ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 16 ᠬᠤᠯᠤᠰᠤ ᠪᠠᠷᠢᠵᠤ ᠬᠣᠲᠠ ᠳ᠋ᠤ᠌ ᠣᠷᠣᠭᠰᠠᠨ ᠨᠢ Хэл бичиг-бага сургуули нэгдүгээр он доорд
16 ᠬᠤᠯᠤᠰᠤ ᠪᠠᠷᠢᠵᠤ ᠬᠣᠲᠠ ᠳ᠋ᠤ᠌ ᠣᠷᠣᠭᠰᠠᠨ ᠨᠢ
ᠡᠷᠲᠡ ᠤᠷᠢᠳᠤ ᠶ᠋ᠢᠨ ᠴᠠᠭ ᠲᠤ᠌ ᠨᠢᠭᠡ ᠬᠥᠮᠦᠨ ᠤᠷᠲᠤ ᠬᠤᠯᠤᠰᠤ ᠪᠠᠷᠢᠵᠤ ᠬᠣᠲᠠ ᠳ᠋ᠤ᠌ ᠣᠷᠣᠬᠤ ᠪᠣᠯᠵᠠᠢ᠃ ᠲᠡᠷᠡ ᠬᠣᠲᠠ ᠶ᠋ᠢᠨ ᠬᠠᠭᠠᠯᠭᠠᠨ ᠳᠡᠭᠡᠷ᠎ᠡ ᠬᠦᠷᠦᠭᠡᠳ ᠬᠤᠯᠤᠰᠤ ᠪᠠᠨ ᠪᠣᠰᠤᠭ᠎ᠠ ᠪᠠᠷ ᠪᠠᠷᠢᠭᠠᠳ ᠣᠷᠣᠬᠤ ᠭᠡᠰᠡᠨ ᠳ᠋ᠦ᠍ ᠥᠨᠳᠥᠷᠳᠡᠭᠡᠳ ᠣᠷᠣᠵᠤ ᠳᠡᠢᠯᠬᠦ ᠦᠭᠡᠢ᠂ ᠬᠥᠨᠳᠡᠯᠡᠨ ᠢ᠋ᠶ᠋ᠡᠷ ᠪᠠᠷᠢᠭᠠᠳ ᠣᠷᠣᠬᠤ ᠭᠡᠰᠡᠨ ᠳ᠋ᠦ᠍ ᠤᠷᠲᠤᠳᠠᠭᠠᠳ ᠪᠣᠯᠤᠭᠰᠠᠨ ᠦᠭᠡᠢ ᠭᠡᠨ᠎ᠡ᠃
ᠲᠡᠷᠡ ᠬᠥᠮᠦᠨ ᠠᠷᠭ᠎ᠠ ᠪᠠᠨ ᠪᠠᠷᠠᠭᠠᠳ ᠵᠣᠭᠰᠣᠵᠤ ᠪᠠᠢᠲᠠᠯ᠎ᠠ ᠨᠢᠭᠡ ᠡᠪᠦᠭᠡᠨ ᠬᠦᠷᠴᠦ ᠢᠷᠡᠭᠡᠳ: 《ᠡᠨᠡ ᠴᠢᠨᠢ ᠠᠮᠠᠷᠬᠠᠨ ᠶᠠᠪᠤᠳᠠᠯ ᠰᠢᠳᠡ᠂ ᠡᠨᠡ ᠤᠷᠲᠤ ᠬᠤᠯᠤᠰᠤ ᠪᠠᠨ ᠳᠤᠮᠳᠠᠭᠤᠷ ᠨᠢ ᠬᠢᠷᠥᠭᠡᠳᠡᠭᠡᠳ ᠪᠣᠭᠣᠨᠢᠰᠬᠠᠪᠠᠯ ᠠᠪ ᠠᠮᠠᠷᠬᠠᠨ ᠣᠷᠣᠴᠢᠬᠠᠬᠤ ᠪᠢᠰᠢ ᠦᠦ?》 ᠭᠡᠵᠡᠢ᠃ ᠲᠡᠷᠡ ᠬᠥᠮᠦᠨ ᠡᠪᠦᠭᠡᠨ ᠦ᠌ ᠦᠭᠡ ᠶ᠋ᠢ ᠰᠣᠨᠣᠰᠤᠭᠠᠳ ᠦᠨᠡᠬᠡᠷ ᠤᠷᠲᠤ ᠬᠤᠯᠤᠰᠤ ᠪᠠᠨ ᠳᠠᠭᠠᠷᠢᠴᠢᠬᠠᠭᠰᠠᠨ ᠭᠡᠨ᠎ᠡ᠃

