ᠪᠢ ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ -ᠣᠶᠣᠩᠬᠤᠸᠠᠷБи монголоороо бахарч шүлэг бичнэ-Оёнхувр
ᠪᠢ ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ
ᠦᠭᠡ᠄ ᠣᠶᠣᠩᠬᠤᠸᠠᠷ
ᠤᠶᠠᠩᠭᠠᠯᠠᠭᠴᠢ᠄ ᠣᠶᠣᠩᠬᠤᠸᠠᠷ
ᠪᠣᠰᠤᠭ᠎ᠠ ᠮᠣᠩᠭᠣᠯ ᠦᠰᠦᠭ ᠦ᠋ᠨ ᠢ᠋ᠶ᠋ᠡᠨ
ᠠᠪᠢᠶ᠎ᠠ ᠶ᠋ᠢ ᠭᠠᠢᠬᠠᠭᠤᠯᠤᠨ ᠰᠢᠯᠦᠭ ᠪᠢᠴᠢᠨ᠎ᠡ
ᠪᠣᠯᠪᠠᠰᠤᠨ ᠰᠠᠢᠬᠠᠨ ᠲᠡᠦᠬᠡᠨ ᠦ ᠪᠡᠨ
ᠠᠯᠳᠠᠷ ᠢ᠋ ᠨᠢ ᠡᠷᠭᠦᠵᠦ ᠰᠢᠯᠦᠭ ᠪᠢᠴᠢᠨ᠎ᠡ
ᠡᠬᠡ ᠮᠣᠩᠭᠣᠯ ᠬᠡᠯᠡᠨ ᠦ ᠪᠡᠨ
ᠡᠬᠡᠰᠢᠭ ᠢ᠋ ᠨᠢ ᠪᠠᠬᠠᠷᠴᠤ ᠰᠢᠯᠦᠭ ᠪᠢᠴᠢᠨ᠎ᠡ
ᠡᠷᠡᠯᠬᠡᠭ ᠮᠣᠩᠭᠣᠯ ᠲᠦᠮᠡᠨ ᠦ ᠪᠡᠨ
ᠵᠣᠷᠢᠭ ᠢ᠋ ᠨᠢ ᠡᠷᠴᠢᠯᠡᠵᠦ ᠰᠢᠯᠦᠭ ᠪᠢᠴᠢᠨ᠎ᠡ
ᠵᠠᠭᠤᠨ ᠵᠠᠭᠤᠨ ᠤ᠋ ᠲᠡᠤᠬᠡ ᠶ᠋ᠢ
ᠦᠵᠦᠭ ᠢ᠋ᠶ᠋ᠡᠷ ᠪᠠᠳᠠᠭᠯᠠᠵᠤ ᠰᠢᠯᠦᠭ ᠪᠢᠴᠢᠨ᠎ᠡ
ᠵᠠᠭᠤᠨ ᠢ᠋ ᠰᠤᠨᠳᠠᠯᠠᠭᠰᠠᠨ ᠨᠡᠭᠦᠳᠡᠯ ᠦ᠋ᠨ
ᠵᠠᠷᠳᠠ ᠶ᠋ᠢ ᠮᠥᠷᠳᠡᠵᠦ ᠰᠢᠯᠦᠭ ᠪᠢᠴᠢᠨ᠎ᠡ
ᠮᠣᠩᠭᠣᠯ ᠤ᠋ᠨ ᠰᠦᠯᠳᠡ ᠶ᠋ᠢ ᠡᠷᠭᠦᠭᠰᠡᠨ
ᠮᠣᠷᠢᠲᠠᠢ ᠵᠠᠶᠠᠭᠠᠨ ᠳ᠋ᠤ᠌ ᠪᠠᠨ ᠰᠢᠯᠦᠭ ᠪᠢᠴᠢᠨ᠎ᠡ
ᠮᠣᠩᠭᠣᠯ ᠤ᠋ᠨ ᠤᠤᠬᠠᠢ ᠶ᠋ᠢ ᠲᠤᠷᠭᠢᠭᠤᠯᠤᠭᠰᠠᠨ
ᠪᠥᠬᠡ ᠶ᠋ᠢᠨ ᠬᠡᠢᠮᠣᠷᠢ ᠳ᠋ᠤ᠌ ᠰᠢᠯᠦᠭ ᠪᠢᠴᠢᠨ᠎ᠡ
ᠪᠢ ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ
ᠳᠡᠪᠡᠯ ᠪᠦᠰᠡ ᠶ᠋ᠢᠨ ᠭᠣᠶᠣᠯᠠᠯ ᠢ᠋ᠶ᠋ᠠᠨ
ᠳᠡᠯᠡᠬᠡᠢ ᠳ᠋ᠦ᠍ ᠲᠠᠨᠢᠭᠤᠯᠵᠤ ᠰᠢᠯᠦᠭ ᠪᠢᠴᠢᠨ᠎ᠡ
ᠳᠡᠭᠡᠳᠦᠰ ᠡᠪᠤᠬᠡᠳ ᠦ᠋ᠨ ᠰᠣᠶᠣᠯ ᠢ᠋ᠶ᠋ᠠᠨ
ᠳᠠᠶᠠᠩ ᠳ᠋ᠤ᠌ ᠠᠯᠳᠠᠷᠰᠢᠭᠤᠯᠵᠤ ᠰᠢᠯᠦᠭ ᠪᠢᠴᠢᠨ᠎ᠡ
ᠮᠣᠷᠢ ᠪᠠᠨ ᠤᠨᠤᠵᠤ
ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ
ᠮᠣᠷᠢᠲᠠᠨ ᠦᠨᠳᠦᠰᠦᠲᠡᠨ ᠪ ᠢ᠋ᠶ᠋ᠡᠨ
ᠬᠡᠢᠮᠣᠷᠢ ᠶ᠋ᠢ ᠮᠠᠡᠳᠤᠭᠤᠯᠵᠤ ᠰᠢᠯᠦᠭ ᠪᠢᠴᠢᠨ᠎ᠡ
ᠲᠤᠯᠭ᠎ᠠ ᠲᠠᠢ ᠭᠠᠯ ᠤ᠋ᠨ ᠳᠥᠯᠥ ᠪᠡᠷ
ᠭᠣᠯᠣᠮᠳᠠ ᠪᠠᠨ ᠪᠠᠳᠠᠷᠠᠭᠤᠵᠤ ᠰᠢᠯᠦᠭ ᠪᠢᠴᠢᠨ᠎ᠡ
ᠲᠣᠭᠣᠭᠠᠨ ᠳ᠋ᠤ᠌ ᠮᠡᠯᠮᠡᠯᠵᠡᠭᠰᠡᠨ ᠰᠦᠨ ᠪ
ᠥᠷᠥᠮ᠎ᠡ ᠶ᠋ᠢ ᠵᠠᠮᠠᠷᠠᠭᠠᠵᠤ ᠰᠢᠯᠦᠭ ᠪᠢᠴᠢᠨ᠎ᠡ
ᠰᠠᠨᠴᠢᠭ ᠪᠤᠭᠤᠷᠤᠯ ᠠᠪᠤ ᠶ᠋ᠢᠨ ᠢ᠋ᠶ᠋ᠡᠨ
ᠢᠷᠤᠬᠡᠯ ᠢ᠋ ᠨᠢ ᠲᠣᠰᠴᠤ ᠰᠢᠯᠦᠭ ᠪᠢᠴᠢᠨ᠎ᠡ
ᠰᠠᠴᠤᠯᠢ ᠡᠷᠭᠦᠭᠰᠡᠨ ᠡᠵᠢ ᠶ᠋ᠢᠨ ᠢ᠋ᠶ᠋ᠡᠨ
ᠰᠡᠳᠬᠢᠯ ᠦ᠋ᠨ ᠠᠷᠢᠭᠤᠰᠬᠠᠯ ᠳ᠋ᠤ᠌ ᠰᠢᠯᠦᠭ ᠪᠢᠴᠢᠨ᠎ᠡ
ᠪᠢ ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ᠂
ᠲᠠᠪᠤᠡ ᠬᠣᠰᠢᠭᠤ ᠮᠠᠯ ᠤ᠋ᠨ ᠢ᠋ᠶ᠋ᠠᠨ
ᠬᠡᠰᠢᠭ ᠢ᠋ ᠨᠢ ᠬᠤᠷᠤᠢᠯᠠᠵᠤ ᠰᠢᠯᠦᠭ ᠪᠢᠴᠢᠨ᠎ᠡ
ᠲᠠᠨᠠᠨ ᠴᠠᠭᠠᠨ ᠥᠷᠥᠭᠡ ᠶ᠋ᠢᠨ ᠢ᠋ᠶ᠋ᠡᠨ
ᠲᠣᠭᠣᠨᠣ ᠶ᠋ᠢᠨ ᠬᠡᠯᠬᠢᠶᠡᠨ ᠳ᠋ᠦ᠍ ᠰᠢᠯᠦᠭ ᠪᠢᠴᠢᠨ᠎ᠡ
ᠬᠤᠷ᠎ᠠ ᠲᠠᠢ ᠰᠠᠢᠬᠠᠨ ᠵᠤᠨ ᠪ
ᠴᠡᠴᠡᠭ ᠦ᠋ᠨ ᠳᠡᠯᠪᠢᠭᠡᠨ ᠳ᠋ᠦ᠍ ᠰᠢᠯᠦᠭ ᠪᠢᠴᠢᠨ᠎ᠡ
ᠬᠣᠨᠢᠨ ᠰᠥᠷᠦᠭ ᠢ᠋ᠶ᠋ᠡᠨ ᠬᠠᠷᠢᠭᠤᠯᠵᠤ
ᠳᠡᠷᠭᠡᠳᠡ ᠨᠢ ᠰᠠᠭᠤᠵᠤ ᠰᠢᠯᠦᠭ ᠪᠢᠴᠢᠨ᠎ᠡ
ᠥᠷᠭᠡᠨ ᠰᠢᠮᠡᠯᠢᠭ ᠲᠠᠯ᠎ᠠ ᠶ᠋ᠢᠨ ᠢ᠋ᠶ᠋ᠡᠨ
ᠦᠵᠡᠮᠵᠢ ᠶ᠋ᠢ ᠨᠢ ᠪᠠᠬᠠᠷᠴᠤ ᠰᠢᠯᠦᠭ ᠪᠢᠴᠢᠨ᠎ᠡ
ᠥᠡᠳᠤᠷ ᠰᠦᠷᠯᠢᠭ ᠠᠭᠤᠯᠠ ᠶ᠋ᠢᠨ ᠢ᠋ᠶ᠋ᠡᠨ
ᠴᠢᠯᠠᠭᠤ ᠶ᠋ᠢ ᠨᠢ ᠡᠷᠭᠦᠵᠦ ᠰᠢᠯᠦᠭ ᠪᠢᠴᠢᠨ᠎ᠡ
ᠦᠳᠡᠰᠢ ᠶ᠋ᠢᠨ ᠪᠦᠷᠬᠦᠭ ᠪᠥᠷᠤᠢ ᠶ᠋ᠢ
ᠦᠵᠦᠭ ᠢ᠋ᠶ᠋ᠡᠷ ᠬᠡᠷᠡᠯᠳᠤᠬᠥᠯᠵᠤ ᠰᠢᠯᠦᠭ ᠪᠢᠴᠢᠨ᠎ᠡ
ᠦᠷ ᠦ᠋ᠨ ᠴᠣᠯᠮᠣᠨ ᠤ᠋ ᠲᠤᠶᠠᠭ᠎ᠠ ᠶ᠋ᠢ
ᠤᠶᠠᠩᠭ᠎ᠠ ᠪᠠᠷ ᠤᠭᠲᠤᠵᠤ ᠰᠢᠯᠦᠭ ᠪᠢᠴᠢᠨ᠎ᠡ᠂
ᠪᠢ ᠮᠣᠩᠭᠣᠯ ᠢ᠋ᠶ᠋ᠠᠷ ᠢ᠋ᠶ᠋ᠠᠨ ᠪᠠᠬᠠᠷᠴᠤ ᠰᠢᠯᠦᠭ ᠪᠢᠴᠢᠨ᠎ᠡ
ᠦᠰᠦᠭ ᠠᠮᠢᠯᠠᠭᠤᠯᠤᠭᠴᠢ᠄ ᠣᠶᠣᠩᠬᠤᠸᠠᠷ
ᠦᠰᠦᠭ ᠬᠠᠲᠠᠭᠴᠢ᠄ ᠣᠳᠬᠣᠨᠴᠡᠴᠡᠭ
ᠬᠢᠨᠠᠭᠴᠢ ᠪᠠᠭᠰᠢ᠄ ᠣᠳᠬᠠᠨᠰᠣ᠎ᠠ᠂ ᠪᠠᠶᠠᠨᠴᠡᠴᠡᠭ
