ᠬᠡᠷᠡᠭ ᠶᠦᠮ ᠰᠠᠨᠵᠠᠢ᠃ ᠲᠡᠷᠡ ᠬᠣᠶᠠᠷ ᠭᠠᠢᠲᠤ᠂ ᠬᠡᠳᠦᠢᠪᠡᠷ ᠠᠴᠢᠶᠠᠨ ᠤ᠋ ᠪᠠᠨ ᠲᠡᠮᠡᠭᠡ ᠪᠡᠷ ᠯᠤ ᠪᠠᠢᠰᠠ ᠶ᠋ᠢᠨ ᠬᠤᠷᠳᠤᠨ ᠲᠡᠮᠡᠭᠡ ᠶ᠋ᠢ ᠭᠦᠢᠴᠡᠵᠦ ᠡᠰᠡ ᠴᠢᠳᠠᠪᠠᠴᠤ ᠪᠡᠶ᠎ᠡ ᠶ᠋ᠢ ᠨᠢ ᠲᠠᠨᠢᠵᠠᠢ ᠭᠡᠵᠦ ᠬᠡᠯᠡᠭᠡᠳ ᠭᠣᠮᠪᠣ ᠵᠠᠬᠢᠷᠤᠭᠴᠢ ᠰᠡᠭᠦᠷᠡᠰᠦ ᠠᠯᠳᠠᠵᠤ᠂ ᠬᠤᠰᠢᠭᠤᠨ ᠤ᠋ ᠰᠢᠭᠦᠬᠦ ᠲᠠᠰᠤᠯᠬᠤ ᠬᠡᠯᠲᠡᠰ ᠦ᠋ᠨ ᠳᠠᠷᠤᠭ᠎ᠠ᠂ ᠬᠠᠭᠤᠴᠢᠨ ᠲᠦᠰᠢᠮᠡᠯ ᠪᠠᠯᠪᠠᠷ ᠤ᠋ᠨ ᠵᠦᠭ ᠬᠠᠷᠠᠭᠠᠳ᠂
— ᠡᠪᠯᠡᠯ ᠦ᠋ᠨ ᠡᠭᠦᠷ ᠦ᠋ᠨ ᠳᠠᠷᠤᠭ᠎ᠠ ᠲᠠᠨᠢᠭᠠᠢ᠂ ᠲᠤᠰ ᠬᠤᠰᠢᠭᠤᠨ ᠳ᠋ᠤ᠌ ᠰᠠᠢ᠍ᠢ (ᠰᠠᠶᠢ) ᠪᠠᠢᠭᠤᠯᠤᠭᠰᠠᠨ ᠨᠠᠮ ᠤ᠋ᠨ ᠡᠭᠦᠷ ᠦ᠋ᠨ ᠳᠠᠷᠤᠭ᠎ᠠ ᠫᠠᠷᠲ᠋ᠢᠽᠠᠨ ᠰᠠᠮᠪᠤᠤ ᠲᠡᠷᠡ ᠬᠣᠶᠠᠷ᠂ ᠤᠭ ᠬᠡᠷᠡᠭ ᠢ᠋ ᠨᠡᠩ ᠳᠠᠷᠤᠢᠬᠠᠨ ᠪᠠᠢᠴᠠᠭᠠᠨ ᠰᠢᠭᠦᠵᠦ᠂ ᠬᠠᠤᠯᠢ ᠶᠣᠰᠣ ᠪᠠᠷ ᠴᠢᠩᠳᠠᠯᠠᠨ ᠰᠢᠳᠬᠡᠵᠦ ᠥᠭ ᠭᠡᠵᠦ ᠰᠢᠬᠠᠵᠤ ᠪᠠᠢᠨ᠎ᠠ ᠭᠡᠬᠦ ᠳ᠋ᠦ᠍᠂
— ᠯᠤ ᠪᠡᠢᠰᠡ ᠶ᠋ᠢᠨ ᠪᠡᠶ᠎ᠡ᠂ ᠲᠤᠰ ᠬᠤᠰᠢᠭᠤᠨ ᠤ᠋ ᠡᠷᠬᠢᠮ ᠲᠣᠮᠣᠭᠠᠲᠠᠢ ᠬᠥᠮᠦᠨ ᠦ᠌ ᠨᠢᠭᠡ ᠪᠢᠯᠡ᠃ ᠮᠠᠨ ᠤ᠋ ᠪᠣᠭᠳᠠ ᠬᠠᠭᠠᠨ ᠤ᠋ ᠱᠠᠰᠢᠨ ᠲᠥᠷᠥ ᠶ᠋ᠢ ᠪᠠᠲᠤᠳᠬᠠᠨ ᠮᠠᠨᠳᠤᠭᠤᠯᠬᠤ ᠦᠢᠯᠡᠰ ᠲᠦ᠍ ᠵᠢᠳᠬᠦᠯ ᠭᠠᠪᠢᠶ᠎ᠠ ᠪᠠᠢᠭᠤᠯᠵᠤ᠂ ᠳᠡᠭᠡᠷᠡᠬᠢ ᠶ᠋ᠢᠨ ᠵᠠᠷᠯᠢᠭ ᠢ᠋ᠶ᠋ᠠᠷ ᠦᠶ᠎ᠡ ᠤᠯᠠᠷᠢᠨ ᠵᠠᠯᠭᠠᠮᠵᠢᠯᠠᠬᠤ ᠪᠠᠢᠰᠠ ᠶ᠋ᠢᠨ ᠵᠡᠷᠭᠡ ᠱᠠᠩᠨᠠᠭᠤᠯᠤᠭᠰᠠᠨ ᠬᠥᠮᠦᠨ᠃ ᠬᠡᠷᠪᠡ ᠲᠡᠭᠦᠨ ᠢ᠋ ᠲᠠ ᠨᠠᠷ ᠬᠠᠤᠯᠢ ᠶ᠋ᠢᠨ ᠬᠠᠲᠠᠭᠤ ᠪᠠᠷ ᠴᠢᠩᠳᠠᠯᠠᠨ ᠰᠢᠳᠬᠡᠵᠦ᠂《ᠨᠣᠮᠣᠬᠠᠨ ᠪᠣᠷᠣ ᠶ᠋ᠢᠨ》 ᠱᠠᠭᠠᠷᠳᠠᠨ ᠰᠢᠪᠠᠳᠠᠵᠤ ᠪᠠᠢᠭ᠎ᠠ ᠶᠣᠰᠣᠭᠠᠷ ᠠᠪᠠᠴᠢᠬᠤᠯᠠ᠂ ᠡᠴᠦᠰ ᠲᠡᠭᠡᠨ ᠬᠠᠷᠢᠨ ᠴᠤ᠌ ᠲᠡᠳᠡᠨ ᠢ᠋ ᠤᠯᠠᠮ ᠲᠣᠯᠣᠭᠠᠢ ᠳᠡᠭᠡᠷ᠎ᠡ ᠪᠡᠨ ᠭᠠᠷᠭᠠᠵᠤ᠂ ᠪᠦᠷ ᠲᠠᠪᠠᠷᠠᠭᠤᠯᠬᠤ ᠶ᠋ᠢᠨ ᠰᠢᠯᠲᠠᠭᠠᠨ ᠪᠣᠯᠬᠤ ᠪᠢᠰᠢ ᠪᠢᠵᠡ᠂ ᠲᠠ ᠮᠢᠨᠢ? ᠭᠡᠵᠦ ᠵᠠᠰᠠᠭ ᠨᠣᠶᠠᠨ ᠴᠣᠯᠠ ᠪᠠᠨ ᠴᠠᠭ ᠤ᠋ᠨ ᠪᠠᠢᠳᠠᠯ ᠠ᠋ᠴᠠ ᠪᠣᠯᠵᠤ ᠥᠭᠡᠷᠡᠴᠢᠯᠡᠬᠦ ᠳ᠋ᠦ᠍ ᠬᠦᠷᠦᠭᠡᠳ᠂ ᠵᠠᠰᠠᠭ ᠳᠠᠷᠤᠭ᠎ᠠ ᠭᠡᠳᠡᠭ ᠪᠣᠯᠤᠭᠰᠠᠨ ᡀᠠ ᠪᠡᠢᠯᠡ᠂ ᠪᠠᠯᠪᠠᠷ ᠲᠦᠰᠢᠮᠡᠯ ᠦ᠋ᠨ ᠵᠦᠭ ᠥᠭᠦᠯᠡᠪᠡ᠃
ᠪᠠᠯᠪᠠᠷ᠂ ᠵᠠᠰᠠᠭ ᠨᠣᠶᠠᠨ ᠤ᠋ ᠡᠮᠦᠨ᠎ᠡ ᠮᠠᠰᠢ ᠬᠢᠴᠢᠶᠡᠩᠭᠦᠢ ᠪᠣᠭᠣᠯ ᠤ᠋ᠨ ᠳᠦᠷᠢᠮ ᠦᠵᠡᠭᠦᠯᠵᠦ᠂ ᠠᠯᠠᠭ᠎ᠠ ᠬᠠᠪᠰᠤᠷᠤᠨ ᠮᠡᠬᠦᠢᠵᠦ᠂
— ᠵᠠ! ᠪᠣᠭᠣᠯ ᠪᠢᠳᠡ ᠮᠥᠨ ᠢᠩᠭᠢᠵᠦ ᠪᠣᠳᠣᠵᠤ ᠪᠠᠢᠭᠰᠠᠨ ᠪᠢᠯᠡ᠃ ᠲᠡᠭᠡᠭᠡᠳ᠂ ᠲᠩᠷᠢ ᠨᠣᠶᠠᠨᠲᠠᠨ ᠠ᠋ᠴᠠ ᠬᠡᠷᠬᠢᠬᠦ ᠶ᠋ᠢ ᠯᠠᠪᠯᠠᠨ ᠠᠢᠯᠠᠳᠬᠠᠬᠤ ᠭᠡᠰᠡᠨ ᠪᠢᠯᠡ ᠭᠡᠵᠦ ᠬᠡᠯᠡᠭᠡᠳ᠂ ᠯᠤ ᠪᠠᠶᠠᠨ ᠪᠡᠢᠰᠡ ᠡᠴᠡ ᠲᠠᠪᠢᠨ ᠯᠠᠩ ᠤ᠋ᠨ ᠮᠥᠩᠭᠥᠨ ᠶᠤᠸᠠᠮᠪᠤᠤ ᠬᠠᠬᠤᠤᠯᠢ ᠢᠳᠡᠭᠰᠡᠨ ᠡᠴᠡ ᠪᠣᠯᠵᠤ᠂ ᠲᠡᠢᠨᠬᠦ ᠬᠢᠴᠢᠶᠡᠩᠭᠦᠢᠯᠡᠨ ᠵᠠᠭᠤᠴᠢᠯᠠᠵᠤ ᠪᠠᠢᠭ᠎ᠠ ᠪᠠᠨ ᠶᠠᠭᠠᠬᠢᠨ ᠳᠤᠷᠠᠳᠬᠤ ᠠᠵᠢ᠃
ᠬᠡᠷᠡᠭ ᠦ᠋ᠨ ᠤᠴᠢᠷ ᠢ᠋ ᠮᠥᠷᠳᠡᠨ ᠪᠠᠢᠴᠠᠭᠠᠵᠤ ᠨᠢᠭᠡᠨ ᠲᠡᠰᠢ ᠪᠣᠯᠭᠠᠬᠤ ᠠ᠋ᠴᠠ ᠡᠮᠦᠨ᠎ᠡ ᠲᠠᠪᠢᠨ ᠯᠠᠩ ᠤ᠋ᠨ ᠮᠥᠩᠭᠥ ᠪᠠᠷᠢᠴᠠᠭᠠᠯᠠᠨ᠂ ᠯᠣᠳᠣᠢ ᠶ᠋ᠢᠨ ᠪᠡᠶ᠎ᠡ ᠶ᠋ᠢ ᠬᠣᠷᠢᠭᠳᠠᠨ ᠪᠠᠢᠴᠠᠭᠠᠯᠭᠠᠬᠤ ᠠ᠋ᠴᠠ ᠬᠡᠯᠲᠦᠷᠢᠭᠦᠯᠵᠦ᠂ ᠬᠠᠳᠠᠭ ᠲᠠᠢ ᠠᠯᠲᠠᠨ ᠶᠤᠸᠠᠮᠪᠤᠤ ᠬᠡᠭᠡᠯᠢ ᠴᠢᠳᠬᠤᠭᠤᠯᠤᠭᠰᠠᠨ ᠯᠾᠨ ᠪᠡᠢᠯᠡ ᠤᠷᠤᠭᠤᠯ ᠢ᠋ᠶ᠋ᠠᠨ ᠥᠮᠥᠷ ᠥᠮᠥᠷ ᠬᠥᠳᠡᠯᠭᠡᠭᠡᠳ᠂ ᠰᠣᠬᠣᠭᠤᠷ ᠨᠢᠳᠦ ᠪᠡᠷ ᠢ᠋ᠶ᠋ᠡᠨ ᠬᠠᠭᠤᠴᠢᠨ ᠬᠠᠤᠯᠢᠴᠢ ᠲᠦᠰᠢᠮᠡᠯ ᠪᠠᠯᠪᠠᠷ ᠤ᠋ᠨ ᠵᠦᠭ ᠰᠢᠷᠲᠡᠰᠬᠢᠨ ᠥᠭᠦᠯᠡᠷᠦᠨ᠄
— ᠲᠠ᠂ ᠬᠠᠤᠯᠢ ᠳ᠋ᠤ᠌ ᠨᠡᠪᠲᠡᠷᠬᠡᠢ ᠲᠦᠰᠢᠮᠡᠯ ᠲᠦᠰᠢᠶ᠎ᠡ ᠪᠢᠯᠡ᠃ ᠡᠨᠡ ᠲᠤᠬᠠᠢ ᠶ᠋ᠢᠨ ᠬᠡᠷᠡᠭ ᠲᠦ᠍ ᠲᠠ ᠴᠣᠬᠣᠮ ᠬᠦ᠌ ᠶᠠᠭᠤ ᠭᠡᠵᠦ ᠪᠣᠯᠭᠣᠭᠠᠵᠤ᠂ ᠬᠤᠰᠢᠭᠤᠨ ᠤ᠋ ᠰᠢᠭᠦᠬᠦ ᠲᠠᠰᠤᠯᠬᠤ ᠬᠡᠯᠲᠡᠰ ᠦ᠋ᠨ ᠳᠠᠷᠤᠭ᠎ᠠ ᠶ᠋ᠢᠨ ᠬᠤᠪᠢ ᠪᠠᠷ ᠴᠣᠬᠣᠮ ᠬᠦ᠌ ᠶᠠᠭᠠᠬᠢᠨ ᠡᠨᠡ ᠵᠦᠢᠯ ᠦ᠋ᠨ ᠬᠡᠷᠡᠭ ᠢ᠋ ᠪᠠᠷᠠᠭᠳᠠᠭᠤᠯᠬᠤ ᠭᠡᠵᠦ ᠪᠠᠢᠭ᠎ᠠ ᠪᠢᠯᠡ? ᠬᠡᠮᠡᠪᠡᠰᠦ᠂
— ᠭᠤ᠊ ᠵᠠᠬᠢᠷᠤᠭᠴᠢ ᠪᠢᠳᠡ ᠬᠣᠶᠠᠷ᠂ ᠡᠨᠡ ᠲᠤᠬᠠᠢ ᠶ᠋ᠢᠨ ᠰᠠᠨᠠᠯ ᠶᠠᠪ ᠴᠠᠪ ᠨᠡᠢᠯᠡᠵᠦ᠂ ᠬᠡᠷᠪᠡ ᠨᠣᠶᠠᠨ ᠲᠠ ᠵᠥᠪᠰᠢᠶᠡᠷᠡ ᠠᠢᠯᠠᠳᠬᠤ ᠪᠣᠯᠪᠠᠯ᠂ ᠪᠢᠳᠡᠨ ᠳ᠋ᠦ᠍ ᠴᠣᠬᠣᠮ ᠬᠦ᠌ ᠡᠬᠡ ᠶ᠋ᠢ ᠡᠴᠡᠭᠡᠬᠦ ᠦᠭᠡᠢ᠂ ᠲᠤᠭᠤᠯ ᠢ᠋ ᠴᠦ᠍ ᠲᠤᠷᠠᠭᠠᠬᠤ ᠦᠭᠡᠢ ᠨᠢᠭᠡ ᠠᠷᠭ᠎ᠠ ᠪᠣᠢ ᠭᠡᠵᠡᠢ᠃
— ᠵᠠ᠂ ᠶᠠᠮᠠᠷ ᠠᠷᠭ᠎ᠠ ᠪᠣᠢ?
— ᠥᠴᠦᠬᠡᠨ ᠪᠣᠭᠣᠯ ᠮᠢᠨᠦ ᠪᠡᠶ᠎ᠡ ᠮᠤᠩᠬᠠᠭᠯᠠᠪᠠᠯ᠂ ᠡᠷᠬᠢᠮ ᠯᠤ ᠪᠡᠢᠰᠡ ᠶ᠋ᠢ ᠲᠡᠷᠡ ᠮᠠᠭᠤ ᠨᠣᠬᠠᠢ ᠶ᠋ᠢᠨ ᠭᠥᠯᠥᠭᠡ ᠴᠢᠯᠠᠭᠤᠨ ᠢ᠋ ᠴᠣᠬᠣᠮ ᠴᠣᠬᠢᠵᠤ ᠤᠨᠠᠭᠠᠭᠰᠠᠨ ᠢ᠋ ᠨᠢᠳᠦ ᠪᠡᠷ ᠦᠵᠡᠭᠰᠡᠨ ᠭᠡᠷᠡᠴᠢ ᠶ᠋ᠢᠨ ᠡᠲᠡᠭᠡᠳ ᠪᠣᠢ ᠪᠣᠯᠪᠠᠴᠤ᠂ ᠬᠣᠯᠠ ᠠ᠋ᠴᠠ ᠬᠠᠷᠠᠭᠰᠠᠨ ᠤᠴᠢᠷ᠂ ᠴᠣᠬᠣᠮ ᠶᠠᠭᠤᠨ ᠳᠡᠭᠡᠷ᠎ᠡ ᠡᠴᠡ ᠲᠡᠭᠡᠵᠦ ᠮᠠᠭᠤᠳᠠᠯᠴᠠᠨ᠂ ᠤᠭ ᠬᠡᠷᠡᠭ ᠭᠠᠷᠤᠭᠰᠠᠨ ᠢ᠋ ᠰᠣᠨᠣᠰᠤᠭᠰᠠᠨ ᠭᠡᠷᠡᠴᠢ ᠦᠭᠡᠢ ᠪᠢᠯᠡ ᠭᠡᠵᠦ ᠪᠠᠯᠪᠠᠷ ᠤ᠋ᠨ ᠬᠡᠯᠡᠬᠦ ᠳ᠋ᠦ᠍
— ᠵᠥᠪ! ᠭᠡᠵᠦ ᠯᠾᠨ ᠪᠠᠢᠰᠠ ᠤᠷᠮᠠᠰᠢᠭᠤᠯᠤᠨ ᠳᠤᠤᠭᠠᠷᠴᠠᠢ᠃
ᠨᠣᠶᠠᠨ ᠤ᠋ ᠲᠡᠭᠡᠵᠦ ᠣᠢᠰᠢᠶᠠᠬᠤ ᠪᠠᠢᠳᠠᠯ ᠲᠠᠢ ᠳ᠋ᠤ᠌ ᠵᠣᠷᠢᠭ ᠣᠷᠣᠭᠰᠠᠨ ᠪᠢᠯᠳᠠᠤᠴᠢ ᠵᠠᠷᠭᠤᠴᠢ ᠦᠭᠡ ᠪᠡᠨ ᠦᠷᠭᠦᠯᠵᠢᠯᠡᠭᠦᠯᠵᠦ᠂
— ᠵᠠ ᠲᠡᠭᠡᠭᠡᠳ᠂ ᠪᠢᠳᠡᠨ ᠦ᠌ ᠪᠣᠳᠣᠬᠤ ᠳ᠋ᠤ᠌᠂ ᠡᠷᠬᠢᠮ ᠯᠤ ᠪᠡᠢᠰᠡ ᠥᠴᠢᠭ ᠮᠡᠳᠡᠭᠦᠯᠬᠦ ᠳ᠋ᠡᠭᠡᠨ( ᠳ᠋ᠦ᠍ ᠪᠡᠨ)᠂ ᠲᠡᠷᠡ ᠴᠢᠯᠠᠭᠤᠨ ᠤ᠋ ᠪᠡᠶ᠎ᠡ᠂ ᠮᠠᠨ ᠦ᠌ ᠠᠷᠢᠭᠤᠨ ᠱᠠᠰᠢᠨ ᠲᠥᠷᠥ ᠶ᠋ᠢᠨ ᠡᠵᠡᠨ ᠪᠣᠭᠳᠠ ᠬᠠᠭᠠᠨ ᠢ᠋ ᠵᠦᠢ ᠪᠤᠰᠤ ᠪᠠᠷ ᠳᠣᠷᠣᠮᠵᠢᠯᠠᠨ ᠳᠠᠭᠠᠷᠢᠵᠤ ᠬᠡᠯᠡᠭᠰᠡᠨ ᠭᠡᠵᠦ ᠮᠡᠳᠡᠭᠦᠯᠪᠡᠯ ᠵᠣᠬᠢᠨ᠎ᠠ ᠭᠡᠵᠦ ᠪᠣᠳᠣᠵᠤ ᠪᠠᠢᠨ᠎ᠠ᠃ ᠡᠨᠡ ᠤᠯᠠᠭᠠᠨ ᠤ᠋ ᠬᠢᠨ᠂ ᠮᠠᠨ ᠤ᠋ ᠠᠷᠠᠳ ᠣᠯᠠᠨ ᠳᠠᠶᠠᠭᠠᠷ᠂ ᠪᠤᠷᠬᠠᠨ ᠰᠢᠲᠦᠭᠡᠨ᠂ ᠯᠠᠮᠠ ᠪᠠᠭᠰᠢ ᠨᠠᠷ ᠢ᠋ ᠰᠢᠲᠦᠭᠰᠡᠭᠡᠷ ᠪᠠᠢᠭ᠎ᠠ ᠡᠨᠡᠬᠡᠨ ᠦᠶᠡᠰ᠂ ᠣᠯᠠᠨ ᠤ᠋ ᠰᠠᠨᠠᠯ ᠢ᠋ ᠠᠷᠭ᠎ᠠ ᠦᠭᠡᠢ ᠳᠠᠭᠠᠵᠤ᠂ ᠥᠨᠥᠬᠢ ᠲᠠᠩᠭᠠᠷᠢᠭ ᠤ᠋ᠨ ᠭᠡᠷ᠎ᠡ ᠳᠣᠲᠣᠷ᠎ᠠ ᠠ᠋ᠴᠠ ᠴᠤ᠌᠂ ᠪᠣᠭᠳᠠ ᠬᠠᠭᠠᠨ ᠢ᠋ ᠬᠡᠳᠦᠢ ᠬᠡᠮᠵᠢᠶᠡᠲᠦ ᠴᠠᠭᠠᠵᠠᠲᠤ ᠬᠡᠮᠡᠪᠡᠰᠦ ᠬᠠᠭᠠᠨ ᠭᠡᠵᠦ ᠬᠡᠪ ᠢ᠋ᠶ᠋ᠡᠷ ᠡᠷᠭᠦᠮᠵᠢᠯᠡᠵᠦ᠂ ᠮᠠᠨ ᠤ᠋ ᠰᠢᠷ᠎ᠠ ᠶ᠋ᠢᠨ ᠱᠠᠰᠢᠨ ᠤ᠋ ᠡᠵᠡᠨ ᠭᠡᠵᠦ ᠦᠵᠡᠵᠦ ᠪᠠᠢᠭ᠎ᠠ ᠪᠢᠯᠡ᠃ ᠡᠭᠦᠨ ᠳ᠋ᠦ᠍ ᠮᠡᠬᠦᠢᠨ ᠰᠠᠨᠠᠪᠠᠯ᠂ ᠠᠦ᠋ᠲ᠋ᠣᠨᠣᠮᠢᠲᠤ ᠮᠣᠩᠭᠣᠯ ᠤᠯᠤᠰ ᠤ᠋ᠨ ᠵᠠᠷᠯᠢᠭ ᠢ᠋ᠶ᠋ᠠᠷ ᠲᠣᠭᠲᠠᠭᠠᠭᠰᠠᠨ ᠮᠣᠩᠭᠣᠯ ᠤᠯᠤᠰ ᠤ᠋ᠨ ᠬᠠᠤᠯᠢ ᠵᠦᠢᠯ ᠦ᠋ᠨ ᠪᠢᠴᠢᠭ ᠲᠦ᠍᠂ ᠱᠠᠰᠢᠨ ᠲᠥᠷᠥ ᠶ᠋ᠢᠨ ᠡᠵᠡᠨ ᠪᠣᠭᠳᠠ ᠬᠠᠭᠠᠨ ᠢ᠋ ᠳᠣᠷᠣᠮᠵᠢᠯᠠᠨ ᠳᠠᠭᠠᠷᠢᠭᠰᠠᠨ ᠤ᠋ ᠶᠠᠯ᠎ᠠ ᠮᠠᠰᠢ ᠬᠦᠨᠳᠦ ᠠᠵᠢ᠃ ᠲᠩᠷᠢ ᠨᠣᠶᠠᠨ ᠲᠣᠯᠢᠯᠠᠨ ᠠᠢᠯᠠᠳᠤᠭᠰᠠᠭᠠᠷ ᠪᠠᠢᠭ᠎ᠠ ᠪᠢᠵᠡ᠂ ᠶᠡᠷᠦ ᠠᠦ᠋ᠲ᠋ᠣᠨᠣᠮᠢᠲᠤ ᠶ᠋ᠢᠨ ᠦᠶ᠎ᠡ ᠳ᠋ᠦ᠍ ᠨᠢᠭᠡ ᠶᠣᠰᠣ ᠮᠡᠳᠡᠬᠦ ᠦᠭᠡᠢ ᠮᠠᠭᠤ ᠬᠥᠮᠦᠨ᠂ ᠪᠣᠭᠳᠠ ᠡᠵᠡᠨ ᠢ᠋ ᠮᠠᠭᠤ ᠦᠭᠡ ᠪᠡᠷ ᠳᠣᠷᠣᠮᠵᠢᠯᠠᠨ ᠬᠡᠯᠡᠭᠰᠡᠨ ᠤᠴᠢᠷ᠂ ᠤᠯᠤᠰ ᠤ᠋ᠨ ᠴᠠᠭᠠᠵᠠ ᠪᠠᠷ ᠠᠪᠬᠠᠭᠤᠯᠤᠭᠰᠠᠨ ᠤᠳᠠᠭ᠎ᠠ ᠴᠤ᠌ ᠪᠣᠢ ᠭᠡᠯᠡ᠃
ᠪᠠᠰᠠ᠂ ᠡᠷᠬᠢᠮ ᠯᠦ᠍ ᠪᠡᠢᠰᠡ ᠶ᠋ᠢᠨ ᠪᠡᠶ᠎ᠡ᠂ ᠮᠠᠨ ᠤ᠋ ᠱᠠᠰᠢᠨ ᠲᠥᠷᠥ ᠶ᠋ᠢᠨ ᠠᠷᠢᠭᠤᠨ ᠢ᠋ᠶ᠋ᠠᠷ ᠮᠠᠨᠳᠤᠭᠤᠯᠬᠤ ᠦᠢᠯᠡᠰ ᠲᠦ᠍ ᠵᠢᠳᠬᠦᠯ ᠭᠠᠪᠢᠶ᠎ᠠ ᠪᠠᠢᠭᠤᠯᠵᠤ᠂ ᠣᠳᠣ ᠬᠡᠮᠵᠢᠶᠡᠲᠦ ᠡᠷᠬᠡᠲᠦ ᠬᠠᠭᠠᠨ ᠤ᠋ ᠴᠣᠯᠠ ᠪᠦᠬᠦᠢ ᠮᠠᠨ ᠤ᠋ ᠪᠣᠭᠳᠠ ᠡᠵᠡᠨ ᠬᠠᠭᠠᠨ᠂ ᠰᠢᠷ᠎ᠠ ᠶ᠋ᠢᠨ ᠱᠠᠰᠢᠨ ᠤ᠋ ᠡᠵᠡᠨ ᠦ᠌ ᠵᠠᠷᠯᠢᠭ ᠢ᠋ᠶ᠋ᠠᠷ ᠦᠶ᠎ᠡ ᠤᠯᠠᠷᠢᠨ ᠵᠠᠯᠭᠠᠮᠵᠢᠯᠠᠬᠤ ᠪᠡᠢᠰᠡ ᠶ᠋ᠢᠨ ᠬᠡᠷᠬᠡᠮ ᠵᠡᠷᠭᠡ ᠱᠠᠩᠨᠠᠭᠤᠯᠤᠭᠰᠠᠨ ᠪᠢᠯᠡ᠃
ᠲᠡᠭᠡᠭᠡᠳ᠂ ᠬᠡᠷᠪᠡ ᠱᠠᠰᠢᠨ ᠲᠥᠷᠥ᠂ ᠪᠣᠭᠳᠠ ᠡᠵᠡᠨ ᠦ᠌ ᠡᠮᠦᠨ᠎ᠡ ᠭᠠᠪᠢᠶ᠎ᠠ ᠲᠠᠢ᠂ ᠣᠯᠠᠨ ᠳ᠋ᠤ᠌ ᠬᠦᠨᠳᠦᠲᠡᠢ᠂ ᠬᠣᠰᠢᠭᠤ ᠳᠠᠶᠠᠭᠠᠷ ᠲᠤ᠌ ᠲᠣᠮᠣᠭᠠᠲᠠᠢ ᠭᠡᠵᠦ ᠪᠢᠳᠡ ᠪᠦᠭᠦᠳᠡ ᠶ᠋ᠢᠨ ᠦᠵᠡᠳᠡᠭ ᠯᠦ᠍ ᠪᠠᠢᠰᠠᠲᠠᠨ᠂ ᠪᠢᠳᠡ ᠪᠦᠭᠦᠳᠡ ᠶ᠋ᠢᠨ ᠪᠠᠭᠰᠢ ᠪᠣᠭᠳᠠ ᠡᠵᠡᠨ ᠢ᠋ ᠮᠠᠭᠤ ᠬᠡᠯᠡᠵᠦ᠂ ᠳᠣᠷᠣᠮᠵᠢᠯᠠᠨ ᠳᠠᠭᠠᠷᠢᠭᠰᠠᠨ ᠨᠢᠭᠦᠯᠲᠦ ᠦᠭᠡ ᠰᠣᠨᠣᠰᠴᠤ᠂ ᠨᠢᠭᠡᠨ ᠴᠠᠭ ᠤ᠋ᠨ ᠠᠭᠤᠷ ᠬᠢᠯᠢᠩ ᠪᠠᠳᠠᠷᠠᠭᠰᠠᠨ ᠢ᠋ᠶ᠋ᠠᠷ ᠲᠡᠷᠡ ᠴᠢᠯᠠᠭᠤᠨ ᠢ᠋ ᠰᠠᠨᠠᠮᠰᠠᠷ ᠦᠭᠡᠢ ᠴᠣᠬᠢᠵᠤ ᠦᠬᠦᠭᠦᠯᠦᠭᠰᠡᠨ ᠬᠡᠮᠡᠪᠡᠰᠦ᠂ ᠠᠷᠭᠠᠯᠠᠬᠤ ᠠᠷᠭ᠎ᠠ᠂ ᠰᠦᠪᠡᠯᠡᠬᠦ ᠰᠦᠪᠡ ᠪᠠᠰᠠ ᠪᠠᠢᠨ᠎ᠠ ᠭᠡᠳ ᠴᠢᠮᠡᠭᠡ ᠦᠭᠡᠢ ᠪᠣᠯᠵᠤ᠂ ᡀᠠ ᠪᠡᠢᠯᠡ ᠶ᠋ᠢᠨ ᠥᠭᠡᠳᠡ ᠮᠠᠰᠢ ᠬᠦᠨᠳᠦᠳᠬᠡᠭᠰᠡᠨ ᠪᠠᠢᠳᠠᠯ ᠳᠦᠷᠢᠮ ᠦᠵᠡᠭᠦᠯᠵᠦ᠂ ᠵᠢᠰᠤᠷᠳᠠᠨ ᠬᠠᠷᠠᠪᠠᠰᠤ᠂
— ᠴᠢᠮᠠᠶ᠋ᠢ( ᠴᠢᠮ᠎ᠠ ᠶ᠋ᠢ) ᠪᠠᠯᠪᠠᠷ ᠬᠤᠷᠴᠠ ᠭᠡᠵᠦ ᠤᠴᠢᠷ ᠲᠠᠢ ᠨᠡᠷᠡᠯᠡᠵᠡᠢ᠃ ᠴᠢᠨᠦ ᠤᠬᠠᠭᠠᠨ ᠦᠨᠡᠬᠡᠷ ᠬᠤᠷᠴᠠ ᠠᠵᠢ᠃ ᠵᠠ ᠲᠡᠭᠡᠭᠡᠳ᠂ ᠶᠠᠭᠠᠬᠢᠵᠤ ᠠᠷᠭᠠᠯᠠᠬᠤ ᠰᠦᠪᠡᠯᠡᠬᠦ ᠭᠡᠵᠦ ᠪᠠᠢᠭ᠎ᠠ ᠶᠤᠮ ᠪᠢᠯᠡ? ᠭᠡᠬᠦ ᠳ᠋ᠦ᠍ᠨᠢ( ᠳ᠋ᠦ᠍ ᠨᠢ) ᠪᠠᠯᠪᠠᠷ ᠥᠭᠦᠯᠡᠷᠦᠨ᠂
— ᠡᠨᠡ ᠬᠡᠷᠡᠭ ᠦ᠋ᠨ ᠲᠤᠬᠠᠢ ᠲᠣᠭᠲᠠᠭᠠᠯ ᠭᠠᠷᠭᠠᠬᠤ ᠳ᠋ᠠᠭᠠᠨ( ᠳ᠋ᠤ᠌ ᠪᠠᠨ)᠂ ᠣᠳᠣ ᠶ᠋ᠢᠨ ᠠᠮᠢᠲᠠᠨ ᠪᠣᠯᠭᠠᠨ ᠤ᠋ ᠠᠮᠠᠨ ᠠ᠋ᠴᠠ ᠬᠣᠪᠬᠣᠷᠠᠳᠠᠭ ᠦᠭᠡᠢ ᠬᠥᠮᠦᠨ ᠠᠷᠠᠳ ᠢ᠋ ᠬᠦᠨᠳᠦᠳᠬᠡᠬᠦ᠂ ᠠᠷᠠᠳ ᠤ᠋ᠨ ᠡᠷᠬᠡ ᠶ᠋ᠢ ᠡᠷᠬᠢᠮ ᠪᠣᠯᠭᠠᠬᠤ ᠭᠡᠬᠦ ᠵᠡᠷᠭᠡ ᠶ᠋ᠢᠨ ᠦᠭᠡ ᠬᠡᠷᠡᠭᠯᠡᠵᠦ᠂ ᠲᠣᠭᠲᠠᠭᠠᠯ ᠤ᠋ᠨ ᠣᠷᠣᠰᠢᠯ ᠢ᠋ ᠰᠦᠷᠡᠬᠡᠢ ᠶᠡᠬᠡ᠂ ᠠᠷᠠᠳ ᠤ᠋ᠨ ᠡᠷᠬᠡ ᠶ᠋ᠢ ᠬᠦᠨᠳᠦᠳᠬᠡᠭᠰᠡᠨ ᠰᠢᠨᠵᠢ ᠪᠠᠢᠳᠠᠯ ᠰᠦᠷᠲᠡᠢ ᠰᠠᠢᠬᠠᠨ ᠶᠡᠬᠡ ᠣᠷᠣᠰᠢᠯ ᠪᠢᠴᠢᠭᠡᠳ᠂ ᠲᠡᠭᠡᠵᠦ ᠲᠡᠭᠡᠵᠦ᠂ ᠥᠨᠥᠬᠢ《ᠭᠡᠪᠡᠴᠦ》 ᠭᠡᠳᠡᠭ ᠦᠭᠡ ᠪᠡᠷ ᠡᠯᠭᠦᠵᠦ ᠠᠪᠤᠭᠠᠳ᠂ ᠡᠴᠦᠰ ᠦ᠋ᠨ ᠰᠢᠪᠲᠤᠷᠠᠭᠠᠨ ᠳ᠋ᠤᠨᠢ( ᠳ᠋ᠤ᠌ ᠨᠢ) ᠬᠠᠷᠢᠨ ᠡᠩ ᠦ᠋ᠨ ᠮᠥᠩᠭᠥᠨ ᠲᠣᠷᠭᠠᠭᠤᠯᠢ ᠪᠠᠷ ᠲᠣᠷᠭᠠᠨ ᠰᠢᠢᠳᠬᠡᠵᠦ᠂ ᠡᠷᠬᠢᠮ ᠯᠤ ᠪᠡᠢᠰᠡ ᠶ᠋ᠢ ᠬᠣᠢᠰᠢᠳᠠ ᠠᠷᠠᠳ ᠤ᠋ᠨ ᠡᠷᠬᠡ᠂ ᠦᠭᠡ ᠬᠡᠯᠡᠬᠦ ᠡᠷᠬᠡ ᠵᠡᠷᠭᠡ ᠶ᠋ᠢ ᠡᠷᠬᠢᠮᠯᠡᠨ ᠬᠦᠨᠳᠦᠳᠬᠡᠵᠦ ᠶᠠᠪᠤᠪᠠᠯ ᠵᠣᠬᠢᠬᠤ ᠶ᠋ᠢ ᠴᠢᠩᠳᠠᠯᠠᠨ ᠰᠠᠨᠠᠭᠤᠯᠪᠠᠯ ᠪᠣᠯᠤᠮᠤᠢ ᠵᠠ ᠬᠡᠮᠡᠵᠡᠢ᠃
— ᠲᠡᠷᠡ《ᠭᠡᠪᠡᠴᠦ》 ᠭᠡᠳᠡᠭ ᠲᠡᠭᠡᠨ( ᠳ᠋ᠦ᠍ ᠪᠡᠨ) ᠶᠠᠭᠤ ᠪᠠᠨ ᠳᠤᠷᠠᠳᠬᠤ ᠭᠡᠵᠦ ᠪᠠᠢᠭ᠎ᠠ ᠶᠤᠮ ᠪᠢᠯᠡ᠂ ᠲᠠ ᠴᠢᠨᠢ? ᠭᠡᠵᠦ ᡀᠠ ᠪᠡᠢᠯᠡ ᠶ᠋ᠢᠨ ᠠᠰᠠᠭᠤᠬᠤ ᠳ᠋ᠤ᠌᠂
— ᠭᠡᠪᠡᠴᠦ᠂ ᠱᠠᠰᠢᠨ ᠲᠥᠷᠥ ᠶ᠋ᠢᠨ ᠡᠵᠡᠨ ᠪᠣᠭᠳᠠ ᠬᠠᠭᠠᠨ ᠢ᠋ ᠳᠠᠭᠠᠷᠢᠨ ᠳᠣᠷᠣᠮᠵᠢᠯᠠᠭᠰᠠᠨ ᠶᠠᠯ᠎ᠠ ᠰᠢᠢᠳᠬᠡᠬᠦ ᠬᠠᠤᠯᠢ ᠶ᠋ᠢ ᠣᠳᠣᠬᠠᠨ ᠳᠡᠭᠡᠷ᠎ᠡ ᠥᠭᠡᠷᠡᠴᠢᠯᠡᠵᠦ᠂ ᠰᠢᠨᠡᠳᠬᠡᠨ ᠤᠰᠠᠳᠬᠠᠭᠰᠠᠨ ᠵᠦᠢᠯ ᠬᠠᠷᠠᠬᠠᠨ ᠦᠭᠡᠢ ᠲᠤᠯᠠ᠂ ᠤᠭ ᠬᠣᠬᠢᠷᠠᠭᠰᠠᠨ ᠴᠢᠯᠠᠭᠤᠨ ᠤ᠋ ᠪᠡᠶ᠎ᠡ ᠶ᠋ᠢ ᠶᠠᠯ᠎ᠠ ᠳ᠋ᠤ᠌ ᠰᠢᠢᠳᠬᠡᠨ ᠬᠡᠯᠡᠯᠴᠡᠵᠦ ᠪᠣᠯᠬᠤ ᠨᠢᠭᠡᠨ ᠵᠦᠢᠯ ᠪᠣᠢ᠃ ᠪᠠᠰᠠ ᠯᠤ ᠪᠡᠢᠰᠡ ᠶ᠋ᠢᠨ ᠪᠡᠶ᠎ᠡ᠂ ᠤᠤᠯ ᠠ᠋ᠴᠠ ᠠᠭᠤᠷ ᠬᠢᠯᠢᠩ ᠶᠡᠬᠡ ᠲᠡᠢ᠂ ᠲᠦᠷᠭᠡᠨ ᠵᠠᠩ ᠲᠠᠢ ᠶ᠋ᠢᠨ ᠳᠡᠭᠡᠷ᠎ᠡ ᠪᠣᠭᠳᠠ ᠡᠵᠡᠨ ᠬᠠᠭᠠᠨ ᠢ᠋ ᠦᠨᠡᠨ ᠰᠡᠳᠬᠢᠯ ᠡᠴᠡ ᠡᠷᠬᠢᠮᠯᠡᠨ ᠰᠢᠲᠦᠳᠡᠭ ᠵᠡᠷᠭᠡ ᠪᠠᠢᠳᠠᠯ ᠢ᠋ ᠬᠠᠷᠠᠭᠠᠯᠵᠠᠨ᠂ ᠪᠠᠰᠠ ᠡᠳᠡᠭᠡᠷ ᠬᠦ᠌ ᠤᠴᠢᠷ ᠪᠠᠢᠳᠠᠯ ᠢ᠋ ᠬᠢᠨᠠᠨ ᠪᠣᠳᠣᠬᠤ ᠶ᠋ᠢᠨ ᠭᠠᠳᠠᠨ᠎ᠠ᠂ ᠯᠤ ᠪᠠᠢᠰᠠ ᠶ᠋ᠢᠨ ᠪᠡᠶ᠎ᠡ ᠶ᠋ᠢ ᠲᠡᠢᠨ ᠬᠦ᠌ ᠨᠢᠭᠡᠨ ᠴᠠᠭ ᠤ᠋ᠨ ᠠᠭᠤᠷ ᠬᠢᠯᠢᠩ ᠳ᠋ᠦ᠍ ᠠᠪᠲᠠᠭᠳᠠᠭᠰᠠᠨ ᠠ᠋ᠴᠠ ᠭᠦᠨ᠎ᠡ ᠭᠡᠮᠰᠢᠭᠰᠡᠨ ᠰᠡᠳᠬᠢᠯ ᠢ᠋ ᠪᠣᠳᠣᠬᠤ ᠵᠦᠢᠯ ᠪᠣᠢ ᠠᠨᠤ᠂ ᠯᠣ ᠪᠡᠢᠰᠡ ᠬᠠᠷᠢᠶᠠᠲᠤ ᠬᠣᠰᠢᠭᠤ ᠬᠡᠢᠳ ᠲᠦ᠍ ᠲᠡᠷᠡ ᠬᠦ᠌ ᠨᠠᠰᠤᠨ ᠠ᠋ᠴᠠ ᠨᠥᠭᠴᠢᠭᠰᠡᠨ ᠴᠢᠯᠠᠭᠤᠨ ᠤ᠋ ᠪᠤᠶᠠᠨ ᠨᠣᠮ ᠤ᠋ᠨ ᠪᠦᠬᠦ ᠵᠠᠷᠤᠳᠠᠯ ᠢ᠋ ᠳᠠᠭᠠᠭᠠᠨ ᠬᠢᠯᠭᠡᠵᠦ᠂ ᠠᠷᠪᠠᠨ ᠲᠠᠪᠤᠨ ᠤ᠋ ᠲᠣᠢᠴᠢᠩ ᠡᠳᠦᠷ ᠬᠡᠢᠳ ᠦ᠋ᠨ ᠴᠣᠭᠴᠢᠨ ᠳᠤᠭᠠᠩ ᠳ᠋ᠤ᠌ ᠣᠯᠠᠨ ᠪᠤᠷᠰᠠᠩ ᠬᠤᠸᠠᠷᠠᠭ᠂ ᠲᠡᠷᠡ ᠲᠤᠬᠠᠢ ᠮᠥᠷᠭᠥᠷ᠎ᠡ ᠢᠷᠡᠭᠰᠡᠨ ᠣᠯᠠᠨ ᠥᠭᠯᠢᠭᠡ ᠶ᠋ᠢᠨ ᠡᠵᠡᠨ ᠵᠠᠩᠳᠠᠭ ᠤ᠋ᠳ ᠤ᠋ᠨ ᠡᠮᠦᠨ᠎ᠡ ᠬᠥᠮᠦᠨ ᠦ᠌ ᠠᠮᠢ ᠲᠠᠰᠤᠯᠤᠭᠰᠠᠨ ᠨᠢᠭᠦᠯ ᠢ᠋ᠶ᠋ᠡᠨ ᠴᠢᠩ ᠰᠡᠳᠬᠢᠯ ᠢ᠋ᠶ᠋ᠡᠷ ᠥᠨᠳᠥᠷ ᠳᠠᠭᠤ ᠪᠠᠷ ᠭᠡᠮᠰᠢᠨ ᠨᠠᠮᠠᠨᠴᠢᠯᠠᠵᠤ ᠵᠠᠭᠤ ᠮᠥᠷᠭᠥᠭᠰᠡᠨ ᠢ᠋ ᠦᠵᠡᠬᠦᠯ᠎ᠡ᠂ ᠦᠨᠡᠨ ᠰᠡᠳᠬᠢᠯ ᠡᠴᠡ ᠭᠡᠮ ᠢ᠋ᠶ᠋ᠡᠨ ᠨᠠᠮᠠᠨᠴᠢᠯᠠᠭᠰᠠᠨ ᠨᠢ ᠢᠯᠡᠷᠬᠡᠢ ᠲᠤᠯᠠ᠂ ᠡᠯ᠎ᠡ ᠪᠦᠬᠦ ᠪᠠᠢᠳᠠᠯ ᠢ᠋ ᠬᠠᠷᠠᠭᠠᠯᠵᠠᠨ᠂ ᠮᠥᠨ ᠤᠭ ᠴᠢᠯᠠᠭᠤᠨ ᠤ᠋ ᠪᠡᠶ᠎ᠡ ᠴᠦ᠍ ᠮᠠᠨ ᠤ᠋ ᠮᠣᠩᠭᠣᠯ ᠤᠯᠤᠰ ᠤ᠋ᠨ ᠬᠡᠮᠵᠢᠶᠡᠲᠦ ᠡᠷᠬᠡᠲᠦ ᠪᠣᠭᠳᠠ ᠡᠵᠡᠨ ᠬᠠᠭᠠᠨ ᠢ᠋ ᠳᠠᠭᠠᠷᠢᠨ ᠳᠣᠷᠣᠮᠵᠢᠯᠠᠭᠰᠠᠨ ᠵᠡᠷᠭᠡ ᠪᠤᠷᠤᠭᠤ ᠲᠠᠢ ᠵᠦᠢᠯ ᠪᠣᠢ ᠲᠤᠯᠠ᠂ ᠤᠴᠢᠷ ᠪᠠᠢᠳᠠᠯ ᠢ᠋ ᠨᠢᠭᠲᠠᠯᠠᠨ ᠮᠠᠭᠠᠳᠯᠠᠵᠤ᠂ ᠯᠣ ᠪᠡᠢᠰᠡ ᠶ᠋ᠢ ᠴᠢᠯᠠᠭᠤᠨ ᠤ᠋ ᠨᠠᠰᠤ ᠲᠣᠭᠠᠯᠠᠨ ᠨᠢᠵᠡᠭᠡᠳ ᠯᠠᠩ ᠮᠥᠩᠭᠥ ᠪᠡᠷ ᠲᠣᠷᠭᠠᠵᠤ᠂ ᠤᠭ ᠮᠥᠩᠭᠥ ᠶ᠋ᠢ ᠨᠢ ᠯᠤ ᠪᠡᠢᠰᠡ ᠶ᠋ᠢᠨ ᠨᠡᠷ᠎ᠡ ᠶ᠋ᠢᠨ ᠳᠣᠣᠷ᠎ᠠ ᠠ᠋ᠴᠠ ᠭᠠᠷᠭᠠᠭᠤᠯᠵᠤ᠂ ᠴᠢᠯᠠᠭᠤᠨ ᠤ᠋ ᠡᠬᠡ ᠶ᠋ᠢᠨ ᠠᠮᠢᠳᠤᠷᠠᠬᠤ ᠬᠥᠷᠥᠩᠭᠡ ᠪᠣᠯᠭᠠᠭᠠᠳ᠂ ᠯᠣ ᠪᠡᠢᠰᠡ ᠶ᠋ᠢ ᠬᠣᠢᠰᠢᠳᠠ ᠳᠠᠬᠢᠨ ᠡᠨᠡ ᠮᠡᠲᠦ ᠬᠡᠷᠡᠭ ᠡᠳᠦᠭᠦᠯᠪᠡᠰᠦ᠂ ᠶᠠᠮᠠᠷ ᠴᠤ᠌ ᠬᠥᠩᠭᠡᠪᠴᠢᠯᠡᠨ ᠠᠭᠤᠴᠢᠯᠠᠬᠤ ᠶ᠋ᠢ ᠬᠡᠯᠡᠯᠴᠡᠬᠦ ᠦᠭᠡᠢ᠂ ᠬᠦᠨᠳᠦᠳᠡ ᠰᠢᠢᠳᠬᠡᠬᠦ ᠶ᠋ᠢ ᠰᠠᠨᠠᠭᠤᠯᠪᠠᠯ ᠪᠣᠯᠤᠨ᠎ᠠ ᠪᠢᠵᠡ ᠭᠡᠵᠦ ᠪᠣᠳᠣᠵᠤ ᠪᠠᠢᠨ᠎ᠠ ᠭᠡᠪᠡᠯ᠂
— ᠲᠡᠭᠡᠪᠡᠯ ᠲᠡᠷᠡ ᠴᠢᠯᠠᠭᠤᠨ ᠤ᠋ ᠠᠮᠢ ᠶ᠋ᠢᠨ ᠬᠢᠨᠢ ᠵᠣᠯᠢᠶ᠎ᠠ ᠬᠡᠳᠦᠨ ᠯᠠᠩ ᠪᠣᠯᠬᠤ ᠨᠢ ᠪᠣᠢ? ᠭᠡᠵᠦ ᡀᠠ ᠪᠡᠢᠰᠡ ᠶ᠋ᠢᠨ ᠠᠰᠠᠭᠤᠬᠤ ᠳ᠋ᠤ᠌ ᠪᠠᠯᠪᠠᠷ ᠲᠦᠰᠢᠮᠡᠯ᠂
— 21 ᠯᠠᠩ ᠮᠥᠩᠭᠥ ᠪᠣᠯᠤᠨ᠎ᠠ᠃ ᠰᠢᠭᠦᠬᠦ ᠲᠠᠰᠤᠯᠬᠤ ᠬᠡᠯᠲᠡᠰ ᠦ᠋ᠨ ᠲᠣᠭᠲᠠᠭᠠᠯ ᠢ᠋ᠶ᠋ᠠᠷ ᠲᠡᠷᠡ ᠮᠥᠩᠭᠥ ᠶ᠋ᠢ ᠴᠢᠯᠠᠭᠤᠨ ᠤ᠋ ᠡᠬᠡ ᠳ᠋ᠦ᠍ ᠣᠯᠭᠣᠬᠤ᠂ ᠡᠭᠦᠨ ᠳ᠋ᠦ᠍ ᠯᠣ ᠪᠡᠢᠰᠡ ᠪᠠᠰᠠ ᠦᠨᠡᠨ ᠰᠡᠳᠬᠢᠯ ᠡᠴᠡ ᠭᠡᠮ ᠢ᠋ᠶ᠋ᠡᠨ ᠨᠠᠮᠠᠨᠴᠢᠯᠠᠵᠤ᠂ ᠦᠷᠦ ᠡᠪᠡᠳᠦᠨ ᠡᠨᠡᠷᠢᠭᠰᠡᠨ ᠢ᠋ ᠢᠯᠡᠷᠬᠡᠢᠯᠡᠨ᠂ ᠴᠢᠯᠠᠭᠤᠨ ᠤ᠋ ᠡᠬᠡ ᠳ᠋ᠦ᠍ ᠠᠷᠪᠠᠨ ᠬᠣᠨᠢ ᠬᠤᠪᠢ ᠶ᠋ᠢᠨ ᠰᠦᠷᠦᠭ ᠡᠴᠡ ᠳᠤᠷᠠᠲᠠᠶ᠎ᠠ ᠪᠤᠶᠠᠨ ᠰᠠᠨᠠᠵᠤ ᠲᠤᠰᠠᠯᠠᠶ᠎ᠠ ᠭᠡᠵᠦ ᠪᠠᠢᠨ᠎ᠠ ᠬᠡᠮᠡᠪᠡ᠃
ᡀᠠ ᠪᠡᠢᠯᠡ ᠭᠠᠩᠰᠠ ᠪᠠᠨ ᠲᠣᠩᠰᠢᠭᠠᠳ᠂ ᠨᠢᠳᠦ ᠪᠡᠨ ᠠᠨᠢᠰᠬᠢᠵᠤ᠂ ᠪᠤᠷᠬᠠᠨ ᠤ᠋ ᠭᠦᠩᠭᠠᠷᠠᠪᠠ ᠶ᠋ᠢᠨ ᠬᠣᠶᠠᠷ ᠲᠠᠯ᠎ᠠ ᠶ᠋ᠢᠨ ᠰᠢᠷᠡᠭᠡᠨ ᠦ᠌ ᠳᠡᠭᠡᠷ᠎ᠡ ᠴᠠᠭ ᠴᠠᠭ ᠳᠤᠤᠭᠠᠷᠴᠤ ᠪᠠᠢᠭ᠎ᠠ ᠣᠯᠠᠨ ᠴᠠᠭ ᠤ᠋ᠨ ᠴᠢᠮᠡᠭᠡ ᠴᠢᠩᠨᠠᠵᠤ ᠪᠠᠢᠭ᠎ᠠ ᠮᠡᠲᠦ᠂ ᠲᠣᠯᠣᠭᠠᠢ ᠪᠠᠨ ᠬᠠᠵᠠᠭᠤ ᠲᠠᠢᠰᠢ ᠬᠠᠵᠠᠢᠯᠭᠠᠨ ᠪᠣᠳᠣᠯᠭ᠎ᠠ ᠪᠣᠯᠪᠠ᠃ ᠭᠣᠮᠪᠣ ᠵᠠᠬᠢᠷᠤᠭᠴᠢ᠂ ᠪᠠᠯᠪᠠᠷ ᠲᠦᠰᠢᠮᠡᠯ᠂ ᠨᠣᠶᠠᠨ ᠤ᠋ ᠵᠦᠭ ᠬᠠᠷᠢᠭᠤ ᠬᠦᠯᠢᠶᠡᠨ ᠰᠢᠷᠳᠡᠪᠡᠰᠦ᠂ ᡀᠠ ᠪᠡᠢᠯᠡ ᠪᠠᠬᠠᠨ ᠳᠠᠭᠤ ᠦᠭᠡᠢ ᠰᠠᠭᠤᠵᠤ ᠪᠠᠢᠭᠠᠳ᠂ ᠪᠢᠴᠢᠬᠠᠨ ᠰᠢᠷᠡᠭᠡᠨ ᠳᠡᠭᠡᠷ᠎ᠡ ᠡᠴᠡ ᠭᠡᠰᠡᠷ ᠦ᠋ᠨ ᠲᠥᠯᠭᠡ ᠶ᠋ᠢᠨ ᠰᠤᠳᠤᠷ ᠠᠪᠴᠤ ᠨᠢᠭᠡ ᠰᠡᠬᠦᠵᠦ᠂ ᠪᠠᠭᠤᠭᠰᠠᠨ ᠲᠥᠯᠭᠡ ᠦᠵᠡᠭᠡᠳ᠂ ᠲᠥᠯᠭᠡ ᠶ᠋ᠢᠨ ᠪᠢᠴᠢᠭ ᠢ᠋ ᠠᠶᠠᠷᠬᠠᠨ ᠬᠠᠭᠠᠭᠠᠵᠤ᠂ ᠲᠣᠯᠣᠭᠠᠢ ᠳᠣᠬᠢᠨ ᠣᠭᠵᠣᠮ ᠳᠠᠭᠤ ᠪᠠᠷ᠂ ᠵᠠ! ᠬᠡᠮᠡᠪᠡᠰᠦ᠂ ᠭᠣᠮᠪᠣ ᠵᠠᠬᠢᠷᠤᠭᠴᠢ᠂ ᠪᠠᠯᠪᠠᠷ ᠲᠦᠰᠢᠮᠡᠯ ᠰᠠᠯᠬᠤ ᠶᠣᠰᠣ ᠬᠢᠵᠦ᠂ ᠬᠠᠭᠠᠯᠭᠠᠨ ᠤ᠋ ᠵᠦᠭ ᠤᠬᠤᠷᠢᠭᠰᠠᠭᠠᠷ ᠭᠠᠷᠴᠠᠢ᠃
ᠮᠠᠭᠤ ᠶᠠᠭᠤᠮ᠎ᠠ ᠮᠣᠳᠣᠨ ᠤᠯᠠᠭ᠎ᠠ ᠲᠠᠢ ᠭᠡᠵᠦ ᠯᠦ᠍ ᠪᠠᠶᠠᠨ ᠪᠡᠢᠰᠡ ᠶ᠋ᠢᠨ ᠲᠡᠭᠡᠵᠦ ᠵᠠᠯᠠᠭᠤᠴᠤᠳ ᠤ᠋ᠨ ᠡᠪᠯᠡᠯ ᠦ᠋ᠨ ᠭᠡᠰᠢᠭᠦᠨ ᠴᠢᠯᠠᠭᠤᠨ ᠢ᠋ ᠬᠠᠷᠭᠢᠰ ᠮᠠᠭᠤᠬᠠᠢ ᠪᠠᠷ ᠬᠣᠣᠷᠯᠠᠨ ᠠᠯᠠᠭᠰᠠᠨ ᠢ᠋ ᠮᠠᠯᠴᠢᠨ ᠠᠷᠠᠳ ᠤ᠋ᠳ ᠬᠡᠳᠦᠢᠨ ᠰᠣᠨᠣᠰᠴᠤ᠂ ᠶᠡᠬᠡᠯ᠎ᠡ ᠵᠢᠭᠰᠢᠨ ᠬᠡᠯᠡᠯᠴᠡᠵᠡᠢ᠃ ᠯᠦ᠍ ᠪᠠᠶᠠᠨ ᠪᠠᠢᠰᠠ ᠬᠡᠳᠦᠢᠪᠡᠷ ᠬᠣᠰᠢᠭᠤ ᠬᠡᠢᠳ ᠲᠦ᠍ ᠣᠯᠠᠨ ᠤ᠋ ᠡᠮᠦᠨ᠎ᠡ ᠭᠡᠮ ᠢ᠋ᠶ᠋ᠡᠨ ᠨᠠᠮᠠᠨᠴᠢᠯᠠᠨ᠂ ᠲᠡᠷᠡ ᠠᠮᠢ ᠬᠣᠬᠢᠷᠠᠭᠰᠠᠨ ᠵᠠᠯᠠᠭᠤ ᠶ᠋ᠢᠨ ᠡᠬᠡ ᠳ᠋ᠦ᠍ᠨᠢ ᠠᠷᠪᠠᠨ ᠬᠣᠨᠢ ᠬᠦᠷᠭᠡᠭᠦᠯᠦᠭᠡᠳ᠂ ᠯᠣᠳᠣᠢ ᠪᠠᠶᠠᠨ ᠪᠠᠢᠰᠠ ᠶ᠋ᠢᠨ ᠨᠥᠬᠥᠷ ᠰᠡᠭᠦᠳᠡᠷ᠂ ᠪᠠᠶᠠᠨ ᠲᠠᠢᠵᠢ ᠨᠠᠷ ᠡᠯᠳᠡᠪᠯᠡᠨ ᠬᠢᠴᠢᠶᠡᠪᠡᠴᠦ᠂ ᠠᠷᠠᠳ ᠣᠯᠠᠨ ᠤ᠋ ᠵᠢᠭᠰᠢᠨ ᠬᠣᠷᠣᠰᠤᠭᠰᠠᠨ ᠰᠡᠳᠬᠢᠯ ᠢ᠋ ᠲᠠᠢᠳᠬᠤᠷᠠᠭᠤᠯᠤᠨ ᠳᠠᠷᠤᠵᠤ ᠴᠢᠳᠠᠭᠰᠠᠨ ᠦᠭᠡᠢ᠃ ᡀᠠ ᠪᠡᠢᠯᠡ ᠶ᠋ᠢᠨ ᠬᠤᠰᠢᠭᠤᠨ ᠤ᠋ ᠰᠢᠭᠦᠬᠦ ᠲᠠᠰᠤᠯᠬᠤ ᠬᠡᠯᠲᠡᠰ ᠡᠴᠡ ᠴᠢᠯᠠᠭᠤᠨ ᠤ᠋ ᠠᠮᠢ ᠬᠣᠣᠷᠯᠠᠭᠰᠠᠨ ᠯᠣᠳᠣᠢ ᠪᠠᠶᠠᠨ ᠢ᠋ ᠬᠣᠷᠢᠨ ᠨᠢᠭᠡᠨ ᠯᠠᠩ ᠢ᠋ᠶ᠋ᠠᠷ ᠪᠠᠭᠠᠯᠠᠨ ᠲᠣᠷᠭᠠᠭᠰᠠᠨ ᠢ᠋ ᠬᠤᠰᠢᠭᠤᠨ ᠤ᠋ ᠵᠠᠰᠠᠭ ᠳᠠᠷᠤᠭ᠎ᠠ ᡀᠠ ᠪᠡᠢᠯᠡ ᠬᠡᠳᠦᠢ ᠪᠠᠲᠤᠯᠠᠵᠤ ᠬᠦᠴᠦᠨ ᠲᠡᠭᠦᠯᠳᠡᠷ ᠪᠣᠯᠭᠠᠭᠰᠠᠨ ᠪᠣᠯᠪᠠᠴᠤ᠂ ᠬᠣᠰᠢᠭᠤ ᠣᠯᠠᠨ ᠢ᠋ᠶ᠋ᠠᠷ ᠲᠡᠷᠡ ᠲᠣᠭᠲᠠᠭᠠᠯ ᠢ᠋ ᠣᠯᠵᠤ ᠰᠣᠨᠣᠰᠤᠭᠠᠳ᠂ ᠶᠡᠬᠡᠯ᠎ᠡ ᠳᠤᠷ᠎ᠠ ᠦᠭᠡᠢᠴᠡᠨ ᠦᠯᠦ ᠣᠢᠰᠢᠶᠠᠵᠠᠢ᠃
— ᠭᠠᠭᠴᠠ ᠬᠦᠦ ᠲᠡᠢ ᠶᠠᠳᠠᠭᠤ ᠡᠮᠡᠭᠡᠨ ᠦ᠌ ᠬᠦᠦ ᠶ᠋ᠢ ᠨᠢ ᠠᠯᠠᠭᠰᠠᠨ᠂ ᠲᠦᠮᠡᠨ ᠬᠣᠨᠢ ᠲᠠᠢ ᠪᠠᠶᠠᠨ ᠬᠥᠮᠦᠨ ᠢ᠋ ᠬᠡᠳᠦᠬᠡᠨ ᠯᠠᠩ ᠮᠥᠩᠭᠥ ᠪᠡᠷ ᠲᠣᠷᠭᠠᠵᠤ᠂ ᠲᠡᠷᠡ ᠬᠥᠭᠡᠷᠦᠬᠦᠢ ᠬᠣᠬᠢᠷᠠᠭᠰᠠᠨ ᠡᠮᠡᠭᠡᠨ ᠢ᠋ ᠳᠡᠩᠳᠡᠭᠦᠦ ᠳᠠᠷᠤᠯᠠᠵᠠᠢ᠃ ᠡᠵᠡᠨ ᠨᠣᠶᠠᠨ ᠨᠢ ᠠᠯᠪᠠᠲᠤ ᠬᠠᠮᠵᠢᠯᠭ᠎ᠠ ᠪᠠᠨ ᠦᠬᠦᠲᠡᠯ᠎ᠡ ᠪᠠᠩᠵᠠᠳᠠᠭᠰᠠᠨ(ᠪᠠᠨᠰᠠᠳᠠᠭᠰᠠᠨ)ᠴᠤ᠌ ᠳᠤᠷ᠎ᠠ ᠨᠢ ᠪᠠᠢᠳᠠᠭ ᠲᠡᠷᠡ ᠡᠵᠡᠷᠬᠡᠭ ᠴᠠᠭ ᠥᠩᠭᠡᠷᠡᠭᠰᠡᠨ ᠪᠢᠰᠢ ᠪᠢᠯᠢᠤ? ᠭᠡᠵᠦ ᠮᠠᠯᠴᠢᠨ ᠠᠷᠠᠳ ᠤ᠋ᠳ ᠬᠣᠷᠣᠰᠤᠨ ᠬᠡᠯᠡᠯᠴᠡᠵᠦ ᠪᠢᠯᠡ᠃
ᠨᠠᠮ ᠡᠪᠯᠡᠯ ᠦ᠋ᠨ ᠡᠭᠦᠷ ᠡᠴᠡ ᡀᠠ ᠪᠡᠢᠯᠡ ᠶ᠋ᠢᠨ ᠲᠡᠷᠡ ᠰᠢᠳᠤᠷᠭᠤ ᠦᠭᠡᠢ ᠲᠣᠭᠲᠠᠭᠠᠯ ᠢ᠋ ᠡᠰᠡᠷᠭᠦᠴᠡᠵᠦ ᠳᠠᠬᠢᠨ ᠬᠡᠯᠡᠯᠴᠡᠬᠦ ᠶ᠋ᠢ ᠡᠷᠢᠭᠰᠡᠨ ᠳ᠋ᠦ᠍᠂ ᡀᠠ ᠪᠡᠢᠯᠡ ᠪᠡᠶ᠎ᠡ ᠪᠡᠨ ᠬᠠᠷᠢᠶᠠᠲᠤ ᠠᠢᠮᠠᠭ ᠢ᠋ᠶ᠋ᠠᠷ ᠪᠠᠷᠠᠬᠤ ᠦᠭᠡᠢ᠂ ᠶᠡᠬᠡ ᠬᠦᠷᠢᠶᠡᠨ ᠳ᠋ᠦ᠍ ᠬᠦᠷᠲᠡᠯ᠎ᠡ ᠳᠡᠭᠡᠭᠦᠷ ᠨᠢᠭᠤᠷ ᠲᠠᠢ᠂ ᠡᠷᠬᠢᠮ ᠲᠤᠰᠢᠶᠠᠯᠲᠠᠢ ᠨᠣᠶᠠᠳ ᠲᠦᠰᠢᠮᠡᠳ ᠲᠦ᠍ ᠲᠠᠯ᠎ᠠ ᠲᠠᠢ ᠭᠡᠵᠦ ᠪᠣᠳᠣᠭᠠᠳ᠂ ᠪᠠᠰᠠ ᠲᠡᠷᠡ ᠡᠷᠬᠢᠮ ᠦ᠋ᠳ᠂ ᠮᠢᠨᠦ ᠨᠢᠭᠡᠨ ᠠᠳᠠᠯᠢ ᠰᠡᠳᠬᠢᠯ ᠲᠡᠢ ᠪᠣᠢ ᠵᠠ᠃ ᠬᠣᠰᠢᠭᠤ ᠳᠠᠶᠠᠭᠠᠷ ᠲᠡᠷᠢᠭᠦᠨ ᠪᠠᠶᠠᠨ᠂ ᠡᠷᠬᠢᠮ ᠬᠥᠮᠦᠨ ᠢ᠋ ᠥᠴᠦᠬᠡᠨ ᠮᠠᠭᠤ ᠭᠤᠢᠯᠢᠨᠴᠢᠨ ᠬᠦᠦ ᠶ᠋ᠢ ᠦᠬᠦᠭᠦᠯᠦᠭᠰᠡᠨ ᠦ᠌ ᠲᠥᠯᠥᠭᠡ ᠶᠡᠬᠡ ᠬᠦᠨᠳᠦ ᠶᠠᠯ᠎ᠠ ᠬᠡᠯᠡᠯᠴᠡᠬᠦ ᠦᠭᠡᠢ ᠨᠢ ᠮᠠᠭᠠᠳ᠃ ᠲᠡᠷᠡ ᠭᠤᠢᠯᠢᠨᠴᠢᠨ ᠰᠢᠭ᠋ ᠬᠥᠮᠦᠨ ᠦᠢ ᠲᠦᠮᠡ᠃ ᠲᠡᠷᠡ ᠪᠦᠷᠢ ᠶ᠋ᠢᠨ ᠲᠥᠯᠥᠭᠡ ᠲᠣᠮᠣᠭᠠᠲᠠᠢ ᠡᠷᠬᠢᠮ ᠬᠥᠮᠦᠨ ᠢ᠋ ᠲᠦᠢᠪᠡᠭᠡᠵᠦ ᠶᠠᠭᠠᠬᠢᠨ ᠪᠣᠯᠬᠤ ᠠᠵᠢ ᠭᠡᠵᠦ ᠪᠣᠳᠣᠭᠠᠳ᠂ ᠡᠭᠦᠷ ᠡᠴᠡ ᠢᠷᠡᠭᠦᠯᠦᠭᠰᠡᠨ ᠰᠠᠨᠠᠯ ᠢ᠋ ᠬᠡᠷᠡᠭᠰᠡᠬᠦ ᠦᠭᠡᠢ ᠪᠣᠯᠭᠠᠵᠤ᠂ ᠮᠢᠨᠦ ᠪᠡᠶ᠎ᠡ ᠠᠯᠪᠠᠨ ᠬᠡᠷᠡᠭ ᠢ᠋ ᠰᠢᠢᠳᠬᠡᠬᠦ ᠳ᠋ᠡᠭᠡᠨ(ᠳ᠋ᠦ᠍ ᠪᠡᠨ)ᠬᠥᠨᠳᠡᠯᠡᠨ ᠡᠴᠡ ᠵᠥᠪᠯᠡᠨ ᠵᠢᠭᠠᠪᠤᠷᠢᠯᠠᠬᠤ ᠶ᠋ᠢ ᠬᠡᠷᠡᠭᠰᠡᠬᠦ ᠦᠭᠡᠢ᠂ ᠲᠥᠪᠯᠡᠨ ᠤᠳᠤᠷᠢᠳᠬᠤ ᠶᠣᠰᠣᠭᠠᠷ ᠬᠠᠷᠢᠶᠠᠲᠤ ᠠᠢᠮᠠᠭ ᠤ᠋ᠨ ᠶᠠᠮᠤᠨ ᠤ᠋ ᠳᠠᠷᠤᠭ᠎ᠠ᠂ ᠨᠡᠢᠰᠯᠡᠯ ᠳ᠋ᠡᠬᠢ ᠳᠣᠲᠣᠭᠠᠳᠤ ᠶᠠᠪᠤᠳᠠᠯ ᠤ᠋ᠨ ᠶᠠᠮᠤᠨ ᠤ᠋ ᠰᠠᠢᠳ ᠲᠤ᠌ ᠵᠠᠬᠢᠷᠤᠭᠳᠠᠬᠤ ᠠ᠋ᠴᠠ ᠪᠢᠰᠢ᠂ ᠨᠠᠮ ᠡᠪᠯᠡᠯ ᠦ᠋ᠨ ᠡᠭᠦᠷ ᠲᠦ᠍ ᠵᠠᠬᠢᠷᠤᠭᠳᠠᠬᠤ ᠦᠭᠡᠢ ᠭᠡᠵᠦ ᠡᠷᠡᠰ ᠲᠠᠲᠠᠭᠠᠯᠵᠠᠵᠠᠢ᠃
ᠡᠭᠦᠨ ᠳ᠋ᠦ᠍ ᡀᠠ ᠪᠡᠢᠯᠡ ᠶ᠋ᠢᠨ ᠳᠣᠲᠣᠷ᠎ᠠ ᠪᠠᠨ ᠪᠢᠲᠡᠭᠦᠦ ᠪᠡᠷ ᠭᠣᠷᠢᠳᠠᠵᠤ ᠪᠠᠢᠭᠰᠠᠨ ᠨᠢ᠄ ᠮᠥᠨ ᠣᠨ᠂ ᠠᠷᠭ᠎ᠠ ᠶ᠋ᠢᠨ ᠤᠯᠠᠷᠢᠯ ᠤ᠋ᠨ ᠬᠣᠶᠠᠳᠤᠭᠠᠷ ᠰᠠᠷ᠎ᠠ ᠳ᠋ᠤ᠌ ᠰᠦᠬᠡᠪᠠᠭᠠᠲᠤᠷ ᠨᠠᠰᠤ ᠪᠠᠷᠠᠭᠰᠠᠨ ᠤᠴᠢᠷ᠂ ᠳᠠᠷᠤᠢ ᠠᠦ᠋ᠲ᠋ᠣᠨᠣᠮᠢᠲᠤ ᠶ᠋ᠢᠨ ᠦᠶ᠎ᠡ ᠶ᠋ᠢᠨ ᠵᠠᠰᠠᠭ ᠢ᠋ ᠳᠠᠬᠢᠨ ᠪᠣᠰᠬᠠᠬᠤ ᠲᠡᠰᠢ(ᠲᠠᠢᠰᠢ)ᠬᠠᠨᠳᠤᠵᠤ᠂ ᠪᠣᠭᠳᠠ ᠡᠵᠡᠨ ᠬᠠᠭᠠᠨ ᠤ᠋ ᠡᠷᠬᠡ ᠶ᠋ᠢ ᠬᠡᠮᠵᠢᠶᠡᠲᠦ ᠪᠣᠯᠭᠠᠭᠰᠠᠨ ᠢ᠋ ᠳᠠᠬᠢᠨ ᠬᠡᠮᠵᠢᠶ᠎ᠡ ᠦᠭᠡᠢ ᠡᠷᠬᠡᠲᠦ ᠪᠣᠯᠭᠠᠭᠠᠳ᠂ ᠠᠷᠢᠭᠤᠨ ᠱᠠᠰᠢᠨ ᠲᠥᠷᠥ ᠶ᠋ᠢ ᠬᠣᠣᠰᠯᠠᠨ ᠪᠠᠷᠢᠭᠴᠢ ᠨᠠᠷᠠᠨ ᠭᠡᠷᠡᠯᠲᠦ ᠪᠣᠭᠳᠠ ᠬᠠᠭᠠᠨ ᠴᠢᠩᠭᠢᠰ ᠦ᠋ᠨ ᠠᠯᠲᠠᠨ ᠤᠷᠤᠭ ᠤ᠋ᠨ ᠡᠷᠬᠢᠮ ᠪᠤᠶᠠᠨᠲᠠᠨ ᠨᠣᠶᠠᠳ ᠲᠤ᠌ ᠤᠷᠢᠳᠤ ᠠᠳᠠᠯᠢ ᠲᠦᠭᠡᠮᠡᠯ ᠶᠡᠬᠡ ᠥᠷᠥᠰᠢᠶᠡᠯ ᠬᠡᠰᠢᠭ ᠢ᠋ᠶ᠋ᠡᠨ ᠬᠦᠷᠲᠡᠭᠡᠨ ᠭᠡᠢᠭᠦᠯᠬᠦ ᠴᠠᠭ ᠢᠷᠡᠬᠦ ᠪᠣᠢ ᠵᠠ᠃ ᠭᠠᠮᠢᠩ ᠢ᠋ ᠨᠡᠢᠲᠡ ᠶ᠋ᠢᠨ ᠬᠦᠴᠦ ᠪᠡᠷ ᠬᠥᠭᠡᠭᠡᠨ ᠵᠠᠢᠯᠠᠭᠤᠯᠵᠤ᠂ ᠭᠠᠵᠠᠷ ᠣᠷᠣᠨ ᠢ᠋ ᠠᠷᠢᠭᠤᠳᠬᠠᠬᠤ ᠶ᠋ᠢᠨ ᠤᠴᠢᠷ᠂ ᠮᠤᠬᠤᠷ ᠲᠣᠯᠣᠭᠠᠢᠲᠠᠨ ᠲᠠᠢ ᠲᠦᠷ ᠨᠡᠢᠯᠡᠭᠰᠡᠨ ᠬᠥᠮᠦᠨ᠂ ᠳᠡᠭᠡᠭᠦᠷ ᠴᠦ᠍ ᠪᠣᠢ᠂ ᠠᠷᠠᠳ ᠤ᠋ᠨ ᠨᠠᠮ ᠤ᠋ᠨ ᠬᠢᠨ ᠦ᠌ ᠳᠤᠮᠳᠠ ᠴᠤ᠌ ᠪᠣᠢ᠃ ᠶᠡᠷᠦ᠂ ᠪᠣᠭᠳᠠ ᠬᠠᠭᠠᠨ ᠤ᠋ ᠦᠨᠡᠨ ᠰᠢᠳᠤᠷᠭᠤ ᠱᠠᠪᠢ ᠪᠣᠭᠣᠯ ᠤ᠋ᠨ ᠵᠠᠮ ᠨᠢ ᠠᠯᠤᠰ ᠲᠠᠭᠠᠨ( ᠲᠤ ᠪᠠᠨ) ᠮᠤᠬᠤᠷ ᠲᠣᠯᠣᠭᠠᠢᠲᠠᠨ ᠤ᠋ ᠵᠠᠮ ᠲᠠᠢ ᠵᠥᠷᠢᠬᠦ ᠶᠣᠰᠣᠲᠠᠢ᠃ ᠣᠳᠣ ᠰᠦᠬᠡᠪᠠᠭᠠᠲᠤᠷ ᠠ᠋ᠴᠠ ᠬᠣᠢᠰᠢ ᠭᠠᠭᠴᠠ ᠴᠣᠢᠪᠠᠯᠰᠠᠩ ᠥᠷᠥᠭᠡᠰᠦᠨ ᠳᠤᠭᠤᠢ ᠦᠭᠡᠢ ᠲᠡᠷᠭᠡ ᠰᠢᠭ᠂ ᠶᠠᠭᠠᠬᠢᠨ ᠬᠣᠯᠠ ᠶᠠᠪᠤᠬᠤ ᠠᠵᠢ ᠭᠡᠵᠦ ᠨᠣᠶᠠᠳ ᠬᠤᠲᠤᠭᠲᠤ ᠨᠠᠷ ᠤ᠋ᠨ ᠰᠠᠢᠨ ᠴᠠᠭ ᠢᠷᠡᠬᠦ ᠪᠢᠵᠡ ᠭᠡᠵᠦ ᠭᠣᠷᠢᠯᠠᠨ ᠬᠦᠯᠢᠶᠡᠵᠦ᠂ ᡀᠠ ᠪᠡᠢᠯᠡ ᠵᠣᠷᠢᠭ ᠣᠷᠣᠵᠤ ᠨᠡᠯᠢᠶᠡᠳ ᠵᠢᠷᠦᠬᠡᠲᠡᠢ ᠪᠣᠯᠤᠭᠰᠠᠨ ᠪᠠᠢᠵᠠᠢ᠃
ᠭᠡᠨᠡᠳᠲᠡ ᠬᠠᠷᠢᠶᠠᠲᠤ ᠬᠤᠰᠢᠭᠤᠨ ᠤ᠋ ᠪᠦᠬᠦ ᠳᠥᠷᠪᠡᠨ ᠰᠤᠮᠤᠨ ᠠ᠋ᠴᠠ ᠳᠣᠪᠲᠣᠯᠭᠠᠨ ᠢᠷᠡᠭᠰᠡᠨ ᠮᠡᠳᠡᠭᠡ ᠶ᠋ᠢ ᠦᠵᠡᠭᠡᠳ᠂ ᠭᠡᠭᠡᠨ ᠴᠠᠭᠠᠨ ᠡᠳᠦᠷ ᠠᠶᠤᠩᠭ᠎ᠠ ᠨᠢᠷᠭᠡᠭᠰᠡᠨ ᠮᠡᠲᠦ᠂ ᡀᠠ ᠪᠡᠢᠯᠡ ᠶ᠋ᠢᠨ ᠳᠣᠲᠣᠷ᠎ᠠ ᠫᠠᠯ ᠬᠢᠵᠦ᠂ ᠤᠷᠮ᠎ᠠ ᠴᠠᠷᠳᠠᠭᠤᠯ ᠨᠢ ᠬᠤᠭᠤᠷᠠᠵᠠᠢ᠃ ᠲᠤᠰ ᠬᠤᠰᠢᠭᠤᠨ ᠤ᠋ ᠳᠥᠷᠪᠡᠨ ᠰᠤᠮᠤᠨ ᠤ᠋ ᠠᠷᠠᠳ ᠣᠯᠠᠨ ᠴᠥᠮ ᠲᠥᠪ ᠵᠠᠰᠠᠭ ᠤ᠋ᠨ ᠭᠠᠵᠠᠷ ᠠ᠋ᠴᠠ ᠵᠠᠷᠯᠠᠭᠰᠠᠨ᠂ ᠣᠷᠣᠨ ᠨᠤᠲᠤᠭ ᠤ᠋ᠨ ᠵᠠᠬᠢᠷᠭᠠᠨ ᠤ᠋ ᠰᠢᠨ᠎ᠡ ᠳᠦᠷᠢᠮ ᠦ᠋ᠨ 25 ᠳ᠋ᠤᠭᠠᠷ ᠵᠦᠢᠯ ᠦ᠋ᠨ ᠶᠣᠰᠣᠭᠠᠷ᠂ ᠲᠣᠭᠲᠠᠮᠠᠯ ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠬᠤᠰᠢᠭᠤᠨ ᠤ᠋ ᠬᠤᠷᠠᠯ ᠬᠤᠷᠠᠯᠳᠤᠭᠤᠯᠬᠤ ᠬᠤᠭᠤᠴᠠᠭᠠᠨ ᠠ᠋ᠴᠠ ᠨᠠᠭᠠᠨ᠎ᠠ᠂ ᠡᠳᠦᠷ ᠬᠣᠨᠣᠭ ᠬᠣᠢᠰᠢ ᠳᠦᠯᠬᠢᠯ ᠦᠭᠡᠢ᠂ ᠴᠠᠭ ᠵᠠᠭᠤᠷ᠎ᠠ ᠶ᠋ᠢᠨ ᠬᠤᠷᠠᠯ ᠬᠤᠷᠠᠯᠳᠤᠭᠤᠯᠬᠤ ᠬᠦᠰᠡᠯ ᠭᠠᠷᠭᠠᠵᠤ᠂ ᠲᠥᠯᠥᠭᠡᠯᠡᠭᠴᠢᠳ ᠢ᠋ ᠲᠣᠮᠢᠯᠠᠨ ᠪᠣᠢ ᠶ᠋ᠢᠨ ᠮᠡᠳᠡᠭᠡ᠂ ᠰᠢᠪᠠᠭᠤ ᠵᠢᠷᠤᠵᠤ《ᠨᠢᠰ᠂ ᠨᠢᠰ》 ᠭᠡᠵᠦ ᠶᠠᠭᠠᠷᠠᠯᠲᠠᠢ ᠪᠠᠢᠳᠠᠯ ᠢ᠋ ᠢᠯᠡᠳᠬᠡᠨ ᠪᠢᠴᠢᠭᠰᠡᠨ ᠲᠣᠭᠳᠣᠢ ᠳ᠋ᠤ᠌ ᠠᠭᠤᠯᠤᠨ ᠡᠯᠴᠢ ᠳᠣᠪᠲᠣᠯᠭᠠᠵᠤ ᠢᠷᠡᠭᠦᠯᠦᠭᠰᠡᠨ ᠢ᠋ ᠨᠡᠭᠡᠭᠡᠨ ᠦᠵᠡᠭᠡᠳ᠂ ᡀᠠ ᠪᠡᠢᠯᠡ᠂ ᠵᠠ ᠳᠠ᠂ ᠪᠠᠰᠤᠭᠰᠠᠨ ᠡᠪᠡᠰᠦ ᠪᠥᠭᠰᠡ ᠬᠠᠳᠬᠤᠳᠠᠭ ᠭᠡᠵᠦ ᠬᠡᠷᠡᠭ ᠪᠢᠰᠢ ᠪᠣᠯᠬᠤ ᠶ᠋ᠢᠨ ᠰᠢᠨᠵᠢ ᠴᠤᠬᠤᠢᠪᠠ ᠭᠡᠵᠦ ᠪᠣᠳᠣᠵᠠᠢ᠃
ᠬᠣᠰᠢᠭᠤ ᠳᠠᠷᠤᠭ᠎ᠠ ᠬᠥᠭᠰᠢᠨ ᡀᠠ ᠪᠡᠢᠯᠡ᠂ ᠪᠦᠬᠦ ᠳᠥᠷᠪᠡᠨ ᠰᠤᠮᠤᠨ ᠠ᠋ᠴᠠ ᠬᠤᠰᠢᠭᠤᠨ ᠤ᠋ ᠴᠠᠭ ᠵᠠᠭᠤᠷ᠎ᠠ ᠶ᠋ᠢᠨ ᠬᠤᠷᠠᠯ ᠳ᠋ᠤ᠌ ᠰᠣᠩᠭᠣᠨ ᠲᠣᠮᠢᠯᠠᠭᠰᠠᠨ ᠬᠣᠷᠢᠨ ᠲᠥᠯᠥᠭᠡᠯᠡᠭᠴᠢ ᠶ᠋ᠢᠨ ᠮᠡᠳᠡᠭᠡ ᠶ᠋ᠢ ᠦᠵᠡᠭᠡᠳ ᠨᠡᠩ ᠴᠦ᠍ ᠮᠡᠬᠡᠢᠷᠡᠨ ᠬᠤᠯᠴᠢᠢᠵᠤ᠂ ᠥᠨᠥᠬᠢ ᠰᠠᠭᠰᠠᠢᠵᠤ ᠪᠠᠢᠭᠰᠠᠨ ᠣᠮᠣᠭ ᠲᠠᠢ ᠪᠠᠢᠳᠠᠯ ᠠᠯᠢ ᠬᠡᠳᠦᠢᠨ ᠠᠯᠠᠭ᠎ᠠ ᠪᠣᠯᠵᠤ ᠳᠣᠲᠣᠷ᠎ᠠ ᠮᠠᠰᠢ ᠪᠤᠬᠢᠨᠢᠳᠤᠯᠠ᠃ ᠲᠥᠯᠥᠭᠡᠯᠡᠭᠴᠢ ᠶ᠋ᠢᠨ ᠪᠠᠢᠳᠠᠯ ᠢ᠋ ᠦᠵᠡᠪᠡᠯ᠂ ᠪᠦᠬᠦ ᠳᠥᠷᠪᠡᠨ ᠬᠤᠰᠢᠭᠤᠨ ᠠ᠋ᠴᠠ ᠬᠣᠶᠠᠷᠬᠠᠨ ᠲᠠᠢᠵᠢ ᠣᠷᠣᠯᠴᠠᠭᠰᠠᠨ ᠨᠢ᠂ ᠲᠡᠷᠡ ᠮᠥᠷᠲᠡᠭᠡᠨ ᠪᠠᠰᠠ ᠥᠨᠥᠬᠢ ᠤᠷᠰᠢᠭᠲᠤ ᠴᠢᠯᠠᠭᠤᠨ ᠤ᠋ ᠦᠭᠡ ᠪᠡᠷ ᠵᠢᠩᠰᠡ ᠤᠲᠤᠭ᠎ᠠ ᠪᠠᠨ ᠠᠪᠴᠤ ᠬᠠᠶᠠᠭᠰᠠᠨ ᠲᠠᠢᠵᠢ ᠠᠵᠢ᠃ ᠪᠤᠰᠤᠳ ᠲᠥᠯᠥᠭᠡᠯᠡᠭᠴᠢ ᠡᠴᠡ ᠳᠥᠷᠪᠡ ᠨᠢ ᠠᠷᠠᠳ ᠤ᠋ᠨ ᠨᠠᠮ ᠤ᠋ᠨ ᠭᠡᠰᠢᠭᠦᠨ᠂ ᠵᠢᠷᠭᠤᠭ᠎ᠠ ᠨᠢ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠭᠡᠰᠢᠭᠦᠨ ᠠᠵᠢ᠃
ᠡᠨᠡ ᠪᠠᠢᠳᠠᠯ ᠢ᠋ ᠮᠡᠳᠡᠭᠡᠨ ᠡᠴᠡ ᠣᠯᠵᠤ ᠦᠵᠡᠮᠡᠭᠴᠡ᠂ ᠪᠤᠬᠢᠨᠢᠳᠤᠭᠰᠠᠨ ᠨᠣᠶᠠᠨᠲᠠᠨ ᠪᠡᠶ᠎ᠡ ᠡᠪᠡᠳᠴᠢᠨ ᠲᠡᠢ ᠭᠡᠵᠦ ᠰᠢᠯᠲᠠᠭ ᠵᠢᠭᠠᠵᠤ᠂ ᠬᠣᠰᠢᠭᠤ ᠬᠡᠢᠳ ᠳᠠᠬᠢ ᠡᠪᠦᠯᠵᠢᠬᠦ ᠬᠠᠰᠢᠶᠠᠨ ᠳ᠋ᠠᠭᠠᠨ( ᠳ᠋ᠤ᠌ ᠪᠠᠨ) ᠬᠥᠯ ᠬᠣᠷᠢᠵᠤ ᠰᠠᠭᠤᠭᠠᠳ᠂ ᠨᠣᠶᠠᠨ ᠤ᠋ ᠥᠷᠥᠭᠡ ᠪᠡᠷ ᠭᠠᠭᠴᠠ ᠬᠦ᠌ ᠵᠢᠷᠤᠬᠠᠢᠴᠢ ᠭᠦᠷᠢᠮᠴᠢ ᠨᠠᠷ᠂ ᠬᠡᠢᠳ ᠲᠦ᠍ ᠣᠯᠠᠨ ᠱᠠᠪᠢ ᠲᠠᠢ᠂ ᠬᠥᠳᠡᠭᠡ ᠨᠤᠲᠤᠭ ᠢ᠋ᠶ᠋ᠠᠷ ᠮᠥᠨ ᠡᠳᠦᠢ ᠲᠡᠳᠦᠢ ᠮᠤᠬᠤᠷ ᠰᠦᠰᠦᠭᠲᠡᠨ ᠣᠯᠠᠨ ᠬᠥᠮᠦᠨ ᠦ᠌ ᠪᠠᠭᠰᠢ ᠭᠡᠵᠦ ᠳᠡᠭᠡᠷ᠎ᠡ ᠨᠢ ᠰᠠᠭᠤᠵᠤ ᠳᠡᠭᠡᠵᠢ ᠶ᠋ᠢ ᠨᠢ ᠢᠳᠡᠵᠦ᠂ ᠠᠯᠬᠤᠬᠤ ᠪᠦᠷᠢ ᠳ᠋ᠦ᠍ᠨᠢ( ᠳ᠋ᠦ᠍ ᠨᠢ) ᠠᠷᠭ᠎ᠠ ᠤᠬᠠᠭᠠᠨ ᠵᠢᠭᠠᠳᠠᠭ ᠨᠥᠯᠥᠭᠡ ᠲᠡᠢ ᠯᠠᠮᠠ ᠨᠠᠷ ᠦᠷᠭᠦᠯᠵᠢ ᠶᠠᠪᠤᠳᠠᠭ ᠪᠣᠯᠵᠠᠢ᠃
ᠨᠣᠶᠠᠨ ᠤ᠋ ᠬᠣᠰᠢᠭᠤ ᠬᠡᠢᠳ ᠲᠦ᠍᠂ ᠡᠳᠦᠷ ᠰᠥᠨᠢ ᠦᠭᠡᠢ ᠪᠦᠷᠢᠶ᠎ᠡ ᠪᠢᠰᠬᠢᠭᠦᠷ᠂ ᠴᠠᠩ ᠬᠡᠩᠭᠡᠷᠭᠡ ᠨᠢᠵᠢᠭᠢᠨᠡᠨ ᠫᠠᠵᠢᠭᠢᠨᠠᠵᠤ᠂ ᠵᠠᠰᠠᠭ ᠳᠠᠷᠤᠭ᠎ᠠ ᠶ᠋ᠢᠨ ᠪᠤᠶᠠᠨ ᠬᠡᠰᠢᠭ ᠳᠡᠯᠭᠡᠷᠡᠵᠦ᠂ ᠱᠠᠪᠳᠠᠩ ᠪᠠᠲᠤᠳᠬᠠᠬᠤ ᠶ᠋ᠢᠨ ᠤᠴᠢᠷ ᠨᠣᠮ ᠤᠩᠰᠢᠵᠤ᠂ ᠨᠣᠶᠠᠨ ᠤ᠋ ᠳᠠᠢᠰᠤᠨ᠂ ᠠᠯᠢᠪᠠ ᠬᠣᠣᠷᠲᠠᠨ ᠲᠣᠳᠬᠠᠷ ᠵᠡᠳᠬᠡᠷ ᠢ᠋ ᠳᠠᠷᠤᠬᠤ ᠭᠦᠷᠢᠮ ᠬᠢᠵᠦ᠂ ᠰᠤᠷ ᠵᠠᠯᠠᠵᠠᠭᠠᠨ ᠪᠤᠵᠢᠭᠢᠨᠠᠯᠳᠤᠯᠠ᠃
ᠬᠤᠰᠢᠭᠤᠨ ᠳ᠋ᠠᠬᠢ ᠨᠠᠮ ᠤ᠋ᠨ ᠡᠭᠦᠷ ᠦ᠋ᠨ ᠳᠠᠷᠤᠭ᠎ᠠ ᠫᠠᠷᠲ᠋ᠢᠽᠠᠨ ᠰᠠᠮᠪᠤᠤ᠂ ᠬᠣᠰᠢᠭᠤ ᠬᠡᠢᠳ ᠦ᠋ᠨ ᠯᠠᠮᠠ ᠨᠠᠷ ᡀᠠ ᠪᠡᠢᠯᠡ ᠨᠣᠶᠠᠨᠲᠠᠨ ᠤ᠋ ᠱᠠᠪᠳᠠᠩ ᠪᠠᠲᠤᠳᠴᠤ᠂ ᠥᠰᠢᠶᠡᠲᠡᠨ ᠢ᠋ ᠤᠰᠠᠳᠬᠠᠨ ᠰᠥᠨᠥᠭᠡᠬᠦ ᠲᠤᠬᠠᠢ ᠬᠤᠷᠠᠯ ᠨᠣᠮ ᠬᠢᠵᠦ ᠪᠠᠢᠭ᠎ᠠ ᠶ᠋ᠢ ᠰᠣᠨᠣᠰᠤᠭᠠᠳ᠂ ᠲᠡᠷᠡ ᠵᠢᠯ ᠠᠷᠠᠳ ᠤ᠋ᠨ ᠵᠢᠷᠤᠮᠲᠤ ᠴᠡᠷᠢᠭ ᠢ᠋ ᠠᠩᠬ᠎ᠠ ᠶᠡᠬᠡ ᠬᠦᠷᠢᠶᠡᠨ᠎ᠡ ᠣᠷᠣᠵᠤ ᠢᠷᠡᠬᠦ ᠳ᠋ᠦ᠍ ᠭᠠᠨᠳᠠᠩ ᠬᠦᠷᠢᠶᠡᠨ ᠦ᠌ ᠯᠠᠮᠠ ᠨᠠᠷ ᠢ᠋ ᠬᠤᠷᠠᠯ ᠨᠣᠮ ᠬᠤᠷᠠᠵᠤ᠂《ᠨᠣᠮᠣᠬᠠᠨ ᠪᠣᠷᠣ ᠶ᠋ᠢᠨ》 ᠰᠦᠷ ᠬᠦᠴᠦᠨ ᠢ᠋ ᠳᠠᠯᠳᠠᠭᠤᠷ ᠳᠣᠷᠣᠢᠲᠠᠭᠤᠯᠬᠤ ᠠᠷᠭ᠎ᠠ ᠵᠠᠰᠠᠯ ᠬᠢᠵᠦ᠂ ᠨᠢᠵᠢᠭᠢᠨᠡᠨ ᠫᠠᠵᠢᠭᠢᠨᠠᠵᠤ ᠪᠠᠢᠭᠰᠠᠨ ᠢ᠋ ᠰᠠᠨᠠᠭᠠᠳ ᠡᠨᠡ ᠬᠣᠰᠢᠭᠤ ᠬᠡᠢᠳ ᠦ᠋ᠨ ᠬᠢᠨ᠂ ᡀᠠ ᠪᠡᠢᠯᠡ ᠨᠣᠶᠠᠨ ᠲᠠᠢ ᠪᠠᠨ ᠬᠣᠰᠢᠭᠤ ᠣᠯᠠᠨ ᠤ᠋ ᠴᠠᠭ ᠵᠠᠭᠤᠷ᠎ᠠ ᠶ᠋ᠢᠨ ᠬᠤᠷᠠᠯ ᠠ᠋ᠴᠠ ᠮᠥᠨ ᠴᠦ᠍ ᠰᠦᠷᠳᠡᠨ ᠭᠡᠯᠮᠡᠭᠳᠡᠵᠡᠢ ᠭᠡᠵᠦ ᠢᠨᠢᠶᠡᠳᠦ ᠨᠢ ᠬᠦᠷᠴᠦ ᠪᠢᠯᠡ᠃
— ᠠᠷᠠᠳ ᠣᠯᠠᠨ᠂ ᠬᠣᠰᠢᠭᠤ ᠨᠡᠢᠭᠡᠮ ᠦ᠋ᠨ ᠬᠡᠷᠡᠭ ᠬᠡᠯᠡᠯᠴᠡᠬᠦ ᠭᠡᠵᠦ ᠠᠩᠬ᠎ᠠ ᠤᠳᠠᠭ᠎ᠠ ᠴᠠᠭ ᠵᠠᠭᠤᠷ᠎ᠠ ᠶ᠋ᠢᠨ ᠬᠤᠷᠠᠯ ᠬᠢᠬᠦ ᠭᠡᠵᠦ ᠪᠠᠢᠭ᠎ᠠ ᠡᠭᠦᠨ ᠳ᠋ᠦ᠍᠂ ᠣᠯᠠᠨ ᠲᠥᠯᠥᠭᠡᠯᠡᠭᠴᠢ ᠶ᠋ᠢ ᠭᠠᠵᠠᠷ ᠤᠰᠤ᠂ ᠨᠤᠲᠤᠭ ᠣᠷᠣᠨ ᠤ᠋ ᠪᠦᠷᠢᠨ ᠡᠷᠬᠡᠲᠦ ᠡᠵᠡᠨ ᠪᠣᠯᠤᠭᠰᠠᠨ᠂ ᠠᠷᠠᠳ ᠣᠯᠠᠨ ᠤ᠋ ᠢᠲᠡᠭᠡᠮᠵᠢᠯᠡᠬᠦ ᠡᠷᠬᠢᠮ ᠰᠡᠳᠬᠢᠯ ᠢ᠋ ᠬᠦᠯᠢᠶᠡᠭᠰᠡᠨ ᠬᠥᠮᠦᠨ ᠪᠣᠯᠬᠤ ᠤᠴᠢᠷ᠂ ᠡᠷᠬᠡ ᠦᠭᠡᠢ ᠮᠠᠰᠢ ᠠᠶᠠᠲᠠᠢ ᠰᠠᠢᠬᠠᠨ ᠢ᠋ᠶ᠋ᠠᠷ ᠬᠦᠨᠳᠦᠳᠬᠡᠨ ᠤᠭᠲᠤᠵᠤ᠂ ᠬᠦᠯᠢᠶᠡᠨ ᠠᠪᠤᠪᠠᠯ ᠵᠣᠬᠢᠬᠤ ᠬᠡᠷᠡᠭ ᠭᠡᠵᠦ ᠪᠣᠳᠣᠵᠠᠢ᠃
ᠭᠡᠲᠡᠯ᠎ᠡ᠂ ᡀᠠ ᠪᠡᠢᠯᠡ ᠳᠣᠲᠣᠷ᠎ᠠ ᠪᠠᠨ ᠬᠣᠰᠢᠭᠤ ᠬᠡᠢᠳ ᠦ᠋ᠨ ᠯᠠᠮᠠ ᠨᠠᠷ᠂ ᠪᠠᠭᠰᠢ ᠱᠠᠪᠢ ᠶ᠋ᠢᠨ ᠬᠡᠯᠬᠢᠶ᠎ᠡ ᠵᠢᠷᠤᠮ ᠢ᠋ ᠬᠡᠷᠡᠭᠯᠡᠨ᠂ ᠪᠦᠬᠦ ᠲᠥᠯᠥᠭᠡᠯᠡᠭᠴᠢ ᠶ᠋ᠢ ᠡᠰᠡ ᠴᠢᠳᠠᠪᠠᠴᠤ᠂ ᠶᠠᠳᠠᠬᠤ ᠳ᠋ᠠᠭᠠᠨ( ᠳ᠋ᠤ᠌ ᠪᠠᠨ) ᠶᠡᠬᠡ ᠲᠥᠯᠥᠪ ᠢ᠋ ᠨᠢ ᠦᠭᠡᠨ ᠳ᠋ᠡᠭᠡᠨ ( ᠳ᠋ᠦ᠍ ᠪᠡᠨ) ᠳᠠᠭᠠᠭᠤᠯᠤᠨ ᠣᠷᠣᠭᠤᠯᠵᠤ ᠲᠤᠰᠠᠯᠠᠬᠤ ᠪᠣᠯᠪᠠ ᠤᠤ? ᠭᠡᠵᠦ ᠭᠣᠷᠢᠯᠠᠵᠤ ᠪᠠᠢᠭᠰᠠᠨ ᠤᠴᠢᠷ᠂ ᠲᠥᠯᠥᠭᠡᠯᠡᠭᠴᠢ ᠶ᠋ᠢ ᠬᠣᠰᠢᠭᠤ ᠬᠡᠢᠳ ᠦ᠋ᠨ ᠯᠠᠮᠠ ᠨᠠᠷ ᠢ᠋ᠶ᠋ᠠᠷ ᠬᠤᠪᠢᠶᠠᠨ ᠰᠠᠭᠤᠯᠭᠠᠪᠠᠯ᠂ ᠡᠯᠳᠡᠪ ᠲᠦ᠍ ᠳᠥᠭᠥᠮ ᠲᠡᠢ ᠪᠥᠭᠡᠳ ᠴᠢᠷᠦᠭᠳᠡᠯ ᠪᠠᠭ᠎ᠠ ᠲᠠᠢ ᠪᠣᠯᠤᠨ᠎ᠠ ᠭᠡᠵᠦ ᠵᠢᠳᠬᠦᠪᠡ᠃ ᠡᠪᠦᠭᠡᠨ ᠫᠠᠷᠲ᠋ᠢᠽᠠᠨ ᠲᠡᠷᠡ ᠳᠠᠯᠳᠠᠭᠤᠷ ᠰᠠᠨᠠᠭ᠎ᠠ ᠶᠠᠪᠠᠭᠠᠨ ᠮᠡᠬᠡ ᠶ᠋ᠢ ᠬᠡᠳᠦᠢᠨ ᠮᠡᠳᠡᠭᠡᠳ᠂ ᠬᠤᠰᠢᠭᠤᠨ ᠤ᠋ ᠲᠦᠷ ᠵᠠᠭᠤᠷ᠎ᠠ ᠶ᠋ᠢᠨ ᠬᠤᠷᠠᠯ ᠤ᠋ᠨ ᠲᠥᠯᠥᠭᠡᠯᠡᠭᠴᠢᠳ ᠲᠦ᠍ ᠲᠤᠰᠬᠠᠢᠯᠠᠨ ᠭᠡᠷ ᠪᠠᠷᠢᠵᠤ ᠪᠡᠯᠡᠳᠪᠡᠯ ᠵᠣᠬᠢᠨ᠎ᠠ ᠭᠡᠮᠡᠨ ᠬᠦᠴᠦᠯᠡᠨ ᠱᠠᠭᠠᠷᠳᠠᠭᠰᠠᠭᠠᠷ ᠭᠡᠷ ᠪᠠᠷᠢᠭᠤᠯᠬᠤ ᠪᠣᠯᠵᠠᠢ᠃
ᡀᠠ ᠪᠡᠢᠯᠡ ᠠᠷᠭ᠎ᠠ ᠪᠤᠶᠤ ᠥᠪᠡᠷ ᠦ᠋ᠨ ᠰᠠᠨᠠᠯ ᠢ᠋ᠶ᠋ᠠᠷ ᠪᠣᠯᠭᠠᠬᠤ ᠭᠡᠵᠦ ᠬᠡᠳᠦᠢ ᠵᠢᠳᠬᠦᠶ᠎ᠡ ᠬᠡᠮᠡᠪᠡᠴᠦ᠂ ᠬᠡᠯᠡᠬᠦ ᠦᠭᠡ ᠤᠴᠢᠷ ᠲᠡᠳᠦᠢ ᠯᠡ ᠣᠯᠳᠠᠵᠤ ᠥᠭᠬᠦ ᠦᠭᠡᠢ ᠲᠤᠯᠠ᠂ ᠲᠡᠷᠡ ᠲᠤᠬᠠᠢ ᠨᠠᠢᠷ ᠲᠠᠯᠪᠢᠨ ᠳᠠᠭᠠᠪᠠᠴᠤ᠂ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠴᠠᠭ ᠵᠠᠭᠤᠷ᠎ᠠ ᠶ᠋ᠢᠨ ᠬᠤᠷᠠᠯ ᠬᠦᠷᠲᠡᠯ᠎ᠡ ᠶᠠᠪᠤᠭᠤᠯᠤᠭᠰᠠᠨ ᠬᠡᠷᠡᠭ ᠦ᠋ᠨ ᠠᠢᠯᠠᠳᠬᠠᠯ ᠢ᠋ ᠦᠭᠡ ᠨᠠᠢᠷᠠᠭᠤᠯᠬᠤ ᠬᠡᠴᠡᠭᠦᠦ ᠲᠦᠰᠢᠮᠡᠯ ᠢ᠋ᠶ᠋ᠡᠷ ᠬᠢᠯᠭᠡᠵᠦ᠂ ᠦ ᠰᠥᠯᠳᠡᠰᠦ ᠡᠷᠢᠬᠦ ᠬᠥᠮᠦᠨ ᠳ᠋ᠦ᠍ ᠪᠦᠳᠦᠭᠦᠨ ᠡᠪᠡᠰᠦ ᠪᠠᠭᠲᠠᠬᠤ ᠵᠠᠪᠰᠠᠷ ᠦᠭᠡᠢ ᠠᠢᠯᠠᠳᠬᠠᠯ ᠪᠣᠯᠭᠠᠵᠤ᠂ ᠣᠯᠠᠨ ᠲᠥᠯᠥᠭᠡᠯᠡᠭᠴᠢᠳ ᠦ᠋ᠨ ᠰᠡᠳᠬᠢᠯ ᠰᠠᠨᠠᠭ᠎ᠠ ᠶ᠋ᠢ ᠭᠤᠷᠪᠠᠨ ᠢᠮᠠᠬᠤ ᠦᠯᠦ ᠬᠦᠷᠬᠦ ᠤᠯᠠᠭᠠᠨ ᠬᠡᠯᠡᠨ ᠦ᠌ ᠴᠢᠳᠠᠯ ᠢ᠋ᠶ᠋ᠠᠷ ᠦᠵᠡᠯᠴᠡᠨ ᠳᠠᠭᠠᠭᠤᠯᠰᠤᠭᠠᠢ ᠭᠡᠵᠦ ᠪᠣᠳᠣᠭᠠᠳ᠂ ᠪᠠᠯᠪᠠᠷ ᠬᠤᠷᠴᠠ ᠭᠡᠳᠡᠭ ᠲᠦᠰᠢᠮᠡᠯ ᠢ᠋ ᠳᠠᠭᠤᠳᠠᠨ ᠢᠷᠡᠭᠦᠯᠵᠦ᠂ ᠭᠣᠮᠪᠣ ᠵᠠᠬᠢᠷᠤᠭᠴᠢ ᠲᠠᠢ ᠬᠦᠴᠦᠨ ᠬᠠᠪᠰᠤᠷᠤᠭᠠᠳ᠂ ᠬᠥᠮᠦᠨ ᠠᠮᠢᠲᠠᠨ ᠦᠭᠡᠯᠡᠵᠦ ᠬᠠᠯᠳᠠᠬᠤ ᠶ᠋ᠢᠨ ᠠᠷᠭ᠎ᠠ ᠦᠭᠡᠢ ᠳᠠᠩᠭᠢᠨᠠᠭᠰᠠᠨ ᠰᠠᠢᠬᠠᠨ ᠠᠢᠯᠠᠳᠬᠠᠯ ᠱᠠᠯᠠᠪᠯᠠᠨ ᠬᠢᠲᠦᠭᠡᠢ ᠭᠡᠵᠦ ᠲᠤᠰᠢᠶᠠᠵᠠᠢ᠃
ᠬᠤᠰᠢᠭᠤᠨ ᠤ᠋ ᠬᠣᠶᠠᠷ ᠬᠠᠤᠯᠢᠴᠢ ᠲᠦᠰᠢᠮᠡᠯ ᠢ᠋ ᠥ ᠰᠡᠪ ᠦᠭᠡᠢ ᠠᠢᠯᠠᠳᠬᠠᠯ ᠬᠢᠬᠦ ᠭᠡᠵᠦ ᠬᠠᠭᠤᠴᠢᠨ ᠵᠠᠷᠭᠤᠴᠢ ᠲᠦᠰᠢᠮᠡᠯ ᠦ᠋ᠨ ᠪᠠᠢᠳᠠᠭ ᠴᠢᠳᠠᠯ ᠢ᠋ ᠰᠢᠪᠬᠠᠨ ᠭᠠᠷᠭᠠᠵᠤ ᠪᠠᠢᠬᠤ ᠦᠶᠡᠰ᠂ ᠰᠤᠮᠤᠨ ᠠ᠋ᠴᠠ ᠲᠥᠯᠥᠭᠡᠯᠡᠭᠴᠢ ᠢᠷᠡᠵᠡᠭᠡᠵᠦ ᠡᠬᠢᠯᠡᠯ᠎ᠡ᠃
ᠡᠩ ᠲᠡᠷᠢᠭᠦᠨ ᠳ᠋ᠦ᠍ᠨᠢ( ᠳ᠋ᠦ᠍ ᠨᠢ) ᠲᠤᠩ ᠴᠠᠭᠠᠨ ᠦᠰᠦᠲᠡᠢ ᠪᠤᠭᠤᠷᠤᠯ ᠡᠪᠦᠭᠡᠨ ᠪᠠᠲᠤᠪᠠᠶᠠᠷ᠂ ᠳᠥᠷᠪᠡᠨ ᠨᠥᠬᠥᠷ ᠲᠥᠯᠥᠭᠡᠯᠡᠭᠴᠢ ᠶ᠋ᠢ ᠳᠠᠭᠠᠭᠤᠯᠤᠨ ᠢᠷᠡᠵᠡᠢ᠃ ᠨᠠᠶᠠᠨ ᠨᠠᠰᠤ ᠬᠦᠷᠪᠡᠴᠦ ᠡᠪᠦᠭᠡᠨ ᠦ᠌ ᠪᠡᠶ᠎ᠡ ᠲᠡᠩᠬᠡᠯᠡᠭᠦᠨ᠂ ᠤᠬᠠᠭᠠᠨ ᠰᠠᠷᠠᠭᠤᠯ᠂ ᠪᠠᠢᠳᠠᠯ ᠳᠦᠷᠢ ᠮᠠᠰᠢ ᠵᠢᠪᠬᠤᠯᠠᠩᠲᠠᠢ᠂ ᠵᠢᠰᠦ ᠴᠢᠷᠠᠢ ᠳ᠋ᠤ᠌ ᠰᠠᠢᠬᠠᠨ ᠰᠡᠳᠬᠢᠯᠲᠡᠢ ᠪᠠᠢᠳᠠᠯ ᠨᠢ ᠲᠣᠳᠣᠷᠬᠠᠢ ᠲᠤᠯᠠ ᠦᠵᠡᠭᠰᠡᠨ ᠬᠥᠮᠦᠨ ᠪᠦᠬᠦᠨ ᠪᠠᠬᠠᠳᠤᠮᠤᠢ᠃ ᠲᠠᠭᠠᠯᠴᠠᠨ ᠢᠷᠡᠭᠰᠡᠨ ᠳᠥᠷᠪᠡᠨ ᠨᠥᠬᠥᠳ᠂ ᠡᠪᠦᠭᠡᠨ ᠢ᠋ ᠵᠠᠮ ᠳ᠋ᠤ᠌ ᠪᠡᠶ᠎ᠡ ᠴᠢᠯᠡᠬᠦᠵᠢᠨ ᠭᠡᠵᠦ ᠴᠢᠩ ᠰᠡᠳᠬᠢᠯ ᠡᠴᠡ ᠰᠤᠪᠢᠯᠠᠭᠰᠠᠭᠠᠷ ᠢᠷᠡᠵᠡᠢ᠃ ᠨᠠᠮᠠᠶ᠋ᠢ( ᠨᠠᠮ᠎ᠠ ᠶ᠋ᠢ) ᠳᠣᠭᠣᠯᠠᠩ ᠭᠡᠵᠦ ᠭᠣᠯᠣᠭᠠᠳ᠂ ᠡᠷᠯᠢᠭ ᠦ᠋ᠨ ᠡᠯᠴᠢ ᠬᠡᠳᠦᠢᠨ ᠲᠣᠭᠣᠬᠤ ᠪᠠᠨ ᠪᠠᠢᠵᠠᠢ ᠭᠡᠵᠦ ᠬᠣᠱᠣᠩᠨᠠᠨ ᠶᠠᠷᠢᠳᠠᠭ᠂ ᠵᠤᠭᠠᠲᠠᠢ ᠰᠣᠨᠢᠨ ᠦᠭᠡ ᠲᠡᠢ᠂ ᠬᠥᠬᠢᠭᠦᠨ ᠡᠪᠦᠭᠡᠨ ᠯᠤᠤᠵᠠᠩ ᠳᠠᠭᠠᠯᠳᠤᠭᠠᠪᠠᠷ ᠢᠷᠡᠵᠦ᠂ ᠪᠠᠲᠤᠪᠠᠶᠠᠷ ᠤ᠋ᠨ ᠤᠷᠢᠲᠠᠨ ᠬᠦᠷᠴᠦ ᠢᠷᠡᠭᠰᠡᠨ ᠢ᠋ ᠰᠣᠨᠣᠰᠤᠮᠠᠭᠴᠠ᠂ ᠤᠤᠯ ᠠ᠋ᠴᠠ ᠪᠠ᠊ ᠡᠪᠦᠭᠡᠨ ᠢ᠋ ᠶᠡᠬᠡᠯ᠎ᠡ ᠣᠢᠰᠢᠶᠠᠨ ᠬᠦᠨᠳᠦᠳᠬᠡᠬᠦ ᠲᠤᠯᠠ᠂ ᠶᠠᠭᠠᠷᠠᠨ ᠲᠡᠭᠦᠨ ᠦ᠌ ᠪᠠᠭᠤᠭᠰᠠᠨ ᠭᠡᠷ ᠲᠦ᠍ ᠠᠮᠤᠷ ᠢ᠋ ᠡᠷᠢᠷ᠎ᠡ ᠣᠳᠴᠠᠢ᠃ ᠳᠠᠯᠠᠢᠭᠴᠢ ᠵᠠᠩᠭᠢ ᠴᠢᠯᠠᠭᠤᠨ ᠤ᠋ ᠰᠤᠮᠤᠨ ᠠ᠋ᠴᠠ ᠵᠠᠯᠠᠭᠤᠴᠤᠳ ᠤ᠋ᠨ ᠭᠡᠰᠢᠭᠦᠨ ᠭᠤᠷᠪᠠᠨ ᠬᠥᠮᠦᠨ᠂ ᠴᠢᠯᠠᠭᠤᠨ ᠤ᠋ ᠰᠤᠷᠲᠠᠯ ᠨᠡᠪᠲᠡᠷᠡᠭᠦᠯᠦᠭᠰᠡᠨ ᠢ᠋ ᠣᠢᠰᠢᠶᠠᠨ ᠪᠢᠰᠢᠷᠡᠵᠦ᠂ ᠵᠢᠩᠰᠡ ᠤᠲᠤᠭ᠎ᠠ ᠪᠠᠨ ᠠᠪᠤᠭᠰᠠᠨ ᠬᠣᠩᠭᠣᠷ ᠴᠠᠭᠠᠨ ᠰᠡᠳᠬᠢᠯ ᠲᠡᠢ ᠬᠣᠶᠠᠷ ᠡᠪᠦᠭᠡᠨ ᠲᠠᠢᠵᠢ ᠢᠷᠡᠪᠡ᠃ ᠭᠣᠪᠢ ᠰᠤᠮᠤᠨ ᠠ᠋ᠴᠠ ᠢᠷᠡᠭᠰᠡᠨ ᠲᠥᠯᠥᠭᠡᠯᠡᠭᠴᠢᠳ ᠦ᠋ᠨ ᠪᠦᠷᠢᠯᠳᠦᠬᠦᠨ ᠳ᠋ᠦ᠍ ᠰᠢᠷᠴᠢᠨ ᠢᠷᠡᠯᠴᠡᠭᠰᠡᠨ ᠨᠢ ᠪᠠᠲᠤᠪᠠᠶᠠᠷ ᠡᠪᠦᠭᠡ᠂ ᠬᠤᠰᠢᠭᠤᠨ ᠤ᠋ ᠬᠤᠷᠠᠯ ᠳ᠋ᠤ᠌ ᠢᠷᠡᠭᠰᠡᠨ ᠴᠢᠮᠡᠭᠡ ᠰᠣᠨᠣᠰᠤᠮᠠᠭᠴᠠ᠂ ᠲᠡᠰᠬᠡᠯ ᠦᠭᠡᠢ ᠪᠠᠶᠠᠷᠯᠠᠵᠠᠢ᠃
ᠬᠤᠰᠢᠭᠤᠨ ᠤ᠋ ᠬᠤᠷᠠᠯ ᠢ᠋ ᠲᠠᠮᠠᠭ᠎ᠠ ᠶ᠋ᠢᠨ ᠭᠠᠵᠠᠷ ᠤ᠋ᠨ ᠲᠣᠮᠣ ᠭᠡᠷ ᠲᠦ᠍ ᠬᠤᠷᠠᠯᠳᠤᠭᠤᠯᠪᠠ᠃ ᡀᠠ ᠪᠡᠢᠯᠡ ᠶ᠋ᠢᠨ ᠬᠤᠰᠢᠭᠤᠨ ᠤ᠋ ᠪᠦᠬᠦ ᠳᠥᠷᠪᠡᠨ ᠰᠤᠮᠤᠨ ᠠ᠋ᠴᠠ ᠬᠤᠷᠠᠯᠳᠤᠷᠠ ᠢᠷᠡᠭᠰᠡᠨ ᠬᠣᠷᠢᠨ ᠲᠥᠯᠥᠭᠡᠯᠡᠭᠴᠢ᠂ ᠭᠡᠷ ᠦ᠋ᠨ ᠵᠡᠭᠦᠨ ᠪᠠᠷᠠᠭᠤᠨ ᠬᠣᠶᠠᠷ ᠡᠲᠡᠭᠡᠳ ᠲᠦ᠍ ᠮᠠᠰᠢ ᠲᠥᠪ ᠪᠠᠢᠳᠠᠯ ᠢ᠋ᠶ᠋ᠠᠷ ᠰᠠᠭᠤᠭᠠᠳ᠂ ᡀᠠ ᠪᠡᠢᠯᠡ ᠶ᠋ᠢ ᠬᠣᠰᠢᠭᠤ ᠬᠤᠷᠠᠯ ᠨᠡᠭᠡᠭᠡᠵᠦ ᠦᠭᠡ ᠬᠡᠯᠡᠬᠦ ᠳ᠋ᠡᠭᠡᠨ( ᠳ᠋ᠦ᠍ ᠪᠡᠨ)᠂ ᠡᠷᠲᠡᠨ ᠦ᠌ ᠤᠯᠠᠮᠵᠢᠯᠠᠯ ᠢ᠋ᠶ᠋ᠠᠷ ᠮᠠᠯᠠᠭᠠᠢ ᠡᠮᠦᠰᠬᠦ ᠳ᠋ᠦ᠍ ᠣᠯᠠᠨ ᠲᠥᠯᠥᠭᠡᠯᠡᠭᠴᠢ ᠵᠡᠷᠭᠡᠪᠡᠷ ᠮᠠᠯᠠᠭᠠᠢ ᠪᠠᠨ ᠡᠮᠦᠰᠴᠡᠢ᠃ ᠤᠷᠢᠳᠤ ᠨᠣᠶᠠᠳ ᠲᠦᠰᠢᠮᠡᠳ ᠡᠴᠡ ᠠᠶᠤᠨ ᠡᠮᠢᠶᠡᠵᠦ ᠣᠷᠣᠳᠠᠭ ᠬᠣᠰᠢᠭᠤ ᠲᠠᠮᠠᠭ᠎ᠠ ᠶ᠋ᠢᠨ ᠲᠣᠮᠣ ᠭᠡᠷ ᠲᠦ᠍᠂ ᠠᠩᠬ᠎ᠠ ᠤᠳᠠᠭ᠎ᠠ ᠬᠣᠰᠢᠭᠤ ᠣᠯᠠᠨ ᠢ᠋ ᠲᠥᠯᠥᠭᠡᠯᠡᠨ ᠬᠤᠷᠠᠯᠳᠤᠵᠤ ᠪᠠᠢᠭ᠎ᠠ ᠣᠯᠠᠩᠬᠢ ᠲᠥᠯᠥᠭᠡᠯᠡᠭᠴᠢ ᠶ᠋ᠢᠨ ᠵᠢᠰᠦ ᠴᠢᠷᠠᠢ ᠶ᠋ᠢ ᠦᠵᠡᠪᠡᠯ᠂ ᠶᠠᠩᠵᠤ ᠶᠠᠩᠵᠤ ᠶ᠋ᠢᠨ ᠰᠡᠳᠬᠢᠯ ᠬᠣᠯᠢᠴᠠᠯᠳᠤᠨ ᠲᠥᠷᠥᠵᠦ ᠪᠠᠢᠭ᠎ᠠ ᠪᠠᠢᠳᠠᠯ ᠢᠯᠡᠳᠲᠡ ᠮᠡᠳᠡᠭᠳᠡᠮ᠎ᠡ ᠠᠵᠢ᠃
ᠭᠤᠷᠪᠠ ᠳᠦᠷᠪᠡᠭᠡᠨ ᠵᠢᠯ ᠦ᠋ᠨ ᠤᠷᠢᠳ ᠦᠷᠭᠦᠭᠡᠨ ᠦ᠌ ᠬᠢᠨᠢ ᠡᠮᠦᠨ᠎ᠡ ᠮᠣᠷᠢᠲᠠᠢ ᠳᠠᠪᠬᠢᠨ ᠭᠠᠷᠪᠠᠯ ᠪᠠᠩᠵᠠᠳᠠᠭᠤᠯᠳᠠᠭ(ᠪᠠᠨᠰᠠᠳᠠᠭᠤᠯᠳᠠᠭ) ᠳᠣᠭᠰᠢᠨ ᠰᠦᠷᠲᠦ ᠨᠣᠶᠠᠨ ᠢ᠋ ᠣᠳᠣ ᠬᠤᠰᠢᠭᠤᠨ ᠤ᠋ ᠲᠥᠯᠥᠭᠡᠯᠡᠭᠴᠢᠳ ᠦ᠋ᠨ ᠬᠤᠷᠠᠯ ᠢ᠋ ᠨᠡᠭᠡᠭᠡᠬᠦ ᠳ᠋ᠡᠭᠡᠨ( ᠳ᠋ᠦ᠍ ᠪᠡᠨ) ᠬᠥᠬᠡ ᠮᠥᠩᠭᠡᠨ ᠲᠩᠷᠢ ᠶ᠋ᠢ ᠲᠠᠬᠢᠵᠤ ᠲᠠᠪᠢᠭᠯᠠᠬᠤ ᠳ᠋ᠤ᠌ ᠬᠣᠵᠢᠭᠢᠷ ᠲᠣᠯᠣᠭᠠᠢ ᠪᠠᠨ ᠦᠵᠡᠭᠦᠯᠵᠦ ᠪᠣᠯᠳᠠᠭ ᠦᠭᠡᠢ᠂ ᠮᠠᠯᠠᠭᠠᠢ ᠪᠠᠨ ᠡᠮᠦᠰᠦᠨ ᠶᠣᠰᠣᠯᠠᠳᠠᠭ ᠲᠠᠢ ᠠᠳᠠᠯᠢ᠂ ᠬᠠᠷᠠᠴᠤ ᠣᠯᠠᠨ ᠲᠥᠯᠥᠭᠡᠯᠡᠭᠴᠢ ᠶ᠋ᠢᠨ ᠡᠮᠦᠨ᠎ᠡ ᠬᠤᠷᠠᠯ ᠢ᠋ ᠨᠡᠭᠡᠭᠡᠵᠦ ᠲᠡᠳᠡᠨ ᠢ᠋ ᠶᠣᠰᠣᠯᠠᠨ ᠮᠠᠯᠠᠭᠠᠢ ᠡᠮᠦᠰᠴᠦ ᠪᠠᠢᠭ᠎ᠠ ᠨᠢ ᠰᠣᠨᠢᠨ ᠰᠠᠢᠬᠠᠨ ᠰᠠᠨᠠᠭᠳᠠᠵᠤ ᠪᠢᠯᠡ᠃ ᠡᠷᠬᠡ ᠶᠠᠩᠪᠠ ᠶᠡᠬᠡᠲᠡᠢ᠂ ᠳᠡᠭᠡᠭᠦᠷ ᠵᠠᠩ ᠲᠠᠢ ᠨᠣᠶᠠᠳ ᠢ᠋ ᠨᠣᠮᠣᠭᠠᠳᠬᠠᠵᠤ᠂ ᠣᠯᠠᠨ ᠤ᠋ ᠲᠥᠯᠥᠭᠡᠯᠡᠭᠴᠢ ᠶ᠋ᠢᠨ ᠡᠮᠦᠨ᠎ᠡ ᠶᠠᠪᠤᠭᠤᠯᠤᠭᠰᠠᠨ ᠬᠡᠷᠡᠭ ᠦ᠋ᠨ ᠠᠢᠯᠠᠳᠬᠠᠯ ᠬᠢᠯᠭᠡᠬᠦ ᠪᠣᠯᠤᠭᠰᠠᠨ᠂ ᠡᠷᠬᠡ ᠴᠢᠯᠥᠭᠡ ᠪᠡᠨ ᠲᠡᠮᠡᠴᠡᠨ ᠣᠯᠵᠤ ᠠᠪᠤᠭᠰᠠᠨ ᠠᠷᠠᠳ ᠲᠦᠮᠡᠨ ᠢ᠋ᠶ᠋ᠡᠨ ᠪᠠᠬᠠᠷᠬᠠᠬᠤ ᠰᠡᠳᠬᠢᠯ ᠲᠥᠷᠥᠵᠦ᠂ ᠪᠠᠰᠠ ᠬᠣᠰᠢᠭᠤ ᠨᠡᠢᠭᠡᠮ ᠢ᠋ ᠵᠠᠬᠢᠷᠬᠤ ᠲᠠᠮᠠᠭ᠎ᠠ ᠶ᠋ᠢᠨ ᠭᠠᠵᠠᠷ᠂ ᠤᠷᠢᠳᠤ ᠡᠵᠡᠷᠬᠡᠭ ᠦ᠋ᠨ ᠦᠶᠡᠰ ᠡᠪᠦᠳᠦᠭ ᠨᠤᠭᠤᠯᠤᠨ ᠠᠶᠤᠵᠤ ᠢᠴᠢᠵᠦ ᠰᠠᠭᠤᠳᠠᠭ ᠬᠥᠮᠦᠨ᠂ ᠣᠳᠣ ᠲᠠᠮᠠᠭ᠎ᠠ ᠶ᠋ᠢᠨ ᠪᠦᠬᠦᠢᠯᠡ ᠶᠠᠪᠤᠭᠤᠯᠤᠭᠰᠠᠨ ᠬᠡᠷᠡᠭ ᠦ᠋ᠨ ᠵᠥᠪ ᠪᠤᠷᠤᠭᠤ ᠶ᠋ᠢ ᠬᠢᠨᠠᠨ ᠦᠵᠡᠬᠦ ᠡᠵᠡᠨ ᠬᠥᠮᠦᠨ ᠦ᠌ ᠶᠣᠰᠣᠭᠠᠷ ᠳᠠᠪᠬᠢᠲᠠᠯ᠎ᠠ ᠲᠠᠪᠠᠲᠠᠢᠬᠠᠨ ᠰᠠᠭᠤᠬᠤ ᠤᠴᠠᠷᠠᠯ ᠲᠡᠭᠦᠰ ᠪᠣᠯᠤᠭᠰᠠᠨ ᠳ᠋ᠠᠭᠠᠨ( ᠳ᠋ᠤ᠌ ᠪᠠᠨ) ᠭᠠᠢᠬᠠᠬᠤ ᠮᠡᠲᠦ ᠪᠥᠭᠡᠳ ᠤᠷᠢᠳᠤ ᠲᠡᠭᠡᠵᠦ ᠦᠵᠡᠭᠡ ᠦᠭᠡᠢ ᠲᠤᠯᠠ᠂ ᠰᠠᠭᠤᠵᠤ ᠪᠠᠷᠢᠬᠤ ᠳ᠋ᠤ᠌ ᠴᠤ᠌ ᠪᠠᠬᠠᠨ ᠳᠠᠰᠤᠭ᠎ᠠ ᠦᠭᠡᠢ ᠡᠪ ᠦᠭᠡᠢ ᠰᠢᠭ ᠰᠠᠨᠠᠭᠳᠠᠵᠤ ᠠᠪᠠᠢ᠃ ᡀᠠ ᠪᠡᠢᠯᠡ᠂ ᠠᠷᠠᠳ ᠤ᠋ᠨ ᠡᠷᠬᠡ ᠶ᠋ᠢ ᠬᠦᠨᠳᠦᠳᠬᠡᠬᠦ ᠲᠤᠢᠯ ᠤ᠋ᠨ ᠰᠠᠨᠠᠭ᠎ᠠ ᠭᠡᠬᠦ ᠵᠡᠷᠭᠡ ᠣᠯᠠᠨ ᠰᠤᠯᠠ ᠦᠭᠡ ᠴᠤᠪᠤᠷᠠᠭᠤᠯᠤᠨ ᠳᠡᠮᠡᠢ ᠯᠡ ᠨᠤᠷᠰᠢᠭᠰᠠᠨ ᠦᠭᠡ ᠶ᠋ᠢᠨ ᠡᠴᠦᠰ ᠲᠦ᠍᠂ ᠲᠤᠰ ᠬᠤᠰᠢᠭᠤᠨ ᠤ᠋ ᠬᠤᠷᠠᠯ ᠤ᠋ᠨ ᠲᠡᠷᠢᠭᠦᠯᠡᠭᠴᠢ ᠰᠣᠩᠭᠣᠨ᠎ᠠ ᠬᠡᠮᠡᠪᠡᠢ᠃ ᠵᠡᠭᠦᠨ ᠬᠣᠢᠨ᠎ᠠ ᠬᠣᠢᠮᠣᠷ ᠲᠤᠰᠢᠶ᠎ᠠ ᠰᠠᠭᠤᠵᠤ ᠪᠠᠢᠭᠰᠠᠨ ᠡᠪᠦᠭᠡᠨ ᠯᠣᠣᠵᠠᠩ ᠬᠣᠭᠣᠯᠠᠢ ᠪᠠᠨ ᠵᠠᠰᠠᠭᠠᠳ᠂ ᠬᠣᠰᠢᠭᠤ ᠬᠤᠷᠠᠯ ᠤ᠋ᠨ ᠳᠠᠷᠤᠭ᠎ᠠ ᠳ᠋ᠤ᠌ ᠪᠦᠬᠦ ᠲᠥᠯᠥᠭᠡᠯᠡᠭᠴᠢ ᠶ᠋ᠢᠨ ᠳᠣᠲᠣᠷ᠎ᠠ ᠠ᠋ᠴᠠ ᠨᠠᠰᠤᠨ ᠠᠬᠠᠮᠠᠳ᠂ ᠡᠪᠦᠭᠡᠨ ᠭᠡᠰᠢᠭᠦᠨ ᠪᠠᠲᠤᠪᠠᠶᠠᠷ ᠢ᠋ ᠰᠣᠩᠭᠣᠶᠠ᠃ ᠳᠡᠳ᠋ ᠳᠠᠷᠤᠭ᠎ᠠ ᠳ᠋ᠤ᠌ ᠡᠮᠡᠭᠲᠡᠢ ᠲᠠᠩᠰᠤᠭ᠂ ᠬᠤᠷᠠᠯ ᠤ᠋ᠨ ᠨᠠᠷᠢᠨ ᠪᠢᠴᠢᠭ ᠦ᠋ᠨ ᠳᠠᠷᠤᠭ᠎ᠠ ᠳ᠋ᠤ᠌ ᠭᠡᠰᠢᠭᠦᠨ ᠲᠠᠨᠢᠭᠠᠢ ᠶ᠋ᠢ ᠰᠣᠩᠭᠣᠶᠠ ᠭᠡᠵᠦ ᠥᠳᠬᠡᠨ ᠳᠠᠭᠤᠨ ᠢ᠋ᠶ᠋ᠠᠷ ᠳᠤᠤᠭᠠᠷᠴᠤ᠂ ᠣᠯᠠᠨ ᠲᠥᠯᠥᠭᠡᠯᠡᠭᠴᠢ ᠵᠡᠷᠭᠡ ᠪᠡᠷ᠂
— ᠵᠦᠢᠲᠡᠢ᠂ ᠵᠦᠢᠲᠡᠢ! ᠭᠡᠵᠦ ᠨᠢᠭᠡᠨ ᠰᠠᠨᠠᠯ ᠢ᠋ᠶ᠋ᠠᠷ ᠪᠠᠲᠤᠯᠠᠭᠠᠳ ᠬᠤᠷᠠᠯ ᠤ᠋ᠨ ᠲᠡᠷᠢᠭᠦᠯᠡᠭᠴᠢᠳ ᠰᠠᠭᠤᠳᠠᠯ ᠢ᠋ᠶ᠋ᠠᠨ ᠡᠵᠡᠯᠡᠬᠦ ᠠᠵᠢᠶᠠᠮᠤ ᠬᠡᠮᠡᠪᠡᠰᠦ᠂ ᡀᠠ ᠪᠡᠢᠯᠡ᠂ ᠬᠤᠷᠠᠯ ᠤ᠋ᠨ ᠲᠡᠷᠢᠭᠦᠯᠡᠭᠴᠢ ᠶ᠋ᠢᠨ ᠲᠣᠭᠠᠨ ᠳ᠋ᠤ᠌ ᠲᠠᠩᠰᠤᠭ ᠪᠡᠯᠪᠡᠰᠦᠨ ᠦ᠌ ᠨᠡᠷ᠎ᠡ ᠣᠷᠣᠭᠰᠠᠨ ᠳ᠋ᠤ᠌ ᠢᠷᠪᠠᠢᠵᠤ᠂ ᠳᠣᠲᠣᠷ᠎ᠠ ᠪᠠᠨ ᠶᠡᠬᠡᠯ᠎ᠡ (ᠶᠡᠬᠡ ᠯᠡ)ᠳᠤᠷ᠎ᠠ ᠦᠭᠡᠢ ᠨᠢ ᠬᠥᠳᠡᠯᠪᠡ᠃ ᠬᠡᠳᠦᠨ ᠵᠢᠯ ᠦ᠋ᠨ ᠡᠮᠦᠨ᠎ᠡ ᠲᠠᠩᠰᠤᠭ ᠤ᠋ᠨ ᠨᠥᠬᠥᠷ᠂ ᠪᠠᠷᠤᠨ ᠤ᠋ ᠴᠡᠷᠢᠭ ᠲᠦ᠍ ᠠᠷᠠᠳ ᠠ᠋ᠴᠠ ᠲᠠᠲᠠᠭᠰᠠᠨ ᠠᠭᠲᠠ ᠶ᠋ᠢ ᠠᠶᠤᠮᠰᠢᠭ ᠦᠭᠡᠢ ᠬᠥᠭᠡᠭᠡᠨ ᠵᠠᠢᠯᠠᠭᠤᠯᠵᠤ᠂ ᠣᠷᠣᠨ ᠳ᠋ᠤᠨᠢ( ᠳ᠋ᠤ᠌ ᠨᠢ )ᠴᠠᠭᠠᠨ ᠤ᠋ ᠴᠡᠷᠢᠭ ᠲᠦ᠍ ᠨᠣᠶᠠᠨ ᠤ᠋ ᠠᠭᠲᠠ ᠶ᠋ᠢ ᠲᠦᠯᠬᠢᠵᠦ ᠥᠭᠭᠦᠭᠰᠡᠨ ᠪᠢᠯᠡ᠃ ᠳᠣᠭᠰᠢᠨ ᠴᠠᠭᠠᠨ ᠤ᠋ ᠴᠡᠷᠢᠭ ᠡᠴᠡ ᠠᠭᠲᠠ ᠪᠠᠨ ᠡᠷᠭᠢᠭᠦᠯᠦᠨ ᠠᠪᠴᠤ ᠬᠦᠴᠦ ᠬᠦᠷᠬᠦ ᠦᠭᠡᠢ ᠲᠤᠯᠠ ᠬᠣᠷᠣᠰᠤᠯ ᠲᠠᠢᠯᠬᠤ ᠭᠡᠵᠦ ᠲᠡᠷᠡ ᠬᠡᠷᠴᠡᠭᠡᠢ ᠪᠣᠭᠣᠯ ᠢ᠋ ᠦᠬᠦᠲᠡᠯ᠎ᠡ ᠴᠠᠪᠴᠢᠷᠭᠠᠳᠠᠭᠤᠯᠤᠭᠰᠠᠨ ᠨᠢ᠂ ᠡᠳᠦᠭᠡ ᠬᠠᠷᠢᠨ ᠲᠡᠭᠦᠨ ᠦ᠌ ᠪᠡᠯᠪᠡᠰᠦᠨ ᠡᠮ᠎ᠡ ᠶ᠋ᠢ ᠬᠤᠰᠢᠭᠤᠨ ᠤ᠋ ᠴᠠᠭ ᠵᠠᠭᠤᠷ᠎ᠠ ᠶ᠋ᠢᠨ ᠬᠤᠷᠠᠯ ᠤ᠋ᠨ ᠳᠡᠳ᠋ ᠳᠠᠷᠤᠭ᠎ᠠ ᠳ᠋ᠤ᠌ ᠡᠷᠭᠦᠨ ᠰᠣᠩᠭᠣᠵᠠᠢ᠃ ᠠᠳᠠᠭ ᠤ᠋ᠨ ᠮᠠᠭᠤ ᠴᠠᠭ ᠤ᠋ᠨ ᠰᠢᠨᠵᠢ ᠪᠦᠷᠢᠳᠦᠭᠰᠡᠨ ᠠᠵᠢ ᠭᠡᠵᠦ ᠪᠣᠳᠣᠭᠰᠠᠭᠠᠷ ᡀᠠ ᠪᠡᠢᠯᠡ ᠨᠣᠶᠠᠨ᠂ ᠬᠣᠰᠢᠭᠤ ᠵᠠᠬᠢᠷᠤᠭᠴᠢ ᠲᠠᠮᠠᠭ᠎ᠠ ᠶ᠋ᠢ ᠬᠤᠷᠠᠯ ᠤ᠋ᠨ ᠳᠠᠷᠤᠭ᠎ᠠ ᠳ᠋ᠤ᠌ ᠰᠢᠯᠵᠢᠭᠦᠯᠵᠦ ᠥᠭᠭᠦᠯ᠎ᠡ᠃ ᠴᠡᠯ ᠪᠤᠭᠤᠷᠤᠯ ᠲᠣᠯᠣᠭᠠᠢ ᠲᠠᠢ᠂ ᠪᠤᠭᠤᠷᠤᠯ ᠰᠣᠶᠣᠭ᠎ᠠ ᠰᠠᠬᠠᠯ᠂ ᠪᠢᠲᠡᠭᠦᠦ ᠮᠥᠩᠭᠥᠨ ᠰᠠᠬᠠᠯ ᠲᠠᠢ ᠡᠪᠦᠭᠡᠨ ᠪᠠᠲᠤᠪᠠᠶᠠᠷ ᠮᠥᠩᠭᠥᠨ ᠤᠭᠠᠯᠵᠠ ᠲᠠᠢ᠂ ᠵᠡᠰ ᠬᠠᠢᠷᠴᠠᠭ ᠲᠠᠢ ᠮᠥᠩᠭᠥᠨ ᠲᠠᠮᠠᠭ᠎ᠠ ᠶ᠋ᠢ ᠨᠣᠶᠠᠨ ᠤ᠋ ᠭᠠᠷ ᠠ᠋ᠴᠠ ᠠᠪᠴᠤ᠂ ᠬᠣᠰᠢᠭᠤ ᠬᠤᠷᠠᠯ ᠢ᠋ ᠳᠠᠷᠬᠠᠨ ᠲᠠᠷᠬᠠᠲᠠᠯᠠ᠂ ᠲᠤᠰ ᠬᠤᠰᠢᠭᠤᠨ ᠤ᠋ ᠳᠡᠭᠡᠳᠦ ᠡᠷᠬᠡ ᠨᠢ ᠠᠷᠠᠳ ᠤ᠋ᠨ ᠬᠤᠷᠠᠯ ᠳ᠋ᠤ᠌ ᠰᠢᠯᠵᠢᠭᠰᠡᠨ ᠦ᠌ ᠲᠡᠮᠳᠡᠭ ᠪᠣᠯᠭᠠᠵᠤ᠂ ᠡᠮᠦᠨᠡᠬᠢ ᠰᠢᠷᠡᠭᠡᠳ ᠳᠡᠭᠡᠷ᠎ᠡ ᠪᠡᠨ ᠲᠠᠯᠪᠢᠯ᠎ᠠ᠃ ᠶᠠᠭᠤᠮ᠎ᠠ ᠶ᠋ᠢ ᠶᠡᠬᠡ ᠦᠵᠡᠭᠰᠡᠨ ᠬᠠᠰᠢᠷ ᠡᠪᠦᠭᠡᠨ ᠪᠠᠲᠤᠪᠠᠶᠠᠷ ᠤ᠋ᠨ ᠰᠠᠭᠤᠬᠤ ᠬᠥᠳᠡᠯᠬᠦ ᠪᠠᠢᠳᠠᠯ ᠲᠠᠯᠪᠢᠭᠤᠨ ᠲᠡᠨᠢᠭᠡᠷ᠂ ᠶᠡᠬᠡᠮᠰᠦᠭ ᠵᠢᠪᠬᠤᠯᠠᠩᠲᠠᠢ᠂ ᠳᠡᠷᠭᠡᠳᠡ ᠨᠢ ᡀᠠ ᠪᠡᠢᠯᠡ ᠶᠡᠬᠡᠯ᠎ᠡ(ᠶᠡᠬᠡ ᠯᠡ) ᠰᠦᠷ ᠮᠠᠭᠤᠲᠠᠢ᠂ ᠵᠢᠰᠦ ᠴᠢᠷᠠᠢ ᠶ᠋ᠢ ᠨᠢ ᠬᠠᠷᠠᠪᠠᠯ᠂ ᠪᠢᠯᠳᠠᠤᠴᠢ ᠲᠦᠰᠢᠮᠡᠳ ᠢ᠋ᠶ᠋ᠡᠷ ᠵᠢᠰᠤᠷᠳᠠᠭᠤᠯᠵᠤ᠂ ᠳᠡᠮᠡᠢ ᠯᠡ ᠬᠥᠮᠦᠨ ᠢ᠋ ᠳᠠᠷᠤᠯᠠᠵᠤ ᠰᠤᠷᠤᠭᠰᠠᠨ᠂ ᠠᠷᠪᠢ ᠦᠭᠡᠢ ᠳᠣᠲᠣᠷ ᠲᠠᠢ᠂ ᠦᠬᠦᠭᠡᠨᠴᠡ ᠢᠷᠪᠠᠭᠠᠷ ᠡᠪᠦᠭᠡᠨ ᠦᠵᠡᠭᠳᠡᠬᠦ ᠲᠤᠯᠠ ᠲᠥᠯᠥᠭᠡᠯᠡᠭᠴᠢᠳ᠂ ᠪᠠᠲᠤᠪᠠᠶᠠᠷ ᠡᠪᠦᠭᠡᠨ ᠢ᠋ ᠬᠠᠷᠠᠬᠤ ᠳ᠋ᠠᠭᠠᠨ( ᠳ᠋ᠤ᠌ ᠪᠠᠨ )ᠤᠷᠮ᠎ᠠ ᠵᠣᠷᠢᠭ ᠣᠷᠣᠵᠤ᠂ ᠰᠡᠳᠬᠢᠯ ᠪᠠᠬᠠᠳᠤᠨ ᠰᠠᠭᠤᠯ᠎ᠠ᠃
ᠠᠷᠠᠳ ᠤ᠋ᠨ ᠬᠤᠷᠠᠯ ᠤ᠋ᠨ ᠠᠴᠢ ᠪᠠᠷ ᠳᠡᠳ᠋ ᠳᠠᠷᠤᠭ᠎ᠠ ᠳ᠋ᠤ᠌ ᠰᠣᠩᠭᠣᠭᠳᠠᠭᠠᠳ᠂ ᠶᠡᠷᠦ ᠤᠷᠢᠳᠤ ᠡᠮᠦᠨ᠎ᠡ ᠲᠠᠮᠠᠭ᠎ᠠ ᠶ᠋ᠢᠨ ᠭᠠᠵᠠᠷ ᠡᠬᠡᠨᠡᠷ ᠬᠥᠮᠦᠨ ᠦ᠌ ᠭᠠᠷᠴᠤ ᠦᠵᠡᠭᠡ ᠦᠭᠡᠢ ᠡᠷᠬᠢᠮ ᠰᠠᠭᠤᠳᠠᠯ ᠳ᠋ᠤ᠌ ᠭᠠᠷᠴᠤ᠂ ᠬᠣᠢᠮᠣᠷ ᠲᠤ᠌ ᠠᠩᠬ᠎ᠠ ᠤᠳᠠᠭ᠎ᠠ ᠰᠠᠭᠤᠭᠰᠠᠨ ᠳ᠋ᠠᠭᠠᠨ( ᠳ᠋ᠤ᠌ ᠪᠠᠨ) ᠪᠠᠬᠠᠨ ᠰᠠᠨᠳᠤᠷᠴᠤ᠂ ᠬᠠᠭᠤᠴᠢᠨ ᠡᠯᠡᠩᠬᠡᠢ ᠳᠡᠪᠡᠯ ᠲᠡᠢ ᠳ᠋ᠡᠭᠡᠨ( ᠳ᠋ᠦ᠍ ᠪᠡᠨ) ᠵᠣᠪᠠᠵᠤ᠂ ᠡᠮ᠎ᠡ ᠬᠥᠮᠦᠨ ᠦ᠌ ᠰᠠᠭᠤᠳᠠᠭ ᠦᠭᠡᠢ ᠭᠠᠵᠠᠷ ᠰᠠᠭᠤᠬᠤ ᠳ᠋ᠠᠭᠠᠨ( ᠳ᠋ᠤ᠌ ᠪᠠᠨ)᠂ ᠡᠬᠡᠨᠡᠷ ᠬᠥᠮᠦᠨ ᠦ᠌ ᠠᠷᠬᠠᠢᠭᠰᠠᠨ ᠳᠠᠷᠬᠠᠢᠭᠰᠠᠨ ᠦᠰᠦ ᠪᠡᠨ ᠬᠠᠮᠢᠭ᠎ᠠ ᠬᠢᠵᠦ ᠪᠠᠭᠲᠠᠭᠠᠶᠠ ᠭᠡᠵᠦ ᠲᠡᠪᠡᠳᠡᠨ ᠰᠠᠭᠤᠵᠤ ᠪᠠᠢᠭᠰᠠᠨ ᠢ᠋ᠶ᠋ᠠᠨ ᠮᠠᠰᠢ ᠲᠥᠪ ᠵᠢᠪᠬᠤᠯᠠᠩᠲᠠᠢ ᠪᠠᠲᠤᠪᠠᠶᠠᠷ ᠤ᠋ᠨ ᠠᠵᠢᠭ ᠦᠭᠡᠢ ᠲᠠᠪᠠᠲᠠᠢ ᠰᠠᠭᠤᠵᠤ ᠪᠠᠢᠭ᠎ᠠ ᠪᠠᠢᠳᠠᠯ ᠢ᠋ ᠬᠠᠷᠠᠵᠤ᠂ ᠰᠠᠨᠠᠭ᠎ᠠ ᠪᠠᠬᠠᠨ ᠠᠮᠤᠰᠬᠢᠭᠡᠳ᠂ ᠡᠪᠦᠭᠡᠨ ᠪᠠᠲᠤᠪᠠᠶᠠᠷ ᠤ᠋ᠨ ᠵᠣᠷᠢᠭ ᠣᠷᠣᠭᠤᠯᠬᠤ ᠮᠡᠲᠦ ᠰᠠᠢᠬᠠᠨ ᠢ᠋ᠶ᠋ᠠᠷ ᠮᠦᠰᠢᠶᠡᠨ ᠬᠠᠷᠠᠬᠤ ᠳ᠋ᠤ᠌᠂ ᠲᠠᠩᠰᠤᠭ ᠤ᠋ᠨ ᠳᠣᠲᠣᠷ᠎ᠠ ᠣᠩᠭᠣᠢᠵᠤ᠂ ᠰᠡᠳᠬᠢᠯ ᠲᠠᠯᠪᠢᠭᠤᠨ ᠠᠭᠤᠵᠢᠮ ᠪᠣᠯᠵᠤ ᠢᠷᠡᠯ᠎ᠡ᠃
— ᠬᠠᠷ᠎ᠠ ᠵᠣᠷᠢᠭ ᠲᠠᠭᠠᠨ( ᠲᠤ ᠪᠠᠨ) ᠪᠢ ᠡᠨᠡ ᠬᠣᠢᠮᠣᠷ ᠲᠤ᠌ ᠭᠠᠷᠴᠤ ᠰᠠᠭᠤᠭᠰᠠᠨ ᠪᠢᠰᠢ᠂ ᠬᠠᠮᠤᠭ ᠣᠯᠠᠨ ᠤ᠋ ᠰᠦᠯᠳᠡ ᠪᠤᠶᠠᠨ ᠢ᠋ᠶ᠋ᠠᠷ ᠰᠠᠭᠤᠭᠰᠠᠨ ᠪᠢᠯᠡ ᠭᠡᠵᠦ ᠪᠣᠳᠣᠭᠠᠳ ᠪᠠᠲᠤᠪᠠᠶᠠᠷ ᠠᠪᠤᠭᠠᠢ ᠶ᠋ᠢᠨ ᠠᠳᠠᠯᠢ ᠰᠡᠳᠬᠢᠯ ᠠᠭᠤᠵᠢᠮ᠂ ᠪᠡᠶ᠎ᠡ ᠲᠡᠨᠢᠭᠦᠨ ᠰᠠᠭᠤᠬᠤ ᠭᠡᠵᠦ ᠮᠡᠷᠡᠢᠪᠡ᠃ ᠪᠠᠲᠤᠪᠠᠶᠠᠷ᠂ ᠬᠤᠷᠠᠯ ᠤ᠋ᠨ ᠬᠡᠯᠡᠯᠴᠡᠬᠦ ᠵᠦᠢᠯ ᠢ᠋ ᠤᠩᠰᠢᠨ ᠰᠣᠨᠣᠰᠬᠠᠬᠤ ᠳ᠋ᠠᠭᠠᠨ( ᠳ᠋ᠤ᠌ ᠪᠠᠨ)᠂ ᠵᠠᠰᠠᠭ ᠳᠠᠷᠤᠭ᠎ᠠ ᠡᠨᠡ ᠵᠠᠪᠰᠠᠷ ᠲᠤᠰ ᠬᠣᠰᠢᠭᠤ ᠲᠠᠮᠠᠭ᠎ᠠ ᠶ᠋ᠢᠨ ᠶᠠᠪᠤᠭᠤᠯᠤᠭᠰᠠᠨ ᠬᠡᠷᠡᠭ ᠢ᠋ ᠬᠤᠷᠠᠯ ᠤ᠋ᠨ ᠭᠡᠰᠢᠭᠦᠨ ᠲᠠ ᠪᠦᠬᠦᠨ ᠳ᠋ᠦ᠍ ᠠᠢᠯᠠᠳᠬᠠᠨ᠎ᠠ᠃ ᠭᠡᠪᠡᠴᠦ᠂ ᠤᠷᠢᠳᠠᠪᠡᠷ ᠬᠤᠷᠠᠯ ᠤ᠋ᠨ ᠳᠦᠷᠢᠮ ᠦ᠋ᠨ ᠶᠣᠰᠣᠭᠠᠷ ᠲᠤᠰ ᠬᠤᠷᠠᠯ ᠤ᠋ᠨ ᠨᠠᠷᠢᠨ ᠪᠢᠴᠢᠭ ᠦ᠋ᠨ ᠳᠠᠷᠤᠭ᠎ᠠ᠂ ᠪᠢᠳᠡᠨ ᠳ᠋ᠦ᠍ ᠪᠦᠬᠦ ᠰᠤᠮᠤᠨ ᠤ᠋ ᠲᠥᠯᠥᠭᠡᠯᠡᠭᠴᠢᠳ ᠦ᠋ᠨ ᠮᠡᠳᠡᠭᠡ ᠪᠠᠢᠳᠠᠯ ᠢ᠋ ᠤᠩᠰᠢᠨ ᠰᠣᠨᠣᠰᠬᠠᠵᠤ ᠭᠦᠢᠴᠡᠳᠬᠡᠪᠡᠯ ᠶᠠᠮᠠᠷ? ᠮᠥᠨ ᠲᠡᠭᠦᠨ ᠦ᠌ ᠬᠠᠮᠲᠤ᠂ ᠶᠡᠷᠦ ᠬᠤᠷᠠᠯ ᠬᠤᠷᠠᠯᠳᠤᠬᠤ ᠳᠦᠷᠢᠮ ᠬᠡᠮᠵᠢᠶ᠎ᠡ ᠶ᠋ᠢ ᠤᠩᠰᠢᠨ᠂ ᠣᠯᠠᠨ ᠲᠥᠯᠥᠭᠡᠯᠡᠭᠴᠢᠳ ᠲᠦ᠍ ᠰᠣᠨᠣᠰᠬᠠᠪᠠᠯ ᠵᠦᠢᠲᠡᠢ ᠪᠣᠯᠪᠠ ᠤᠤ ? ᠭᠡᠬᠦ ᠳ᠋ᠦ᠍ᠨᠢ( ᠳ᠋ᠦ᠍ ᠨᠢ) ᠬᠠᠭᠤᠴᠢᠨ ᠵᠠᠰᠠᠭ ᠨᠣᠶᠠᠨ ᠢ᠋ᠶ᠋ᠠᠨ ᠠᠯᠪᠠᠲᠤ ᠬᠠᠮᠵᠢᠯᠭ᠎ᠠ ᠶ᠋ᠢᠨ ᠢ᠋ᠶ᠋ᠡᠨ ᠡᠮᠦᠨ᠎ᠡ ᠠᠢᠯᠠᠳᠬᠠᠨ᠎ᠠ ᠭᠡᠬᠦ ᠶ᠋ᠢ ᠠᠩᠬ᠎ᠠ ᠤᠳᠠᠭ᠎ᠠ ᠰᠣᠨᠣᠰᠴᠤ ᠪᠠᠢᠭ᠎ᠠ ᠡᠩ ᠦ᠋ᠨ ᠬᠠᠷᠠᠴᠤ ᠠᠷᠠᠳ ᠲᠥᠯᠥᠭᠡᠯᠡᠭᠴᠢ ᠨᠠᠷ᠂
— ᠵᠦᠢᠲᠡᠢ᠂ ᠵᠦᠢᠲᠡᠢ! ᠭᠡᠵᠦ ᠬᠠᠷᠢᠭᠤ ᠳᠤᠤᠭᠠᠷᠴᠠᠭᠠᠪᠠ᠃
— ᠲᠤᠰ ᠬᠤᠰᠢᠭᠤᠨ ᠤ᠋ ᠪᠦᠬᠦ ᠳᠥᠷᠪᠡᠨ ᠰᠤᠮᠤᠨ ᠠ᠋ᠴᠠ ᠬᠤᠰᠢᠭᠤᠨ ᠤ᠋ ᠴᠠᠭ ᠵᠠᠭᠤᠷ᠎ᠠ ᠶ᠋ᠢᠨ ᠬᠤᠷᠠᠯ ᠳ᠋ᠤ᠌ ᠲᠥᠯᠥᠭᠡᠯᠡᠭᠴᠢ ᠪᠡᠷ ᠰᠣᠩᠭᠣᠨ ᠲᠣᠮᠢᠯᠠᠭᠰᠠᠨ ᠢ᠋ ᠰᠤᠮᠤᠨ ᠤ᠋ ᠵᠠᠬᠢᠷᠤᠯᠭ᠎ᠠ* ᠳᠠᠷᠤᠭᠰᠠᠨ ᠪᠢᠴᠢᠭ ᠢ᠋ᠶ᠋ᠡᠷ ᠦᠨᠡᠮᠯᠡᠬᠦ ᠲᠥᠯᠥᠭᠡᠯᠡᠭᠴᠢ ᠬᠣᠷᠢᠨ ᠬᠥᠮᠦᠨ ᠪᠦᠷᠢᠨ ᠲᠣᠭ᠎ᠠ ᠶᠣᠰᠣᠭᠠᠷ ᠲᠤᠰ ᠬᠤᠷᠠᠯ ᠳ᠋ᠤ᠌ ᠬᠦᠷᠦᠯᠴᠡᠨ ᠢᠷᠡᠵᠡᠢ᠃ ᠲᠥᠯᠥᠭᠡᠯᠡᠭᠴᠢ ᠶ᠋ᠢᠨ ᠢᠵᠠᠭᠤᠷ ᠤᠭᠰᠠᠭ᠎ᠠ ᠶ᠋ᠢ ᠲᠣᠳᠣᠷᠬᠠᠢᠯᠠᠪᠠᠯ᠂ ᠠᠷᠠᠳ ᠠᠷᠪᠠᠨ ᠨᠠᠢ᠍ᠮᠠ᠂ ᠲᠠᠢᠵᠢ ᠬᠣᠶᠠᠷ᠂ ᠡᠷᠡᠭᠲᠡᠢ ᠡᠮᠡᠭᠲᠡᠢ ᠪᠡᠷ ᠢᠯᠭᠠᠪᠤᠷᠢᠯᠠᠪᠠᠯ᠂ ᠡᠷᠡᠭᠲᠡᠢ ᠠᠷᠪᠠᠨ ᠳᠣᠯᠣᠭ᠎ᠠ᠂ ᠡᠮᠡᠭᠲᠡᠢ ᠭᠤᠷᠪᠠ᠃ ᠠᠷᠠᠳ ᠤ᠋ᠨ ᠨᠠᠮ ᠤ᠋ᠨ ᠭᠡᠰᠢᠭᠦᠨ ᠳᠥᠷᠪᠡ᠂ ᠬᠤᠪᠢᠰᠬᠠᠯᠲᠤ ᠵᠠᠯᠠᠭᠤᠴᠤᠳ ᠤ᠋ᠨ ᠭᠡᠰᠢᠭᠦᠨ ᠵᠢᠷᠭᠤᠭ᠎ᠠ᠂ ᠭᠡᠰᠢᠭᠦᠨ ᠪᠤᠰᠤ ᠠᠷᠪᠠ᠃ ᠪᠢᠴᠢᠭ ᠦᠰᠦᠭ ᠦ᠋ᠨ ᠲᠠᠯ᠎ᠠ ᠪᠠᠷ ᠢᠯᠭᠠᠪᠠᠯ᠂ ᠮᠣᠩᠭᠣᠯ ᠲᠠᠢ ᠲᠠᠪᠤ᠂ ᠲᠡᠭᠦᠨ ᠦ᠌ ᠳᠣᠲᠣᠷ᠎ᠠ ᠠ᠋ᠴᠠ ᠮᠠᠨᠵᠤ ᠲᠠᠢ ᠨᠢᠭᠡ᠂ ᠪᠠᠰᠠ ᠬᠢᠲᠠᠳ ᠬᠡᠯᠡ ᠪᠠᠭ᠎ᠠ ᠵᠡᠷᠭᠡ ᠳᠥᠰᠥᠭᠯᠡᠬᠥ ᠨᠢᠭᠡ ᠭᠡᠵᠦ ᠬᠤᠷᠠᠯ ᠤ᠋ᠨ ᠨᠠᠷᠢᠨ ᠪᠢᠴᠢᠭ ᠦ᠋ᠨ ᠳᠠᠷᠤᠭ᠎ᠠ᠂ ᠲᠤᠰ ᠬᠣᠰᠢᠭᠤ ᠬᠤᠷᠠᠯ ᠳ᠋ᠤ᠌ ᠢᠷᠡᠭᠰᠡᠨ ᠲᠥᠯᠥᠭᠡᠯᠡᠭᠴᠢᠳ ᠦ᠋ᠨ ᠪᠠᠢᠳᠠᠯ ᠮᠡᠳᠡᠭᠡ ᠶ᠋ᠢ ᠲᠣᠳᠣᠷᠬᠠᠢᠯᠠᠨ ᠤᠩᠰᠢᠭᠠᠳ᠂ ᠬᠤᠷᠠᠯ ᠳ᠋ᠤ᠌ ᠶᠠᠪᠤᠭᠤᠯᠬᠤ ᠳᠦᠷᠢᠮ ᠬᠡᠮᠵᠢᠶ᠎ᠡ ᠶ᠋ᠢ ᠤᠩᠰᠢᠨ ᠭᠦᠢᠴᠡᠳᠬᠡᠪᠡᠰᠦ᠂ ᠬᠤᠷᠠᠯ ᠤ᠋ᠨ ᠳᠠᠷᠤᠭ᠎ᠠ᠂
— ᠵᠠ ᠣᠳᠣ᠂ ᠵᠠᠰᠠᠭ ᠳᠠᠷᠤᠭ᠎ᠠ ᠶ᠋ᠢᠨ ᠪᠡᠶ᠎ᠡ᠂ ᠲᠤᠰ ᠬᠣᠰᠢᠭᠤ ᠲᠠᠮᠠᠭ᠎ᠠ ᠶ᠋ᠢᠨ ᠡᠨᠡ ᠵᠠᠪᠰᠠᠷ ᠰᠢᠢᠳᠬᠡᠨ ᠶᠠᠪᠤᠭᠤᠯᠤᠭᠰᠠᠨ ᠬᠡᠷᠡᠭ ᠢ᠋ ᠲᠠ ᠪᠦᠬᠦᠨ ᠳ᠋ᠦ᠍ ᠠᠢᠯᠠᠳᠬᠠᠨ᠎ᠠ ᠭᠡᠵᠦ ᠵᠠᠷᠯᠠᠵᠤ᠂ ᡀᠠ ᠪᠡᠢᠯᠡ ᠲᠠᠪᠤᠨ ᠥᠩᠭᠡ ᠶ᠋ᠢᠨ ᠤᠲᠠᠰᠤ ᠪᠠᠷ ᠠᠯᠠᠭᠯᠠᠨ ᠬᠠᠳᠬᠤᠮᠠᠯᠯᠠᠭᠰᠠᠨ ᠰᠠᠢᠬᠠᠨ ᠬᠤᠢ ᠳᠣᠲᠣᠷ᠎ᠠ ᠠ᠋ᠴᠠ ᠲᠣᠮᠣ ᠭᠡᠭᠴᠢ ᠶ᠋ᠢᠨ ᠤᠰᠤᠨ ᠪᠣᠯᠣᠷ ᠰᠢᠯ ᠭᠠᠷᠭᠠᠵᠤ ᠵᠡᠭᠦᠭᠡᠳ᠂ ᠨᠡᠯᠢᠶᠡᠳ ᠵᠤᠵᠠᠭᠠᠨ ᠡᠪᠬᠡᠮᠡᠯ ᠪᠠᠷᠢᠵᠤ᠂ ᠥᠨᠳᠥᠷ ᠨᠠᠮ ᠦᠭᠡᠢ ᠨᠢᠭᠡᠨ ᠠᠶᠠᠯᠭᠤᠲᠤ ᠳᠠᠭᠤᠨ ᠢ᠋ᠶ᠋ᠠᠷ ᠤᠩᠰᠢᠵᠤ ᠬᠡᠯᠡᠭᠡᠳ᠂ ᠠᠯᠪᠠᠨ ᠪᠢᠴᠢᠭ ᠦ᠋ᠨ ᠡᠯᠳᠡᠪ ᠴᠢᠮᠡᠭ ᠨᠠᠷᠢᠨ ᠠᠷᠭ᠎ᠠ ᠣᠷᠣᠭᠤᠯᠵᠤ ᠵᠣᠬᠢᠶᠠᠨ ᠪᠢᠴᠢᠭᠰᠡᠨ ᠡᠳᠦᠢ ᠲᠡᠳᠦᠢ ᠰᠤᠯᠠ᠂ ᠨᠤᠷᠰᠢᠭᠤᠨ ᠦᠭᠡ ᠪᠡᠷ ᠨᠢᠭᠡ ᠶᠠᠭᠤᠮ᠎ᠠ ᠶ᠋ᠢ ᠳᠠᠬᠢᠨ ᠳᠠᠪᠲᠠᠨ ᠥᠭᠦᠯᠡᠭᠰᠡᠨ ᠪᠢᠴᠢᠭ ᠢ᠋ ᠤᠩᠰᠢᠬᠤ ᠳᠡᠯᠢᠮ ᠢ᠋ᠶ᠋ᠡᠷ᠂ ᠤᠭ ᠪᠢᠴᠢᠭ ᠦ᠋ᠨ ᠪᠦᠷᠬᠦᠭ ᠤᠳᠬ᠎ᠠ ᠶ᠋ᠢ ᠣᠯᠵᠤ ᠮᠡᠳᠡᠬᠦ ᠶ᠋ᠢ ᠮᠡᠷᠡᠢᠵᠦ᠂ ᠮᠠᠰᠢ ᠬᠢᠴᠢᠶᠡᠩᠭᠦᠢ ᠪᠠᠢᠳᠠᠯ ᠲᠠᠢ ᠰᠠᠭᠤᠵᠤ ᠪᠠᠢᠭ᠎ᠠ ᠣᠯᠠᠨ ᠲᠥᠯᠥᠭᠡᠯᠡᠭᠴᠢ ᠶᠢ ᠪᠠᠢᠨ ᠪᠠᠢᠨ ᠬᠠᠷᠠᠰᠬᠢᠵᠤ ᠶᠡᠬᠡᠯ᠎ᠡ (ᠶᠡᠬᠡ ᠯᠡ) ᠤᠳᠠᠲᠠᠯ᠎ᠠ ᠤᠩᠰᠢᠯ᠎ᠠ᠃ ᠮᠠᠰᠢ ᠣᠯᠠᠨ ᠦᠭᠡ ᠲᠡᠢ ᠲᠤᠢᠯ ᠤ᠋ᠨ ᠨᠤᠷᠱᠤᠭᠤᠨ(ᠨᠤᠷᠰᠢᠭᠤᠨ) ᠠᠢᠯᠠᠳᠬᠠᠯ ᠤ᠋ᠨ ᠤᠳᠤᠷᠢᠳᠬᠠᠯ ᠤ᠋ᠨ ᠬᠡᠰᠡᠭ ᠲᠦ᠍ ᠶᠡᠬᠡ ᠪᠣᠭᠳᠠ ᠴᠢᠩᠭᠢᠰ ᠡᠴᠡ ᠡᠬᠢᠯᠡᠭᠡᠳ ᠭᠡᠮᠡᠨ ᠮᠣᠩᠭᠣᠯ ᠤ᠋ᠨ ᠪᠦᠬᠦ ᠲᠡᠦᠬᠡ ᠶ᠋ᠢ ᠨᠤᠷᠱᠤᠵᠤ ᠨᠤᠷᠱᠤᠵᠤ(ᠨᠤᠷᠰᠢᠵᠤ ᠨᠤᠷᠰᠢᠵᠤ)᠂ ᠮᠠᠨᠵᠤ ᠶ᠋ᠢᠨ ᠦᠶ᠎ᠡ ᠳ᠋ᠦ᠍ ᠬᠦᠷᠴᠦ ᠢᠷᠡᠭᠡᠳ᠂ ᠮᠠᠨᠵᠤ ᠨᠠᠷ ᠲᠤ᠌ ᠲᠠᠯᠬᠢᠳᠠᠭᠤᠯᠤᠨ ᠳᠠᠷᠤᠭᠤᠯᠵᠤ ᠪᠠᠢᠭᠰᠠᠨ ᠢ᠋᠂ ᠮᠥᠨ ᠮᠠᠨᠵᠤ ᠠ᠋ᠴᠠ ᠰᠠᠯᠵᠤ᠂ ᠥᠪᠡᠷᠲᠡᠭᠡᠨ ᠵᠠᠰᠠᠬᠤ ᠠᠦ᠋ᠲ᠋ᠣᠨᠣᠮᠢ ᠶ᠋ᠢᠨ ᠵᠠᠰᠠᠭ ᠲᠠᠢ ᠪᠣᠯᠤᠭᠰᠠᠨ ᠬᠦᠷᠲᠡᠯᠡᠬᠢ ᠶᠠᠪᠤᠳᠠᠯ ᠢ᠋ ᠤᠩᠰᠢ ᠤᠩᠰᠢᠭᠰᠠᠭᠠᠷ ᠦᠭᠡ ᠨᠤᠷᠱᠤᠭᠤᠨ(ᠨᠤᠷᠰᠢᠭᠠᠳ)᠂ ᠣᠯᠠᠨ ᠲᠥᠯᠥᠭᠡᠯᠡᠭᠴᠢ ᠶᠡᠬᠡᠯ᠎ᠡ ᠠᠯᠵᠢᠶᠠᠨ ᠶᠠᠳᠠᠷᠠᠵᠤ ᠨᠣᠢᠷ ᠬᠦᠷᠴᠦ᠂ ᠠᠷᠭ᠎ᠠ ᠶᠠᠳᠠᠬᠤ ᠳ᠋ᠠᠭᠠᠨ᠂ ᠵᠥᠭᠡᠯᠡᠨ ᠪᠥᠬᠡ ᠳ᠋ᠦ᠍ ᠠᠪᠲᠠᠭᠳᠠᠬᠤ ᠦᠭᠡᠢ ᠭᠡᠵᠦ ᠭᠠᠩᠰᠠ ᠪᠠᠨ ᠭᠠᠷᠭᠠᠵᠤ᠂ ᠭᠠᠯᠵᠠᠭᠤ ᠤᠯᠠᠭᠠᠨ ᠲᠠᠮᠠᠬᠢ ᠪᠠᠨ ᠭᠠᠭᠴᠠ ᠨᠢᠭᠡ ᠨᠡᠷᠡᠵᠦ᠂ ᠨᠣᠢᠷ ᠢ᠋ᠶ᠋ᠠᠨ ᠰᠡᠷᠢᠭᠡᠬᠦ ᠶ᠋ᠢ ᠣᠷᠣᠯᠳᠣᠮᠤᠢ᠃
ᡀᠠ ᠪᠡᠢᠯᠡ ᠤᠩᠰᠢ ᠤᠩᠰᠢᠭᠰᠠᠭᠠᠷ ᠥᠪᠡᠷ ᠢ᠋ᠶ᠋ᠡᠨ ᠴᠦ᠍ ᠮᠠᠬᠠᠷᠠᠵᠤ᠂ ᠴᠠᠭᠠᠭᠴᠢᠨ ᠲᠠᠬᠢᠶ᠎ᠠ ᠵᠢᠯ ᠦ᠋ᠨ ᠶᠠᠪᠤᠳᠠᠯ ᠳ᠋ᠤ᠌ ᠬᠦᠷᠦᠭᠡᠳ᠂ ᠤᠩᠰᠢᠬᠤ ᠲᠡᠩᠬᠡ ᠲᠡᠰᠦᠷᠡᠪᠡᠰᠦ ᠪᠠᠲᠤᠪᠠᠶᠠᠷ᠂ ᠬᠤᠷᠠᠯ ᠢ᠋ ᠲᠦᠷ ᠵᠠᠪᠰᠠᠷᠯᠠᠪᠠᠯ ᠶᠠᠮᠠᠷ ᠭᠡᠵᠦ᠂ ᠣᠯᠠᠨ ᠲᠥᠯᠥᠭᠡᠯᠡᠭᠴᠢ ᠪᠠᠶᠠᠷᠯᠠᠨ ᠨᠢᠭᠡᠨ ᠵᠡᠷᠭᠡᠪᠡᠷ (ᠵᠡᠷᠭᠡ ᠪᠡᠷ)᠂
— ᠵᠦᠢᠲᠡᠢ᠂ ᠵᠦᠢᠲᠡᠢ ᠭᠡᠵᠦ ᠬᠤᠷᠠᠯ ᠭᠠᠳᠠᠭᠠᠯᠠᠯᠠ᠃
ᠪᠠᠲᠤᠪᠠᠶᠠᠷ ᠲᠤᠰ ᠠᠢᠯᠠᠳᠬᠠᠯ ᠳ᠋ᠤ᠌ ᠴᠣᠬᠣᠮ ᠬᠦ᠌ ᠬᠣᠰᠢᠭᠤ ᠲᠠᠮᠠᠭ᠎ᠠ ᠶ᠋ᠢᠨ ᠵᠢᠩᠬᠢᠨᠢ ᠰᠢᠳᠬᠡᠨ ᠶᠠᠪᠤᠭᠤᠯᠤᠭᠰᠠᠨ ᠬᠡᠷᠡᠭ ᠭᠠᠷᠬᠤ ᠡᠳᠦᠢ ᠪᠣᠯᠪᠠᠤ? ᠭᠡᠵᠦ ᠵᠠᠰᠠᠭ ᠳᠠᠷᠤᠭ᠎ᠠ ᠨᠣᠶᠠᠨ ᠠ᠋ᠴᠠ ᠵᠥᠭᠡᠯᠡᠨ ᠠᠶᠠᠲᠠᠢ ᠦᠭᠡ ᠪᠡᠷ ᠯᠠᠪᠯᠠᠨ ᠠᠰᠠᠭᠤᠪᠠᠰᠤ᠂ ᡀᠠ ᠪᠡᠢᠯᠡ ᠢᠨᠢᠶᠡᠮᠰᠦᠭᠯᠡᠨ ᠴᠢᠷᠠᠢᠴᠢᠯᠠᠵᠤ᠂
— ᠵᠠ᠂ ᠤᠳᠠᠬᠤ ᠦᠭᠡᠢ᠂ ᠤᠳᠠᠬᠤ ᠦᠭᠡᠢ᠂ ᠮᠡᠬᠦᠰ ᠪᠡᠶ᠎ᠡ ᠮᠤᠩᠬᠠᠭᠯᠠᠪᠠᠰᠤ ᠡᠷᠬᠢᠮ ᠣᠯᠠᠨ ᠲᠥᠯᠥᠭᠡᠯᠡᠭᠴᠢᠳ᠂ ᠮᠠᠨᠠᠢ (ᠮᠠᠨ ᠤ᠋) ᠡᠴᠢᠭᠡ ᠡᠪᠦᠭᠡᠳ ᠦ᠋ᠨ ᠠᠯᠳᠠᠷ ᠲᠠᠢ ᠰᠠᠢᠬᠠᠨ ᠲᠡᠦᠬᠡ ᠰᠤᠳᠤᠷ ᠠ᠋ᠴᠠ ᠵᠠᠷᠢᠮ ᠵᠦᠢᠯ ᠢ᠋ ᠲᠣᠯᠢᠯᠠᠭᠤᠯᠪᠠᠯ ᠵᠦᠢᠲᠡᠢ ᠪᠣᠯᠪᠠᠤ ᠭᠡᠰᠡᠨ ᠪᠢᠯᠡ᠃ ᠢᠷᠡᠭᠡᠳᠦᠢ ᠶ᠋ᠢ ᠲᠥᠯᠥᠪᠯᠡᠬᠦ ᠳ᠋ᠦ᠍᠂ ᠡᠷᠬᠡ ᠦᠭᠡᠢ ᠡᠳᠦᠭᠡ ᠶ᠋ᠢ ᠮᠡᠳᠡᠬᠦ ᠬᠡᠷᠡᠭᠲᠡᠢ᠃ ᠡᠳᠦᠭᠡᠬᠢ ᠶ᠋ᠢ ᠨᠡᠪᠲᠡᠷᠬᠡᠢ ᠮᠡᠳᠡᠰᠦᠭᠡᠢ ᠭᠡᠭᠴᠢᠳ ᠡᠷᠬᠡ ᠦᠭᠡᠢ ᠥᠩᠭᠡᠷᠡᠭᠰᠡᠨ ᠢ᠋ ᠮᠡᠳᠡᠪᠡᠰᠦ ᠰᠠᠢ᠍ᠢ ᠪᠣᠯᠤᠮᠤ ᠬᠡᠮᠡᠵᠡᠢ᠃
ᠬᠤᠷᠠᠯ ᠢ᠋ ᠲᠦᠷ ᠵᠠᠪᠰᠠᠷᠯᠠᠭᠰᠠᠨ ᠤ᠋ ᠳᠠᠷᠠᠭ᠎ᠠ ᠨᠣᠶᠠᠨ ᠪᠠᠰᠠ ᠭᠠᠮᠢᠩ ᠪᠠᠷᠣᠨ ᠢ᠋ ᠬᠡᠷᠬᠢᠨ ᠦᠯᠳᠡᠨ ᠬᠥᠭᠡᠭᠡᠵᠦ᠂ ᠭᠠᠯ ᠤᠰᠤᠨ ᠤ᠋ ᠭᠠᠰᠢᠭᠤᠨ ᠵᠣᠪᠠᠯᠠᠩ ᠠᠮᠰᠠᠨ ᠡᠳ᠋ᠯᠡᠵᠦ ᠪᠠᠢᠭᠰᠠᠨ ᠠᠷᠠᠳ ᠲᠦᠮᠡᠨ ᠢ᠋ ᠬᠡᠷᠬᠢᠨ ᠠᠪᠤᠷᠠᠨ ᠲᠡᠩᠬᠡᠷᠡᠭᠦᠯᠵᠦ᠂ ᠲᠤᠰ ᠤᠯᠤᠰ ᠲᠤ᠌ ᠠᠷᠠᠳ ᠤ᠋ᠨ ᠵᠠᠰᠠᠭ ᠪᠠᠢᠭᠤᠯᠤᠭᠰᠠᠨ᠂ ᠮᠥᠨ ᠰᠦᠰᠦᠭᠲᠡᠨ ᠣᠯᠠᠨ ᠱᠠᠪᠢ ᠨᠠᠷ ᠤ᠋ᠨ ᠲᠤᠢᠯ ᠤ᠋ᠨ ᠰᠠᠨᠠᠭᠠᠨ ᠳ᠋ᠤ᠌ ᠨᠡᠢᠴᠡᠭᠦᠯᠦᠨ ᠪᠣᠭᠳᠠ ᠡᠵᠡᠨ ᠬᠠᠭᠠᠨ ᠢ᠋ ᠡᠷᠳᠡᠨᠢ ᠶ᠋ᠢᠨ ᠰᠢᠷᠡᠭᠡᠨ᠎ᠡ ᠵᠠᠯᠠᠵᠤ᠂ ᠠᠷᠠᠳ ᠤ᠋ᠨ ᠡᠷᠬᠡᠲᠦ ᠶᠣᠰᠣ ᠶ᠋ᠢ ᠬᠦᠨᠳᠦᠳᠬᠡᠨ᠂ ᠠᠷᠠᠳ ᠤ᠋ᠨ ᠵᠠᠰᠠᠭ ᠤ᠋ᠨ ᠣᠷᠳᠣᠨ᠂ ᠪᠣᠭᠳᠠ ᠬᠠᠭᠠᠨ ᠲᠠᠢ ᠬᠠᠷᠢᠯᠴᠠᠨ ᠲᠠᠩᠭᠠᠷᠢᠭ ᠤ᠋ᠨ ᠭᠡᠷ᠎ᠡ ᠪᠠᠢᠭᠤᠯᠵᠤ᠂ ᠪᠣᠭᠳᠠ ᠡᠵᠡᠨ᠂ ᠠᠷᠠᠳ ᠤ᠋ᠨ ᠡᠷᠬᠡ ᠴᠢᠯᠥᠭᠡ ᠶ᠋ᠢ ᠡᠷᠬᠢᠮᠯᠡᠨ ᠦᠵᠡᠬᠦ ᠲᠤᠢᠯ ᠤ᠋ᠨ ᠲᠠᠭᠠᠯᠠᠯ ᠠᠢᠯᠠᠳᠪᠤᠷᠢ ᠪᠦᠬᠦᠢ ᠶ᠋ᠢᠨ ᠤᠴᠢᠷ᠂ ᠬᠡᠮᠵᠢᠶᠡᠲᠦ ᠡᠷᠬᠡᠲᠦ ᠬᠠᠭᠠᠨ ᠪᠣᠯᠤᠭᠰᠠᠨ ᠭᠡᠬᠦ ᠵᠡᠷᠭᠡ ᠪᠡᠷ ᠪᠠᠰᠠ ᠨᠢᠭᠡ ᠴᠠᠢ ᠴᠢᠨᠠᠬᠤ ᠬᠢᠷᠢᠲᠡᠢ ᠨᠤᠷᠰᠢᠪᠠ᠃
ᠵᠠᠰᠠᠭ ᠳᠠᠷᠤᠭ᠎ᠠ ᠶ᠋ᠢᠨ ᠴᠣᠬᠣᠮ ᠶᠠᠭᠤ ᠭᠡᠵᠦ ᠬᠤᠷᠠᠯ ᠤ᠋ᠨ ᠭᠡᠰᠢᠭᠦᠳ ᠲᠦ᠍ ᠠᠢᠯᠠᠳᠬᠠᠯ ᠤᠩᠰᠢᠵᠤ ᠪᠠᠢᠭ᠎ᠠ ᠶ᠋ᠢ ᠨᠢ ᠠᠯᠢ ᠬᠡᠳᠦᠢᠨ ᠤᠬᠠᠵᠤ ᠮᠡᠳᠡᠬᠦ ᠪᠡᠨ ᠪᠠᠢᠭᠰᠠᠨ ᠲᠠᠩᠰᠤᠭ᠂ ᠳᠡᠮᠡᠢ ᠯᠡ ᠪᠠᠲᠤᠪᠠᠶᠠᠷ ᠤ᠋ᠨ ᠴᠢᠷᠠᠢ ᠶ᠋ᠢ ᠠᠵᠢᠭᠯᠠᠨ ᠬᠠᠷᠠᠵᠤ ᠰᠠᠭᠤᠪᠠᠰᠤ᠂ ᠡᠪᠦᠭᠡᠨ ᠶᠡᠬᠡᠯ᠎ᠡ(ᠶᠡᠬᠡ ᠯᠡ)ᠪᠣᠳᠣᠯ ᠪᠣᠯᠤᠭᠰᠠᠨ ᠰᠢᠨᠵᠢ ᠲᠡᠢ᠂ ᠴᠢᠷᠠᠢ ᠳ᠋ᠤᠨᠢ(ᠳ᠋ᠤ᠌ ᠨᠢ) ᠡᠶᠡᠯᠳᠡᠭ ᠡᠶᠡᠪᠡᠷᠭᠦᠦ ᠪᠠᠢᠳᠠᠯ ᠠᠯᠢ ᠬᠡᠳᠦᠢᠨ ᠬᠤᠪᠢᠰᠴᠤ᠂ ᠰᠢᠷᠦᠭᠦᠨ ᠴᠢᠷᠠᠢ ᠴᠢᠷᠠᠢᠯᠠᠵᠤ᠂ ᠤᠳᠠ ᠮᠣᠳᠣᠨ ᠤ᠋ ᠨᠠᠪᠴᠢ ᠠᠳᠠᠯᠢ ᠤᠷᠲᠤᠯᠢᠭ ᠨᠢᠳᠦ ᠨᠢ ᠠᠨᠢᠰᠬᠢᠨ᠂ ᠲᠡᠷᠢᠭᠦᠨ ᠢ᠋ ᠳᠠᠷᠤᠨ᠂ ᠪᠤᠭᠤᠷᠤᠯ ᠰᠣᠶᠣᠭ᠎ᠠ ᠰᠠᠬᠠᠯ ᠨᠢ ᠰᠦᠷᠳᠡᠶ᠎ᠡ ᠰᠡᠬᠦᠨ ᠰᠠᠷᠪᠠᠢᠵᠤ᠂ ᠤᠷᠲᠤᠯᠢᠭ ᠪᠢᠲᠡᠭᠦᠦ ᠮᠥᠩᠭᠥᠨ ᠰᠠᠬᠠᠯ ᠨᠢ ᠡᠪᠦᠷ ᠳᠡᠭᠡᠷ᠎ᠡ ᠪᠡᠨ ᠰᠣᠯᠪᠢᠭᠰᠠᠨ ᠭᠠᠷ ᠲᠤᠨᠢ(ᠳ᠋ᠤ᠌ ᠨᠢ)ᠬᠦᠷᠴᠡᠢ᠃
— ᠪᠠᠲᠤᠪᠠᠶᠠᠷ ᠠᠪᠤᠭᠠᠢ᠂ ᠨᠣᠶᠠᠨ ᠤ᠋ ᠡᠨᠡ ᠢᠯᠡᠳᠬᠡᠯ ᠢ᠋ ᠲᠡᠳᠦᠢ ᠯᠡ ᠣᠢᠰᠢᠶᠠᠬᠤ ᠦᠭᠡᠢ ᠪᠣᠯᠤᠯᠲᠠᠢ ᠭᠡᠵᠦ ᠪᠣᠳᠣᠭᠠᠳ ᠲᠠᠩᠰᠤᠭ᠂ ᠭᠡᠷ ᠦ᠋ᠨ ᠳᠣᠲᠣᠷ᠎ᠠ ᠰᠠᠭᠤᠭᠰᠠᠳ ᠢ᠋ ᠠᠩᠬᠠᠷᠤᠨ ᠬᠠᠷᠠᠪᠠᠰᠤ᠂ ᠣᠯᠠᠨ ᠲᠥᠯᠥᠭᠡᠯᠡᠭᠴᠢ ᠲᠣᠯᠣᠭᠠᠢ ᠭᠣᠳᠣᠢᠨ ᠬᠥᠯ ᠵᠠᠪᠢᠯᠠᠨ ᠣᠭᠲᠣ ᠬᠥᠳᠡᠯᠬᠦ ᠦᠭᠡᠢ᠃ ᠵᠠᠯᠠᠭᠤᠴᠤᠳ ᠤ᠋ᠨ ᠭᠡᠰᠢᠭᠦᠨ ᠬᠣᠶᠠᠷ ᠬᠡᠦᠬᠡᠨ᠂ ᠤᠳᠬ᠎ᠠ ᠤᠴᠢᠷ ᠤᠬᠠᠭᠳᠠᠬᠤ ᠦᠭᠡᠢ ᠤᠷᠲᠤ ᠭᠡᠭᠴᠢ ᠶ᠋ᠢᠨ ᠨᠤᠷᠰᠢᠭᠤᠨ ᠠᠢᠯᠠᠳᠬᠠᠯ ᠢ᠋ ᠵᠠᠯᠬᠠᠭᠤ ᠬᠦᠷᠦᠮ᠎ᠡ ᠨᠢᠭᠡᠨ ᠠᠶᠠᠯᠭᠤ ᠪᠠᠷ ᠤᠩᠰᠢᠨ ᠰᠠᠯᠬᠤ ᠦᠭᠡᠢ ᠳ᠋ᠦ᠍ ᠲᠡᠰᠴᠦ ᠶᠠᠳᠠᠭᠠᠳ᠂ ᠡᠮᠦᠨ᠎ᠡ ᠰᠠᠭᠤᠭᠰᠠᠨ ᠬᠥᠮᠦᠨ ᠦ᠌ ᠠᠷᠤ ᠳ᠋ᠤ᠌ ᠴᠥᠮᠴᠥᠢᠨ ᠰᠠᠭᠤᠭᠰᠠᠭᠠᠷ ᠬᠠᠨ᠎ᠠ ᠲᠦᠰᠢᠨ ᠦᠷᠭᠡᠯᠡᠵᠡᠢ᠃
ᠴᠢᠩᠭᠢ ᠴᠢᠩᠭᠢᠭᠰᠡᠭᠡᠷ᠂ ᠵᠠᠰᠠᠭ ᠳᠠᠷᠤᠭ᠎ᠠ᠂ ᠠᠢᠯᠠᠳᠬᠠᠯ ᠳ᠋ᠠᠭᠠᠨ (ᠳ᠋ᠤ᠌ ᠪᠠᠨ )ᠠᠷᠠᠢ ᠭᠡᠵᠦ ᠬᠤᠰᠢᠭᠤᠨ ᠳ᠋ᠠᠭᠠᠨ( ᠳ᠋ᠤ᠌ ᠪᠠᠨ) ᠬᠦᠷᠴᠦ ᠣᠯᠠᠨ ᠲᠥᠯᠥᠭᠡᠯᠡᠭᠴᠢ ᠰᠡᠷᠭᠦᠵᠦ᠂ ᠡᠪᠯᠡᠯ ᠦ᠋ᠨ ᠭᠡᠰᠢᠭᠦᠨ ᠵᠠᠯᠠᠭᠤ ᠬᠦᠦ ᠬᠠᠨ᠎ᠠ ᠳᠥᠰᠢᠨ ᠦᠷᠭᠡᠯᠡᠵᠦ ᠤᠨᠲᠠᠭᠰᠠᠨ ᠬᠣᠶᠠᠷ ᠬᠡᠦᠬᠡᠨ ᠢ᠋ ᠲᠦᠯᠬᠢᠨ ᠰᠡᠷᠢᠭᠡᠬᠦ ᠳ᠋ᠦ᠍᠂ ᠢᠴᠢᠭᠦᠷᠢᠰᠬᠢᠨ ᠤᠷᠢᠳᠠᠬᠢ ᠬᠥᠮᠦᠨ ᠦ᠌ ᠠᠷᠤ ᠳ᠋ᠤ᠌ ᠪᠥᠭᠴᠥᠢᠨ ᠨᠢᠭᠤᠭᠳᠠᠵᠠᠢ᠃ ᠣᠳᠣ ᠯᠠ ᠬᠣᠰᠢᠭᠤ ᠲᠠᠮᠠᠭ᠎ᠠ ᠶ᠋ᠢᠨ ᠬᠡᠷᠡᠭ ᠰᠢᠢᠳᠬᠡᠨ ᠶᠠᠪᠤᠭᠤᠯᠤᠭᠰᠠᠨ ᠤᠷᠰᠢᠭ ᠲᠠᠢ ᠤᠷᠰᠢᠭ ᠦᠭᠡᠢ᠂ ᠪᠦᠲᠦᠮᠵᠢᠲᠡᠢ ᠪᠦᠲᠦᠮᠵᠢ ᠦᠭᠡᠢ ᠵᠦᠢᠯ ᠭᠠᠷᠬᠤ ᠪᠣᠢ ᠵᠠ ᠭᠡᠲᠡᠯ᠎ᠡ᠂ ᠮᠥᠨ ᠠᠨᠠᠢ ᠲᠣᠭ᠎ᠠ ᠪᠠᠷ ᠭᠠᠷᠴᠤ᠂ ᠲᠤᠰ ᠬᠤᠰᠢᠭᠤᠨ ᠤ᠋ ᠳᠡᠪᠢᠰᠬᠡᠷ ᠨᠤᠲᠤᠭ ᠲᠤ᠌ ᠲᠥᠴᠢᠨᠡᠨ ᠬᠡᠮᠵᠢᠶᠡᠨ ᠦ᠌ ᠭᠠᠵᠠᠷ᠂ ᠲᠡᠢᠮᠦ ᠲᠡᠢᠮᠦ ᠬᠣᠰᠢᠭᠤ ᠲᠠᠢ᠂ ᠲᠡᠷᠡ ᠲᠡᠷᠡ ᠵᠦᠭ ᠲᠥᠴᠢᠨᠡᠨ ᠦ᠌ ᠭᠠᠵᠠᠷ ᠵᠠᠬ᠎ᠠ ᠨᠡᠢᠯᠡᠮᠦᠢ᠃ ᠬᠤᠰᠢᠭᠤᠨ ᠤ᠋ ᠡᠷᠦᠬᠡ ᠶ᠋ᠢᠨ ᠲᠣᠭ᠎ᠠ ᠲᠥᠴᠢᠨᠡᠨ᠂ ᠡᠷᠡᠭᠲᠡᠢ ᠡᠮᠡᠭᠲᠡᠢ ᠲᠥᠴᠢᠨᠡᠨ᠂ ᠯᠠᠮᠠ ᠬᠠᠷ᠎ᠠ ᠲᠥᠴᠢᠨᠡᠨ᠂ ᠲᠠᠢᠵᠢ ᠠᠷᠠᠳ ᠲᠥᠴᠢᠨᠡᠨ᠂ ᠬᠥᠷᠥᠩᠭᠡ ᠪᠤᠲᠠ ᠲᠥᠴᠢᠨᠡᠨ᠂ ᠥᠩᠭᠡᠷᠡᠭᠰᠡᠨ ᠬᠡᠳᠦᠨ ᠵᠢᠯ ᠦ᠋ᠨ ᠲᠤᠷᠰᠢ ᠵᠢᠯ ᠳᠣᠳᠣᠮ ᠲᠥᠴᠢᠨᠡᠨ ᠠᠯᠪᠠ ᠲᠠᠲᠠᠵᠤ ᠪᠠᠢᠭᠰᠠᠨ᠂ ᠬᠣᠰᠢᠭᠤ ᠲᠠᠮᠠᠭ᠎ᠠ ᠶ᠋ᠢᠨ ᠵᠡᠷᠭᠡ ᠠᠯᠪᠠᠨ ᠭᠠᠵᠠᠷ ᠤ᠋ᠨ ᠪᠢᠴᠢᠭ ᠬᠡᠷᠡᠭ᠂ ᠴᠠᠯᠢᠩ ᠹᠦᠩᠯᠦ ᠶ᠋ᠢᠨ ᠵᠠᠷᠤᠳᠠᠯ ᠲᠥᠴᠢᠨᠡᠨ᠂ ᠲᠤᠰ ᠲᠠᠮᠠᠭ᠎ᠠ ᠶ᠋ᠢᠨ ᠭᠠᠵᠠᠷ ᠮᠡᠳᠡᠭᠦᠯᠦᠨ ᠢᠷᠡᠭᠰᠡᠨ ᠬᠡᠷᠡᠭ ᠵᠠᠷᠭᠤ ᠶ᠋ᠢᠨ ᠲᠣᠭ᠎ᠠ ᠲᠥᠴᠢᠨᠡᠨ᠂ ᠲᠡᠭᠦᠨ ᠡᠴᠡ ᠰᠢᠢᠳᠬᠡᠨ ᠳᠠᠭᠤᠰᠬᠠᠭᠰᠠᠨ ᠲᠥᠴᠢᠨᠡᠨ᠂ ᠵᠣᠬᠢᠬᠤ ᠳᠡᠭᠡᠳᠦ ᠭᠠᠵᠠᠷ ᠠ᠋ᠴᠠ ᠬᠡᠷᠬᠢᠬᠦ ᠶ᠋ᠢ ᠯᠠᠪᠯᠠᠨ ᠠᠰᠠᠭᠤᠵᠤ᠂ ᠬᠠᠷᠢᠭᠤ ᠬᠦᠯᠢᠶᠡᠨ ᠪᠠᠢᠭ᠎ᠠ ᠬᠡᠷᠡᠭ ᠲᠥᠴᠢᠨᠡᠨ ᠭᠡᠬᠦ ᠵᠡᠷᠭᠡ ᠪᠡᠷ ᠡᠳᠦᠢ ᠲᠡᠳᠦᠢ ᠣᠯᠠᠨ ᠲᠣᠭ᠎ᠠ ᠨᠤᠷᠰᠢᠵᠤ ᠤᠩᠰᠢᠭᠠᠳ᠂ ᠲᠡᠭᠦᠰᠬᠡᠯ ᠳ᠋ᠦ᠍ ᠲᠤᠰ ᠲᠠᠮᠠᠭ᠎ᠠ ᠶ᠋ᠢᠨ ᠭᠠᠵᠠᠷ ᠠᠯᠪᠠᠨ ᠬᠠᠭᠠᠵᠤ ᠪᠠᠢᠭ᠎ᠠ ᠲᠦᠰᠢᠮᠡᠯ᠂ ᠪᠢᠴᠢᠭᠡᠴᠢ᠂ ᠭᠠᠯᠴᠢ ᠵᠠᠷᠤᠯᠭ᠎ᠠ ᠶ᠋ᠢᠨ ᠵᠡᠷᠭᠡ ᠬᠥᠮᠦᠰ ᠢ᠋ ᠴᠥᠮ ᠲᠥᠯᠥᠪ ᠲᠣᠮᠣᠭᠠᠲᠠᠢ᠂ ᠬᠡᠮᠵᠢᠶᠡᠲᠦ ᠡᠷᠬᠡᠲᠦ ᠶᠣᠰᠣ᠂ ᠠᠷᠠᠳ ᠤ᠋ᠨ ᠡᠷᠬᠡ ᠶ᠋ᠢ ᠬᠦᠨᠳᠦᠳᠬᠡᠳᠡᠭ ᠬᠥᠮᠦᠨ ᠭᠡᠵᠦ ᠲᠣᠳᠣᠷᠬᠠᠢᠯᠠᠨ᠂ ᠰᠢᠯ ᠢ᠋ᠶ᠋ᠡᠨ ᠠᠶᠠᠲᠠᠢᠬᠠᠨ ᠠᠪᠴᠤ ᠬᠠᠳᠬᠤᠮᠠᠯ ᠬᠤᠢ ᠳ᠋ᠤ᠌ ᠬᠢᠭᠡᠳ᠂ ᠤᠨᠵᠢᠷᠠᠭ᠎ᠠ ᠠᠢᠯᠠᠳᠬᠠᠯ ᠢ᠋ᠶ᠋ᠠᠨ ᠲᠡᠭᠦᠰᠬᠡᠭᠴᠢ ᠪᠡᠨ ᠪᠣᠯᠬᠤ ᠳ᠋ᠤᠨᠢ( ᠳ᠋ᠤ᠌ ᠨᠢ) ᠣᠯᠠᠨ ᠤ᠋ ᠰᠠᠨᠠᠭ᠎ᠠ ᠠᠮᠤᠷᠴᠤ᠂ ᠳᠣᠲᠣᠷ᠎ᠠ ᠨᠢ ᠣᠩᠭᠣᠢᠪᠠ᠃ ᠵᠠᠰᠠᠭ ᠳᠠᠷᠤᠭ᠎ᠠ ᠶ᠋ᠢᠨ ᠠᠢᠯᠠᠳᠬᠠᠯ ᠢ᠋ ᠤᠬᠠᠭᠠᠷᠠᠬᠤ ᠭᠡᠵᠦ ᠶᠡᠬᠡᠯ᠎ᠡ(ᠶᠡᠬᠡ ᠯᠡ) ᠬᠢᠴᠢᠶᠡᠵᠦ᠂ ᠣᠭᠲᠣ ᠬᠥᠳᠡᠯᠬᠦ ᠦᠭᠡᠢ ᠰᠠᠭᠤᠭᠰᠠᠨ ᠰᠢᠷᠴᠢᠨ ᠦ᠌ ᠳᠠᠯᠤ ᠮᠥᠷᠥ ᠴᠢᠯᠡᠵᠦ᠂ ᠶᠡᠬᠡᠯ᠎ᠡ(ᠶᠡᠬᠡ ᠯᠡ)ᠠᠯᠵᠢᠶᠠᠵᠤ ᠪᠠᠢᠭᠰᠠᠨ ᠢ᠋ᠶ᠋ᠠᠨ ᠰᠠᠢ᠍ᠢ (ᠰᠠᠶᠢ) ᠴᠡᠭᠡᠵᠢ ᠪᠡᠨ ᠲᠡᠨᠢᠢᠯᠭᠡᠵᠦ ᠬᠤᠷᠠᠯ ᠤ᠋ᠨ ᠳᠠᠷᠤᠭ᠎ᠠ ᠶ᠋ᠢᠨ ᠵᠦᠭ ᠬᠠᠷᠠᠪᠠᠰᠤ᠂ ᠡᠴᠡᠵᠦ ᠠᠯᠵᠢᠶᠠᠭᠰᠠᠨ ᠪᠠᠲᠤᠪᠠᠶᠠᠷ᠂ ᠥᠷᠯᠥᠭᠡᠨ ᠦ᠌ ᠬᠤᠷᠠᠯ ᠢ᠋ ᠡᠭᠦᠪᠡᠷ ᠵᠠᠪᠰᠠᠷᠯᠠᠬᠤ ᠶ᠋ᠢ ᠮᠡᠳᠡᠭᠳᠡᠵᠦ᠂ ᠬᠤᠷᠠᠯ ᠤ᠋ᠨ ᠨᠠᠷᠢᠨ ᠪᠢᠴᠢᠭ ᠦ᠋ᠨ ᠳᠠᠷᠤᠭ᠎ᠠ ᠲᠣᠭᠲᠠᠭᠠᠯ ᠢ᠋ ᠤᠩᠰᠢᠨ ᠰᠣᠨᠣᠰᠬᠠᠭᠠᠳ᠂ ᠲᠥᠯᠥᠭᠡᠯᠡᠭᠴᠢᠳ ᠪᠡᠯᠡᠳᠦᠭᠰᠡᠨ ᠭᠡᠷ ᠭᠡᠷ ᠢ᠋ᠶ᠋ᠡᠷ ᠲᠠᠷᠠᠵᠠᠭᠠᠯᠠ᠃
— ᠬᠠᠭᠤᠴᠢᠨ ᠤ᠋ ᠬᠠᠤᠯᠢᠴᠢ ᠲᠦᠰᠢᠮᠡᠯ ᠦ᠋ᠨ ᠨᠢᠳᠦ ᠪᠡᠷ ᠦᠵᠡᠪᠡᠯ᠂ ᠡᠨᠡ ᠠᠢᠯᠠᠳᠬᠠᠯ ᠤ᠋ᠨ ᠦᠭᠡ ᠨᠠᠢᠷᠠᠭᠤᠯᠭ᠎ᠠ ᠨᠢ ᠪᠦᠳᠦᠭᠦᠨ ᠡᠪᠡᠰᠦ ᠪᠠᠭᠲᠠᠮ᠎ᠠ ᠦᠭᠡᠢ ᠨᠠᠢᠷᠠᠭᠤᠯᠤᠭᠰᠠᠨ ᠶᠤᠮ ᠪᠠᠢᠨ᠎ᠠ ᠳᠠ᠃ ᠭᠡᠪᠡᠴᠦ᠂ ᠠᠢᠯᠠᠳᠬᠠᠯ ᠤ᠋ᠨ ᠴᠠᠭᠠᠨ᠎ᠠ ᠶᠠᠭᠤ ᠪᠠᠢᠭ᠎ᠠ ᠶ᠋ᠢ ᠬᠠᠷᠠᠬᠤ ᠬᠡᠷᠡᠭᠲᠡᠢ᠂ ᠬᠣᠶᠠᠭᠤᠯᠠ ᠪᠠᠨ ᠬᠣᠭᠣᠯᠠ ᠪᠠᠨ ᠢᠳᠡᠭᠡᠳ᠂ ᠪᠠᠲᠤᠪᠠᠶᠠᠷ ᠭᠤᠸᠠᠢ ᠳ᠋ᠤ᠌ ᠣᠴᠢᠶ᠎ᠠ ᠭᠡᠵᠦ ᠯᠣᠣᠵᠠᠩ ᠡᠪᠦᠭᠡᠨ᠂ ᠰᠢᠷᠴᠢᠨ ᠳ᠋ᠦ᠍ ᠬᠡᠯᠡᠵᠡᠢ᠃
ᠣᠷᠣᠢ ᠶ᠋ᠢᠨ ᠬᠤᠷᠠᠯ ᠳ᠋ᠤ᠌ ᠲᠥᠯᠥᠭᠡᠯᠡᠭᠴᠢ ᠨᠠᠷ ᠠᠰᠠᠭᠤᠯᠲᠠ ᠠᠰᠠᠭᠤᠵᠤ᠂ ᠠᠩᠬᠠᠨ ᠳ᠋ᠠᠭᠠᠨ( ᠳ᠋ᠤ᠌ ᠪᠠᠨ) ᠪᠠᠬᠠᠨ ᠪᠣᠯᠭᠣᠮᠵᠢᠯᠠᠨ ᠠᠰᠠᠭᠤᠵᠤ ᠪᠠᠢᠭᠰᠠᠨ ᠢ᠋ᠶ᠋ᠠᠨ ᠵᠣᠷᠢᠭ ᠣᠷᠣᠵᠤ᠂ ᠳᠡᠭᠡᠷ᠎ᠡ ᠳᠡᠭᠡᠷ᠎ᠡ ᠡᠴᠡ ᠨᠢ ᠵᠦᠢᠯ ᠵᠦᠢᠯ ᠦ᠋ᠨ ᠶᠠᠭᠤᠮ᠎ᠠ ᠠᠰᠠᠭᠤᠵᠤ᠂ ᠵᠠᠷᠢᠮ ᠠᠰᠠᠭᠤᠯᠲᠠ ᠠ᠋ᠴᠠ ᠨᠣᠶᠠᠨ ᠬᠥᠯᠥᠰᠥ ᠪᠡᠨ ᠭᠠᠷᠲᠠᠯ᠎ᠠ ᠲᠡᠪᠡᠳᠡᠵᠡᠢ᠃
— ᠨᠣᠶᠠᠨ᠂ ᠠᠷᠠᠳ ᠤ᠋ᠨ ᠡᠷᠬᠡᠲᠦ ᠶᠣᠰᠣ ᠶ᠋ᠢ ᠲᠡᠢᠮᠦ ᠬᠦᠨᠳᠦᠳᠬᠡᠨ ᠦᠵᠡᠳᠡᠭ ᠠᠬᠤᠯ᠎ᠠ᠂ ᠮᠠᠨᠵᠤ ᠶ᠋ᠢᠨ ᠦᠶ᠎ᠡ ᠳ᠋ᠦ᠍ ᠪᠡᠭᠡᠵᠢᠩ ᠣᠷᠣᠵᠤ᠂ ᠪᠠᠢᠰᠠ ᠶ᠋ᠢᠨ ᠵᠡᠷᠭᠡ ᠬᠡᠷᠬᠡᠮ ᠬᠤᠳᠠᠯᠳᠤᠨ ᠠᠪᠬᠤ ᠳ᠋ᠠᠭᠠᠨ ᠲᠠᠯᠪᠢᠭᠰᠠᠨ ᠡᠷᠲᠡᠨ ᠦ᠌ ᠥᠷᠢ ᠰᠢᠷᠢ ᠶ᠋ᠢᠨ ᠢ᠋ᠶ᠋ᠡᠨ ᠬᠦᠦ ᠶ᠋ᠢ ᠶᠠᠭᠠᠬᠢᠭᠠᠳ ᠬᠣᠰᠢᠭᠤ ᠣᠯᠠᠨ ᠢ᠋ᠶ᠋ᠠᠷ ᠨᠢᠳᠤᠨᠤᠨ ᠵᠢᠯ ᠬᠦᠷᠲᠡᠯ᠎ᠡ ᠬᠠᠤᠯᠢ ᠪᠤᠰᠤ ᠪᠠᠷ ᠲᠥᠯᠥᠭᠦᠯᠵᠦ ᠠᠪᠤᠭᠰᠠᠨ ᠪᠢᠯᠡ? ᠭᠡᠵᠦ ᠡᠪᠦᠭᠡᠨ ᠲᠠᠢᠵᠢ ᠨᠠᠰᠤᠨᠴᠣᠭᠲᠤ ᠠᠰᠠᠭᠤᠵᠠᠢ᠃ ᠪᠠᠶᠠᠴᠤᠳ ᠲᠠᠢᠵᠢ ᠨᠠᠷ ᠤ᠋ᠨ᠂ ᠲᠡᠷᠡ ᠬᠣᠬᠢ ᠲᠠᠢᠵᠢ ᠡᠪᠦᠭᠡᠨ ᠢ᠋《ᠴᠢᠯᠠᠭᠤᠨ ᠵᠠᠩᠭᠢ ᠶ᠋ᠢᠨ ᠱᠠᠪᠢ》 ᠭᠡᠵᠦ ᠳᠣᠷᠣᠮᠵᠢᠯᠠᠨ᠂ ᠴᠢ ᠪᠦᠷ ᠭᠡᠵᠢᠭᠡ ᠪᠡᠨ ᠠᠪᠴᠤ ᠮᠤᠬᠤᠷ ᠲᠣᠯᠣᠭᠠᠢ ᠲᠠᠢ ᠪᠣᠯᠬᠤ ᠶᠤᠮ ᠪᠢᠰᠢ ᠤᠤ? ᠭᠡᠵᠦ ᠮᠠᠭᠤ ᠬᠡᠯᠡᠬᠦ ᠳ᠋ᠦ᠍ᠨᠢ( ᠳ᠋ᠦ᠍ ᠨᠢ)᠂ ᠠᠪᠤᠨ᠎ᠠ᠂ ᠲᠠ ᠨᠠᠷ ᠰᠢᠭ᠋ ᠪᠢ ᠪᠠᠯᠠᠷᠠᠭᠰᠠᠨ ᠮᠠᠨᠵᠤ ᠬᠠᠭᠠᠨ ᠤ᠋ ᠪᠣᠭᠣᠯ ᠪᠣᠯᠤᠭᠰᠠᠨ ᠤ᠋ ᠲᠡᠮᠳᠡᠭ ᠲᠣᠯᠣᠭᠠᠢ ᠳᠡᠭᠡᠷ᠎ᠡ ᠪᠡᠨ ᠵᠡᠭᠦᠵᠦ ᠶᠠᠪᠤᠬᠤ ᠦᠭᠡᠢ ᠭᠡᠵᠦ ᠭᠡᠵᠢᠭᠡ ᠪᠡᠨ ᠠᠪᠤᠭᠰᠠᠨ ᠡᠪᠦᠭᠡᠨ ᠪᠠᠢᠵᠠᠢ᠃
— ᠯᠦ᠍ ᠪᠡᠢᠰᠡ᠂ ᠴᠢᠯᠠᠭᠤᠨ ᠵᠠᠩᠭᠢ ᠶ᠋ᠢ ᠠᠯᠠᠭᠰᠠᠨ ᠶᠠᠯ᠎ᠠ ᠪᠠᠨ ᠬᠥᠩᠭᠡᠨ ᠪᠣᠯᠭᠠᠬᠤ ᠭᠡᠵᠦ ᠬᠣᠰᠢᠭᠤ ᠲᠠᠮᠠᠭ᠎ᠠ ᠶ᠋ᠢᠨ ᠰᠢᠭᠦᠬᠦ ᠲᠠᠰᠤᠯᠬᠤ ᠬᠡᠯᠲᠡᠰ ᠦ᠋ᠨ ᠳᠠᠷᠤᠭ᠎ᠠ ᠪᠠᠯᠪᠠᠷ ᠬᠤᠷᠴᠠ ᠳ᠋ᠤ᠌ ᠬᠠᠬᠤᠤᠯᠢ ᠥᠭᠭᠦᠭᠰᠡᠨ ᠢ᠋ ᠵᠠᠰᠠᠭ ᠳᠠᠷᠤᠭ᠎ᠠ ᠮᠡᠳᠡᠭᠰᠡᠨ ᠵᠦᠢᠯ ᠪᠣᠢ ᠤᠤ? ᠭᠡᠵᠦ ᠡᠪᠯᠡᠯ ᠦ᠋ᠨ ᠭᠡᠰᠢᠭᠦᠨ ᠡᠮᠡᠭᠲᠡᠢ ᠲᠥᠯᠥᠭᠡᠯᠡᠭᠴᠢ ᠪᠣᠯᠭᠠᠨ ᠲᠠᠴᠢᠶᠠᠳᠠᠨ ᠬᠣᠷᠣᠰᠴᠤ᠂ ᠭᠢᠯᠠᠯᠵᠠᠭᠰᠠᠨ ᠬᠤᠷᠴᠠ ᠬᠠᠷ᠎ᠠ ᠨᠢᠳᠦ ᠪᠡᠷ ᠢ᠋ᠶ᠋ᠡᠨ ᠨᠣᠶᠠᠨ ᠤ᠋ ᠵᠦᠭ ᠰᠢᠷᠳᠡᠨ ᠠᠰᠠᠭᠤᠵᠠᠢ᠃
— ᠨᠢᠳᠤᠨᠤᠨ ᠬᠠᠪᠤᠷ᠂ ᠲᠦᠩᠰᠢ ᠶ᠋ᠢᠨ ᠫᠦᠰᠡ ᠶ᠋ᠢᠨ ᠳᠠᠩᠵᠢᠶᠠᠳ᠂ ᠵᠠᠰᠠᠭ ᠳᠠᠷᠤᠭ᠎ᠠ ᠶ᠋ᠢᠨ ᠨᠡᠷ᠎ᠡ ᠪᠡᠷ ᠤᠷᠭ᠎ᠠ ᠶ᠋ᠢᠨ ᠤᠯᠠᠭ᠎ᠠ ᠬᠡᠷᠡᠭᠯᠡᠭᠡᠳ᠂ ᠮᠠᠨ ᠤ᠋ ᠠᠷᠪᠠᠨ ᠤ᠋ ᠴᠡᠭᠮᠢᠳ ᠴᠢᠪᠠᠭᠠᠨᠴᠠ ᠶ᠋ᠢᠨ ᠮᠣᠷᠢᠨ ᠳ᠋ᠤ᠌ ᠪᠤᠯᠭᠢᠭᠤᠯᠤᠭᠠᠳ ᠡᠮᠡᠭᠡᠯ ᠡᠪᠳᠡᠪᠡ ᠭᠡᠵᠦ ᠵᠠᠷᠭᠤᠯᠳᠤᠵᠤ ᠪᠢᠯᠡ᠃ ᠲᠡᠭᠡᠭᠡᠳ ᠮᠣᠷᠢᠨ ᠤ᠋ ᠡᠵᠡᠨ ᠵᠡᠭᠦᠨ ᠡᠮᠡᠭᠡᠨ ᠭᠡᠳᠡᠭ ᠴᠡᠭᠮᠢᠳ ᠴᠢᠪᠠᠭᠠᠨᠴᠠ ᠶ᠋ᠢ ᠨᠣᠶᠠᠨ ᠤ᠋ ᠲᠤᠰᠢᠶᠠᠯ ᠢ᠋ᠶ᠋ᠠᠷ ᠲᠠᠪᠢᠨ ᠯᠠᠩ ᠤ᠋ᠨ ᠮᠥᠩᠭᠥ ᠪᠡᠷ ᠪᠠᠭᠠᠯᠠᠨ ᠲᠣᠷᠭᠠᠭᠤᠯᠢᠯᠠᠭᠰᠠᠨ ᠪᠢᠯᠡ᠃ ᠣᠳᠣ ᠰᠣᠨᠣᠰᠪᠠᠯ᠂ ᠰᠢᠭᠦᠬᠦ ᠲᠠᠰᠤᠯᠬᠤ ᠬᠡᠯᠲᠡᠰ ᠦ᠋ᠨ ᠲᠣᠭᠲᠠᠭᠠᠯ ᠢ᠋ ᠨᠣᠶᠠᠨ ᠪᠠᠲᠤᠯᠠᠵᠤ᠂ ᠯᠣᠳᠣᠢ ᠪᠠᠶᠠᠨ ᠪᠠᠢᠰᠠ ᠠ᠋ᠴᠠ ᠴᠢᠯᠠᠭᠤᠨ ᠬᠦᠦ ᠶ᠋ᠢ ᠠᠯᠠᠭᠰᠠᠨ ᠤ᠋ ᠲᠣᠷᠭᠠᠭᠤᠯᠢ ᠬᠣᠷᠢᠨ ᠨᠢᠭᠡᠨ ᠯᠠᠩ ᠬᠤᠷᠢᠶᠠᠭᠰᠠᠨ ᠭᠡᠵᠦ ᠰᠣᠨᠣᠰᠤᠯ᠎ᠠ᠃ ᠬᠥᠮᠦᠨ ᠦ᠌ ᠠᠮᠢ᠂ ᠳᠠᠩᠵᠢᠶᠠᠳ ᠤ᠋ᠨ ᠡᠮᠡᠭᠡᠯ ᠡᠴᠡ ᠬᠢᠮᠳᠠ ᠪᠠᠢᠳᠠᠭ ᠨᠢ ᠰᠢᠳᠤᠷᠭᠤ ᠲᠥᠷᠥ ᠶ᠋ᠢᠨ ᠶᠣᠰᠣᠨ ᠳ᠋ᠤ᠌ ᠪᠠᠢᠵᠤ ᠪᠣᠯᠬᠤ ᠤᠤ? ᠭᠡᠵᠦ ᠲᠠᠩᠰᠤᠭ ᠠᠰᠠᠭᠤᠵᠠᠢ᠃
— ᠨᠣᠶᠠᠨ ᠤ᠋ ᠬᠣᠰᠢᠭᠤ ᠬᠡᠢᠳ ᠲᠦ᠍᠂ ᠥᠩᠭᠡᠨ ᠳ᠋ᠡᠭᠡᠨ ( ᠳ᠋ᠦ᠍ ᠪᠡᠨ )ᠯᠠᠮᠠ ᠬᠣᠪᠴᠠᠰᠤᠲᠠᠢ ᠪᠣᠯᠪᠠᠴᠤ ᠦᠨᠡᠨ ᠳ᠋ᠡᠭᠡᠨ( ᠳ᠋ᠦ᠍ ᠪᠡᠨ) ᠮᠠᠢᠮᠠᠢ ᠫᠠᠨᠽᠠ ᠬᠢᠵᠦ᠂ ᠠᠷᠢᠬᠢ ᠳᠠᠷᠠᠰᠤ ᠤᠤᠭᠤᠵᠤ᠂ ᠰᠢᠷ᠎ᠠ ᠳᠡᠪᠡᠯ ᠢ᠋ᠶ᠋ᠡᠷ ᠢ᠋ᠶ᠋ᠡᠨ ᠱᠠᠰᠢᠨ ᠢ᠋ ᠪᠤᠵᠠᠷᠯᠠᠵᠤ᠂ ᠱᠠᠯᠳᠠᠩ ᠪᠥᠭᠰᠡ ᠪᠡᠷ ᠢ᠋ᠶ᠋ᠡᠨ ᠡᠮᠡᠰ ᠥᠬᠢᠳ ᠢ᠋ ᠪᠤᠵᠠᠷᠯᠠᠵᠤ ᠶᠠᠪᠤᠳᠠᠭ ᠯᠠᠮᠠ ᠨᠠᠷ ᠣᠯᠠᠨ ᠪᠠᠢᠳᠠᠭ᠃ ᠨᠣᠶᠠᠨ᠂ ᠲᠡᠳᠡᠨ ᠢ᠋ ᠶᠠᠭᠤ ᠭᠡᠵᠦ ᠪᠣᠳᠣᠵᠤ᠂ ᠠᠢᠯᠠᠳᠬᠠᠯ ᠳ᠋ᠠᠭᠠᠨ( ᠳ᠋ᠤ᠌ ᠪᠠᠨ )ᠯᠠᠮᠠ ᠬᠠᠷ᠎ᠠ ᠶ᠋ᠢᠨ ᠠᠯᠢᠨ ᠳ᠋ᠤᠨᠢ( ᠳ᠋ᠤ᠌ ᠨᠢ )ᠣᠷᠣᠭᠤᠯᠪᠠ?
— ᠬᠣᠰᠢᠭᠤ ᠬᠤᠷᠠᠯ ᠤ᠋ᠨ ᠡᠮᠦᠨ᠎ᠡ᠂ ᠬᠡᠢᠳ ᠦ᠋ᠨ ᠯᠠᠮᠠ ᠨᠠᠷ᠂ ᠨᠣᠶᠠᠨ ᠤ᠋ ᠳᠠᠢᠰᠤᠨ᠂ ᠮᠥᠨ ᠬᠠᠷ᠎ᠠ ᠬᠡᠯᠡ ᠠᠮᠠ ᠳᠠᠷᠤᠬᠤ ᠲᠤᠬᠠᠢ ᠨᠣᠮ ᠭᠦᠷᠢᠮ ᠬᠢᠵᠦ ᠪᠠᠢᠭᠰᠠᠨ ᠰᠤᠷᠠᠭ ᠲᠠᠢ᠃ ᠲᠡᠷᠡ ᠴᠣᠬᠣᠮ ᠶᠠᠮᠠᠷ ᠳᠠᠢᠰᠤᠨ ᠳᠠᠷᠤᠵᠤ᠂ ᠶᠠᠮᠠᠷ ᠬᠠᠷ᠎ᠠ ᠬᠡᠯᠡ ᠠᠮᠠ ᠬᠠᠷᠢᠭᠤᠯᠠᠬᠤ ᠭᠡᠰᠡᠨ ᠤᠴᠢᠷ ᠲᠠᠢ ᠶᠤᠮ ᠪᠣᠯ? ᠭᠡᠬᠦ ᠵᠡᠷᠭᠡ ᠪᠡᠷ ᠮᠠᠰᠢ ᠣᠯᠠᠨ ᠠᠰᠠᠭᠤᠯᠲᠠ ᠲᠠᠯᠪᠢᠭᠰᠠᠨ ᠨᠢ ᠠᠷᠠᠳ ᠣᠯᠠᠨ ᠤ᠋ ᠤᠯᠤᠰ ᠲᠥᠷᠥ ᠶ᠋ᠢᠨ ᠢᠳᠡᠪᠬᠢ ᠰᠡᠷᠭᠦᠵᠦ᠂ ᠥᠴᠥᠭᠡᠳᠦᠷᠬᠡᠨ ᠰᠢᠬᠠᠭᠤ ᠡᠷᠬᠡ ᠴᠢᠯᠥᠭᠡ ᠦᠭᠡᠢ ᠳᠠᠷᠤᠯᠠᠭᠳᠠᠨ ᠳᠣᠷᠣᠮᠵᠢᠯᠠᠭᠳᠠᠭᠰᠠᠨ ᠬᠥᠮᠦᠨ ᠠᠷᠠᠳ ᠤ᠋ᠨ ᠰᠡᠳᠬᠢᠯ ᠣᠶᠤᠨ ᠳ᠋ᠤ᠌ ᠮᠠᠰᠢ ᠶᠡᠬᠡ ᠥᠭᠡᠷᠡᠴᠢᠯᠡᠯᠲᠡ ᠭᠠᠷᠴᠤ᠂ ᠰᠠᠮᠪᠠᠭ᠎ᠠ ᠵᠣᠷᠢᠭ ᠰᠡᠷᠭᠦᠨ ᠪᠠᠢᠭ᠎ᠠ ᠶ᠋ᠢᠨ ᠰᠢᠨᠵᠢ ᠠᠵᠢ᠃ ᡀᠠ ᠪᠡᠢᠯᠡ᠂ ᠶᠡᠷᠦ ᠬᠥᠮᠦᠨ ᠪᠣᠯᠤᠭᠰᠠᠭᠠᠷ ᠰᠠᠨᠳᠤᠷᠴᠤ ᠦᠵᠡᠭᠡ ᠦᠭᠡᠢ ᠶ᠋ᠢ ᠰᠠᠨᠳᠤᠷᠴᠤ ᠲᠡᠪᠡᠳᠡᠭᠰᠡᠨ ᠪᠢᠯᠡ᠃ ᠤᠷᠢᠳᠤ ᠴᠠᠭ ᠲᠤ᠌᠂ ᠠᠯᠤᠰ ᠬᠣᠯᠠ ᠶ᠋ᠢᠨ ᠪᠡᠭᠡᠵᠢᠩ ᠬᠣᠲᠠ ᠣᠷᠣᠵᠤ᠂ ᠲᠠᠢᠴᠢᠩ ᠤᠯᠤᠰ ᠤ᠋ᠨ ᠪᠠᠳᠠᠷᠠᠭᠤᠯᠲᠤ ᠲᠥᠷᠥ ᠬᠠᠭᠠᠨ ᠳ᠋ᠤ᠌ ᠪᠠᠷᠠᠭᠠᠯᠬᠠᠵᠤ( ᠪᠠᠷᠠᠯᠬᠠᠵᠤ)᠂ ᠲᠥᠷᠥ ᠶ᠋ᠢᠨ ᠣᠯᠠᠨ ᠰᠠᠢᠳ᠂ ᠳᠡᠭᠡᠷᠡᠩᠭᠦᠢ ᠶᠡᠬᠡᠷᠬᠡᠭ ᠠᠮᠪᠠᠰ ᠨᠣᠶᠠᠳ ᠤ᠋ᠨ ᠵᠡᠷᠭᠡ ᠳ᠋ᠦ᠍ ᠣᠷᠣᠵᠤ ᠶᠠᠪᠤᠭᠰᠠᠨ ᠪᠢᠯᠡ᠃ ᠮᠣᠩᠭᠣᠯ ᠤᠯᠤᠰ ᠤ᠋ᠨ ᠱᠠᠰᠢᠨ ᠲᠥᠷᠥ ᠶ᠋ᠢ ᠬᠣᠣᠰᠯᠠᠨ ᠪᠠᠷᠢᠭᠴᠢ᠂ ᠨᠠᠷᠠᠨ ᠭᠡᠷᠡᠯᠲᠦ ᠪᠣᠭᠳᠠ ᠬᠠᠭᠠᠨ ᠳ᠋ᠤ᠌ ᠴᠣ ᠪᠠᠷᠠᠭᠠᠯᠬᠠᠵᠤ( ᠪᠠᠷᠠᠯᠬᠠᠵᠤ)᠂ ᠲᠥᠷᠥ ᠶ᠋ᠢᠨ ᠣᠯᠠᠨ ᠰᠠᠢᠳ᠂ ᠬᠠᠭᠠᠳ ᠨᠣᠶᠠᠳ ᠤ᠋ᠨ ᠵᠡᠷᠭᠡ ᠳ᠋ᠦ᠍ ᠴᠦ᠍ ᠪᠠᠭᠲᠠᠯᠴᠠᠨ ᠪᠠᠷᠠᠭ᠎ᠠ (ᠪᠠᠷ᠎ᠠ)ᠪᠣᠯᠵᠤ ᠦᠵᠡᠭᠰᠡᠨ ᠪᠢᠯᠡ᠃ ᠴᠢᠩᠭᠢᠬᠦ ᠳ᠋ᠡᠭᠡᠨ᠂ ᠤᠷᠢᠳᠤ ᠮᠢᠨᠦ ᠠᠯᠪᠠᠲᠤ ᠬᠠᠮᠵᠢᠯᠭ᠎ᠠ ᠶᠠᠪᠤᠭᠰᠠᠨ ᠡᠨᠡ ᠬᠣᠷᠢᠭᠠᠳ ᠲᠥᠯᠥᠭᠡᠯᠡᠭᠴᠢ ᠶ᠋ᠢᠨ ᠡᠮᠦᠨ᠎ᠡ ᠰᠠᠨᠳᠤᠷᠤᠨ ᠲᠡᠪᠡᠳᠡᠭᠰᠡᠨ ᠲᠡᠢ ᠠᠳᠠᠯᠢ᠂ ᠶᠡᠷᠦ ᠰᠠᠨᠳᠤᠷᠴᠤ ᠦᠵᠡᠭᠡ ᠦᠭᠡᠢ ᠪᠢᠯᠡ᠃ ᠶᠠᠮᠠᠷ ᠰᠣᠨᠢᠨ ᠵᠢᠭᠲᠡᠢ ᠶᠦᠮ ᠪᠣᠢ? ᠭᠡᠵᠦ ᡀᠠ ᠪᠡᠢᠯᠡ ᠭᠠᠢᠬᠠᠨ ᠪᠣᠳᠣᠵᠤ᠂ ᠬᠤᠷᠠᠯ ᠤ᠋ᠨ ᠨᠠᠷᠢᠨ ᠪᠢᠴᠢᠭ ᠦ᠋ᠨ ᠳᠠᠷᠤᠭ᠎ᠠ ᠶ᠋ᠢ ᠲᠥᠯᠥᠭᠡᠯᠡᠭᠴᠢᠳ ᠦ᠋ᠨ ᠳᠠᠬᠢᠨ ᠨᠡᠮᠡᠨ ᠠᠰᠠᠭᠤᠭᠰᠠᠨ᠂ ᠮᠥᠨ ᠳᠡᠭᠡᠷᠡᠬᠢ ᠶ᠋ᠢ ᠬᠠᠷᠢᠭᠤᠯᠤᠭᠰᠠᠨ ᠵᠦᠢᠯ ᠡᠴᠡ ᠦᠨᠳᠦᠰᠦᠯᠡᠨ ᠠᠰᠠᠭᠤᠭᠰᠠᠨ ᠵᠦᠢᠯ ᠢ᠋ ᠲᠡᠮᠳᠡᠭᠯᠡᠵᠦ ᠠᠪᠬᠤ ᠵᠠᠪᠰᠠᠷ ᠪᠠᠴᠢᠮᠳᠠᠨ ᠪᠡᠨᠳᠡᠵᠦ᠂ ᠳᠡᠮᠡᠢ ᠯᠡ ᠠᠮᠠᠨ ᠳᠣᠲᠣᠷ᠎ᠠ ᠪᠠᠨ ᠪᠤᠷᠬᠠᠨ ᠰᠠᠬᠢᠭᠤᠯᠰᠤᠨ ᠳ᠋ᠠᠭᠠᠨ (ᠳ᠋ᠤ᠌ ᠪᠠᠨ) ᠵᠠᠯᠪᠠᠷᠢᠮᠤᠢ᠃
ᠲᠡᠭᠡᠭᠡᠳ᠂ ᠲᠡᠢᠨᠬᠦ ᠣᠯᠠᠨ ᠲᠥᠯᠥᠭᠡᠯᠡᠴᠢ ᠶ᠋ᠢᠨ ᠳᠠᠬᠢᠨ ᠨᠡᠮᠡᠨ ᠠᠰᠠᠭᠤᠭᠰᠠᠨ ᠵᠦᠢᠯ ᠢ᠋ ᠲᠡᠮᠳᠡᠭᠯᠡᠭᠰᠡᠨ ᠬᠠᠭᠤᠳᠠᠰᠤ ᠶ᠋ᠢ ᠠᠪᠤᠭᠠᠳ᠂ ᠠᠶ᠎ᠠ᠂ ᠯᠠᠮᠠ ᠪᠠᠭᠰᠢ ᠮᠢᠨᠢ᠂ ᠬᠡᠢᠳ ᠦ᠋ᠨ ᠮᠢᠨᠢ ᠰᠠᠬᠢᠭᠤᠯᠰᠤ ᠨᠠᠭᠠᠨ᠎ᠠ ᠳᠠ! ᠭᠡᠵᠦ ᠬᠠᠨᠴᠤᠢ ᠳᠣᠲᠣᠷ᠎ᠠ ᠪᠠᠨ ᠵᠠᠯᠪᠠᠷᠢᠨ᠂ ᠳᠣᠲᠣᠷ᠎ᠠ ᠪᠠᠨ ᠡᠮᠢᠶᠡᠨ ᠵᠣᠪᠠᠵᠤ᠂ ᠬᠠᠷᠢᠭᠤ ᠲᠠᠯᠪᠢᠵᠤ ᠡᠬᠢᠯᠡᠭᠰᠡᠨ ᠪᠥᠯᠥᠭᠡ᠃
ᠬᠣᠢᠲᠤ ᠡᠳᠦᠷ ᠦ᠋ᠨ ᠲᠤᠷᠰᠢ ᡀᠠ ᠪᠡᠢᠯᠡ ᠶ᠋ᠢᠨ ᠠᠢᠯᠠᠳᠬᠠᠯ ᠤ᠋ᠨ ᠰᠢᠭᠦᠮᠵᠢᠯᠡᠯ ᠦᠷᠭᠦᠯᠵᠢᠯᠡᠵᠦ᠂ ᠬᠣᠰᠢᠭᠤ ᠲᠠᠮᠠᠭ᠎ᠠ ᠶ᠋ᠢᠨ ᠰᠢᠢᠳᠬᠡᠨ ᠶᠠᠪᠤᠭᠤᠯᠤᠭᠰᠠᠨ ᠬᠡᠷᠡᠭ ᠢ᠋ ᠪᠠᠷᠤᠭ ᠪᠦᠬᠦ ᠲᠥᠯᠥᠭᠡᠯᠡᠭᠴᠢ ᠶᠡᠬᠡᠳᠡ ᠰᠢᠭᠦᠮᠵᠢᠯᠡᠵᠦ᠂ ᠰᠢᠨ᠎ᠡ ᠵᠠᠰᠠᠭ ᠤ᠋ᠨ ᠪᠣᠳᠣᠯᠭ᠎ᠠ᠂ ᠠᠷᠠᠳ ᠤ᠋ᠨ ᠡᠷᠬᠡᠲᠦ ᠶᠣᠰᠣᠨ᠎ᠠ ᠦᠯᠦ ᠨᠡᠢᠯᠡᠯᠴᠡᠬᠦ ᠵᠦᠢᠯ ᠪᠠᠢᠭᠰᠠᠨ ᠢ᠋ ᠢᠷᠣᠭᠠᠷ ᠠᠭᠤᠳᠠᠯᠤᠨ ᠭᠠᠷᠭᠠᠪᠠ᠃ ᠲᠠᠩᠰᠤᠭ ᠰᠢᠭᠦᠮᠵᠢᠯᠡᠬᠦ ᠳ᠋ᠡᠭᠡᠨ( ᠳ᠋ᠦ᠍ ᠪᠡᠨ)᠂ ᠮᠠᠯᠴᠢᠨ ᠠᠷᠠᠳ ᠤ᠋ᠨ ᠡᠷᠬᠡ ᠠᠰᠢᠭ ᠢ᠋ ᠬᠣᠬᠢᠷᠠᠭᠤᠯᠤᠭᠰᠠᠨ᠂ ᠵᠠᠰᠠᠭ ᠨᠣᠶᠠᠨ ᠤ᠋ ᠪᠦᠬᠦ ᠰᠢᠳᠤᠷᠭᠤ ᠦᠭᠡᠢ ᠰᠢᠢᠳᠬᠡᠨ ᠶᠠᠪᠤᠭᠤᠯᠤᠭᠰᠠᠨ ᠬᠡᠷᠡᠭ ᠢ᠋ ᠴᠤᠴᠠᠯᠤᠨ ᠡᠪᠳᠡᠵᠦ ᠬᠦᠴᠦᠨ ᠦᠭᠡᠢ ᠪᠣᠯᠭᠠᠰᠤᠭᠠᠢ᠃ ᠬᠡᠭᠡᠯᠢ ᠬᠠᠬᠤᠤᠯᠢ ᠢᠳᠡᠭᠴᠢ ᠲᠦᠰᠢᠮᠡᠯ ᠢ᠋ ᠲᠤᠰᠢᠶᠠᠯ ᠠ᠋ᠴᠠ ᠣᠭᠴᠣᠷᠠᠭᠤᠯᠵᠤ᠂ ᠯᠤ ᠪᠠᠢᠰᠠ᠂ ᠪᠠᠯᠪᠠᠷ᠂ ᠬᠤᠷᠴᠠ ᠵᠡᠷᠭᠡ ᠶ᠋ᠢᠨ ᠡᠲᠡᠭᠡᠳ᠂ ᠵᠢᠴᠢ ᠥᠪᠡᠷ ᠦ᠋ᠨ ᠡᠷᠬᠡ ᠰᠦᠷ᠂ ᠠᠯᠪᠠᠨ ᠲᠤᠰᠢᠶᠠᠯ ᠢ᠋ᠶ᠋ᠠᠷ ᠳᠠᠯᠠᠢᠯᠭᠠᠨ᠂ ᠠᠷᠠᠳ ᠣᠯᠠᠨ ᠢ᠋ ᠬᠣᠬᠢᠷᠠᠭᠤᠯᠵᠤ ᠪᠠᠢᠭᠰᠠᠨ ᠬᠥᠮᠦᠨ ᠢ᠋ ᠴᠥᠮ ᠶᠠᠯ᠎ᠠ ᠬᠡᠯᠡᠯᠴᠡᠭᠦᠯᠰᠦᠭᠡᠢ ᠭᠡᠵᠦ ᠰᠢᠭᠦᠮᠵᠢᠯᠡᠭᠡᠳ᠂
— ᠮᠠᠨ ᠤ᠋ ᠠᠷᠠᠳ ᠤ᠋ᠨ ᠨᠠᠮ᠂ ᠮᠠᠨ ᠤ᠋ ᠭᠡᠭᠡᠨ ᠵᠠᠰᠠᠭ᠂ ᠬᠠᠷᠠᠩᠭᠤᠢ ᠮᠤᠩᠬᠠᠭ ᠳᠠᠷᠤᠯᠠᠭᠳᠠᠨ ᠳᠣᠷᠣᠮᠵᠢᠯᠠᠭᠳᠠᠭᠰᠠᠨ ᠪᠢᠳᠡᠨ ᠦ᠌ ᠨᠢᠳᠦ ᠲᠠᠢᠯᠵᠤ᠂ ᠤᠴᠢᠷ ᠲᠠᠨᠢᠭᠤᠯᠵᠤ ᠪᠠᠢᠭ᠎ᠠ ᠲᠤᠯᠠ ᠪᠢᠳᠡ ᠭᠤᠷᠪᠠᠨ ᠵᠢᠯ ᠦ᠋ᠨ ᠡᠮᠦᠨᠡᠬᠢ ᠡᠴᠡ ᠲᠠᠰᠤ ᠥᠭᠡᠷ᠎ᠡ ᠪᠣᠯᠵᠠᠢ᠃ ᠮᠢᠨᠦ ᠰᠢᠪᠠᠳᠠᠨ ᠱᠠᠭᠠᠷᠳᠠᠬᠤ ᠪᠠᠰᠠ ᠨᠢᠭᠡ ᠵᠦᠢᠯ ᠢ᠋ ᠬᠡᠯᠡᠪᠡᠯ᠂ ᠠᠷᠠᠳ ᠤ᠋ᠨ ᠵᠠᠰᠠᠭ ᠪᠠᠲᠤᠯᠠᠨ ᠵᠠᠷᠯᠠᠭᠰᠠᠨ᠂ ᠨᠤᠲᠤᠭ ᠤ᠋ᠨ ᠵᠠᠬᠢᠷᠭᠠᠨ ᠤ᠋ ᠳᠦᠷᠢᠮ ᠳ᠋ᠦ᠍ ᠬᠣᠰᠢᠭᠤ᠂ ᠰᠤᠮᠤ ᠪᠠᠭ ᠬᠦᠷᠲᠡᠯ᠎ᠡ ᠲᠤᠰ ᠲᠤᠰ ᠲᠠᠭᠠᠨ ( ᠲᠤ ᠪᠠᠨ) ᠰᠤᠷᠭᠠᠭᠤᠯᠢ ᠶ᠋ᠢᠨ ᠲᠠᠩᠬᠢᠮ ᠪᠠᠢᠭᠤᠯᠪᠠᠯ ᠵᠣᠬᠢᠮᠤᠢ ᠭᠡᠵᠦ ᠵᠢᠭᠠᠨ ᠳᠤᠷᠠᠳᠤᠭᠰᠠᠨ ᠶᠣᠰᠣ ᠪᠠᠷ ᠮᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠬᠤᠰᠢᠭᠤᠨ ᠤ᠋ ᠰᠤᠷᠭᠠᠭᠤᠯᠢ ᠳᠠᠷᠤᠢ ᠪᠠᠢᠭᠤᠯᠵᠤ᠂ ᠪᠢᠳᠡᠨ ᠦ᠌ ᠬᠡᠦᠬᠡᠳ ᠪᠠᠭᠠᠴᠤᠳ ᠢ᠋ ᠰᠤᠷᠭᠠᠨ ᠬᠥᠮᠦᠵᠢᠭᠦᠯᠬᠦ ᠶ᠋ᠢᠨ ᠴᠢᠬᠤᠯᠠ ᠶ᠋ᠢ ᠪᠤᠳᠤᠭᠤᠰᠢᠲᠠᠢ᠃ ᠡᠨᠡ ᠬᠤᠷᠠᠯ ᠳ᠋ᠤ᠌ ᠢᠷᠡᠭᠡᠳ ᠮᠢᠨᠦ ᠰᠣᠨᠣᠰᠬᠤ ᠳ᠋ᠤ᠌᠂ ᠮᠠᠨ ᠤ᠋ ᠬᠤᠰᠢᠭᠤᠨ ᠳ᠋ᠤ᠌ ᠪᠢᠴᠢᠭ ᠦᠰᠦᠭ ᠮᠡᠳᠡᠬᠦ ᠦᠭᠡᠢ ᠭᠤᠷᠪᠠᠨ ᠵᠠᠭᠤᠨ ᠬᠥᠮᠦᠨ ᠳ᠋ᠦ᠍ ᠪᠢᠴᠢᠭ ᠮᠡᠳᠡᠬᠦ ᠨᠢᠭᠡ ᠬᠥᠮᠦᠨ ᠨᠣᠭᠳᠠᠳᠠᠭ ᠶᠤᠮ ᠭᠡᠨ᠎ᠡ᠃ ᠪᠢᠳᠡ ᠶᠠᠭᠠᠬᠢᠬᠤ ᠪᠣᠢ᠂ ᠡᠵᠡᠷᠬᠡᠭ ᠦ᠋ᠨ ᠦᠶ᠎ᠡ ᠳ᠋ᠦ᠍ ᠡᠷᠳᠡᠮ ᠨᠣᠮ ᠰᠤᠷᠬᠤ ᠬᠤᠪᠢ ᠦᠭᠡᠢ ᠰᠣᠬᠣᠷ ᠪᠠᠯᠠᠢ ᠪᠠᠢᠵᠤ ᠪᠢᠯᠡ᠃ ᠬᠠᠷᠢᠨ ᠦᠷ᠎ᠡ ᠬᠡᠦᠬᠡᠳ ᠢ᠋ᠶ᠋ᠡᠨ ᠪᠢᠳᠡ ᠥᠪᠡᠷ ᠲᠡᠢ ᠪᠡᠨ ᠠᠳᠠᠯᠢ ᠴᠡᠭᠡᠵᠢ ᠰᠣᠬᠣᠷ ᠬᠥᠮᠦᠨ ᠪᠣᠯᠭᠠᠬᠤ ᠳᠤᠷ᠎ᠠ ᠦᠭᠡᠢ᠂ ᠡᠷᠳᠡᠮ ᠨᠣᠮ ᠰᠤᠷᠴᠤ ᠲᠥᠷᠥ ᠳ᠋ᠦ᠍ ᠲᠤᠰᠠ ᠲᠠᠢ᠂ ᠲᠦᠮᠡᠨ ᠳ᠋ᠦ᠍ ᠬᠡᠷᠡᠭ ᠲᠡᠢ ᠬᠥᠮᠦᠨ ᠪᠣᠯᠤᠭᠠᠰᠠᠢ ᠭᠡᠵᠦ ᠪᠣᠳᠣᠵᠤ ᠶᠠᠪᠤᠳᠠᠭ᠃
ᠡᠭᠦᠨ ᠳ᠋ᠦ᠍ ᠮᠢᠨᠦ ᠰᠠᠨᠠᠪᠠᠯ᠂ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠰᠤᠷᠭᠠᠭᠤᠯᠢ ᠪᠠᠢᠭᠤᠯᠬᠤ ᠳ᠋ᠤ᠌ ᠠᠷᠠᠳ ᠤ᠋ᠨ ᠵᠦᠭ ᠡᠴᠡ ᠬᠦᠴᠦᠨ ᠲᠤᠰᠠᠯᠠᠬᠤ ᠬᠡᠷᠡᠭ ᠭᠠᠷᠪᠠᠯ᠂ ᠪᠢᠳᠡᠨ ᠦ᠌ ᠬᠡᠨ ᠨᠢ ᠴᠦ᠍ ᠬᠣᠢᠰᠢ ᠰᠠᠭᠤᠬᠤ ᠦᠭᠡᠢ᠂ ᠬᠢᠷᠢ ᠪᠡᠷ ᠢ᠋ᠶ᠋ᠡᠨ ᠲᠤᠰᠠᠯᠠᠬᠤ ᠪᠠᠢᠬ᠎ᠠ ᠭᠡᠵᠦ ᠲᠠᠩᠰᠤᠭ ᠰᠢᠭᠦᠮᠵᠢᠯᠡᠯ ᠲᠠᠯᠪᠢᠵᠤ᠂ ᠲᠠᠮᠠᠭ᠎ᠠ ᠶ᠋ᠢᠨ ᠶᠡᠬᠡ ᠭᠡᠷ ᠦ᠋ᠨ ᠬᠣᠢᠮᠣᠷ ᠲᠤ᠌ ᠬᠤᠷᠠᠯ ᠤ᠋ᠨ ᠳᠡᠳ᠋ ᠳᠠᠷᠤᠭ᠎ᠠ ᠶ᠋ᠢᠨ ᠬᠦᠨᠳᠦᠲᠡᠢ ᠰᠠᠭᠤᠳᠠᠯ ᠳ᠋ᠤ᠌᠂ ᠪᠠᠲᠤᠪᠠᠶᠠᠷ ᠤ᠋ᠨ ᠵᠡᠭᠦᠨᠲᠡᠢ ᠠᠵᠢᠭ ᠦᠭᠡᠢ ᠰᠠᠭᠤᠵᠤ ᠪᠠᠢᠪᠠ᠃
ᠬᠤᠰᠢᠭᠤᠨ ᠤ᠋ ᠴᠠᠭ ᠵᠠᠭᠤᠷ᠎ᠠ ᠶ᠋ᠢᠨ ᠬᠤᠷᠠᠯ ᠢ᠋ ᠭᠤᠷᠪᠠ ᠬᠣᠨᠣᠭ ᠬᠤᠷᠠᠯᠳᠤᠬᠤ ᠳ᠋ᠤ᠌ ᡀᠠ ᠪᠡᠢᠯᠡ᠂ ᠲᠡᠷᠡ ᠬᠣᠭᠣᠷᠣᠨᠳᠣ ᠶᠡᠬᠡᠯ᠎ᠡ( ᠶᠡᠬᠡ ᠯᠡ) ᠰᠠᠨᠳᠤᠷᠴᠤ ᠮᠢᠬ᠎ᠠ ᠮᠠᠷᠢᠶ᠎ᠠ ᠰᠢᠭᠤᠷᠠᠭᠠᠳ᠂ ᠤᠷᠢᠳᠤ ᠶ᠋ᠢᠨ ᠶᠡᠬᠡᠷᠬᠡᠭ ᠵᠠᠩ ᠬᠡᠳᠦᠢᠨ ᠠᠯᠠᠭ᠎ᠠ ᠪᠣᠯᠵᠤ ᠴᠠᠷᠳᠠᠭᠤᠯ ᠬᠤᠭᠤᠷᠠᠵᠠᠢ᠃ ᠬᠣᠰᠢᠭᠤ ᠲᠠᠮᠠᠭ᠎ᠠ ᠶ᠋ᠢᠨ ᠶᠡᠬᠡ ᠵᠠᠩ ᠲᠠᠢ ᠲᠦᠰᠢᠮᠡᠳ ᠭᠣᠮᠪᠣ ᠵᠠᠬᠢᠷᠤᠭᠴᠢ᠂ ᠪᠠᠯᠪᠠᠷ ᠬᠤᠷᠴᠠ ᠭᠡᠬᠦ ᠵᠡᠷᠭᠡ ᠶ᠋ᠢᠨ ᠡᠲᠡᠭᠡᠳ᠂ ᠣᠯᠠᠨ ᠲᠥᠯᠥᠭᠡᠯᠡᠭᠴᠢ ᠶ᠋ᠢᠨ ᠰᠢᠭᠦᠮᠵᠢᠯᠡᠯ ᠳ᠋ᠦ᠍ ᠴᠣᠬᠢᠭᠳᠠᠨ᠂ ᠳᠡᠭᠡᠭᠦᠷ ᠶᠡᠬᠡ ᠵᠠᠩ ᠨᠢ ᠳᠠᠷᠤᠭᠳᠠᠵᠤ᠂ ᠤᠷᠤᠭᠤ ᠴᠢᠷᠠᠢᠯᠠᠨ ᠵᠢᠷᠦᠬᠡ ᠨᠢ ᠦᠬᠦᠵᠦ᠂ ᠬᠥᠮᠦᠨ ᠦ᠌ ᠥᠭᠡᠳᠡ ᠡᠴᠡ ᠬᠠᠷᠠᠬᠤ ᠨᠢᠭᠤᠷ ᠦᠭᠡᠢ᠂ ᠳᠡᠮᠡᠢ ᠯᠡ ᠪᠡᠶ᠎ᠡ ᠪᠡᠨ ᠬᠤᠷᠢᠶᠠᠵᠤ ᠮᠠᠰᠢ ᠨᠣᠮᠣᠬᠠᠨ ᠰᠠᠭᠤᠯ᠎ᠠ᠃
ᠬᠣᠢᠲᠤ ᠥᠷᠯᠥᠭᠡ ᠶ᠋ᠢᠨ ᠲᠡᠭᠦᠰᠬᠡᠯ ᠦ᠋ᠨ ᠬᠤᠷᠠᠯ ᠳ᠋ᠤ᠌ ᠲᠥᠯᠥᠭᠡᠯᠡᠭᠴᠢ ᠨᠠᠷ ᠬᠣᠰᠢᠭᠤ ᠲᠠᠮᠠᠭ᠎ᠠ ᠶ᠋ᠢᠨ ᠵᠠᠰᠠᠭ ᠳᠠᠷᠤᠭ᠎ᠠ ᠶ᠋ᠢ ᠠᠷᠠᠳ ᠤ᠋ᠨ ᠵᠠᠰᠠᠭ ᠤ᠋ᠨ ᠪᠠᠲᠤᠯᠠᠨ ᠵᠠᠷᠯᠠᠭᠰᠠᠨ ᠨᠤᠲᠤᠭ ᠤ᠋ᠨ ᠵᠠᠬᠢᠷᠭ᠎ᠠ᠂ ᠵᠢᠴᠢ ᠵᠠᠰᠠᠭ ᠨᠣᠶᠠᠳ᠂ ᠵᠠᠰᠠᠭ ᠪᠤᠰᠤ ᠸᠠᠩ ᠬᠦᠩ ᠦ᠋ᠨ ᠡᠷᠬᠡ ᠬᠡᠮᠵᠢᠶᠡᠨ ᠦ᠌ ᠲᠤᠬᠠᠢ ᠳᠦᠷᠢᠮ ᠦ᠋ᠨ ᠵᠣᠬᠢᠬᠤ ᠵᠦᠢᠯ ᠢ᠋ ᠪᠠᠷᠢᠮᠲᠠᠯᠠᠨ᠂ ᠬᠤᠰᠢᠭᠤᠨ ᠤ᠋ ᠠᠷᠠᠳ ᠤ᠋ᠨ ᠬᠤᠷᠠᠯ ᠢ᠋ᠶ᠋ᠠᠷ ᠵᠠᠰᠠᠭ ᠨᠣᠶᠠᠳ ᠤ᠋ᠨ ᠰᠢᠢᠳᠬᠡᠨ ᠶᠠᠪᠤᠭᠤᠯᠤᠭᠰᠠᠨ ᠬᠡᠷᠡᠭ ᠢ᠋ ᠬᠡᠯᠡᠯᠴᠡᠭᠡᠳ᠂ ᠠᠷᠠᠳ ᠤ᠋ᠨ ᠠᠰᠢᠭ ᠲᠤᠰᠠ ᠳ᠋ᠤ᠌ ᠦᠯᠦ ᠨᠡᠢᠯᠡᠯᠴᠡᠬᠦ ᠶᠠᠪᠤᠳᠠᠯ ᠪᠣᠢ ᠪᠣᠯ ᠳᠠᠷᠤᠢ ᠥᠭᠡᠷᠡᠴᠢᠯᠡᠨ ᠰᠣᠩᠭᠣᠵᠤ᠂ ᠣᠷᠣᠨ ᠳ᠋ᠤᠨᠢ( ᠳ᠋ᠤ᠌ ᠨᠢ )ᠥᠭᠡᠷ᠎ᠡ ᠵᠠᠰᠠᠭ ᠳᠠᠷᠤᠭ᠎ᠠ ᠪᠤᠶᠤ ᠡᠰᠡᠪᠡᠯ ᠠᠷᠠᠳ ᠤ᠋ᠨ ᠳᠤᠮᠳᠠ ᠠ᠋ᠴᠠ ᠬᠣᠰᠢᠭᠤ ᠳᠠᠷᠤᠭ᠎ᠠ ᠶ᠋ᠢ ᠰᠣᠩᠭᠣᠬᠤ ᠡᠷᠬᠡ ᠣᠯᠭᠣᠭᠰᠠᠨ ᠵᠦᠢᠯ ᠦ᠋ᠨ ᠶᠣᠰᠣᠭᠠᠷ ᠥᠭᠡᠷᠡᠴᠢᠯᠡᠵᠦ᠂ ᡀᠠ ᠪᠡᠢᠯᠡ ᠶ᠋ᠢ ᠵᠠᠰᠠᠭ ᠳᠠᠷᠤᠭ᠎ᠠ ᠶ᠋ᠢᠨ ᠲᠤᠰᠢᠶᠠᠯ ᠠ᠋ᠴᠠ ᠤᠭᠴᠠᠷᠠᠭᠤᠯᠵᠤ᠂ ᠨᠢᠭᠡᠨ ᠰᠡᠳᠬᠢᠯ ᠢ᠋ᠶ᠋ᠡᠷ ᠭᠠᠷ ᠡᠷᠭᠦᠨ᠂ ᠠᠷᠠᠳ ᠡᠪᠦᠭᠡᠨ ᠪᠠᠲᠤᠪᠠᠶᠠᠷ ᠢ᠋ ᠬᠣᠰᠢᠭᠤ ᠳᠠᠷᠤᠭ᠎ᠠ ᠶ᠋ᠢᠨ ᠲᠤᠰᠢᠶᠠᠯ ᠳ᠋ᠤ᠌ ᠰᠣᠩᠭᠣᠨ ᠲᠣᠬᠣᠭᠠᠵᠤ᠂ ᠬᠣᠰᠢᠭᠤ ᠲᠠᠮᠠᠭ᠎ᠠ ᠶ᠋ᠢᠨ ᠰᠢᠨ᠎ᠡ ᠰᠣᠩᠭᠣᠭᠰᠠᠨ ᠡᠷᠬᠡ ᠪᠠᠷᠢᠭᠴᠢᠳ ᠲᠤ᠌᠂ ᠤᠷᠢᠳᠤ ᠲᠤᠰᠢᠶᠠᠯ ᠤ᠋ᠨ ᠵᠠᠰᠠᠭ ᠳᠠᠷᠤᠭ᠎ᠠ ᠶ᠋ᠢᠨ ᠠᠯᠢᠪᠠ ᠰᠢᠢᠳᠬᠡᠨ ᠶᠠᠪᠤᠭᠤᠯᠤᠭᠰᠠᠨ ᠬᠡᠷᠡᠭ ᠢ᠋ ᠢᠷᠣᠭᠠᠷ ᠠᠭᠤᠳᠠᠯᠤᠨ ᠨᠢᠭᠲᠠᠯᠠᠵᠤ᠂ ᠠᠷᠠᠳ ᠤ᠋ᠨ ᠠᠰᠢᠭ ᠲᠤᠰᠠ ᠳ᠋ᠤ᠌ ᠬᠠᠷᠰᠢᠯᠠᠬᠤ ᠵᠦᠢᠯ ᠪᠦᠬᠦᠢ ᠶ᠋ᠢ ᠪᠦᠷᠢᠨ᠎ᠡ ᠡᠪᠳᠡᠨ ᠴᠤᠴᠠᠯᠠᠵᠤ᠂ ᠲᠤᠰ ᠣᠨᠴᠠ ᠲᠦᠷ ᠵᠠᠭᠤᠷ᠎ᠠ ᠶ᠋ᠢᠨ ᠬᠤᠷᠠᠯ ᠤ᠋ᠨ ᠲᠣᠭᠲᠠᠭᠠᠨ ᠳᠠᠭᠠᠭᠠᠯᠭᠠᠭᠰᠠᠨ ᠶᠣᠰᠣᠭᠠᠷ ᠥᠭᠡᠷᠡᠴᠢᠯᠡᠨ ᠰᠢᠢᠳᠬᠡᠬᠦ ᠶ᠋ᠢ ᠳᠠᠭᠠᠭᠠᠯᠭᠠᠵᠠᠢ᠃ ᠪᠠᠰᠠ᠂ ᠮᠥᠨᠬᠦ(ᠮᠥᠨ ᠬᠦ᠌) ᠣᠨ ᠳ᠋ᠤ᠌ ᠬᠤᠰᠢᠭᠤᠨ ᠤ᠋ ᠪᠠᠭ᠎ᠠ ᠰᠤᠷᠭᠠᠭᠤᠯᠢ ᠶ᠋ᠢᠨ ᠲᠠᠩᠬᠢᠮ ᠢ᠋ ᠨᠡᠭᠡᠭᠡᠨ ᠪᠠᠢᠭᠤᠯᠬᠤ ᠶᠠᠪᠤᠳᠠᠯ ᠤ᠋ᠨ ᠣᠨᠴᠣᠭᠣᠢ ᠴᠢᠬᠤᠯᠠ ᠶ᠋ᠢ ᠲᠤᠰᠬᠠᠢᠯᠠᠨ ᠲᠡᠮᠳᠡᠭᠯᠡᠵᠦ᠂ ᠰᠢᠨ᠎ᠡ ᠳᠠᠷᠤᠭ᠎ᠠ ᠳ᠋ᠤ᠌ ᠳᠠᠭᠠᠭᠠᠯᠭᠠᠭᠰᠠᠨ ᠨᠢ᠂ ᠤᠷᠢᠳᠤ ᠲᠤᠰᠢᠶᠠᠯ ᠤ᠋ᠨ ᠵᠠᠰᠠᠭ ᠳᠠᠷᠤᠭ᠎ᠠ ᡀᠠ ᠪᠡᠢᠯᠡ ᠠᠯᠪᠠᠨ ᠤ᠋ ᠰᠦᠷ ᠢ᠋ᠶ᠋ᠡᠷ ᠳᠠᠯᠠᠢᠯᠭᠠᠨ᠂ ᠬᠣᠰᠢᠭᠤ ᠣᠯᠠᠨ ᠤ᠋ ᠬᠦᠴᠦ ᠬᠥᠷᠥᠩᠭᠡ ᠬᠡᠷᠡᠭᠯᠡᠵᠦ᠂ ᠥᠪᠡᠷ ᠦ᠋ᠨ ᠬᠡᠢᠳ ᠲᠦ᠍ ᠰᠢᠨ᠎ᠡ ᠰᠦᠮ᠎ᠡ ᠨᠡᠮᠡᠨ ᠪᠠᠢᠭᠤᠯᠬᠤ ᠭᠡᠵᠦ ᠠᠭᠤᠯᠠᠨ ᠳ᠋ᠤ᠌ ᠮᠣᠳᠣ ᠣᠭᠲᠣᠯᠵᠤ ᠪᠠᠵᠠᠭᠠᠭᠰᠠᠨ᠂ ᠸᠠᠭᠠᠷ ᠲᠣᠭᠣᠰᠬ᠎ᠠ ᠦᠢᠯᠡᠳᠦᠭᠦᠯᠦᠭᠰᠡᠨ ᠵᠡᠷᠭᠡ ᠶ᠋ᠢ ᠴᠥᠮ ᠬᠤᠰᠢᠭᠤᠨ ᠤ᠋ ᠰᠤᠷᠭᠠᠭᠤᠯᠢ ᠶ᠋ᠢᠨ ᠲᠠᠩᠬᠢᠮ ᠪᠠᠢᠭᠤᠯᠬᠤ ᠵᠦᠢᠯ ᠳ᠋ᠦ᠍ ᠰᠢᠯᠵᠢᠭᠦᠯᠵᠦ ᠥᠭᠬᠦ ᠶᠠᠪᠤᠳᠠᠯ ᠢ᠋ ᠵᠢᠭᠠᠵᠠᠢ᠃
ᠬᠣᠰᠢᠭᠤ ᠨᠡᠢᠭᠡᠮ ᠦ᠋ᠨ ᠲᠥᠯᠥᠭᠡᠯᠡᠭᠴᠢ ᠪᠦᠭᠦᠳᠡᠭᠡᠷ ᠢ᠋ᠶ᠋ᠡᠨ ᠲᠤᠰ ᠬᠤᠰᠢᠭᠤᠨ ᠤ᠋ ᠴᠠᠭ ᠵᠠᠭᠤᠷ᠎ᠠ ᠶ᠋ᠢᠨ ᠬᠤᠷᠠᠯ ᠢ᠋ᠶ᠋ᠠᠷ ᠬᠡᠯᠡᠯᠴᠡᠵᠦ᠂ ᠤᠷᠢᠳᠤ ᠲᠤᠰᠢᠶᠠᠯ ᠤ᠋ᠨ ᠵᠠᠰᠠᠭ ᠳᠠᠷᠤᠭ᠎ᠠ ᡀᠠ ᠪᠡᠢᠯᠡ ᠨᠣᠶᠠᠨ ᠢ᠋ ᠤᠭ ᠲᠤᠰᠢᠶᠠᠯ ᠠ᠋ᠴᠠ ᠤᠭᠴᠠᠷᠠᠭᠤᠯᠤᠭᠰᠠᠨ ᠤᠴᠢᠷ᠂ ᠬᠣᠰᠢᠭᠤ ᠶ᠋ᠢ ᡀᠠ ᠪᠡᠢᠯᠡ ᠶ᠋ᠢᠨ ᠬᠣᠰᠢᠭᠤ ᠬᠡᠮᠡᠭᠰᠡᠭᠡᠷ ᠪᠠᠢᠬᠤ ᠨᠢ ᠠᠷᠠᠳ ᠤ᠋ᠨ ᠡᠷᠬᠡᠲᠦ ᠶᠤᠰᠤᠨ᠎ᠠ ᠦᠯᠦ ᠨᠡᠢᠯᠡᠯᠴᠡᠬᠦ ᠲᠤᠯᠠ ᠬᠣᠰᠢᠭᠤ ᠨᠤᠲᠤᠭ ᠤ᠋ᠨ ᠣᠯᠠᠨ ᠳ᠋ᠤ᠌ ᠠᠯᠳᠠᠷᠲᠠᠢ ᠬᠤᠲᠤᠭ— ᠥᠨᠳᠥᠷ ᠠᠭᠤᠯᠠ ᠶ᠋ᠢᠨ ᠨᠡᠷ᠎ᠡ ᠪᠡᠷ ᠲᠤᠰ ᠬᠣᠰᠢᠭᠤ ᠶ᠋ᠢ ᠬᠤᠲᠤᠭ— ᠥᠨᠳᠥᠷ ᠠᠭᠤᠯᠠ ᠶ᠋ᠢᠨ ᠬᠣᠰᠢᠭᠤ ᠭᠡᠵᠦ ᠨᠡᠷᠡᠢᠳᠬᠦ ᠪᠡᠷ ᠲᠣᠭᠲᠠᠭᠠᠵᠠᠢ*᠃
ᠬᠤᠲᠤᠭ— ᠥᠨᠳᠥᠷ ᠠᠭᠤᠯᠠ ᠶ᠋ᠢᠨ ᠬᠤᠰᠢᠭᠤᠨ ᠤ᠋ ᠠᠷᠠᠳ ᠤ᠋ᠨ ᠴᠠᠭ ᠵᠠᠭᠤᠷ᠎ᠠ ᠶ᠋ᠢᠨ ᠬᠤᠷᠠᠯ ᠤ᠋ᠨ ᠳᠠᠷᠤᠭ᠎ᠠ ᠪᠠᠲᠤᠪᠠᠶᠠᠷ ᠲᠤᠰ ᠬᠤᠷᠠᠯ ᠤ᠋ᠨ ᠬᠡᠯᠡᠯᠴᠡᠬᠦ ᠬᠡᠷᠡᠭ ᠢ᠋ ᠨᠢᠭᠡᠨᠲᠡ ᠲᠡᠭᠦᠰᠦᠭᠰᠡᠨ ᠢ᠋ ᠣᠯᠠᠨ ᠲᠥᠯᠥᠭᠡᠯᠡᠭᠴᠢᠳ ᠲᠦ᠍ ᠮᠡᠳᠡᠭᠳᠡᠨ᠂ ᠬᠤᠷᠠᠯ ᠲᠠᠷᠠᠬᠤ ᠶ᠋ᠢ ᠰᠣᠨᠣᠰᠬᠠᠬᠤ ᠳ᠋ᠠᠭᠠᠨ( ᠳ᠋ᠤ᠌ ᠪᠠᠨ)᠂ ᠲᠡᠭᠦᠰᠬᠡᠯ ᠦ᠋ᠨ ᠬᠡᠳᠦᠨ ᠦᠭᠡ ᠬᠡᠯᠡᠭᠰᠡᠨ ᠨᠢ᠄
— ᠡᠷᠬᠢᠮ ᠣᠯᠠᠨ ᠲᠥᠯᠥᠭᠡᠯᠡᠭᠴᠢ ᠨᠥᠬᠥᠳ ᠦ᠋ᠳ᠂ ᠮᠡᠬᠦᠰ ᠮᠢᠨᠦ ᠪᠡᠶ᠎ᠡ ᠶ᠋ᠢ ᠶᠡᠬᠡᠳᠡ ᠢᠲᠡᠭᠡᠮᠵᠢᠯᠡᠨ᠂ ᠴᠢᠬᠤᠯᠠ ᠬᠦᠨᠳᠦ ᠲᠤᠰᠢᠶᠠᠯ ᠳ᠋ᠤ᠌ ᠲᠣᠬᠣᠭᠠᠨ ᠲᠠᠯᠪᠢᠭᠰᠠᠨ ᠳ᠋ᠤ᠌ ᠪᠠᠶᠠᠷᠯᠠᠵᠤ ᠠᠢᠯᠠᠳᠬᠠᠬᠤ ᠬᠡᠳᠦᠨ ᠦᠭᠡ ᠪᠠᠢᠨ᠎ᠠ᠃ ᠲᠠ ᠪᠦᠬᠦᠨ ᠦ᠌ ᠡᠪᠦᠭᠡᠨ ᠠᠷᠠᠳ ᠨᠠᠮᠠᠶ᠋ᠢ(ᠨᠠᠮ᠎ᠠ ᠶ᠋ᠢ) ᠡᠨᠡ ᠡᠷᠬᠢᠮ ᠴᠢᠬᠤᠯᠠ ᠲᠤᠰᠢᠶᠠᠯ ᠳ᠋ᠤ᠌ ᠰᠣᠩᠭᠣᠨ ᠲᠣᠬᠣᠭᠠᠭᠰᠠᠨ ᠶᠠᠪᠤᠳᠠᠯ ᠢ᠋ ᠪᠢ ᠣᠭᠲᠣ ᠰᠠᠨᠠᠮᠰᠠᠷ ᠦᠭᠡᠢ ᠲᠣᠬᠢᠶᠠᠯᠳᠤᠭᠰᠠᠨ ᠵᠠᠪᠰᠢᠶᠠᠨ ᠲᠣᠬᠢᠶᠠᠯ ᠪᠤᠶᠤ ᠮᠢᠨᠦ ᠡᠨᠡ ᠪᠡᠶ᠎ᠡ ᠶ᠋ᠢᠨ ᠴᠢᠳᠠᠯ ᠪᠤᠰᠤᠳ ᠠ᠋ᠴᠠ ᠢᠯᠡᠭᠦᠦ ᠶ᠋ᠢᠨ ᠤᠴᠢᠷ ᠭᠡᠵᠦ ᠬᠡᠷᠬᠢᠪᠡᠴᠦ ᠦᠯᠦ ᠦᠵᠡᠨ᠂ ᠬᠠᠷᠢᠨ ᠠᠮᠠᠨ ᠳ᠋ᠠᠭᠠᠨ( ᠳ᠋ᠤ᠌ ᠪᠠᠨ) ᠠᠷᠠᠳ ᠤ᠋ᠨ ᠡᠷᠬᠡ ᠶ᠋ᠢ ᠬᠦᠨᠳᠦᠳᠬᠡᠨ᠎ᠡ᠂ ᠠᠷᠠᠳ ᠤ᠋ᠨ ᠵᠠᠰᠠᠭ ᠤ᠋ᠨ ᠡᠮᠦᠨ᠎ᠡ ᠰᠢᠳᠤᠷᠭᠤ ᠵᠢᠷᠤᠮ ᠢ᠋ ᠭᠦᠢᠴᠡᠳᠬᠡᠨ᠎ᠡ ᠭᠡᠵᠦ ᠠᠯᠢᠪᠠ ᠰᠢᠢᠳᠬᠡᠬᠦ ᠶᠠᠪᠤᠭᠤᠯᠬᠤ ᠬᠡᠷᠡᠭ ᠲᠡᠭᠡᠨ( ᠲᠤ ᠪᠡᠨ)᠂ ᠠᠷᠠᠳ ᠢ᠋ ᠮᠥᠯᠵᠢᠨ ᠳᠠᠷᠤᠯᠠᠭᠴᠢ ᠨᠠᠷ ᠤ᠋ᠨ ᠠᠰᠢᠭ ᠢ᠋ ᠬᠠᠮᠠᠭᠠᠯᠠᠵᠤ ᠪᠠᠢᠭᠰᠠᠨ ᡀᠠ ᠪᠡᠢᠯᠡ ᠨᠣᠶᠠᠨ ᠤ᠋ ᠣᠷᠣᠨ ᠳ᠋ᠤ᠌᠂ ᠲᠠ ᠪᠦᠬᠦᠨ ᠬᠣᠰᠢᠭᠤ ᠳᠠᠷᠤᠭ᠎ᠠ ᠶ᠋ᠢᠨ ᠲᠤᠰᠢᠶᠠᠯ ᠳ᠋ᠤ᠌ ᠠᠷᠠᠳ ᠤ᠋ᠨ ᠨᠠᠮ ᠤ᠋ᠨ ᠨᠢᠭᠡᠨ ᠭᠡᠰᠢᠭᠦᠨ ᠢ᠋ ᠰᠣᠩᠭᠣᠨ ᠳᠡᠪᠰᠢᠭᠦᠯᠦᠭᠰᠡᠨ ᠡᠨᠡ ᠶᠠᠪᠤᠳᠠᠯ ᠪᠣᠯ ᠮᠠᠨ ᠤ᠋ ᠪᠦᠬᠦ ᠠᠷᠠᠳ ᠨᠡᠢᠭᠡᠮ ᠳᠠᠶᠠᠭᠠᠷ ᠠᠷᠠᠳ ᠤ᠋ᠨ ᠨᠠᠮ ᠢ᠋ ᠶᠡᠬᠡᠯ᠎ᠡ( ᠶᠡᠬᠡ ᠯᠡ) ᠪᠢᠰᠢᠷᠡᠨ ᠢᠲᠡᠭᠡᠳᠡᠭ ᠦ᠋ᠨ ᠭᠡᠷᠡᠴᠢ ᠪᠠᠷᠢᠮᠲᠠ ᠳᠠᠷᠤᠢ ᠮᠥᠨ ᠭᠡᠵᠦ ᠪᠢ ᠦᠵᠡᠵᠦ ᠪᠠᠢᠨ᠎ᠠ᠃
ᠲᠡᠭᠡᠭᠡᠳ᠂ ᠭᠡᠰᠢᠭᠦᠨ ᠦ᠌ ᠬᠤᠪᠢ ᠪᠠᠷ ᠮᠢᠨᠦ ᠪᠡᠶ᠎ᠡ᠂ ᠲᠡᠷᠡ ᠡᠷᠬᠢᠮ ᠢᠲᠡᠭᠡᠯ ᠨᠠᠢᠳᠠᠪᠤᠷᠢ ᠶ᠋ᠢ ᠣᠮᠲᠣᠭᠠᠢᠲᠤᠭᠤᠯᠤᠨ ᠴᠥᠯᠢᠢᠰᠳᠡᠭᠦᠯᠬᠦ ᠦᠭᠡᠢ ᠶ᠋ᠢ ᠪᠦᠬᠦᠢ ᠯᠡ ᠬᠦᠴᠦ ᠪᠡᠷ ᠬᠢᠴᠢᠶᠡᠨ᠎ᠡ᠃
ᠮᠠᠨ ᠤ᠋ ᠤᠳᠤᠷᠢᠳᠤᠭᠴᠢ ᠵᠠᠩᠵᠤᠨ ᠰᠦᠬᠡᠪᠠᠭᠠᠲᠤᠷ᠂ ᠠᠷᠠᠳ ᠪᠢᠳᠡ ᠪᠦᠬᠦᠨ ᠳ᠋ᠦ᠍ ᠭᠡᠷᠢᠶᠡᠰ ᠵᠠᠬᠢᠶ᠎ᠠ ᠦᠯᠡᠳᠡᠭᠡᠬᠦ ᠳ᠋ᠡᠭᠡᠨ( ᠳ᠋ᠦ᠍ ᠪᠡᠨ)᠂ ᠪᠢᠳᠡᠨ ᠦ᠌ ᠲᠡᠮᠡᠴᠡᠨ ᠣᠯᠵᠤ ᠠᠪᠤᠭᠰᠠᠨ ᠡᠷᠬᠡ ᠴᠢᠯᠥᠭᠡ ᠶ᠋ᠢ ᠭᠠᠳᠠᠭᠠᠳᠤ ᠶ᠋ᠢᠨ ᠡᠵᠡᠷᠬᠡᠭ ᠲᠦᠷᠢᠮᠡᠬᠡᠢ᠂ ᠳᠣᠲᠣᠭᠠᠳᠤ ᠶ᠋ᠢᠨ ᠹᠧᠣᠳᠠᠯ ᠤ᠋ᠨ ᠭᠠᠷ ᠲᠤ᠌ ᠣᠷᠣᠭᠤᠯᠬᠤ ᠦᠭᠡᠢ ᠶ᠋ᠢ ᠬᠢᠴᠢᠶᠡᠭᠲᠦᠨ᠃ ᠲᠡᠷᠡ ᠡᠷᠬᠡ ᠴᠢᠯᠥᠭᠡ ᠪᠡᠨ ᠦᠯᠦ ᠠᠯᠳᠠᠬᠤ ᠶ᠋ᠢᠨ ᠤᠴᠢᠷ᠂ ᠳᠠᠢᠰᠤᠨ ᠲᠠᠢ ᠬᠠᠢᠷ᠎ᠠ ᠨᠠᠢᠷ ᠦᠭᠡᠢ ᠲᠡᠮᠡᠴᠡᠵᠦ᠂ ᠬᠤᠪᠢᠰᠬᠠᠯ ᠢ᠋ ᠭᠦᠨᠵᠡᠭᠡᠢᠷᠡᠭᠦᠯᠬᠦ ᠬᠡᠷᠡᠭᠲᠡᠢ ᠭᠡᠵᠦ ᠵᠠᠬᠢᠭᠰᠠᠨ ᠰᠤᠷᠭᠠᠯ ᠦᠭᠡ ᠶ᠋ᠢ ᠬᠥᠮᠦᠨ ᠪᠦᠭᠦᠳᠡ ᠴᠡᠭᠡᠵᠢᠨ ᠳ᠋ᠡᠭᠡᠨ ( ᠳ᠋ᠦ᠍ ᠪᠡᠨ )ᠬᠠᠳᠠᠩᠭᠠᠳᠠᠵᠤ᠂ ᠠᠷᠠᠳ ᠤ᠋ᠨ ᠬᠤᠪᠢᠰᠬᠠᠯ ᠤ᠋ᠨ ᠦᠢᠯᠡᠰ ᠲᠦ᠍ ᠰᠡᠳᠬᠢᠯ ᠬᠦᠴᠦᠨ ᠢ᠋ᠶ᠋ᠡᠨ ᠰᠢᠪᠬᠠᠨ ᠵᠢᠳᠬᠦᠶ᠎ᠡ ᠭᠡᠰᠡᠨ ᠳ᠋ᠦ᠍᠂ ᠲᠡᠷᠡ ᠴᠠᠭ ᠲᠤ᠌ ᠬᠥᠳᠡᠭᠡ ᠨᠤᠲᠤᠭ ᠪᠠᠬᠠᠳᠤᠨ ᠣᠢᠰᠢᠶᠠᠵᠤ ᠪᠠᠶᠠᠷᠯᠠᠨ ᠰᠠᠢᠰᠢᠶᠠᠬᠤ ᠳ᠋ᠠᠭᠠᠨ ( ᠳ᠋ᠤ᠌ ᠪᠠᠨ) ᠠᠯᠠᠭ᠎ᠠ ᠲᠠᠰᠢᠬᠤ ᠵᠠᠩᠰᠢᠯ ᠦᠭᠡᠢ ᠪᠠᠢᠭᠰᠠᠨ ᠲᠤᠯᠠ ᠡᠪᠦᠭᠡᠨ ᠪᠤᠭᠤᠷᠤᠯ ᠬᠣᠰᠢᠭᠤ ᠳᠠᠷᠤᠭ᠎ᠠ᠂ ᠠᠷᠠᠳ ᠪᠠᠲᠤᠪᠠᠶᠠᠷ ᠤ᠋ᠨ ᠲᠡᠷᠡ ᠴᠢᠩ ᠰᠡᠳᠬᠢᠯ ᠦ᠋ᠨ ᠦᠨᠡᠨ ᠦᠭᠡ ᠶ᠋ᠢ ᠣᠯᠠᠨ ᠲᠥᠯᠥᠭᠡᠯᠡᠭᠴᠢ ᠰᠣᠨᠣᠰᠴᠠᠭᠠᠨ ᠪᠠᠬᠠᠳᠤᠵᠤ᠂ ᠨᠢᠭᠡᠨ ᠵᠡᠷᠭᠡ ᠪᠡᠷ ᠵᠠ! ᠭᠡᠵᠦ ᠪᠢᠯᠡ᠃
— — — —
* ᠬᠦᠷᠵᠢ ᠳ᠋ᠡᠬᠢ ᠣᠰᠧᠲ᠋ ᠦᠨᠳᠦᠰᠦᠲᠡᠨ ᠦ᠌ ᠪᠠᠭᠠᠲᠤᠷ ᠤ᠋ᠨ ᠲᠤᠤᠯᠢᠰ᠃
* ᠰᠤᠮᠤᠨ ᠤ᠋ ᠵᠠᠬᠢᠷᠭᠠᠨ ᠤ᠋ ᠲᠠᠮᠠᠭ᠎ᠠ ᠶ᠋ᠢ ᠵᠠᠬᠢᠷᠤᠯᠭ᠎ᠠ ᠭᠡᠳᠡᠭ ᠪᠠᠢᠵᠠᠢ᠃
* ᠡᠨᠡ ᠵᠣᠬᠢᠶᠠᠯ ᠳ᠋ᠤ᠌᠂ ᠠᠩᠬ᠎ᠠ ᠬᠣᠰᠢᠭᠤ ᠵᠠᠰᠠᠭ ᠨᠣᠶᠠᠨ ᠤ᠋ ᠵᠢᠩᠬᠢᠨᠢ ᠨᠡᠷ᠎ᠡ ᠶ᠋ᠢ ᠥᠭᠡᠷᠡᠴᠢᠯᠡᠵᠦ ᡀᠠ ᠪᠡᠢᠯᠡ ᠭᠡᠰᠡᠨ ᠲᠤᠯᠠ᠂ ᠮᠥᠨᠬᠦ(ᠮᠥᠨ ᠬᠦ᠌) ᠬᠤᠰᠢᠭᠤᠨ ᠤ᠋ ᠰᠢᠨ᠎ᠡ ᠨᠡᠷ᠎ᠡ ᠶ᠋ᠢ ᠪᠠᠰᠠ ᠵᠣᠬᠢᠶᠠᠯ ᠳ᠋ᠤ᠌ ᠥᠭᠡᠷᠡᠴᠢᠯᠡᠨ ᠬᠤᠲᠤᠭ— ᠥᠨᠳᠥᠷ ᠠᠭᠤᠯᠠ ᠭᠡᠪᠡ᠃ ᠵᠣᠬᠢᠶᠠᠭᠴᠢ᠃
ᠦᠰᠦᠭ ᠠᠮᠢᠯᠠᠭᠤᠯᠤᠭᠴᠢ᠄ ᠤᠢᠭᠤᠷᠵᠢᠨ· ᠣᠳᠬᠣᠨᠪᠠᠪᠠ᠂ ᠴᠤᠯᠮᠤᠨᠭᠡᠷᠡᠯ᠂ ᠴᠡᠩᠬᠡᠯᠴᠡᠴᠡᠭ᠂ ᠣᠶᠤᠨᠪᠠᠲᠤ᠂
ᠣᠶᠤᠨᠪᠢᠯᠢᠭ᠌᠂ ᠪᠠᠳᠮᠠᠰᠡᠴᠡᠨ᠂ ᠪᠠᠯ᠂ ᠮᠧᠢ ᠬᠤᠸᠠ
ᠬᠢᠨᠠᠭᠴᠢ᠄ ᠲ ᠬᠦᠮᠦᠵᠢᠯᠲᠦ ᠂ ᠣᠳᠬᠣᠨᠴᠡᠴᠡᠭ᠂ ᠮᠥᠩᠭᠦᠡᠭᠤᠸ᠎ᠠ᠂ ᠴᠤᠯᠮᠤᠨᠭᠡᠷᠡᠯ᠂ ᠪᠠᠯ
ᠤᠩᠰᠢᠭᠴᠢ᠄ ᠨᠠᠰᠤᠨ᠌ᠦ᠌ᠯᠵᠡᠢ 