ᠠᠯᠲᠠᠨ ᠮᠥᠩᠭᠥᠨ ᠴᠡᠴᠡᠭAltan möngön tsetsegАлтан мөнгөн цэцэг
ᠠᠯᠲᠠᠨ ᠮᠥᠩᠭᠥᠨ ᠴᠡᠴᠡᠭ
ᠲᠤᠰ ᠡᠮ ᠪᠣᠯ ᠳᠠᠯᠠᠨ ᠬᠠᠯᠢᠰᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠣᠷᠢᠶᠠᠩᠭᠤ ᠳᠠᠯᠠᠨ ᠬᠠᠯᠢᠰᠤ᠂ ᠪᠤᠯᠴᠢᠷᠬᠠᠢᠲᠤ ᠳᠠᠯᠠᠨ ᠬᠠᠯᠢᠰᠤ᠂ ᠠᠭᠤᠯᠠᠨ ᠳᠠᠯᠠᠨ ᠬᠠᠯᠢᠰᠤ ᠪᠤᠶᠤ ᠦᠰᠦᠲᠦ ᠳᠠᠯᠠᠨ ᠬᠠᠯᠢᠰᠤ ᠶ᠋ᠢᠨ ᠬᠠᠲᠠᠭᠠᠭᠰᠠᠨ ᠴᠡᠴᠡᠭ ᠦ᠋ᠨ ᠴᠣᠮᠣᠷᠯᠢᠭ ᠪᠣᠯᠤᠨ ᠰᠠᠶᠢᠬᠠᠨ ᠳᠡᠯᠭᠡᠷᠡᠭᠰᠡᠨ ᠴᠡᠴᠡᠭ ᠮᠥᠨ᠃ ᠪᠠᠰᠠ ᠰᠸᠷ ᠥᠯ ᠮᠸᠳᠤᠭ ᠭᠡᠳᠡᠭ᠃
[ ᠤᠤᠯ ᠤᠷᠭᠤᠮᠠᠯ]1 ᠣᠷᠢᠶᠠᠩᠭᠤ ᠳᠠᠯᠠᠨ ᠬᠠᠯᠢᠰᠤ ᠬᠠᠭᠠᠰ ᠮᠥᠩᠬᠡ ᠬᠥᠬᠡᠷᠡᠭᠴᠢ ᠣᠷᠢᠶᠠᠵᠤ ᠤᠷᠭᠤᠬᠤ ᠪᠤᠲᠠ ᠮᠣᠳᠣ᠃ ᠡᠰᠢ ᠨᠢ ᠬᠡᠳᠦᠨ ᠮᠧᠲ᠋ᠷ ᠬᠦᠷᠳᠡᠭ᠃ ᠨᠢᠯᠬ᠎ᠠ ᠮᠥᠴᠢᠷ ᠳᠡᠭᠡᠷ᠎ᠡ ᠨᠢᠭ᠋ ᠵᠥᠭᠡᠯᠡᠨ ᠦᠰᠦ ᠪᠠ ᠪᠤᠯᠴᠢᠷᠬᠠᠢ ᠦᠰᠦ ᠲᠡᠢ᠃ ᠨᠠᠪᠴᠢ ᠨᠢ ᠴᠢᠭᠲᠠᠯᠠᠨ᠎ᠠ᠃ ᠨᠠᠪᠴᠢᠨ ᠢᠯᠲᠠᠰᠤ ᠨᠢ ᠥᠨᠳᠡᠭᠡᠯᠵᠢᠨ ᠪᠤᠶᠤ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂2—8cm ᠤᠷᠲᠤ᠂1.5—4cm ᠥᠷᠭᠡᠨ᠂ ᠱᠣᠪᠲᠣᠭᠣᠷ ᠪᠤᠶᠤ ᠮᠤᠬᠤᠷ ᠦᠵᠦᠭᠦᠷ ᠲᠡᠢ᠂ ᠲᠣᠭᠣᠷᠢᠭ ᠤᠭ ᠲᠠᠢ᠃ ᠴᠡᠴᠡᠭ ᠨᠢ ᠨᠠᠪᠴᠢᠨ ᠤ᠋ ᠰᠤᠭᠤ ᠳ᠋ᠤ᠌ ᠬᠣᠣᠰ ᠢ᠋ᠶ᠋ᠠᠷ ᠳᠡᠯᠭᠡᠷᠡᠨ᠎ᠡ᠃ ᠪᠠᠭᠯᠠᠭᠴᠢ ᠢᠯᠲᠠᠰᠤ ᠨᠢ ᠨᠠᠪᠴᠢᠯᠢᠭ᠂ ᠤᠷᠲᠤ ᠨᠢ2cm ᠬᠦᠷᠳᠡᠭ᠃ ᠲᠣᠭᠳᠣᠢ ᠶ᠋ᠢᠨ ᠬᠣᠭᠣᠯᠠᠢ ᠳᠡᠭᠡᠷ᠎ᠡ ᠨᠢ ᠦᠰᠦ ᠦᠭᠡᠢ᠃5 ᠡᠮᠲᠡᠷᠬᠡᠢ ᠲᠡᠢ᠃ ᠴᠡᠴᠡᠭ ᠦ᠋ᠨ ᠳᠡᠯᠪᠢ ᠨᠢ ᠬᠣᠭᠣᠯᠠᠢ ᠬᠡᠯᠪᠡᠷᠢ ᠲᠡᠢ᠂3—4cm ᠤᠷᠲᠤ᠂ ᠤᠷᠢᠳ ᠢ᠋ᠶ᠋ᠠᠷ ᠪᠣᠷᠣᠪᠲᠤᠷ ᠲᠤᠶᠠᠭ᠎ᠠ ᠲᠠᠢ ᠴᠠᠭᠠᠨ ᠪᠣᠯᠪᠠᠴᠤ ᠰᠡᠭᠦᠯᠡᠷ ᠨᠢ ᠰᠢᠷ᠎ᠠ ᠪᠣᠯᠵᠤ ᠬᠤᠪᠢᠷᠠᠨ᠎ᠠ᠃ ᠰᠢᠷᠦᠭᠦᠨ ᠦᠰᠦ ᠪᠠ ᠪᠤᠯᠴᠢᠷᠬᠠᠢ ᠶ᠋ᠢᠨ ᠦᠰᠦ ᠲᠡᠢ᠂ ᠳᠡᠭᠡᠷ᠎ᠡ ᠬᠡᠰᠡᠭ ᠨᠢ ᠣᠨᠢ ᠭᠠᠷᠤᠭᠠᠳ ᠤᠷᠤᠭᠤᠯ ᠬᠡᠯᠪᠡᠷᠢ ᠲᠡᠢ᠂ ᠳᠡᠭᠡᠷ᠎ᠡ ᠤᠷᠤᠭᠤᠯ ᠨᠢ4 ᠰᠡᠵᠢᠭᠦᠷ ᠢᠯᠲᠠᠰᠤ ᠨᠡᠢᠯᠡᠭᠰᠡᠨ ᠮᠥᠷᠲᠡᠭᠡᠨ ᠰᠢᠯᠤᠭᠤᠨ ᠪᠠᠢᠳᠠᠭ᠃ ᠳᠣᠣᠷ᠎ᠠ ᠤᠷᠤᠭᠤᠯ ᠨᠢ ᠯᠠᠪᠲᠠᠭᠠᠷ᠂ ᠪᠠᠷᠤᠭ ᠴᠡᠴᠡᠭ ᠦ᠋ᠨ ᠳᠡᠯᠪᠢ ᠶ᠋ᠢᠨ ᠬᠣᠭᠣᠯᠠᠢ ᠲᠠᠢ ᠪᠠᠨ ᠲᠡᠩᠴᠡᠭᠦᠦ᠃5 ᠡᠷ᠎ᠡ ᠲᠣᠭᠣᠷᠴᠣᠭ ᠲᠠᠢ᠂ ᠴᠡᠴᠡᠭ ᠦ᠋ᠨ ᠪᠠᠭᠠᠨ᠎ᠠ ᠲᠠᠢ ᠪᠠᠨ ᠪᠦᠷ ᠴᠡᠴᠡᠭ ᠦ᠋ᠨ ᠳᠡᠯᠪᠢ ᠡᠴᠡ ᠪᠡᠨ ᠪᠠᠭᠠᠬᠠᠨ ᠴᠤᠬᠤᠢᠳᠠᠭ᠃ ᠰᠢᠭᠦᠰᠦᠯᠢᠭ ᠵᠢᠮᠢᠰ ᠨᠢ ᠪᠥᠮᠪᠦᠭᠡᠨ ᠬᠡᠯᠪᠡᠷᠢ ᠲᠡᠢ᠂ ᠬᠠᠷ᠎ᠠ ᠥᠩᠭᠡ ᠲᠡᠢ᠂4—5 ᠳ᠋ᠤᠭᠠᠷ ᠰᠠᠷ᠎ᠠ ᠳ᠋ᠤ᠌ ᠴᠡᠴᠡᠭᠯᠡᠵᠦ᠂7—10 ᠰᠠᠷ᠎ᠠ ᠳ᠋ᠤ᠌ ᠵᠢᠮᠢᠰᠯᠡᠨ᠎ᠡ᠃
2.ᠪᠤᠯᠴᠢᠷᠬᠠᠢᠲᠤ ᠳᠠᠯᠠᠨ ᠬᠠᠯᠢᠰᠤ ᠠᠪᠠᠷᠢᠵᠤ ᠤᠷᠭᠤᠬᠤ ᠪᠤᠲᠠ ᠮᠣᠳᠣ᠃ ᠨᠢᠯᠬ᠎ᠠ ᠮᠥᠴᠢᠷ ᠳᠡᠭᠡᠷ᠎ᠡ ᠨᠢ ᠪᠠᠬᠠᠨ ᠦᠰᠦ ᠲᠡᠢ᠃ ᠨᠠᠪᠴᠢᠨ ᠢᠯᠲᠠᠰᠤ ᠨᠢ ᠥᠨᠳᠡᠭᠡᠯᠵᠢᠨ ᠡᠴᠡ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂3—10cm ᠤᠷᠲᠤ᠂1.5—5cm ᠥᠷᠭᠡᠨ᠂ ᠣᠬᠣᠷ ᠱᠣᠪᠲᠣᠭᠣᠷ ᠦᠵᠦᠭᠦᠷ ᠲᠡᠢ᠂ ᠲᠣᠭᠣᠷᠢᠭ ᠤᠭ ᠲᠠᠢ᠂ ᠵᠢᠭᠠᠬᠠᠨ ᠦᠰᠦ ᠲᠡᠢ ᠪᠠ ᠬᠣᠷᠪᠣᠢᠭᠰᠠᠨ ᠤᠯᠠᠭᠠᠨ ᠪᠤᠯᠴᠢᠷᠬᠠᠢ ᠦᠰᠦ ᠲᠡᠢ᠃ ᠶᠡᠷᠦᠩᠬᠡᠢ ᠴᠡᠴᠡᠭ ᠦ᠋ᠨ ᠪᠠᠷᠢᠭᠤᠯ ᠨᠢ ᠭᠠᠭᠴᠠᠭᠠᠷ ᠤᠷᠭᠤᠬᠤ ᠪᠤᠶᠤ ᠣᠯᠠᠨ ᠢ᠋ᠶ᠋ᠠᠷ ᠢ᠋ᠶ᠋ᠠᠨ ᠪᠥᠭᠡᠮᠨᠡᠷᠡᠨ᠎ᠡ᠃ ᠨᠠᠪᠴᠢᠨ ᠪᠠᠷᠢᠭᠤᠯ ᠠ᠋ᠴᠠ ᠨᠢ ᠣᠬᠣᠷ᠂ ᠴᠡᠴᠡᠭ ᠨᠢ ᠬᠣᠣᠰ ᠢ᠋ᠶ᠋ᠠᠷ ᠨᠠᠪᠴᠢᠨ ᠰᠤᠭᠤ ᠠ᠋ᠴᠠ ᠨᠢ ᠳᠡᠯᠭᠡᠷᠡᠨ᠎ᠡ᠃ ᠴᠡᠴᠡᠭ ᠦ᠋ᠨ ᠲᠣᠭᠳᠣᠢ ᠶ᠋ᠢᠨ ᠬᠣᠭᠣᠯᠠᠢ ᠨᠢ ᠦᠰᠦ ᠦᠭᠡᠢ᠂ ᠲᠣᠭᠳᠣᠢ ᠶ᠋ᠢᠨ ᠠᠷᠠᠭ᠎ᠠ ᠨᠢ ᠭᠤᠷᠪᠠᠯᠵᠢᠨ ᠰᠣᠷᠮᠤᠤᠰᠤ ᠦᠰᠦ ᠲᠡᠢ᠃ ᠴᠡᠴᠡᠭ ᠦ᠋ᠨ ᠳᠡᠯᠪᠢ ᠨᠢ3.5—4.5cm ᠤᠷᠲᠤ᠂ ᠭᠠᠳᠠᠷ ᠨᠢ ᠵᠢᠭᠠᠬᠠᠨ ᠦᠰᠦ ᠲᠡᠢ ᠪᠤᠶᠤ ᠪᠤᠯᠴᠢᠷᠬᠠᠢ ᠦᠰᠦ ᠲᠡᠢ᠂ ᠤᠷᠢᠳ ᠢ᠋ᠶ᠋ᠠᠷ ᠴᠠᠭᠠᠨ ᠥᠩᠭᠡ ᠲᠡᠢ᠂ ᠰᠡᠭᠦᠯᠡᠷ ᠨᠢ ᠴᠡᠢᠨᠡ᠃ ᠤᠷᠤᠭᠤᠯ ᠬᠡᠯᠪᠡᠷᠢ ᠲᠡᠢ᠂ ᠳᠡᠭᠡᠷ᠎ᠡ ᠤᠷᠤᠭᠤᠯ ᠨᠢ4 ᠰᠡᠵᠢᠭᠦᠷ ᠢᠯᠲᠠᠰᠤ ᠲᠠᠢ᠂ ᠳᠣᠣᠷ᠎ᠠ ᠤᠷᠤᠭᠤᠯ ᠨᠢ ᠯᠠᠪᠲᠠᠭᠠᠷ᠂ ᠴᠡᠴᠡᠭ ᠦ᠋ᠨ ᠳᠡᠯᠪᠢ ᠶ᠋ᠢᠨ ᠬᠣᠭᠣᠯᠠᠢ ᠲᠠᠢ ᠪᠠᠨ ᠪᠠᠷᠤᠭ ᠲᠡᠩᠴᠡᠭᠦᠦ ᠤᠷᠲᠤ᠃5 ᠡᠷ᠎ᠡ ᠲᠣᠭᠣᠷᠴᠣᠭ ᠲᠠᠢ᠂ ᠴᠡᠴᠡᠭ ᠦ᠋ᠨ ᠪᠠᠭᠠᠨ᠎ᠠ ᠲᠠᠢ ᠪᠠᠨ ᠪᠦᠷ ᠴᠡᠴᠡᠭ ᠦ᠋ᠨ ᠳᠡᠯᠪᠢ ᠡᠴᠡ ᠪᠡᠨ ᠪᠠᠭᠠᠬᠠᠨ ᠭᠠᠳᠠᠭᠰᠢ ᠴᠤᠬᠤᠢᠨ᠎ᠠ᠃ ᠰᠢᠭᠦᠰᠦᠯᠢᠭ ᠵᠢᠮᠢᠰ ᠨᠢ ᠪᠥᠮᠪᠥᠭᠡᠯᠢᠭ ᠰᠢᠭ᠂ ᠬᠠᠷ᠎ᠠ ᠥᠩᠭᠡ ᠲᠡᠢ᠃4—5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
3.ᠠᠭᠤᠯᠠᠨ ᠳᠠᠯᠠᠨ ᠬᠠᠯᠢᠰᠤ ᠠᠪᠠᠷᠢᠵᠤ ᠤᠷᠭᠤᠬᠤ ᠪᠤᠲᠠ ᠮᠣᠳᠣ᠃ ᠨᠠᠪᠴᠢᠨ ᠢᠯᠲᠠᠰᠤ ᠨᠢ ᠥᠨᠳᠡᠭᠡᠯᠵᠢᠨ ᠪᠤᠶᠤ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂3—7cm ᠤᠷᠲᠤ᠂2—4cm ᠥᠷᠭᠡᠨ᠂ ᠮᠤᠬᠤᠷ ᠦᠵᠦᠭᠦᠷ ᠲᠡᠢ᠂ ᠲᠣᠭᠣᠷᠢᠭ ᠤᠭ ᠲᠠᠢ᠃ ᠴᠡᠴᠡᠭ ᠨᠢ ᠬᠣᠣᠰᠯᠠᠨ᠎ᠠ᠃ ᠶᠡᠷᠦ ᠳ᠋ᠡᠭᠡᠨ6—8 ᠬᠦᠢᠰ ᠢ᠋ᠶ᠋ᠡᠷ ᠲᠣᠯᠣᠭᠠᠢ ᠬᠡᠯᠪᠡᠷᠢ ᠲᠡᠢ ᠪᠤᠶᠤ ᠴᠣᠮᠬᠠᠨ ᠪᠠᠭ ᠴᠡᠴᠡᠭ ᠪᠦᠷᠢᠯᠳᠦᠳᠡᠭ᠃ ᠨᠠᠪᠴᠢᠨ ᠰᠤᠭᠤ ᠪᠤᠶᠤ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠃ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠮᠠᠰᠢ ᠵᠢᠵᠢᠭ᠂ ᠨᠢᠭ ᠰᠢᠷᠦᠭᠦᠨ ᠦᠰᠦ ᠲᠡᠢ᠂ ᠲᠣᠭᠳᠣᠢ ᠶ᠋ᠢᠨ ᠬᠡᠷᠴᠢᠶᠡᠰᠦ ᠨᠢ ᠭᠤᠷᠪᠠᠯᠵᠢᠨ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠴᠡᠴᠡᠭ ᠦ᠋ᠨ ᠳᠡᠯᠪᠢ ᠨᠢ3.2—5cm ᠤᠷᠲᠤ᠂ ᠴᠠᠭᠠᠨ ᠪᠠᠢᠭᠰᠠᠨ ᠠ᠋ᠴᠠ ᠨᠢ ᠰᠢᠷᠠᠯᠠᠨ᠎ᠠ᠃ ᠭᠠᠳᠠᠷ ᠨᠢ ᠲᠣᠩᠭᠣᠷᠤᠤ ᠤᠷᠭᠤᠭᠰᠠᠨ ᠣᠬᠣᠷ ᠠᠷᠵᠠᠭᠠᠷ ᠦᠰᠦ ᠪᠠ ᠪᠤᠯᠴᠢᠷᠬᠠᠢ ᠦᠰᠦ ᠲᠡᠢ᠃4—5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
4.ᠦᠰᠦᠲᠦ ᠳᠠᠯᠠᠨ ᠬᠠᠯᠢᠰᠤ ᠲᠡᠩᠰᠡᠯᠢᠭ ᠤᠷᠭᠤᠮᠠᠯ ᠵᠢᠵᠢᠭ ᠮᠥᠴᠢᠷ ᠨᠠᠪᠴᠢᠨ ᠪᠠᠷᠢᠭᠤᠯ ᠪᠠ ᠴᠡᠴᠡᠭ ᠦ᠋ᠨ ᠶᠡᠷᠦᠩᠬᠡᠢ ᠪᠠᠷᠢᠭᠤᠯ ᠳᠡᠭᠡᠷ᠎ᠡ ᠨᠢ ᠪᠦᠷ ᠨᠢᠭ᠋ ᠴᠠᠭᠠᠨ ᠵᠥᠭᠡᠯᠡᠨ ᠦᠰᠦ ᠲᠡᠢ᠃ ᠨᠠᠪᠴᠢ ᠨᠢ ᠥᠨᠳᠡᠭᠡᠯᠵᠢᠨ ᠪᠤᠶᠤ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂2—7cm ᠤᠷᠲᠤ᠂ ᠡᠰᠢᠨ ᠦ᠌ ᠳᠣᠣᠷ᠎ᠠ ᠬᠡᠰᠡᠭ ᠦ᠋ᠨ ᠨᠠᠪᠴᠢ ᠨᠢ ᠶᠡᠷᠦ ᠳ᠋ᠡᠭᠡᠨ ᠲᠡᠭᠰᠢ ᠪᠤᠰᠤ3—5 ᠣᠨᠢ ᠭᠠᠷᠳᠠᠭ᠃ ᠮᠤᠬᠤᠷ ᠲᠣᠭᠣᠷᠢᠭ ᠦᠵᠦᠭᠦᠷ ᠲᠡᠢ᠂ ᠲᠣᠭᠣᠷᠢᠭ ᠤᠭ ᠲᠠᠢ᠃ ᠴᠡᠴᠡᠭ ᠨᠢ ᠵᠢᠵᠢᠭ ᠮᠥᠴᠢᠷ ᠦ᠋ᠨ ᠨᠠᠪᠴᠢᠨ ᠰᠤᠭᠤ ᠳ᠋ᠤ᠌ ᠬᠣᠣᠰ ᠢ᠋ᠶ᠋ᠠᠷ ᠳᠡᠯᠭᠡᠷᠡᠵᠦ᠂ ᠴᠠᠴᠤᠭ ᠬᠡᠯᠪᠡᠷᠢ ᠲᠡᠢ ᠪᠠᠭ ᠴᠡᠴᠡᠭ ᠪᠦᠷᠢᠯᠳᠦᠨ᠎ᠡ᠃ ᠪᠠᠭᠯᠠᠭᠴᠢ ᠢᠯᠲᠠᠰᠤ ᠨᠢ ᠭᠤᠷᠪᠠᠯᠵᠢᠨ ᠬᠡᠯᠪᠡᠷᠢ ᠲᠡᠢ᠂ ᠮᠠᠰᠢ ᠵᠢᠵᠢᠭ᠂ ᠲᠣᠭᠳᠣᠢ ᠬᠡᠷᠴᠢᠶᠡᠰᠦ ᠨᠢ ᠥᠷᠭᠡᠨ ᠭᠤᠷᠪᠠᠯᠵᠢᠨ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠴᠠᠭᠠᠨ᠂ ᠤᠭ ᠣᠷᠴᠢᠮ ᠨᠢ ᠪᠣᠷᠣᠪᠲᠤᠷ ᠪᠥᠭᠡᠳ ᠰᠡᠭᠦᠯᠡᠷ ᠨᠢ ᠰᠢᠷᠠᠯᠠᠨ᠎ᠠ᠃ ᠭᠠᠳᠠᠷ ᠨᠢ ᠲᠣᠩᠭᠣᠷᠤᠤ ᠤᠷᠭᠤᠭᠰᠠᠨ ᠬᠡᠪᠲᠡᠭᠡ ᠦᠰᠦ ᠲᠡᠢ ᠪᠤᠶᠤ ᠦᠰᠦ ᠦᠭᠡᠢ᠃ ᠵᠢᠮᠢᠰ ᠨᠢ ᠬᠠᠷ᠎ᠠ᠃3—4 ᠰᠠᠷ᠎ᠠ ᠳ᠋ᠤ᠌ ᠴᠡᠴᠡᠭᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠪᠦᠷ ᠠᠭᠤᠯᠠ ᠶ᠋ᠢᠨ ᠬᠠᠵᠠᠭᠤ ᠶ᠋ᠢᠨ ᠪᠤᠲᠠ ᠰᠥᠭᠡᠭ ᠪᠣᠯᠤᠨ ᠰᠡᠢᠷᠡᠭ ᠣᠢ ᠳᠤᠮᠳᠠ ᠪᠠ ᠵᠠᠮ ᠤ᠋ᠨ ᠬᠠᠵᠠᠭᠤ᠂ ᠴᠢᠯᠠᠭᠤᠨ ᠣᠪᠣᠭ᠎ᠠ ᠳᠤᠮᠳᠠ ᠵᠡᠷᠯᠢᠭ ᠤᠷᠭᠤᠳᠠᠭ ᠪᠥᠭᠡᠳ ᠪᠠᠰᠠ ᠠᠷᠠᠴᠢᠯᠠᠨ ᠲᠠᠷᠢᠵᠤ ᠪᠣᠢ᠃ ᠣᠷᠢᠶᠠᠩᠭᠤ ᠳᠠᠯᠠᠨ ᠬᠠᠯᠢᠰᠤ ᠪᠣᠯ ᠯᠢᠶᠣᠤᠨᠢᠩ ᠠ᠋ᠴᠠ ᠡᠬᠢᠯᠡᠭᠡᠳ ᠪᠠᠷᠠᠭᠤᠨᠰᠢ ᠱᠠᠨᠰᠢ ᠪᠣᠯᠤᠨ ᠪᠠᠷᠠᠭᠤᠨ ᠡᠮᠦᠨᠡᠲᠦ ᠶ᠋ᠢᠨ ᠡᠯ᠎ᠡ ᠭᠠᠵᠠᠷ ᠲᠤ᠌ ᠲᠠᠷᠬᠠᠴᠠ ᠲᠠᠢ᠃ ᠪᠤᠯᠴᠢᠷᠬᠠᠢᠲᠤ ᠳᠠᠯᠠᠨ ᠬᠠᠯᠢᠰᠤ ᠪᠣᠯ ᠵᠡᠭᠦᠨ ᠡᠮᠦᠨᠡᠲᠦ ᠣᠷᠣᠨ᠂ ᠪᠠᠷᠠᠭᠤᠨ ᠡᠮᠦᠨᠡᠲᠦ ᠣᠷᠣᠨ ᠪᠣᠯᠤᠨ ᠬᠤᠨᠠᠨ᠂ ᠬᠤᠪᠧᠢ ᠳ᠋ᠦ᠍ ᠲᠠᠷᠬᠠᠴᠠ ᠲᠠᠢ᠃ ᠠᠭᠤᠯᠠᠨ ᠳᠠᠯᠠᠨ ᠬᠠᠯᠢᠰᠤ ᠪᠣᠯ ᠭᠤᠸᠠᠩᠳᠥ᠋ᠩ᠂ ᠭᠤᠸᠠᠩᠰᠢ ᠳ᠋ᠤ᠌ ᠲᠠᠷᠬᠠᠴᠠ ᠲᠠᠢ᠃ ᠦᠰᠦᠲᠦ ᠳᠠᠯᠠᠨ ᠬᠠᠯᠢᠰᠤ ᠪᠣᠯ ᠭᠤᠸᠠᠩᠰᠢ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ ᠤ᠋ ᠡᠬᠢᠨ ᠢ᠋ᠶ᠋ᠡᠷ ᠴᠡᠴᠡᠭ ᠨᠢ ᠳᠡᠯᠭᠡᠷᠡᠬᠦ ᠦᠶ᠎ᠡ ᠳ᠋ᠦ᠍ ᠲᠡᠭᠦᠵᠦ ᠠᠪᠤᠭᠠᠳ᠂ ᠨᠠᠷᠠᠨ ᠳ᠋ᠤ᠌ ᠬᠠᠲᠠᠭᠠᠬᠤ ᠪᠤᠶᠤ ᠬᠦᠬᠦᠷ ᠢ᠋ᠶ᠋ᠡᠷ ᠤᠲᠤᠵᠤ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠃ ᠬᠦᠢᠲᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠬᠢᠵᠢᠭ ᠦ᠋ᠨ ᠬᠠᠯᠠᠭᠤᠨ᠂ ᠠᠭᠤᠰᠬᠢᠨ ᠬᠠᠯᠠᠭᠤᠨ᠂ ᠬᠠᠪᠤᠳᠠᠷ᠂ ᠲᠡᠮᠪᠦᠦ ᠶᠠᠷ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄1.忍冬 2.红腺忍冬3.华南忍冬 4.毛花柱忍冬
ᠠᠩᠭ᠌ᠯᠢ ᠨᠡᠷ᠎ᠡ᠄1.Lonicera japonica Thunb 2.Lonicera hypoglauca Miq. 3.Lonicera confusa (Sweet ) 4.Lonicera dasystyla Rehd.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠤᠷᠠᠨᠴᠢᠮᠡᠭ
