ᠪᠠᠭᠰᠢ ᠳ᠋ᠤ᠌ ᠪᠠᠨ ᠡᠷᠭᠦᠬᠦ ᠰᠢᠯᠦᠭ -ᠬᠦᠩᠭᠠᠷ Bagshdaa örgökh shüleg- GüngarБагшдаа өргөх шүлэг- Гүнгар
ᠪᠠᠭᠰᠢ ᠳ᠋ᠤ᠌ ᠪᠠᠨ ᠡᠷᠭᠦᠬᠦ ᠰᠢᠯᠦᠭ
ᠵᠣᠬᠢᠶᠠᠭᠴᠢ᠄ ᠬᠦᠩᠭᠠᠷ
ᠤᠶᠠᠩᠭᠠᠯᠠᠭᠴᠢ᠄ ᠤᠷᠠᠨᠲᠠᠨ᠎ᠠ
ᠦᠨᠦᠰᠴᠦ ᠮᠠᠨ ᠢ᠋ ᠪᠡᠨ ᠬᠠᠢᠷᠠᠯᠠᠭ᠎ᠠ ᠦᠭᠡᠢ ᠴᠦ᠍
ᠦᠰᠦᠭ ᠪᠢᠴᠢᠭ ᠢ᠋ᠶ᠋ᠡᠷ ᠢ᠋ᠶ᠋ᠡᠨ ᠢᠵᠢᠯᠢᠰᠢᠭᠦᠯᠵᠦ ᠪᠠᠢᠭᠰᠠᠨ
ᠥᠯᠥᠭᠡᠢ ᠳ᠋ᠦ᠍ ᠪᠡᠨ ᠪᠢᠳᠡᠨ ᠢ᠋ ᠪᠦᠪᠡᠢᠯᠡᠭᠡ ᠦᠭᠡᠢ ᠴᠦ᠍
ᠥᠷᠥᠴᠡᠨ ᠦ᠌ ᠬᠠᠢᠷ᠎ᠠ ᠪᠠᠷ ᠢ᠋ᠶ᠋ᠠᠨ ᠳᠤᠯᠠᠭᠠᠯᠠᠵᠤ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠴᠡᠴᠡᠭᠡᠰ ᠢ᠋ ᠤᠮᠳᠠᠯᠠᠳᠠᠭ ᠬᠤᠷ᠎ᠠ ᠰᠢᠭ᠋ ᠬᠥᠮᠦᠨ
ᠴᠡᠯᠡᠭᠡᠷ ᠬᠣᠷᠸ᠎ᠠ ᠳ᠋ᠤ᠌ ᠬᠢ ᠡᠵᠡᠨ ᠰᠢᠭ ᠬᠥᠮᠦᠨ!
ᠬᠠᠯᠠᠭᠤᠨ ᠥᠷᠥᠭᠡ ᠳ᠋ᠦ᠍ ᠪᠡᠨ ᠰᠠᠭᠠᠳᠠᠭᠤᠯᠤᠭᠠ ᠦᠭᠡᠢ ᠴᠦ᠍
ᠬᠠᠢᠷ᠎ᠠ ᠶ᠋ᠢᠨ ᠬᠡᠰᠢᠭ ᠢ᠋ᠶ᠋ᠡᠷ ᠢ᠋ᠶ᠋ᠡᠨ ᠵᠣᠴᠢᠯᠠᠵᠤ ᠪᠠᠢᠭᠰᠠᠨ
ᠬᠠᠨᠠᠲᠤ ᠭᠡᠷ ᠲᠦ᠍ ᠪᠡᠨ ᠤᠭᠲᠤᠭ᠎ᠠ ᠦᠭᠡᠢ ᠴᠦ᠍
ᠬᠠᠷᠠᠭ᠎ᠠ ᠰᠣᠨᠣᠷ ᠢ᠋ ᠮᠢᠨᠢ ᠲᠡᠯᠡᠵᠦ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠰᠡᠳᠬᠢᠯ ᠢ᠋ᠶ᠋ᠡᠷ ᠰᠡᠳᠬᠢᠯ ᠢ᠋ ᠰᠦᠯᠡᠭᠰᠡᠨ ᠬᠥᠮᠦᠨ
ᠰᠦᠮᠪᠦᠷ ᠠᠭᠤᠯᠠ ᠰᠢᠭ᠋ ᠠᠴᠢᠲᠠᠨ ᠬᠥᠮᠦᠨ
ᠬᠥᠮᠦᠨ ᠪᠣᠯᠬᠤ ᠤᠬᠠᠭᠠᠷᠠᠯ ᠤ᠋ᠨ ᠵᠠᠮ ᠢ᠋ᠶ᠋ᠠᠷ
ᠬᠦᠯᠢᠴᠡᠩᠭᠦᠢ ᠣᠪᠣᠷ ᠢ᠋ᠶ᠋ᠠᠷ ᠳᠣᠳᠣᠮᠳᠠᠵᠤ ᠪᠠᠢᠭᠰᠠᠨ
ᠬᠥᠯᠳᠡᠭᠦᠦ ᠪᠢᠳᠠᠭᠤ ᠶ᠋ᠢ ᠮᠢᠨᠢ ᠤᠶᠠᠷᠠᠭᠤᠯᠵᠤ ᠥᠭᠬᠦ ᠪᠡᠷ
ᠬᠥᠷᠥᠰᠥᠲᠦ ᠳᠡᠯᠡᠬᠡᠢ ᠰᠢᠭ ᠲᠡᠳᠬᠦᠵᠦ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠦᠵᠡᠮᠵᠢ ᠭᠣᠶᠣᠬᠠᠨ ᠨᠤᠲᠤᠭ ᠰᠢᠭ᠋ ᠬᠥᠮᠦᠨ
ᠦᠯᠡᠮᠵᠢ ᠪᠤᠶᠠᠨ ᠲᠠᠢ ᠲᠡᠭᠷᠢ ᠰᠢᠭ ᠬᠥᠮᠦᠨ
ᠤᠤᠭᠠᠯ ᠰᠣᠶᠣᠯ ᠤ᠋ᠨ ᠰᠠᠷᠠᠭᠤᠯᠬᠠᠨ ᠲᠠᠩᠬᠢᠮ ᠳ᠋ᠤ᠌ ᠪᠠᠨ
ᠤᠶᠠᠷᠠᠯ ᠤ᠋ᠨ ᠬᠤᠨ ᠰᠢᠭ᠋ ᠬᠤᠷᠠᠵᠤ ᠪᠠᠢᠭᠰᠠᠨ ᠪᠢᠳᠡᠨ ᠢ᠋
ᠤᠬᠠᠭᠠᠨ ᠮᠡᠳᠡᠯᠭᠡ ᠶ᠋ᠢᠨ ᠣᠷᠭᠢᠯ ᠢ᠋ ᠠᠪᠠᠷᠢᠭᠤᠯᠬᠤ ᠪᠠᠷ
ᠤᠷᠲᠤ ᠶ᠋ᠢᠨ ᠠᠶᠠᠨ ᠳ᠋ᠤ᠌ ᠵᠦᠭᠯᠡᠭᠦᠯᠵᠦ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠰᠤᠷᠤᠭᠴᠢ ᠪᠦᠬᠦᠨ ᠳ᠋ᠦ᠍ ᠪᠡᠨ ᠲᠣᠯᠢ ᠰᠢᠭ᠋ ᠬᠥᠮᠦᠨ
ᠰᠣᠶᠣᠯ ᠰᠤᠷᠭᠠᠯ ᠳ᠋ᠤ᠌ ᠪᠠᠨ ᠵᠤᠯᠠ ᠰᠢᠭ᠋ ᠬᠥᠮᠦᠨ ᠠ᠋!
ᠬᠠᠢᠷ᠎ᠠ ᠵᠥᠩᠨᠡᠯ ᠲᠡᠢ ᠰᠤᠷᠭᠠᠭᠤᠯᠢ ᠶ᠋ᠢᠨ ᠬᠦᠷᠢᠶᠡᠨ ᠳ᠋ᠦ᠍ ᠪᠡᠨ
ᠬᠠᠪᠤᠷ ᠤ᠋ᠨ ᠰᠢᠪᠠᠭᠤᠳ ᠰᠢᠭ᠋ ᠱᠤᠯᠤᠭᠠᠨᠠᠵᠤ ᠪᠠᠢᠭᠰᠠᠨ ᠪᠢᠳᠡᠨ ᠢ᠋
ᠬᠠᠨ ᠤ᠋ ᠮᠡᠳᠡᠯᠭᠡ ᠪᠡᠷ ᠣᠶᠤᠨ ᠢ᠋ ᠮᠢᠨᠢ ᠴᠢᠮᠡᠭᠯᠡᠬᠦ ᠪᠡᠷ
ᠬᠠᠷᠢ ᠶ᠋ᠢᠨ ᠬᠠᠷᠢ ᠳ᠋ᠤ᠌ ᠮᠣᠷᠳᠠᠭᠤᠯᠵᠤ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠬᠥᠮᠦᠨ ᠢ᠋ᠶ᠋ᠡᠷ ᠬᠥᠮᠦᠨ ᠢ᠋ ᠬᠥᠮᠦᠵᠢᠭᠦᠯᠦᠭᠰᠡᠨ ᠬᠥᠮᠦᠨ
ᠬᠦᠰᠡᠯ ᠢᠲᠡᠭᠡᠯ ᠦ᠋ᠨ ᠵᠢᠳᠬᠦᠯᠲᠡᠨ ᠬᠥᠮᠦᠨ
ᠠᠷᠢᠭᠤᠨ ᠡᠷᠳᠡᠮ ᠦ᠋ᠨ ᠰᠢᠮ᠎ᠡ ᠶ᠋ᠢ ᠬᠦᠷᠲᠡᠭᠡᠭᠡᠳ
ᠠᠯᠤᠰ ᠤ᠋ᠨ ᠠᠯᠤᠰ ᠵᠦᠭ ᠲᠡᠮᠡᠦᠯᠦᠭᠦᠯᠵᠦ ᠪᠠᠢᠭᠰᠠᠨ ᠪᠢᠳᠡᠨ ᠢ᠋
ᠠᠬᠢᠭᠠᠳ ᠠᠭᠤᠯᠵᠠᠬᠤ ᠢᠷᠦᠭᠡᠯ ᠢ᠋ᠶ᠋ᠡᠨ ᠳᠡᠭᠡᠳᠦᠯᠡᠭᠡᠳ
ᠠᠰᠠᠷ ᠦᠢᠯᠡᠰ ᠢ᠋ ᠨᠢ ᠮᠥᠷᠥᠯᠡᠭᠦᠯᠵᠦ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠠᠯᠲᠠᠨ ᠳᠡᠯᠡᠬᠡᠢ ᠰᠢᠭ ᠠᠭᠤᠤ ᠬᠥᠮᠦᠨ
ᠠᠷᠠᠳ ᠤ᠋ᠨ ᠦᠷᠡᠰ ᠲᠦ᠍ ᠪᠡᠨ ᠨᠠᠷᠠ ᠰᠢᠭ ᠬᠥᠮᠦᠨ ᠠ᠋!
ᠡᠭᠡᠯ ᠵᠢᠷ ᠦ᠋ᠨ ᠠᠵᠢᠯ ᠤ᠋ᠨ ᠹᠷᠣᠨᠲ ᠳᠡᠭᠡᠷ᠎ᠡ ᠪᠡᠨ
ᠶᠢᠰᠦᠨ ᠡᠷᠳᠡᠮ ᠢ᠋ᠶ᠋ᠡᠨ ᠶᠡᠭᠦᠯᠡᠭᠰᠡᠨ ᠬᠥᠮᠦᠨ
ᠡᠷᠡᠭᠦᠯ ᠰᠠᠷᠠᠭᠤᠯ ᠪᠢᠯᠢᠭ ᠦ᠋ᠨ ᠰᠠᠩ ᠳᠡᠭᠡᠷ᠎ᠡ
ᠶᠢᠷᠲᠢᠨᠴᠦ ᠶ᠋ᠢᠨ ᠱᠤᠩᠭᠤᠯ ᠢ᠋ ᠭᠠᠷᠳᠠᠭᠤᠯᠵᠤ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠰᠤᠷᠤᠭᠴᠢ ᠪᠠᠨ ᠦᠷ᠎ᠡ ᠪᠡᠨ ᠰᠢᠭ ᠬᠠᠢᠷᠠᠯᠠᠳᠠᠭ ᠬᠥᠮᠦᠨ
ᠰᠤᠷᠭᠠᠭᠤᠯᠢ ᠪᠠᠨ ᠭᠡᠷ ᠢ᠋ᠶ᠋ᠡᠨ ᠰᠢᠭ ᠰᠠᠨᠠᠳᠠᠭ ᠬᠥᠮᠦᠨ ᠠ᠋!
ᠪᠤᠭᠤᠷᠤᠯᠳᠠᠭᠰᠠᠨ ᠭᠡᠵᠢᠭᠡᠨ ᠦ᠌ ᠪᠡᠨ ᠰᠢᠷᠬᠡᠭ ᠦᠰᠦ ᠪᠡᠷ
ᠪᠣᠯᠪᠠᠰᠤᠨ ᠢ᠋ ᠰᠤᠷᠲᠠᠯᠴᠢᠯᠠᠭᠰᠠᠨ ᠡᠷᠬᠢᠮ ᠬᠥᠮᠦᠨ
ᠪᠤᠲᠠᠷᠠᠭᠰᠠᠨ ᠣ ᠶ᠋ᠢᠨ ᠨᠤᠨᠲᠠᠭ ᠲᠣᠭᠣᠰᠣ ᠪᠠᠷ
ᠪᠤᠮ ᠡᠷᠳᠡᠨᠢ ᠶ᠋ᠢ ᠳᠡᠯᠭᠡᠷᠡᠭᠦᠯᠵᠦ ᠪᠠᠢᠭᠰᠠᠨ ᠠ᠋ᠴᠠ
ᠪᠠᠭᠰᠢ ᠮᠢᠨᠢ ᠲᠠ ᠪᠣᠯ—
ᠣᠷᠴᠢᠯᠠᠩ ᠤ᠋ᠨ ᠣᠳᠣᠳ ᠰᠢᠭ᠋ ᠰᠤᠷᠤᠭᠴᠢ ᠲᠠᠢ ᠬᠥᠮᠦᠨ
ᠣᠩᠭᠣᠨ ᠪᠠᠢᠭᠠᠯᠢ ᠰᠢᠭ᠋ ᠲᠠᠩᠰᠤᠭ ᠬᠥᠮᠦᠨ!
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
ᠬᠢᠨᠠᠭᠴᠢ᠄ ᠭᠦᠩᠭᠠᠷ
