ᠥᠷᠭᠡᠰᠦᠲᠦ ᠬᠡᠮᠬᠡ ᠬᠤᠯᠤᠭᠠᠨ᠎ᠠ ᠬᠣᠶᠠᠷ-ᠰᠠᠷᠠᠨᠭᠡᠷᠡᠯ ᠤᠩᠰᠢᠪᠠ Өргөст хэмх хулгана хоёр-Сарангэрэл уншив
ᠥᠷᠭᠡᠰᠦᠲᠦ ᠬᠡᠮᠬᠡ ᠬᠤᠯᠤᠭᠠᠨ᠎ᠠ ᠬᠣᠶᠠᠷ
ᠰᠠᠷᠠᠨᠭᠡᠷᠡᠯ ᠤᠩᠰᠢᠪᠠ
ᠲᠠᠮᠰᠢᠶᠠᠯᠠᠵᠤ ᠢᠳᠡᠬᠦ ᠡᠴᠡ ᠥᠭᠡᠷ᠎ᠡ ᠶ᠋ᠢ ᠮᠡᠳᠡᠳᠡᠭ ᠦᠭᠡᠢ ᠲᠠᠷᠭᠤᠨ᠂ ᠵᠠᠯᠠᠬᠠᠢ ᠬᠤᠯᠤᠭᠠᠨ᠎ᠠ ᠶ᠋ᠢᠨ ᠲᠤᠬᠠᠢ ᠦᠯᠢᠭᠡᠷ᠂ ᠲᠠᠭᠠᠯᠠᠨ ᠪᠣᠯᠭᠣᠭᠠᠨ᠎ᠠ ᠤᠤ᠂ ᠪᠠᠭᠠᠴᠤᠤᠯ ᠠ᠋᠂
ᠲᠡᠷᠡ ᠬᠤᠯᠤᠭᠠᠨ᠎ᠠ ᠥᠷᠯᠥᠭᠡ ᠪᠣᠰᠤᠩᠭᠤᠲᠠ ᠪᠠᠨ《ᠰᠠᠨᠠᠭ᠎ᠠ ᠠᠮᠤᠷ᠂ ᠭᠡᠳᠡᠰᠦ ᠴᠠᠳᠬᠤᠯᠠᠩ ᠠᠮᠢᠳᠤᠷᠠᠬᠤ ᠰᠠᠨ》 ᠭᠡᠮᠡᠨ ᠦᠭᠡᠯᠡᠵᠦ ᠱᠣᠭᠰᠢᠷᠠᠵᠤ ᠭᠠᠷᠳᠠᠭ ᠶᠤᠮ᠃
ᠲᠡᠭᠡᠭᠡᠳ ᠨᠦᠬᠡᠨ ᠡᠴᠡ ᠪᠡᠨ ᠭᠠᠷᠴᠤ ᠭᠠᠷ ᠰᠤᠯᠠ ᠬᠥᠯ ᠬᠥᠰᠡᠷ ᠬᠡᠪᠲᠡᠵᠦ ᠪᠠᠢᠭᠠᠳ ᠥᠭᠡᠷ᠎ᠡ ᠨᠢᠭᠡ ᠬᠤᠯᠤᠭᠠᠨ᠎ᠠ ᠶ᠋ᠢᠨ ᠨᠦᠬᠡ ᠤᠷᠤᠭᠤ ᠳᠠᠭᠠᠷᠢᠵᠤ ᠬᠤᠷᠢᠶᠠᠵᠤ ᠴᠤᠭᠯᠠᠭᠤᠯᠤᠭᠰᠠᠨ ᠢ᠋ ᠨᠢ ᠬᠠᠤ ᠬᠠᠮᠤᠵᠤ ᠢᠳᠡᠨ᠎ᠡ᠃
ᠪᠣᠷᠣ ᠬᠤᠯᠤᠭᠠᠨ᠎ᠠ ᠨᠤᠭᠤᠳ ᠴᠥᠮ ᠢ᠋ᠶ᠋ᠡᠷ ᠢ᠋ᠶ᠋ᠡᠨ ᠪᠣᠷᠪᠢ ᠪᠣᠬᠢᠰᠬᠢᠬᠦ ᠦᠭᠡᠢ ᠭᠦᠶᠦᠯᠳᠦᠵᠦ ᠪᠠᠢᠬᠤ ᠳ᠋ᠤ᠌ ᠵᠠᠯᠬᠠᠭᠤ ᠬᠤᠯᠤᠭᠠᠨ᠎ᠠ ᠬᠠᠷᠢᠨ ᠪᠤᠰᠤᠳ ᠤ᠋ᠨ ᠬᠣᠭᠣᠯᠠ ᠶ᠋ᠢ ᠪᠤᠯᠢᠶᠠᠵᠤ ᠢᠳᠡᠴᠢᠬᠡᠭᠡᠳ ᠪᠤᠲᠠᠨ ᠤ᠋ ᠢᠷᠣᠭᠠᠷ ᠲᠤ᠌ ᠰᠠᠬᠠᠯ ᠢ᠋ᠶ᠋ᠠᠨ ᠰᠡᠷᠪᠡᠯᠵᠡᠭᠦᠯᠦᠭᠡᠳ ᠤᠨᠲᠠᠵᠤ ᠯᠠ ᠪᠠᠢᠨ᠎ᠠ᠂ ᠤᠨᠲᠠᠵᠤ ᠪᠣᠰᠤᠭᠠᠳ ᠤᠬᠤᠰᠬᠢᠭᠡᠳ ᠪᠦᠯᠢ ᠨᠢᠭᠡᠲᠡᠨ ᠢ᠋ᠶ᠋ᠡᠨ ᠲᠦᠢᠪᠡᠭᠡᠵᠦ ᠪᠦᠬᠦ ᠬᠣᠭᠣᠯᠠ ᠶ᠋ᠢ ᠨᠢ ᠪᠤᠯᠢᠶᠠᠵᠤ ᠢᠳᠡᠨ᠎ᠡ᠂ ᠲᠠᠷᠭᠤᠨ ᠴᠤ᠌ ᠭᠡᠵᠦ ᠵᠢᠭᠲᠡᠢᠬᠡᠨ ᠰᠡᠭᠦᠯ ᠳ᠋ᠦ᠍ ᠪᠡᠨ ᠥᠭᠡᠬᠦ ᠨᠢ ᠲᠤᠯᠤᠭᠠᠳ ᠬᠠᠷᠢᠭᠤ ᠦᠭᠡᠢ ᠬᠠᠭᠠᠷᠠᠬᠤ ᠳ᠋ᠤ᠌ ᠪᠠᠨ ᠲᠤᠯᠵᠠᠢ᠃

ᠲᠡᠭᠡᠭᠡᠳ ᠨᠢᠭᠡ ᠡᠳᠦᠷ ᠨᠦᠬᠡᠨ ᠦ᠌ ᠪᠡᠨ ᠬᠠᠵᠠᠭᠤ ᠪᠠᠷ ᠤᠷᠤᠰᠳᠠᠭ ᠭᠣᠣᠯ ᠤ᠋ᠨ ᠡᠷᠭᠢ ᠳ᠋ᠦ᠍ ᠬᠡᠪᠲᠡᠵᠦ ᠪᠠᠢᠲᠠᠯ᠎ᠠ ᠨᠢᠭᠡ ᠲᠣᠮᠣ ᠥᠷᠭᠡᠰᠦᠲᠦ ᠬᠡᠮᠬᠡ ᠬᠥᠪᠴᠦ ᠶᠠᠪᠤᠭ᠎ᠠ ᠬᠠᠷᠠᠭᠳᠠᠵᠠᠢ᠂ ᠤᠮᠳᠠ ᠬᠣᠭᠣᠯᠠ ᠲᠠᠢ ᠪᠠᠢᠪᠠᠯ ᠤᠰᠤᠨ ᠳ᠋ᠤ᠌ ᠬᠥᠪᠴᠦ ᠶᠠᠪᠤᠭᠰᠠᠨ᠂ ᠭᠠᠵᠠᠷ ᠨᠦᠬᠡᠨ ᠳ᠋ᠦ᠍ ᠬᠡᠪᠲᠡᠭᠰᠡᠨ ᠬᠣᠶᠠᠷ ᠢᠯᠭᠠᠭ᠎ᠠ ᠶᠠᠭᠤᠨ ᠭᠡᠵᠦ ᠪᠣᠳᠣᠭᠠᠳ ᠨᠥᠭᠦᠭᠡ ᠬᠤᠯᠤᠭᠠᠨ᠎ᠠ ᠥᠷᠭᠡᠰᠦᠲᠦ ᠬᠡᠮᠬᠡ ᠤᠷᠤᠭᠤ ᠦᠰᠦᠷᠴᠦ ᠣᠷᠬᠢᠪᠠ᠂ ᠲᠡᠭᠡᠭᠡᠳ ᠨᠥᠭᠦᠭᠡ ᠥᠷᠭᠡᠰᠦᠲᠦ ᠬᠡᠮᠬᠡ ᠪᠡᠨ ᠮᠠᠷᠠᠭᠡᠳ ᠯᠡ᠂ ᠬᠦᠪᠦᠭᠡᠳ ᠯᠡ᠂ ᠬᠡᠪᠲᠡᠭᠡᠳ ᠶᠠᠪᠤᠭᠠᠳ ᠯᠠ ᠪᠠᠢᠵᠤ ᠭᠡᠨ᠎ᠡ᠃

ᠪᠡᠶ᠎ᠡ ᠪᠡᠨ ᠵᠣᠪᠠᠭᠠᠬᠤ ᠦᠭᠡᠢ ᠪᠡᠯᠡᠨ ᠬᠣᠭᠣᠯᠠ ᠲᠠᠢ ᠪᠣᠯᠤᠯ᠎ᠠ ᠭᠡᠵᠦ ᠪᠣᠳᠣᠵᠤ ᠬᠡᠪᠲᠡᠭᠰᠡᠨ ᠬᠤᠯᠤᠭᠠᠨ᠎ᠠ ᠨᠢᠭᠡ ᠮᠡᠳᠡᠭᠰᠡᠨ ᠴᠢᠨᠢ ᠲᠠᠭ ᠤᠨᠲᠠᠵᠤ ᠣᠷᠬᠢᠵᠠᠢ᠂ ᠬᠠᠮᠤᠭ ᠪᠡᠶ᠎ᠡ ᠨᠢ ᠬᠦᠢᠲᠡ ᠳᠠᠭᠠᠭᠠᠭᠠᠳ ᠳᠠᠪ ᠬᠢᠭᠡᠳ ᠰᠡᠷᠡᠭᠰᠡᠨ ᠴᠢᠨᠢ ᠥᠷᠭᠡᠰᠦᠲᠦ ᠬᠡᠮᠬᠡ ᠪᠠᠷ᠎ᠠ ᠦᠭᠡᠢ ᠪᠣᠯᠤᠭᠠᠳ ᠬᠥᠯ ᠦᠭᠡᠢ ᠤᠰᠤᠨ ᠳ᠋ᠤ᠌ ᠬᠥᠪᠴᠦ ᠶᠠᠪᠤᠬᠤ ᠨᠢ ᠲᠡᠷᠡ᠂ ᠢᠳᠡᠭᠰᠡᠭᠡᠷ ᠪᠠᠢᠭᠠᠳ ᠲᠡᠷᠡ ᠬᠤᠯᠤᠭᠠᠨ᠎ᠠ ᠢᠩᠭᠢᠵᠦ ᠵᠢᠪᠴᠦ ᠦᠬᠦᠭᠰᠡᠨ ᠭᠡᠳᠡᠭ ᠶᠦ᠍ᠮ᠃

ᠪᠤᠰᠤᠳ ᠣᠯᠠᠨ ᠬᠤᠯᠤᠭᠠᠨ᠎ᠠ ᠲᠡᠭᠦᠨ ᠦ᠌ ᠠᠯᠠᠭ᠎ᠠ ᠪᠣᠯᠤᠭᠰᠠᠨ ᠢ᠋ ᠨᠢᠭᠡ ᠡᠳᠦᠷ ᠭᠡᠨᠡᠳᠲᠡᠬᠡᠨ ᠦᠭᠡᠢᠯᠡᠭᠡᠳ᠂
- ᠳᠡᠭᠡᠷᠡᠯᠬᠡᠦ ᠳᠡᠭᠡᠷᠡᠮᠴᠢᠨ ᠬᠤᠯᠤᠭᠠᠨ᠎ᠠ ᠠᠰᠢᠭᠦᠢ ᠳᠠᠯᠳᠠ ᠣᠷᠣᠵᠤ᠂ ᠠᠬᠢᠵᠤ ᠪᠦᠦ ᠦᠵᠡᠭᠳᠡᠭᠡᠰᠡᠢ ᠭᠡᠰᠡᠨ ᠭᠡᠳᠡᠭ᠃
1 ᠵᠠᠯᠠᠬᠠᠢ- ᠰᠠᠯᠠᠩ ᠵᠠᠳᠠᠭᠠᠢ ᠴᠠᠯᠠᠭᠠᠷ ᠨᠠᠵᠠᠭᠠᠢ᠃

