ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ -2- ᠬᠣᠷᠸ᠎ᠠ ᠶᠢᠨ ᠡᠷᠢᠶᠡᠨ ᠪᠠᠷᠠᠭᠠᠨ - <5>᠂ ᠬᠣᠷᠮᠣᠢ ᠶ᠋ᠢᠨ ᠭᠠᠵᠢᠭᠤᠳᠠᠯ Эр эмийн ёсон – Д᠂ Болдцэрэн <2-р бүлэг>– Хорвоогийн эрээн бараан- 5᠂Хормойн гажуудал
ᠲᠠᠪᠤ᠂ ᠬᠣᠷᠮᠣᠢ ᠶ᠋ᠢᠨ ᠭᠠᠵᠢᠭᠤᠳᠠᠯ
ᠣᠳᠣ ᠲᠡᠳᠡᠭᠡᠷ ᠦ᠋ᠨ ᠵᠠᠷᠢᠮ ᠠ᠋ᠴᠠ ᠳᠤᠷᠠᠳᠤᠶ᠎ᠠ᠃ ᠲᠡᠳᠡᠨ ᠦ᠌ ᠨᠢᠭᠡ ᠬᠡᠰᠡᠭ ᠨᠢ ᠬᠤᠷᠢᠴᠠᠯ ᠦᠢᠯᠡᠳᠴᠦ ᠪᠣᠢ ᠬᠥᠮᠦᠨ ᠢ᠋ᠶ᠋ᠡᠨ ᠪᠦᠳᠦᠭᠦᠯᠢᠭ ᠦᠭᠡ ᠪᠡᠷ ᠳᠣᠷᠣᠮᠵᠢᠯᠠᠬᠤ᠂ ᠲᠡᠮᠦᠯᠡᠨ ᠵᠣᠪᠠᠭᠠᠬᠤ ᠪᠠᠢᠳᠠᠯ ᠢ᠋ᠶ᠋ᠠᠷ ᠳᠤᠷ᠎ᠠ ᠪᠠᠨ ᠲᠠᠢᠯᠳᠠᠭ᠃ ᠡᠭᠦᠨ ᠢ᠋ ᠰᠡᠳᠢᠰᠮ ᠭᠡᠳᠡᠭ᠃ ᠡᠢᠮᠦ ᠬᠣᠷᠮᠣᠢ ᠶ᠋ᠢᠨ ᠭᠠᠵᠢᠭᠤᠳᠠᠯ ᠲᠠᠢ ᠬᠥᠮᠦᠰ ᠬᠤᠷᠢᠴᠠᠯ ᠬᠠᠮᠲᠤᠷᠠᠨ ᠦᠢᠯᠡᠳᠦᠭᠴᠢ ᠪᠡᠨ ᠲᠠᠮᠤᠯᠠᠨ ᠵᠣᠪᠠᠭᠠᠬᠤ ᠪᠤᠶᠤ ᠡᠪᠡᠳᠬᠡᠵᠦ ᠲᠠᠷᠴᠢᠯᠠᠭᠠᠬᠤ ᠦᠭᠡᠢ ᠪᠡᠷ ᠳᠤᠷ᠎ᠠ ᠨᠢ ᠬᠠᠩᠬᠤ ᠦᠭᠡᠢ᠃ ᠭᠡᠲᠡᠯ᠎ᠡ ᠨᠥᠭᠦᠭᠡ ᠬᠡᠰᠡᠭ ᠨᠢ ᠵᠠᠪᠠᠯ《ᠢᠩᠭᠢᠭᠦᠯᠬᠦ ᠦᠭᠡᠢ》 ᠪᠡᠷ ᠳᠤᠷ᠎ᠠ ᠨᠢ ᠬᠠᠨᠤᠨ᠎ᠠ ᠭᠡᠵᠦ ᠶᠡᠷᠦ ᠦᠭᠡᠢ᠃ ᠲᠡᠳᠡ ᠥᠪᠡᠷᠰᠡᠳ ᠦ᠋ᠨ ᠢ᠋ᠶ᠋ᠡᠨ ᠬᠡᠳᠦᠢ ᠴᠢᠨᠡᠭᠡ ᠪᠦᠳᠦᠭᠦᠯᠢᠭ᠂ ᠬᠥᠮᠦᠨ ᠪᠤᠰᠤ᠂ ᠮᠠᠭᠤᠬᠠᠢ ᠦᠭᠡ ᠪᠡᠷ ᠬᠡᠯᠡᠭᠦᠯᠵᠦ᠂ ᠲᠡᠮᠦᠯᠦᠨ ᠵᠣᠪᠠᠭᠠᠯᠭᠠᠨᠠ᠂ ᠲᠡᠳᠦᠢ ᠴᠢᠨᠡᠭᠡ ᠳᠤᠷ᠎ᠠ ᠨᠢ ᠠᠰᠠᠵᠤ ᠬᠠᠨᠤᠮᠵᠢᠲᠠᠢ ᠪᠠᠢᠨ᠎ᠠ᠃ ᠡᠢᠮᠦ ᠬᠣᠷᠮᠣᠢ ᠶ᠋ᠢᠨ ᠭᠠᠵᠢᠭᠤᠳᠠᠯ ᠢ᠋ ᠮᠠᠽᠣᠬᠢᠰᠮ ᠭᠡᠵᠦ ᠨᠡᠷᠡᠯᠡᠨ᠎ᠡ᠃ ᠵᠠᠷᠢᠮ ᠡᠷᠡᠭᠦᠯ ᠬᠥᠮᠦᠨ ᠦ᠌ ᠪᠡᠯᠭᠡ ᠶ᠋ᠢᠨ ᠰᠠᠷᠠᠯ ᠨᠢ ᠳᠡᠭᠡᠳᠦ ᠴᠢᠭ ᠲᠡᠭᠡᠨ ᠬᠦᠷᠦᠭᠰᠡᠨ ᠦᠶ᠎ᠡ ᠳ᠋ᠦ᠍ ᠴᠢᠨᠠᠳᠤ ᠬᠥᠮᠦᠨ ᠢ᠋ᠶ᠋ᠡᠨ ᠡᠪᠡᠳᠬᠡᠬᠦ ᠶᠠᠪᠤᠳᠠᠯ᠂ ᠲᠤᠬᠠᠢᠯᠠᠪᠠᠯ ᠬᠠᠵᠠᠴᠢᠬᠠᠬᠤ ᠨᠢ ᠬᠠᠶᠠ ᠪᠠᠢᠳᠠᠭ ᠯᠠ ᠳᠠ᠃ ᠭᠡᠪᠡᠴᠦ ᠲᠡᠭᠦᠨ ᠦ᠌ ᠳᠤᠷ᠎ᠠ ᠬᠠᠩᠬᠤ ᠨᠢ ᠡᠭᠦᠨ ᠲᠡᠢ ᠣᠭᠲᠣ ᠬᠣᠯᠪᠣᠭ᠎ᠠ ᠦᠭᠡᠢ ᠶᠦᠮ᠃ ᠲᠡᠭᠡᠪᠡᠯ ᠰᠠᠳᠢᠰᠮ ᠬᠡᠮᠡᠬᠦ ᠬᠣᠷᠮᠣᠢ ᠶ᠋ᠢᠨ ᠭᠠᠵᠢᠭᠤᠳᠠᠯ ᠲᠠᠢ ᠬᠥᠮᠦᠨ ᠵᠠᠪᠠᠯ ᠢᠩᠭᠢᠵᠦ ᠯᠡ ᠳᠤᠷ᠎ᠠ ᠨᠢ ᠬᠠᠩᠬᠤ ᠠ᠋ᠴᠠ ᠥᠭᠡᠷ᠎ᠡ ᠪᠡᠷ ᠬᠠᠩᠬᠤ ᠦᠭᠡᠢ ᠪᠥᠭᠡᠳ ᠴᠢᠨᠠᠳᠤ ᠬᠥᠮᠦᠨ ᠦ᠌ ᠬᠢ ᠪᠡᠨ ᠵᠣᠪᠠᠨ ᠲᠠᠷᠴᠢᠯᠠᠵᠤ ᠪᠠᠢᠬᠤ ᠶ᠋ᠢ ᠬᠠᠷᠠᠬᠤ ᠪᠠᠷ ᠢ᠋ᠶ᠋ᠠᠨ ᠳᠤᠷ᠎ᠠ ᠨᠢ ᠤᠯᠠᠮ ᠨᠡᠮᠡᠭᠳᠡᠨ᠎ᠡ᠃ ᠰᠠᠳᠢᠰᠮ ᠠ᠋ᠴᠠ ᠢᠯᠭᠠᠭ᠎ᠠ ᠲᠠᠢ ᠨᠢ ᠮᠠᠽᠣᠬᠢᠰᠮ ᠬᠡᠮᠡᠬᠦ ᠬᠣᠷᠮᠣᠢ ᠶ᠋ᠢᠨ ᠭᠠᠵᠢᠭᠤᠳᠠᠯ ᠭᠣᠣᠯᠴᠠᠭᠤ ᠡᠮᠡᠭᠲᠡᠢ ᠬᠥᠮᠦᠨ ᠳ᠋ᠦ᠍ ᠲᠣᠬᠢᠶᠠᠯᠳᠤᠳᠠᠭ᠃
᠁ ᠠ·38 ᠨᠠᠰᠤᠲᠠᠢ᠃ ᠠᠩᠬᠠᠨ ᠤ᠋ ᠨᠥᠬᠥᠷ ᠡᠴᠡ ᠪᠡᠨ ᠰᠠᠯᠵᠤ᠂ ᠬᠡᠳᠦᠨ ᠵᠢᠯ ᠦ᠋ᠨ ᠳᠠᠷᠠᠭ᠎ᠠ ᠳᠠᠬᠢᠨ ᠨᠥᠬᠥᠷ ᠲᠦ᠍ ᠭᠠᠷᠤᠭᠰᠠᠨ ᠪᠣᠯᠪᠠᠴᠤ ᠠᠮᠢᠳᠤᠷᠠᠯ ᠨᠢ ᠨᠢᠭᠡ ᠯᠡ ᠪᠣᠯᠬᠤ ᠦᠭᠡᠢ ᠪᠠᠢᠪᠠ᠃ ᠰᠢᠨ᠎ᠡ ᠨᠥᠬᠥᠷ ᠦ᠋ᠨ ᠬᠢᠨᠢ ᠬᠡᠲᠦᠷᠬᠡᠢ ᠨᠢᠯᠤᠭᠤᠨ ᠨᠠᠭᠠᠯᠢᠩᠬᠠᠢ ᠵᠠᠩ ᠲᠡᠭᠦᠨ ᠳ᠋ᠦ᠍ ᠣᠭᠲᠣ ᠲᠠᠭᠠᠯᠠᠭᠳᠠᠬᠤ ᠦᠭᠡᠢ ᠠᠵᠠᠢ᠃ ᠤᠴᠢᠷ ᠨᠢ ᠲᠦᠷᠦᠭᠦᠴᠢ ᠶ᠋ᠢᠨ ᠨᠥᠬᠥᠷ ᠦ᠋ᠨ ᠢ᠋ᠶ᠋ᠡᠨ ᠬᠤᠷᠢᠴᠠᠯ ᠦᠢᠯᠡᠳᠬᠦ ᠦᠶ᠎ᠡ ᠳ᠋ᠦ᠍ ᠭᠠᠷᠭᠠᠳᠠᠭ《ᠵᠡᠷᠯᠢᠭ》 ᠠᠶᠠᠭ ᠲᠤ᠌ ᠪᠦᠷ ᠲᠡᠰᠴᠦ ᠣᠷᠬᠢᠭᠰᠠᠨ ᠠᠵᠠᠢ᠃ ᠭᠡᠲᠡᠯ᠎ᠡ ᠰᠢᠨ᠎ᠡ ᠨᠥᠬᠥᠷ ᠨᠢ ᠲᠡᠭᠦᠨ ᠡᠴᠡ ᠱᠠᠯ ᠣᠨᠳᠣᠣ᠃ ᠡᠬᠡᠨᠡᠷ ᠢ᠋ᠶ᠋ᠡᠷ ᠢ᠋ᠶ᠋ᠡᠨ ᠥᠪᠡᠷ ᠢ᠋ ᠪᠡᠨ ᠢᠯᠢᠨ ᠲᠠᠭᠠᠯᠠᠭᠤᠯᠬᠤ ᠶ᠋ᠢ ᠬᠦᠰᠡᠮᠵᠢᠯᠡᠨ᠎ᠡ᠃ ᠡᠨᠡ ᠨᠢ ᠠ ᠳ᠋ᠤ᠌ ᠣᠭᠲᠣ ᠤᠳᠬ᠎ᠠ ᠦᠭᠡᠢ ᠰᠠᠨᠠᠭᠳᠠᠬᠤ ᠪᠣᠯᠪᠠᠴᠤ ᠲᠡᠷᠡ ᠪᠡᠷ ᠬᠡᠯᠡᠵᠦ ᠴᠢᠳᠠᠬᠤ ᠦᠭᠡᠢ ᠶᠠᠪᠤᠭᠰᠠᠭᠠᠷ ᠡᠳᠦᠢ ᠬᠦᠷᠦᠭᠰᠡᠨ ᠨᠢᠭᠡᠨ ᠪᠠᠢᠪᠠ᠃ ᠡᠢᠨᠬᠦ ᠠ ᠶ᠋ᠢᠨ ᠠᠩᠬᠠᠨ ᠤ᠋ ᠨᠥᠬᠥᠷ ᠦ᠋ᠨ ᠬᠣᠷᠮᠣᠢ ᠶ᠋ᠢᠨ ᠭᠠᠵᠢᠭᠤᠳᠠᠯ ᠲᠡᠭᠦᠨ ᠳ᠋ᠦ᠍ 《ᠬᠠᠯᠳᠠᠵᠠᠢ》᠃
ᠬᠣᠷᠮᠣᠢ ᠶ᠋ᠢᠨ ᠭᠠᠵᠢᠭᠤᠳᠠᠯ ᠤ᠋ᠨ ᠨᠡᠯᠢᠶᠡᠳ ᠳᠡᠯᠭᠡᠷᠡᠭᠰᠡᠨ ᠥᠭᠡᠷ᠎ᠡ ᠨᠢᠭᠡ ᠬᠡᠯᠪᠡᠷᠢ ᠨᠢ ᠡᠰᠡᠷᠭᠦ ᠬᠦᠢᠰᠦ ᠲᠡᠢ ᠬᠥᠮᠦᠨ ᠦ᠌ ᠡᠳ᠋ᠯᠡᠵᠦ ᠬᠡᠷᠡᠭᠯᠡᠳᠡᠭ ᠬᠤᠪᠴᠠᠰᠤ ᠬᠤᠨᠠᠷ ᠲᠤ᠌ ᠪᠡᠯᠭᠡ ᠶ᠋ᠢᠨ ᠰᠠᠷᠠᠯ ᠬᠥᠳᠡᠯᠬᠦ ᠪᠤᠶᠤ ᠡᠰᠡᠪᠡᠯ ᠥᠬᠢᠳ ᠡᠮᠡᠭᠲᠡᠢᠴᠦᠳ ᠦ᠋ᠨ ᠥᠭᠡᠳᠡ ᠡᠴᠡ《ᠢᠴᠢᠮᠡᠬᠡᠢ》 ᠡᠷᠬᠡᠲᠡᠨ ᠢ᠋ᠶ᠋ᠡᠨ ᠭᠠᠷᠭᠠᠵᠤ ᠦᠵᠡᠭᠦᠯᠬᠦ ᠪᠠᠢᠳᠠᠯ ᠢ᠋ᠶ᠋ᠠᠷ ᠪᠡᠯᠭᠡ ᠶ᠋ᠢᠨ ᠰᠠᠷᠠᠯ ᠢ᠋ᠶ᠋ᠠᠨ ᠬᠥᠳᠡᠯᠭᠡᠬᠦ ᠶᠠᠪᠤᠳᠠᠯ ᠶᠤᠮ᠂ ᠶᠠᠭ ᠡᠨᠡ ᠦᠶ᠎ᠡ ᠳ᠋ᠦ᠍ ᠡᠨᠡ ᠦᠶ᠎ᠡ ᠳ᠋ᠦ᠍ ᠡᠷᠡᠭᠲᠡᠢ ᠬᠥᠮᠦᠨ ᠪᠡᠯᠭᠡ ᠡᠷᠬᠡᠲᠡᠨ ᠢ᠋ᠶ᠋ᠡᠨ ᠭᠠᠷ ᠢ᠋ᠶ᠋ᠠᠷ ᠢ᠋ᠶ᠋ᠠᠨ ᠤᠷᠤᠯᠳᠤᠵᠤ ᠳᠤᠷ᠎ᠠ ᠪᠠᠨ ᠬᠠᠩᠭᠠᠳᠠᠭ᠃ ᠡᠢᠮᠦ ᠭᠠᠵᠢᠭᠤᠳᠠᠯ ᠭᠣᠣᠯᠴᠠᠭᠤ ᠠᠷᠬᠠᠭ ᠠᠷᠢᠬᠢᠴᠢᠳ ᠲᠤ᠌ ᠲᠣᠬᠢᠶᠠᠯᠳᠤᠳᠠᠭ᠃ ᠡᠷᠬᠢᠯᠡᠭᠰᠡᠨ ᠠᠵᠢᠯ ᠲᠥᠷᠥᠯ ᠦᠭᠡᠢ᠂ 40 ᠣᠷᠴᠢᠮ ᠨᠠᠰᠤᠨ ᠤ᠋ ᠪᠠ᠊ ᠭᠡᠭᠴᠢ ᠡᠮ ᠦ᠋ᠨ ᠰᠠᠩ᠂ ᠵᠠᠬ᠎ᠠ ᠵᠡᠭᠡᠯᠢ ᠶ᠋ᠢᠨ ᠪᠣᠯᠤᠨ ᠨᠡᠢᠲᠡ ᠶ᠋ᠢᠨ ᠬᠠᠯᠠᠭᠤᠨ ᠤᠰᠤᠨ ᠤ᠋ ᠭᠠᠵᠠᠷ ᠤᠳᠠᠭ᠎ᠠ ᠳᠠᠷᠠᠭ᠎ᠠ ᠡᠢᠮᠦ ᠬᠥᠮᠦᠨ ᠪᠤᠰᠤ ᠠᠷᠠᠨᠰᠢᠨ ᠭᠠᠷᠭᠠᠵᠤ ᠪᠠᠢᠭᠠᠳ ᠬᠥᠮᠦᠰ ᠲᠦ᠍ ᠨᠢᠳᠦᠯᠡᠭᠳᠡᠵᠦ᠂ ᠰᠡᠷᠭᠡᠢᠯᠡᠬᠦ ᠳ᠋ᠦ᠍ ᠪᠠᠷᠢᠭᠳᠠᠵᠠᠢ᠃ ᠲᠡᠷᠡ ᠬᠡᠯᠡᠬᠦ ᠳ᠋ᠡᠭᠡᠨ᠄《ᠰᠡᠭᠦᠯ ᠦ᠋ᠨ ᠬᠡᠳᠦᠨ ᠵᠢᠯ ᠠᠷᠢᠬᠢᠨ ᠳ᠋ᠤ᠌ ᠨᠥᠬᠥᠴᠡᠯ ᠦᠭᠡᠢ ᠣᠷᠣᠭᠰᠠᠨ᠂ ᠲᠡᠭᠦᠨ ᠡᠴᠡ ᠬᠣᠢᠰᠢ ᠢᠩᠭᠢᠭᠡᠳ ᠪᠠᠢᠳᠠᠭ ᠪᠣᠯᠤᠭᠰᠠᠨ》 ᠭᠡᠵᠡᠢ᠃ ᠠᠷᠢᠬᠢ ᠭᠡᠭᠴᠢ ᠢᠩᠭᠢᠵᠦ ᠤᠭ ᠶᠣᠰᠣ ᠶ᠋ᠢ ᠭᠠᠵᠢᠭᠤᠳᠠᠭᠤᠯᠵᠤ ᠬᠥᠮᠦᠨ ᠢ᠋ ᠲᠠᠩᠳᠠ ᠬᠠᠷ᠎ᠠ ᠪᠠᠯᠴᠢᠭ ᠲᠤ᠌ ᠤᠨᠠᠭᠠᠵᠤ ᠪᠠᠢᠳᠠᠭ ᠢ᠋ ᠪᠠᠰᠠ ᠳᠠᠬᠢᠨ ᠬᠡᠯᠡᠬᠦ ᠶᠠᠭᠤᠨ᠃ ᠲᠡᠭᠦᠨᠴᠢᠯᠡᠨ ᠡᠮᠡᠭᠲᠡᠢ ᠬᠥᠮᠦᠨ ᠦ᠌ ᠠᠷᠤ ᠠ᠋ᠴᠠ ᠳᠠᠭᠠᠵᠤ ᠶᠠᠪᠤᠭᠠᠳ ᠪᠡᠶ᠎ᠡ ᠨᠢ ᠬᠥᠯᠥᠷᠡᠵᠦ᠂ ᠳᠤᠷ᠎ᠠ ᠪᠠᠨ ᠲᠠᠢᠯᠳᠠᠭ ᠬᠥᠮᠦᠨ ᠴᠦ᠍ ᠪᠠᠢᠬᠤ ᠶᠤᠮ᠃ ᠲᠡᠷᠡ ᠪᠦᠦ ᠬᠡᠯᠡ ᠬᠣᠷᠸ᠎ᠠ ᠶ᠋ᠢᠨ ᠵᠢᠮ᠎ᠡ ᠪᠡᠷ ᠨᠠᠰᠤ ᠳᠡᠭᠡᠷ᠎ᠡ ᠭᠠᠷᠤᠭᠰᠠᠨ ᠬᠥᠭᠰᠢᠨ ᠬᠥᠮᠦᠨ ᠲᠡᠢ ᠶᠦᠮ ᠤᠤ ᠡᠰᠡᠪᠡᠯ ᠤᠴᠢᠷ ᠮᠡᠳᠡᠬᠦ ᠦᠭᠡᠢ ᠪᠠᠭ᠎ᠠ ᠨᠠᠰᠤᠨ ᠤ᠋ ᠬᠡᠦᠬᠡᠳ ᠲᠡᠢ᠂ ᠲᠡᠷᠡ ᠪᠦᠦ ᠬᠡᠯᠡ ᠴᠣᠭᠴᠠᠰ ᠲᠠᠢ ᠬᠤᠷᠢᠴᠠᠯ ᠦᠢᠯᠡᠳᠬᠦ ᠳᠤᠷ᠎ᠠ ᠲᠥᠷᠥᠬᠦ ᠬᠦᠷᠲᠡᠯ᠎ᠡ ᠭᠠᠵᠢᠭᠤᠳᠠᠯ ᠪᠠᠢᠳᠠᠭ ᠢ᠋ ᠡᠷᠳᠡᠮᠲᠡᠳ ᠪᠢᠴᠢᠵᠡᠢ᠃ ᠪᠠᠰᠠ ᠡᠰᠡᠷᠭᠦ ᠬᠦᠢᠰᠦᠨ ᠦ᠌ ᠪᠡᠨ ᠬᠥᠮᠦᠨ ᠦ᠌ ᠬᠤᠪᠢᠰᠴᠤ ᠶ᠋ᠢ ᠰᠣᠯᠢᠵᠤ ᠡᠮᠦᠰᠬᠦ ᠡᠷᠡᠮᠡᠯᠵᠡᠯ ᠪᠦᠬᠦᠢ ᠬᠣᠷᠮᠣᠢ ᠶ᠋ᠢᠨ ᠭᠠᠵᠢᠭᠤᠳᠠᠯ ᠪᠣᠢ᠃ ᠬᠣᠷᠮᠣᠢ ᠶ᠋ᠢᠨ ᠭᠠᠵᠢᠭᠤᠳᠠᠯ ᠤ᠋ᠨ ᠨᠥᠭᠦᠭᠡ ᠨᠢᠭᠡ ᠬᠡᠯᠪᠡᠷᠢ ᠨᠢ ᠢᠵᠢᠯ ᠬᠦᠢᠰᠦᠲᠡᠨ ᠲᠡᠢ ᠪᠡᠨ ᠬᠠᠪᠢᠳᠠᠬᠤ ᠶᠠᠪᠤᠳᠠᠯ ᠶᠤᠮ ᠡᠢᠮᠦ ᠬᠣᠷᠮᠣᠢ ᠶ᠋ᠢᠨ ᠭᠠᠵᠢᠭᠤᠳᠠᠯ ᠢ᠋ ᠳᠡᠯᠡᠬᠡᠢ ᠨᠡᠢᠲᠡ ᠪᠡᠷ ᠢ᠋ᠶ᠋ᠡᠨ ᠭᠣᠮᠣᠰᠸᠺᠰ ᠬᠡᠮᠡᠳᠡᠭ᠃ ᠡᠨᠡ ᠨᠡᠷ᠎ᠡ ᠲᠣᠮᠢᠶ᠎ᠠ ᠶ᠋ᠢ ᠠᠩᠬ᠎ᠠ1969 ᠣᠨ ᠳ᠋ᠤ᠌ ᠬᠠᠩᠭᠠᠷᠢ ᠶ᠋ᠢᠨ ᠡᠮᠴᠢ ᠪᠧᠨᠺᠸᠷᠲ ᠰᠠᠨᠠᠭᠠᠴᠢᠯᠠᠵᠠᠢ᠃ ᠭᠣᠮᠣ ᠭᠡᠳᠡᠭ ᠨᠢ ᠢᠵᠢᠯ ᠭᠡᠰᠡᠨ ᠤᠳᠬ᠎ᠠ ᠲᠠᠢ ᠭᠷᠧᠭ ᠦᠭᠡ᠂ ᠰᠧᠺᠰ ᠭᠡᠳᠡᠭ ᠨᠢ ᠬᠦᠢᠰᠦ ᠭᠡᠰᠡᠨ ᠯᠠᠲ᠋ᠢᠨ ᠦᠭᠡ ᠶᠦᠮ᠃ ᠠᠮᠢᠲᠠᠨ ᠪᠦᠬᠦᠨ ᠡᠷᠡᠭᠴᠢᠨ᠂ ᠡᠮᠡᠭᠴᠢᠨ ᠢ᠋ᠶ᠋ᠡᠷ ᠢ᠋ᠶ᠋ᠡᠨ ᠬᠣᠣᠰᠯᠠᠨ ᠠᠮᠢᠳᠤᠷᠠᠵᠤ ᠪᠠᠢᠳᠠᠭ ᠨᠢ ᠡᠨᠡ ᠬᠣᠷᠸ᠎ᠠ ᠶ᠋ᠢᠨ ᠵᠢᠮ᠎ᠡ ᠶᠣᠰᠣᠨ ᠪᠢᠯᠡ᠃ ᠠᠮᠢᠳᠤᠷᠠᠯ ᠤ᠋ᠨ ᠡᠨᠡ ᠬᠠᠤᠯᠢ ᠳ᠋ᠤ᠌ ᠵᠠᠬᠢᠷᠤᠭᠳᠠᠬᠤ ᠦᠭᠡᠢ ᠠᠮᠢᠳᠤ ᠠᠮᠢᠲᠠᠨ ᠭᠡᠵᠦ ᠦᠭᠡᠢ᠃ ᠡᠨᠡ ᠨᠢ ᠨᠢᠭᠡ ᠲᠠᠯ᠎ᠠ ᠪᠠᠷ ᠪᠦᠬᠦᠯᠢ ᠪᠦᠲᠦᠨ ᠠᠮᠢᠳᠤᠷᠠᠯ ᠲᠡᠳᠦᠢ ᠦᠭᠡᠢ ᠠᠮᠢᠳᠤᠷᠠᠯ ᠤ᠋ᠨ ᠲᠥᠯᠥᠭᠡ᠂ ᠦᠷ᠎ᠡ ᠤᠳᠤᠮ ᠢ᠋ᠶ᠋ᠠᠨ ᠦᠯᠡᠳᠡᠭᠡᠬᠦ ᠶ᠋ᠢᠨ ᠲᠥᠯᠥᠭᠡᠨ ᠦ᠌ ᠲᠡᠮᠡᠴᠡᠯ ᠭᠡᠵᠦ ᠬᠡᠯᠡᠵᠦ ᠪᠣᠯᠤᠨ᠎ᠠ᠃ ᠴᠣᠬᠣᠮ ᠬᠦ᠌ ᠠᠮᠢ ᠲᠠᠢ ᠶ᠋ᠢᠨ ᠤᠴᠢᠷ ᠡᠭᠦᠨ ᠳ᠋ᠦ᠍ ᠯᠡ ᠣᠷᠣᠰᠢᠬᠤ ᠪᠢᠵᠡ᠃ ᠡᠨᠡ ᠴᠢᠨᠠᠷ ᠢ᠋ᠶ᠋ᠠᠷ ᠢ᠋ᠶ᠋ᠠᠨ ᠬᠣᠷᠸ᠎ᠠ ᠭᠡᠳᠡᠭ ᠤᠯᠠᠮ ᠴᠦ᠍ ᠠᠭᠤᠤ᠂ ᠠᠮᠢᠳᠤᠷᠠᠯ ᠭᠡᠳᠡᠭ ᠤᠯᠠᠮ ᠴᠦ᠍ ᠤᠳᠬ᠎ᠠ ᠲᠡᠭᠦᠰ ᠪᠠᠢᠳᠠᠭ ᠪᠢᠯᠡ᠃ ᠡᠷᠳᠡᠨᠢᠲᠦ ᠬᠥᠮᠦᠨ ᠦ᠌ ᠪᠡᠶ᠎ᠡ ᠶ᠋ᠢ ᠣᠯᠵᠤ ᠲᠥᠷᠥᠭᠰᠡᠨ ᠪᠢᠳᠡᠨ ᠳ᠋ᠦ᠍ ᠡᠭᠦᠨ ᠡᠴᠡ ᠡᠷᠬᠢᠮ ᠬᠤᠪᠢ ᠲᠠᠪᠢᠯᠠᠩ ᠭᠡᠵᠦ ᠳᠠᠩᠴᠢ ᠪᠠᠢᠬᠤ ᠦᠭᠡᠢ᠃ ᠪᠠᠢᠬᠤ ᠴᠦ᠍ ᠶᠣᠰᠣᠨ ᠦᠭᠡᠢ ᠪᠠᠢᠮᠠᠷ ᠰᠠᠨ᠃ ᠭᠡᠲᠡᠯ᠎ᠡ᠁ ᠭᠡᠲᠡᠯ᠎ᠡ᠁ ᠡᠨᠡ ᠵᠢᠮ᠎ᠡ ᠶᠣᠰᠣᠨ ᠠ᠋ᠴᠠ ᠭᠠᠳᠠᠭᠤᠷ᠂ ᠬᠥᠮᠦᠨ ᠪᠤᠰᠤ ᠶ᠋ᠢᠨ ᠭᠡᠵᠦ ᠦᠵᠡᠬᠦ ᠳ᠋ᠦ᠍ ᠭᠠᠵᠢ ᠦᠵᠡᠭᠳᠡᠯ ᠡᠨᠡ ᠣᠷᠴᠢᠯᠠᠩ ᠤ᠋ᠨ ᠣᠯᠠᠨ ᠣᠷᠣᠨ ᠳ᠋ᠤ᠌ ᠲᠦᠭᠡᠭᠡᠵᠦ ᠳᠡᠯᠭᠡᠷᠡᠭᠰᠡᠭᠡᠷ ᠮᠠᠨ ᠤ᠋ ᠤᠯᠤᠰ ᠲᠤ᠌ ᠴᠦ᠍ ᠮᠡᠷ ᠰᠡᠷ ᠪᠣᠢ ᠪᠣᠯᠤᠯ᠎ᠠ᠃ ᠤᠭ ᠨᠢ《ᠮᠣᠳ᠋ ᠮᠣᠩᠭᠣᠯ ᠢ᠋ᠶ᠋ᠠᠷ ᠳᠠᠭᠤᠰᠳᠠᠭ》 ᠭᠡᠰᠡᠨ ᠱᠣᠭ ᠶᠠᠷᠢᠶ᠎ᠠ ᠪᠠᠢᠳᠠᠭ ᠯᠠ ᠳᠠ᠃ ᠳᠠᠩᠴᠢ《ᠮᠣᠳ᠋》 ᠪᠢᠰᠢ ᠨᠢ ᠬᠠᠷᠠᠮᠰᠠᠯᠲᠠᠢ᠃ ᠬᠠᠷᠠᠮᠰᠠᠯᠲᠠᠢ ᠪᠠᠷ ᠦᠯᠦ ᠪᠠᠷᠠᠨ ᠠᠶᠤᠯᠲᠠᠢ᠃ ᠠᠶᠤᠯᠲᠠᠢ ᠪᠠᠷ ᠪᠠᠷᠠᠬᠤ ᠦᠭᠡᠢ ᠣᠨᠴᠠ ᠶ᠋ᠢᠨ ᠠᠶᠤᠯᠲᠠᠢ ᠡᠨᠡ ᠦᠵᠡᠭᠳᠡᠯ《ᠭᠣᠮᠣᠰᠧᠺᠰ》 ᠭᠡᠮᠡᠨ ᠳᠡᠯᠡᠬᠡᠢ ᠳᠠᠶᠠᠭᠠᠷ ᠨᠡᠷᠡᠯᠡᠭᠳᠡᠬᠦ ᠪᠣᠯᠤᠭᠰᠠᠨ ᠪᠡᠯᠭᠡ ᠶ᠋ᠢᠨ ᠭᠠᠵᠢ ᠬᠠᠪᠢᠲᠠᠯ ᠪᠤᠶᠤ ᠪᠤᠷᠤᠭᠤ ᠬᠤᠷᠢᠴᠠᠯ ᠶᠤᠮ᠃ ᠡᠭᠦᠨ ᠢ᠋ ᠰᠢᠷ᠎ᠠ ᠶ᠋ᠢᠨ ᠱᠠᠰᠢᠨ ᠳ᠋ᠤ᠌ ᠪᠡᠶ᠎ᠡ ᠪᠡᠷ ᠦᠢᠯᠡᠳᠬᠦ ᠭᠤᠷᠪᠠᠨ ᠨᠢᠭᠦᠯ ᠭᠡᠵᠦ ᠴᠡᠭᠡᠷᠯᠡᠳᠡᠭ ᠠᠲᠠᠯ᠎ᠠ ᠢᠩᠭᠢᠬᠦ ᠶ᠋ᠢᠨ ᠤᠴᠢᠷ ᠶᠠᠭᠤ ᠪᠣᠢ? ᠡᠨᠡᠬᠦ ᠭᠠᠵᠢ ᠦᠵᠡᠭᠳᠡᠯ ᠨᠢ ᠣᠯᠠᠨ ᠵᠠᠭᠤᠨ ᠵᠢᠯ ᠦ᠋ᠨ ᠲᠤᠷᠰᠢ ᠬᠥᠮᠦᠨ ᠲᠥᠷᠥᠯᠬᠢᠲᠡᠨ ᠦ᠌ ᠰᠡᠳᠬᠢᠯ ᠰᠠᠨᠠᠭ᠎ᠠ ᠶ᠋ᠢ ᠵᠣᠪᠠᠭᠠᠵᠤ᠂ ᠲᠡᠭᠦᠨ ᠦ᠌ ᠤᠴᠢᠷ ᠰᠢᠯᠲᠠᠭᠠᠨ ᠢ᠋ ᠣᠯᠬᠤ ᠭᠡᠵᠦ ᠣᠯᠠᠨ ᠦᠶ᠎ᠡ ᠶ᠋ᠢᠨ ᠡᠷᠳᠡᠮᠲᠡᠨ ᠮᠡᠷᠭᠡᠳ ᠤᠬᠠᠭᠠᠨ ᠪᠣᠳᠣᠯ ᠢ᠋ᠶ᠋ᠠᠨ ᠰᠢᠷᠭᠢᠭᠡᠭᠰᠡᠨ ᠪᠣᠯᠪᠠᠴᠤ ᠪᠦᠷᠢᠨ ᠭᠦᠢᠴᠡᠳ ᠲᠠᠢᠯᠵᠤ ᠴᠢᠳᠠᠭᠠᠳᠤᠢ ᠪᠠᠢᠨ᠎ᠠ᠃ ᠨᠡᠢᠭᠡᠮ ᠦ᠋ᠨ ᠶᠡᠬᠡ ᠬᠦᠷᠢᠶ᠎ᠡ ᠶ᠋ᠢ ᠬᠠᠮᠤᠷᠤᠭᠰᠠᠨ ᠥᠭᠡᠷᠡᠴᠢᠯᠡᠨ ᠪᠠᠢᠭᠤᠯᠤᠯᠲᠠ ᠶ᠋ᠢᠨ ᠶᠡᠬᠡ ᠳᠠᠪᠠᠯᠭᠠᠨ ᠳᠠᠪᠠᠯᠭᠠᠯᠠᠵᠤ ᠪᠣᠢ ᠥᠨᠥ ᠦᠶ᠎ᠡ ᠳ᠋ᠦ᠍ ᠤᠷᠢᠳᠤ ᠡᠮᠦᠨ᠎ᠡ ᠬᠠᠭᠠᠯᠲᠠ ᠲᠠᠢ ᠪᠠᠢᠭᠰᠠᠨ ᠣᠯᠠᠨ ᠰᠡᠳᠦᠪ ᠪᠢᠳᠡᠨ ᠦ᠌ ᠡᠮᠦᠨ᠎ᠡ ᠢᠯᠡ ᠭᠠᠷᠴᠤ ᠬᠠᠷᠢᠭᠤᠯᠲᠠ ᠬᠦᠯᠢᠶᠡᠨ ᠵᠣᠭᠰᠣᠵᠤ ᠪᠠᠢᠭ᠎ᠠ ᠶ᠋ᠢᠨ ᠨᠢᠭᠡ ᠨᠢ ᠡᠨᠡᠬᠦ ᠠᠰᠠᠭᠤᠳᠠᠯ ᠶᠤᠮ᠃ 20 ᠳ᠋ᠤᠭᠠᠷ ᠵᠠᠭᠤᠨ ᠤ ᠲᠠᠬᠤᠯ ᠬᠡᠮᠡᠬᠦ ᠠᠢᠽ ᠠᠶᠤᠯᠲᠤ ᠡᠪᠡᠳᠴᠢᠨ ᠬᠥᠮᠦᠨ ᠲᠥᠷᠥᠯᠬᠢᠲᠡᠨ ᠦ᠌ ᠦᠬᠦᠯ ᠦ᠋ᠨ ᠠᠶᠤᠯ ᠵᠠᠨᠤᠯᠬᠢᠯᠠᠭᠰᠠᠨ ᠣᠳᠣ ᠦᠶ᠎ᠡ ᠶ᠋ᠢᠨ ᠡᠨᠡ ᠠᠰᠠᠭᠤᠳᠠᠯ ᠢ᠋ ᠬᠥᠨᠳᠡᠬᠦ ᠨᠢ ᠣᠨᠴᠣᠭᠣᠢ ᠠᠴᠢ ᠬᠣᠯᠪᠣᠭᠳᠠᠯ ᠲᠠᠢ ᠶᠤᠮ᠃ ᠤᠴᠢᠷ ᠨᠢ ᠳᠡᠭᠡᠷᠡᠬᠢ ᠲᠠᠬᠤᠯ ᠠᠩᠬ᠎ᠠ ᠲᠡᠳᠡᠨ ᠦ᠌ ᠳᠣᠲᠣᠷ᠎ᠠ ᠠ᠋ᠴᠠ ᠢᠯᠡᠷᠡᠭᠰᠡᠨ ᠪᠠ ᠣᠳᠣ ᠪᠠᠷ ᠠᠢᠽᠢ ᠡᠪᠡᠳᠴᠢᠨ ᠢᠶᠡᠷ ᠡᠪᠡᠳᠴᠢᠯᠡᠭᠰᠡᠳ ᠦᠨ ᠲᠠᠯ᠎ᠠ ᠢᠯᠡᠭᠦᠦ ᠬᠤᠪᠢ ᠢᠵᠢᠯ ᠬᠦᠢᠰᠦᠲᠡᠨ ᠲᠠᠢ ᠪᠠᠨ ᠬᠠᠪᠢᠳᠠᠭᠴᠢᠳ ᠪᠠᠢᠨ᠎ᠠ᠃ ᠳᠡᠯᠡᠬᠡᠢ ᠶᠢᠨ ᠭᠠᠵᠠᠷ ᠤᠨ ᠵᠢᠷᠤᠭ ᠳᠡᠭᠡᠷ᠎ᠡ《ᠶᠠᠭᠠᠨ ᠢ᠋ᠶ᠋ᠠᠷ》 ᠲᠡᠮᠳᠡᠭᠯᠡᠨ ᠪᠣᠢ ᠴᠥᠭᠡᠨ ᠣᠷᠣᠨ ᠤ᠋ ᠨᠢᠭᠡ ᠨᠢ ᠮᠠᠨ ᠤ᠋ ᠤᠯᠤᠰ᠃ ᠬᠣᠶᠠᠷ ᠭᠤᠷᠪᠠᠨ ᠵᠠᠭᠤᠨ ᠰᠠᠶ᠎ᠠ ᠬᠥᠮᠦᠨ ᠠᠮᠠ ᠲᠠᠢ ᠣᠷᠣᠨ ᠨᠤᠭᠤᠳ ᠲᠤ᠌ ᠳᠠᠬᠤᠯ ᠮᠡᠲᠦ ᠬᠤᠷᠳᠤᠨ ᠬᠠᠯᠳᠠᠪᠤᠷᠢᠯᠠᠵᠤ ᠪᠣᠢ ᠬᠣᠶᠠᠷ ᠰᠠᠶ᠎ᠠ ᠶ᠋ᠢᠨ ᠪᠣᠱᠣᠭ᠎ᠠ ᠶ᠋ᠢ ᠳᠥᠩᠭᠡᠵᠢ ᠳᠠᠪᠠᠭᠰᠠᠨ ᠤᠯᠤᠰ ᠣᠷᠣᠨ ᠳ᠋ᠤ᠌ ᠮᠢᠨᠢ ᠣᠷᠣᠵᠤ ᠢᠷᠡᠪᠡᠯ ᠶᠠᠮᠠᠷ ᠠᠶᠤᠯ ᠲᠠᠷᠢᠬᠤ ᠶ᠋ᠢ ᠪᠣᠳᠣᠬᠤ ᠳ᠋ᠤ᠌ ᠵᠢᠷᠦᠬᠡ ᠰᠢᠮᠰᠢᠷᠡᠵᠦ᠂ ᠠᠢᠳᠠᠰ ᠲᠥᠷᠥᠭᠦᠯᠦᠨ᠎ᠡ᠃ ᠭᠡᠲᠡᠯ᠎ᠡ ᠤᠭ ᠡᠪᠡᠳᠴᠢᠨ ᠦ᠌ ᠡᠬᠢ ᠡᠭᠦᠰᠪᠦᠷᠢ ᠶ᠋ᠢ ᠲᠠᠯᠪᠢᠭᠴᠢ᠂ ᠳᠠᠷᠢᠭᠴᠢ ᠪᠣᠯᠬᠤ ᠢᠵᠢᠯ ᠬᠦᠢᠰᠦᠲᠡᠨ ᠲᠡᠢ ᠪᠡᠨ ᠬᠠᠪᠢᠳᠠᠭᠴᠢᠳ ᠡᠬᠡ ᠣᠷᠣᠨ ᠳ᠋ᠤ᠌ ᠮᠢᠨᠢ ᠪᠣᠢ ᠪᠣᠯᠴᠢᠬᠠᠭᠠᠳ ᠥᠪᠡᠷᠰᠡᠳ ᠦ᠋ᠨ ᠬᠥᠮᠦᠨ ᠪᠤᠰᠤ ᠶ᠋ᠢᠨ ᠶᠠᠪᠤᠳᠠᠯ ᠢ᠋ᠶ᠋ᠠᠨ ᠥᠷᠭᠡᠵᠢᠭᠦᠯᠬᠦ ᠪᠡᠷ᠂ ᠬᠦᠷᠢᠶ᠎ᠡ ᠪᠡᠨ ᠲᠡᠯᠡᠬᠦ ᠪᠡᠷ ᠤᠷᠤᠯᠳᠤᠵᠤ ᠪᠣᠢ ᠨᠢ ᠴᠣᠬᠣᠮ ᠬᠦ᠌ ᠠᠶᠤᠮᠰᠢᠭ᠃ ᠣᠯᠠᠨ ᠠᠷᠪᠠᠨ ᠵᠢᠯ ᠲᠤᠷᠰᠢ ᠠᠯᠢᠪᠠ ᠮᠠᠭᠤ ᠮᠠᠭᠤᠬᠠᠢ ᠶ᠋ᠢ ᠬᠠᠷᠠᠭᠰᠠᠨ ᠴᠦ᠍ ᠬᠠᠷᠠᠭ᠎ᠠ ᠦᠭᠡᠢ ᠶᠦᠮ ᠰᠢᠭ᠂ ᠮᠡᠳᠡᠭᠰᠡᠨ ᠴᠦ᠍ ᠮᠡᠳᠡᠭᠡ ᠦᠭᠡᠢ ᠶᠦᠮ ᠰᠢᠭ ᠴᠢᠷᠠᠢᠯᠠᠵᠤ᠂ ᠳᠠᠩ ᠭᠠᠭᠴᠠ ᠰᠠᠢᠨ ᠲᠠᠯ᠎ᠠ ᠪᠠᠨ ᠥᠷᠥᠭᠡᠰᠦᠯ ᠢ᠋ᠶ᠋ᠡᠷ ᠮᠠᠭᠲᠠᠵᠤ ᠢᠷᠡᠭᠰᠡᠨ ᠦ᠌ ᠬᠣᠣᠷ ᠤᠷᠰᠢᠭ ᠪᠢᠳᠡᠨ ᠳᠡᠭᠡᠷ᠎ᠡ ᠶᠠᠮᠠᠷ ᠬᠦ᠌ ᠬᠦᠨᠳᠦ ᠴᠣᠬᠢᠯᠲᠠ ᠠᠪᠴᠤ ᠢᠷᠡᠬᠦ ᠶ᠋ᠢ ᠬᠡᠨ ᠴᠦ᠍ ᠲᠥᠰᠦᠭᠡᠯᠡᠬᠦ ᠦᠭᠡᠢ ᠪᠢᠵᠡ᠃ ᠡᠢᠮᠦ ᠪᠠᠢᠳᠠᠯ ᠢ᠋ᠶ᠋ᠠᠷ ᠴᠢᠨᠠᠭᠰᠢ ᠨᠢᠳᠦᠨ ᠪᠠᠯᠠᠢ᠂ ᠴᠢᠬᠢᠨ ᠳᠦᠯᠢ ᠶᠠᠪᠤᠬᠤ ᠨᠢ ᠭᠡᠮᠲᠦ ᠬᠡᠷᠡᠭ ᠭᠡᠬᠦ ᠳ᠋ᠦ᠍ ᠬᠢᠯᠢᠰᠳᠡᠬᠦ ᠦᠭᠡᠢ᠃
ᠪᠢᠳᠡ ᠠᠯᠢᠪᠠ ᠠᠶᠤᠯ ᠢ᠋ ᠨᠥᠮᠥᠷᠦᠭᠰᠡᠨ ᠬᠣᠢᠨ᠎ᠠ ᠨᠢ ᠤᠬᠠᠭᠠᠷᠠᠬᠤ ᠪᠢᠰᠢ᠂ ᠰᠡᠷᠡᠮᠵᠢᠯᠡᠨ ᠵᠠᠢᠯᠠᠭᠤᠯᠵᠤ ᠪᠠᠢᠬᠤ ᠶᠤᠮᠰᠠᠨ᠃ ᠥᠩᠭᠡᠷᠡᠨ ᠣᠳᠬᠤ ᠬᠣᠷᠣᠮ ᠪᠦᠷᠢ ᠶ᠋ᠢ ᠦᠨᠡᠲᠡᠢ ᠪᠠᠢᠭ᠎ᠠ ᠶ᠋ᠢ ᠣᠢᠯᠭᠠᠭᠠᠰᠠᠢ ᠪᠢᠯᠡ᠂ ᠲᠠ ᠮᠢᠨᠢ᠃ ᠡᠢᠨᠬᠦ ᠬᠣᠷᠮᠣᠢ ᠶ᠋ᠢᠨ ᠭᠠᠵᠢᠭᠤᠳᠠᠯ ᠨᠢ ᠮᠠᠰᠢ ᠣᠯᠠᠨ ᠶᠠᠩᠵᠤ ᠪᠠᠷ ᠢᠯᠡᠷᠡᠳᠡᠭ᠃ ᠡᠨᠡ ᠬᠣᠷᠸ᠎ᠠ ᠳ᠋ᠤ᠌ ᠬᠥᠮᠦᠨ ᠪᠣᠯᠵᠤ ᠲᠥᠷᠥᠭᠰᠡᠨ ᠦ᠌ ᠤᠴᠢᠷ ᠬᠣᠷᠮᠣᠢ ᠶ᠋ᠢᠨ ᠭᠠᠵᠢᠭᠤᠳᠠᠯ ᠭᠡᠳᠡᠭ ᠨᠢᠭᠦᠯ ᠢ᠋ ᠬᠥᠮᠦᠨ ᠪᠦᠬᠦᠨ ᠲᠡᠪᠴᠢᠶ᠎ᠡ᠃
