ᠴᠠᠭᠠᠨ ᠠᠷᠤᠩЦагаан арунTsagaan arun
ᠠᠩᠭᠢᠯᠠᠯ:ᠡᠪᠡᠰᠦ ᠤᠷᠭᠤᠮᠠᠯӨвс ургамал 2025-08-22
135
ᠴᠠᠭᠠᠨ ᠠᠷᠤᠩ ᠲᠤᠰ ᠡᠮ ᠪᠣᠯ ᠤᠳ᠌ᠪᠠᠯᠡ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠤᠯᠠ ᠡᠪᠡᠰᠦ ᠶ᠋ᠢᠨ ᠬᠥᠷᠥᠰᠥᠨ ᠳᠡᠭᠡᠷᠡᠬᠢ ᠬᠡᠰᠡᠭ ᠮᠥᠨ᠃ [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃10~40cm ᠥᠨᠳᠥᠷ᠂ ᠡᠰᠢ ᠨᠢ ᠰᠢᠯᠤᠭᠤᠨ ᠪᠤᠶᠤ ᠵᠢᠭᠠᠬᠠᠨ ᠮᠤᠷᠤᠢ᠂ ᠰᠠᠯᠠᠭᠠᠯᠠᠬᠤ ᠦᠭᠡᠢ᠂ ᠤᠷᠲᠤ ᠵᠥᠭᠡᠯᠡᠨ ᠪᠤᠭᠤᠷᠤᠯ ᠦᠰᠦ ᠲᠡᠢ ᠪᠤᠶᠤ ᠲᠣᠷᠭᠠᠯᠢᠭ ᠦᠰᠦ ᠲᠡᠢ᠃ ᠳᠣᠣᠷ᠎ᠠ ᠬᠡᠰᠡᠭ ᠦ᠋ᠨ ᠨᠠᠪᠴᠢ ᠨᠢ ᠨᠡᠯᠢᠶᠡᠳ ᠢᠬᠴᠤ᠂ ᠴᠡᠴᠡᠭᠯᠡᠬᠦ ᠬᠤᠭ...