ᠪᠠᠲᠤ ᠬᠠᠭᠠᠨ 1-16ᠡᠬᠡᠨᠡᠷ ᠦ᠋ᠨ ᠰᠠᠨᠠᠭᠤᠯᠭ᠎ᠠ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-16ᠡᠬᠡᠨᠡᠷ ᠦ᠋ᠨ ᠰᠠᠨᠠᠭᠤᠯᠭ᠎ᠠ-Bat khaan Бат хаан-ᠷᠣᠮᠠᠨ

ᠪᠠᠲᠤ ᠬᠠᠭᠠᠨ 1-16ᠡᠬᠡᠨᠡᠷ ᠦ᠋ᠨ ᠰᠠᠨᠠᠭᠤᠯᠭ᠎ᠠ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-10

267

ᠠᠷᠪᠠᠨ ᠵᠢᠷᠭᠤᠭ᠎ᠠ ᠡᠬᠡᠨᠡᠷ ᠦ᠋ᠨ ᠰᠠᠨᠠᠭᠤᠯᠭ᠎ᠠ

       ᠨᠠᠽᠠᠷ— ᠺᠢᠶᠠᠷᠢᠽᠸᠺ᠂ ᠣᠯᠠᠨ ᠺᠢᠫᠴᠠᠺ ᠢ᠋ᠶ᠋ᠠᠷ ᠬᠦᠷᠢᠶᠡᠯᠡᠭᠦᠯᠦᠨ ᠭᠡᠷ ᠲᠡᠭᠡᠨ ᠢᠷᠡᠬᠦ ᠳ᠋ᠦ᠍᠂ ᠠᠢᠯ ᠰᠠᠭᠠᠬᠠᠯᠲᠠ ᠶ᠋ᠢᠨ ᠬᠥᠮᠦᠰ ᠬᠠᠮᠤᠭ ᠢ᠋ ᠳᠡᠢᠯᠦᠭᠴᠢ ᠰᠢᠭᠦᠭᠴᠢ ᠶ᠋ᠢᠨ ᠴᠢᠩᠳᠠ ᠤᠷᠠᠬ᠎ᠠ ᠠ᠋ᠴᠠ ᠮᠤᠯᠲᠤᠷᠠᠨ ᠴᠢᠳᠠᠭᠰᠠᠨ ᠵᠠᠶᠠᠭᠠᠲᠤ ᠡᠪᠦᠭᠡᠨ ᠢ᠋ ᠦᠵᠡᠬᠦ ᠪᠡᠷ ᠭᠦᠶᠦᠯᠳᠦᠵᠡᠢ᠃ ᠢᠮᠠᠭᠠᠨ ᠳᠡᠪᠡᠯ ᠲᠡᠢ᠂ ᠪᠥᠰᠡᠨ ᠳ᠋ᠡᠭᠡᠨ ᠲᠠᠬᠢᠷ ᠰᠡᠯᠡᠮ᠎ᠡ ᠵᠡᠭᠦᠭᠰᠡᠨ ᠡᠪᠦᠭᠡᠨ ᠨᠠᠽᠠᠷ ᠤ᠋ᠨ ᠤᠨᠤᠭᠰᠠᠨ ᠮᠣᠷᠢᠨ ᠤ᠋ ᠬᠠᠵᠠᠭᠠᠷ ᠲᠤ᠌ ᠭᠠᠷ ᠬᠦᠷᠬᠦ ᠶ᠋ᠢ ᠬᠥᠮᠦᠨ ᠪᠦᠬᠦᠨ ᠪᠣᠳᠣᠨ᠎ᠠ᠃
     — ᠨᠠᠽᠠᠷ ᠤ᠋ᠨ ᠠᠮᠢ ᠶ᠋ᠢ ᠬᠡᠨ ᠠᠪᠤᠷᠠᠪᠠ? ᠲᠡᠷᠡ ᠵᠢᠷᠦᠬᠡᠲᠦ ᠡᠷ᠎ᠡ ᠬᠠᠮᠢᠭ᠎ᠠ ᠪᠣᠢ? ᠭᠡᠬᠦ ᠳ᠋ᠦ᠍᠂
     — ᠲᠡᠭᠦᠨ ᠦ᠌ ᠤᠤᠭᠠᠨ (ᠣᠳᠬᠠᠨ ) ᠬᠥᠪᠡᠭᠦᠨ ᠮᠦᠰᠦ᠋ᠺ! ᠲᠡᠷᠡ ᠣᠯᠣᠰᠣ ᠶ᠋ᠢ ᠰᠡᠯᠡᠮ᠎ᠡ ᠪᠡᠷ ᠲᠠᠰᠤ ᠴᠠᠪᠴᠢᠨ᠂ ᠠᠯᠠᠭᠴᠢ ᠨᠣᠬᠠᠳ ᠢ᠋ ᠪᠥᠭᠡᠮ ᠴᠢᠯᠠᠭᠤ ᠪᠠᠷ ᠨᠡᠭᠦᠯᠭᠡᠵᠡᠢ ᠭᠡᠪᠡ᠃
      — ᠬᠥᠪᠡᠭᠦᠨ ᠨᠢ ᠠᠯᠢ ᠪᠣᠢ? ᠭᠡᠯᠴᠡᠬᠦ ᠳ᠋ᠦ᠍
      — ᠳᠡᠷᠭᠡᠳᠡ ᠨᠢ ᠶᠠᠪᠤᠭᠴᠢ ᠲᠡᠷᠡ ᠡᠷᠡᠰ ᠦ᠋ᠳ᠂ ᠰᠠᠢᠬᠠᠨ ᠵᠠᠯᠠᠭᠤ! ᠲᠡᠷᠡ ᠪᠠᠶᠠᠨᠳ᠋ᠸᠷ ᠬᠠᠭᠠᠨ ᠤ᠋ ᠵᠢᠭᠢᠲ᠁ ᠭᠡᠪᠡᠯ᠂
      — ᠲᠡᠭᠡᠪᠡᠯ ᠲᠡᠷᠡ ᠵᠦᠭᠡᠷ ᠥᠩᠭᠡᠷᠡᠨ᠎ᠡ! ᠶᠡᠷᠦᠩᠬᠡᠢ ᠰᠢᠭᠦᠭᠴᠢ ᠶ᠋ᠢ ᠪᠣᠳᠣᠪᠠᠯ ᠪᠠᠶᠠᠨᠳ᠋ᠸᠷ ᠬᠠᠭᠠᠨ ᠠ᠋ᠴᠠ ᠬᠥᠮᠦᠨ ᠢᠯᠡᠭᠦᠦ ᠠᠶᠤᠳᠠᠭ ᠭᠡᠯᠴᠡᠪᠡ᠃
      ᠨᠠᠽᠠᠷ᠂ ᠶᠡᠬᠡᠮᠰᠦᠭ ᠰᠦᠷᠡᠯᠬᠡᠭ ᠢ᠋ᠶ᠋ᠡᠷ ᠭᠡᠷ ᠲᠡᠭᠡᠨ ᠬᠦᠷᠦᠯᠴᠡᠨ ᠢᠷᠡᠪᠡ᠃ ᠣᠳᠣ ᠬᠠᠷᠢᠨ ᠡᠬᠡᠨᠡᠷ ᠲᠡᠭᠡᠨ ᠪᠦᠬᠦ ᠳᠠᠭᠤᠷᠢᠰᠬᠠᠯ ᠢ᠋ᠶ᠋ᠠᠨ ᠭᠠᠢᠬᠠᠭᠤᠯᠤᠨ ᠴᠢᠳᠠᠬᠤ ᠠᠵᠢ᠃ ᠡᠬᠡᠨᠡᠷ ᠨᠢ ᠲᠡᠭᠦᠨ ᠢ᠋ ᠬᠠᠮᠢᠭ᠎ᠠ ᠴᠤ᠌ ᠶᠠᠪᠤᠵᠤ ᠴᠢᠳᠠᠬᠤ ᠦᠭᠡᠢ ᠬᠥᠭᠰᠢᠨ ᠤᠬᠤᠨ᠎ᠠ᠂ ᠶᠠᠭᠤᠨ ᠳ᠋ᠤ᠌ ᠴᠤ᠌ ᠲᠡᠩᠴᠡᠬᠦ ᠦᠭᠡᠢ ᠭᠡᠵᠦ ᠪᠠᠲᠤᠯᠠᠨ ᠬᠡᠯᠡᠳᠡᠭ ᠪᠠᠢᠭᠰᠠᠨ ᠨᠢ ᠣᠳᠣ ᠪᠠᠶᠠᠨᠳ᠋ᠸᠷ ᠬᠠᠭᠠᠨ ᠠ᠋ᠴᠠ ᠳᠤᠲᠠᠭᠤ ᠦᠭᠡᠢ ᠠᠯᠳᠠᠷ ᠴᠤᠤᠲᠠᠢ ᠪᠤᠴᠠᠵᠤ ᠢᠷᠡᠵᠡᠢ᠃
      ᠭᠡᠲᠡᠯ᠎ᠡ ᠺᠢᠽ— ᠲᠦᠭ᠌ᠮᠡᠰ  ᠨᠠᠽᠠᠷ ᠢ᠋ ᠦᠵᠡᠭᠡᠳ᠂ ᠬᠡᠭᠦᠷ ᠠᠪᠴᠢᠷᠠᠭᠰᠠᠨ ᠮᠡᠲᠦ ᠡᠭᠰᠢᠨ ᠤᠬᠢᠯᠠᠯ᠎ᠠ᠃
      — ᠡᠳᠦᠷ ᠳᠣᠳᠣᠮ ᠡᠯᠳᠡᠪ ᠬᠡᠷᠡᠭ ᠢ᠋ ᠡᠳᠦᠭᠦᠯᠦᠭᠰᠡᠨ ᠡᠴᠡ ᠦᠬᠦᠭᠰᠡᠨ ᠪᠣᠯ ᠳᠡᠭᠡᠷ᠎ᠡ! ᠴᠢᠮᠠᠶ᠋ᠢ ᠲᠡᠢᠨ ᠳ᠋ᠦ᠍ ᠶᠠᠪᠤᠵᠤ ᠴᠢᠳᠠᠬᠤ ᠦᠭᠡᠢ ᠭᠡᠵᠦ ᠪᠢ ᠪᠤᠷᠤᠭᠤ ᠬᠡᠯᠡᠭᠡ ᠤᠤ? ᠬᠣᠲᠠ ᠬᠦᠷᠴᠦ ᠴᠢᠳᠠᠭᠰᠠᠨ ᠦᠭᠡᠢ᠂ ᠬᠡᠳᠦᠢᠨ ᠤᠷᠠᠬ᠎ᠠ ᠳ᠋ᠤ᠌ ᠣᠷᠣᠵᠠᠢ᠃ ᠣᠳᠣ ᠥᠪᠡᠷ ᠦ᠋ᠨ ᠭᠡᠷ᠂ ᠮᠢᠨᠦ ᠳᠡᠷᠭᠡᠳᠡ ᠡᠴᠡ ᠨᠢᠭᠡ ᠠᠯᠬᠤᠮ ᠴᠤ᠌ ᠪᠤᠤ ᠬᠣᠯᠠᠳᠠᠭᠲᠤᠨ! ᠭᠡᠬᠦ ᠳ᠋ᠦ᠍ ᠨᠠᠽᠠᠷ᠂
      — ᠡᠬᠡᠨᠡᠷ ᠪᠢᠰᠢ ᠴᠢᠨᠣ᠎ᠠ ᠪᠠᠢᠨ᠎ᠠ ᠴᠢ! ᠶᠠᠭᠤ ᠴᠤ᠌ ᠮᠡᠳᠡᠬᠦ ᠦᠭᠡᠢ ᠪᠠᠢᠵᠤ! ᠪᠢ ᠶᠡᠬᠡ ᠰᠢᠭᠦᠭᠴᠢ ᠶ᠋ᠢᠨ ᠳᠡᠭᠦᠵᠢᠯᠡᠬᠦ ᠤᠷᠠᠬ᠎ᠠ ᠠ᠋ᠴᠠ ᠭᠠᠷᠤᠭᠰᠠᠨ ᠮᠢᠨᠢ ᠨᠠᠳᠠᠳᠤ ᠳᠡᠭᠡᠳᠦ ᠵᠠᠶᠠᠭᠠᠨ ᠤ᠋ ᠵᠠᠮ ᠪᠣᠢ ᠪᠠᠢᠵᠠᠢ᠃ ᠣᠳᠣ ᠪᠢ ᠢᠯᠳᠦ ᠰᠤᠮᠤ ᠠᠯᠢᠨ ᠠ᠋ᠴᠠ ᠴᠤ᠌ ᠠᠶᠤᠬᠤ ᠦᠭᠡᠢ᠃ ᠲᠡᠢᠨ ᠳ᠋ᠦ᠍ ᠶᠠᠪᠤᠭᠠᠳ ᠬᠠᠭᠠᠨ ᠡᠰᠡ ᠪᠣᠯᠪᠠᠴᠤ ᠪᠠᠭᠠᠲᠤᠷ ᠪᠣᠯᠤᠨ ᠰᠢᠯᠢᠳᠡᠭ ᠠᠭᠲᠠ ᠲᠠᠭᠤᠵᠤ ᠢᠷᠡᠨ᠎ᠡ᠃ ᠨᠠᠮᠠᠶ᠋ᠢ ᠬᠥᠮᠦᠨ ᠪᠦᠬᠦᠨ ᠬᠦᠨᠳᠦᠯᠡᠨ《ᠬᠤᠷᠴᠠ ᠭᠡᠷᠡᠯᠲᠦ ᠨᠠᠽᠠᠷ— ᠪᠠᠢ ᠪᠠᠭᠠᠲᠤᠷ ᠠᠮᠤᠭᠤᠯᠠᠩ ᠤᠤ? 》 ᠭᠡᠯᠴᠡᠨ᠎ᠡ᠃ ᠮᠠᠷᠭᠠᠰᠢ ᠳ᠋ᠠᠭᠠᠨ ᠮᠣᠩᠭᠣᠯ ᠤ᠋ᠨ ᠬᠠᠮᠤᠭ ᠤ᠋ᠨ ᠶᠡᠬᠡ ᠳᠠᠷᠤᠭ᠎ᠠ ᠰᠥᠪᠡᠭᠡᠲᠡᠢ ᠪᠠᠭᠠᠲᠤᠷ ᠲᠤ᠌ ᠪᠠᠷᠠᠭᠠᠯᠠᠰᠤᠭᠠᠢ᠃ ᠲᠡᠷᠡ ᠨᠠᠮᠠᠶ᠋ᠢ ᠴᠡᠷᠢᠭ ᠲᠡᠭᠡᠨ ᠡᠷᠭᠦᠮᠵᠢᠯᠡᠨ ᠣᠷᠣᠭᠤᠯᠬᠤ ᠪᠣᠯᠤᠨ᠎ᠠ ᠭᠡᠪᠡᠯ᠂
      — ᠬᠠᠭᠤᠴᠢᠨ ᠬᠥᠨᠳᠡᠢ ᠭᠤᠸᠠ ᠰᠢᠭ᠋ ᠴᠢᠨᠦ ᠦᠭᠡ ᠶ᠋ᠢ ᠰᠣᠨᠣᠰᠬᠤ ᠳ᠋ᠤ᠌ ᠪᠥᠭᠡᠯᠵᠢᠰᠦ ᠬᠤᠳᠬᠤᠨ᠎ᠠ! ᠭᠡᠵᠦ ᠺᠢᠽ— ᠲᠦᠭ᠌ᠮᠡᠰ ᠠᠷᠭ᠎ᠠ ᠪᠠᠷᠠᠭᠳᠠᠨ᠂ ᠭᠠᠷ ᠢ᠋ᠶ᠋ᠠᠨ ᠰᠠᠵᠢᠵᠤ ᠭᠡᠷ ᠲᠡᠭᠡᠨ ᠣᠷᠣᠵᠠᠢ᠃
      ᠨᠠᠽᠠᠷ᠂ ᠬᠠᠷᠢᠨ ᠡᠭᠦᠳᠡᠨ ᠦ᠌ ᠳᠡᠷᠭᠡᠳᠡᠬᠢ ᠢᠰᠡᠭᠡᠢ ᠶ᠋ᠢᠨ ᠲᠠᠰᠤᠷᠬᠠᠢ ᠳᠡᠭᠡᠷ᠎ᠡ ᠰᠠᠭᠤᠵᠤ᠂ ᠡᠮᠦᠨ᠎ᠡ ᠨᠢ ᠠᠢᠯ ᠤ᠋ᠨ ᠬᠥᠮᠦᠰ ᠰᠢᠬᠠᠴᠠᠯᠳᠤᠨ ᠴᠤᠭᠯᠠᠷᠠᠵᠠᠢ᠃
      ᠨᠠᠽᠠᠷ᠂ ᠬᠡᠷᠬᠢᠨ ᠪᠠᠶᠠᠨᠳ᠋ᠸᠷ ᠬᠠᠭᠠᠨ ᠥᠪᠡᠷ ᠢ᠋ᠶ᠋ᠡᠨ ᠲᠡᠭᠦᠨ ᠦ᠌ ᠬᠥᠪᠡᠭᠦᠳ ᠲᠤ᠌ ᠳᠠᠷᠬᠠᠨ ᠰᠦᠷᠦᠭ ᠦ᠋ᠨ ᠳᠣᠲᠣᠷ᠎ᠠ ᠠ᠋ᠴᠠ ᠰᠢᠯᠢᠳᠡᠭ ᠮᠣᠷᠢᠳ ᠢ᠋ ᠪᠡᠯᠡᠭ ᠪᠣᠯᠭᠠᠨ ᠥᠭᠭᠦᠭᠰᠡᠨ ᠬᠢᠭᠡᠳ ᠬᠠᠭᠠᠨ ᠲᠡᠭᠦᠨ ᠢ᠋ ᠲᠡᠪᠡᠷᠢᠵᠦ ᠠᠬ᠎ᠠ᠂ ᠡᠴᠢᠭᠡ ᠭᠡᠵᠦ ᠨᠡᠷᠡᠢᠳᠦᠨ ᠲᠠᠪᠤᠨ ᠮᠢᠩᠭᠠᠨ ᠴᠡᠷᠢᠭ ᠢ᠋ ᠠᠯᠢ ᠵᠠᠮ ᠢ᠋ᠶ᠋ᠠᠷ ᠶᠠᠪᠤᠭᠤᠯᠪᠠᠯ ᠳᠡᠭᠡᠷ᠎ᠡ ᠪᠣᠯᠬᠤ ᠶ᠋ᠢ ᠨᠢ ᠠᠰᠠᠭᠤᠭᠰᠠᠨ ᠲᠤᠬᠠᠢ ᠳᠠᠭᠤᠰᠤᠯᠲᠠ ᠦᠭᠡᠢ ᠬᠦᠦᠷᠨᠢᠨᠡᠮ ᠪᠢᠯᠡ᠃
      ᠪᠦᠭᠦᠳᠡᠭᠡᠷ ᠠᠮᠠ ᠠᠩᠭᠠᠢᠨ ᠴᠢᠩᠨᠠᠵᠤ᠂ ᠡᠪᠦᠭᠡᠨ ᠨᠠᠽᠠᠷ ᠤ᠋ᠨ ᠮᠡᠷᠭᠡᠨ ᠠᠷᠭ᠎ᠠ ᠵᠣᠷᠢᠭ ᠬᠣᠶᠠᠷ ᠢ᠋ ᠭᠠᠢᠬᠠᠨ᠂ ᠲᠡᠭᠦᠨ ᠳ᠋ᠦ᠍ ᠲᠤᠰᠬᠠᠢ ᠴᠡᠷᠢᠭ ᠵᠠᠬᠢᠷᠤᠭᠤᠯᠪᠠᠯ ᠵᠣᠬᠢᠬᠤ ᠪᠠ ᠮᠣᠷᠢᠨ ᠴᠡᠷᠢᠭ ᠣᠨᠴᠣᠭᠣᠢ ᠰᠠᠢᠨ ᠶᠠᠪᠤᠵᠤ ᠦᠯᠡᠮᠵᠢ ᠣᠯᠵᠠ ᠲᠠᠢ ᠢᠷᠡᠨ᠎ᠡ ᠭᠡᠵᠦ ᠥᠭᠦᠯᠡᠯᠳᠦᠵᠡᠢ᠃
      ᠰᠣᠨᠢᠷᠬᠠᠭᠴᠢᠳ ᠳᠠᠷᠬᠠᠨ᠂ ᠦᠳᠡᠰᠢ ᠣᠷᠣᠢ ᠪᠣᠯᠬᠤ ᠳ᠋ᠤ᠌ ᠺᠢᠽ— ᠲᠦᠭᠮᠡᠰ᠂ ᠨᠠᠽᠠᠷ ᠤ᠋ᠨ ᠳᠡᠷᠭᠡᠳᠡ ᠰᠠᠭᠤᠨ᠂ ᠲᠡᠭᠦᠨ ᠦ᠌ ᠭᠠᠷ ᠢ᠋ ᠢᠯᠪᠢᠵᠦ᠂
      — ᠶᠠᠭᠤ ᠴᠢᠮᠠᠶ᠋ᠢ ᠲᠡᠢᠨ ᠤᠷᠤᠭᠤ ᠲᠦᠯᠬᠢᠵᠦ ᠪᠠᠢᠨ᠎ᠠ? ᠭᠡᠷ ᠲᠡᠭᠡᠨ ᠪᠠᠢᠭᠲᠤᠨ ᠭᠡᠵᠦ ᠰᠢᠪᠡᠨᠡᠪᠡ᠃
      ᠨᠠᠽᠠᠷ ᠡᠷᠬᠢᠮᠰᠦᠭ ᠴᠢᠷᠠᠢ ᠭᠠᠷᠭᠠᠨ᠂ ᠶᠠᠭᠤ ᠪᠣᠯᠪᠠᠴᠤ ᠮᠠᠷᠭᠠᠰᠢ ᠮᠣᠩᠭᠣᠯᠴᠤᠳ ᠤ᠋ᠨ ᠬᠠᠮᠤᠭ ᠤ᠋ᠨ ᠡᠷᠬᠢᠮᠰᠦᠭ ᠰᠥᠪᠡᠭᠡᠳᠡᠢ ᠪᠠᠭᠠᠲᠤᠷ ᠲᠠᠢ ᠠᠭᠤᠯᠵᠠᠨ᠎ᠠ ᠭᠡᠵᠦ ᠪᠠᠲᠤᠲᠠᠢ ᠬᠡᠯᠡᠵᠡᠢ᠃
      ᠰᠥᠪᠡᠭᠡᠳᠡᠢ ᠪᠠᠭᠠᠲᠤᠷ ᠭᠡᠭᠴᠢ ᠬᠡᠨ᠂ ᠲᠡᠭᠦᠨ ᠳ᠋ᠦ᠍ ᠶᠠᠮᠠᠷ ᠭᠠᠢᠬᠠᠮᠰᠢᠭ ᠪᠠᠢᠬᠤ ᠶ᠋ᠢ ᠺᠢᠽ— ᠲᠦᠭᠮᠡᠰ ᠰᠣᠨᠣᠰᠤᠭᠠᠳ᠂
      — ᠲᠡᠷᠡ ᠳᠠᠷᠤᠭ᠎ᠠ ᠬᠡᠳᠦᠢᠪᠡᠷ ᠪᠠᠶᠠᠨ ᠢᠵᠠᠭᠤᠷᠲᠠᠨ ᠭᠡᠪᠡᠴᠦ ᠴᠢ ᠭᠠᠷ ᠬᠣᠭᠣᠰᠣᠨ ᠪᠤᠤ ᠣᠴᠢ᠂ ᠪᠠᠶᠠᠴᠤᠳ ᠪᠡᠯᠡᠭ ᠰᠡᠯᠡᠭ ᠲᠦ᠍ ᠰᠢᠨᠤᠨ᠎ᠠ᠃ ᠥᠨᠳᠡᠭᠡ ᠪᠣᠯᠪᠠᠴᠤ ᠠᠪᠠᠴᠢᠨ ᠥᠭᠭᠦᠭᠲᠦᠨ! ᠲᠡᠭᠡᠪᠡᠯ ᠴᠢᠨᠦ ᠦᠭᠡ ᠶ᠋ᠢ ᠳᠠᠭᠠᠨ᠎ᠠ ᠪᠠᠢᠬ᠎ᠠ᠃ ᠮᠠᠨ ᠤ᠋ ᠤᠷᠲᠤ ᠬᠥᠯ ᠲᠡᠢ ᠠᠵᠢᠷᠭᠠᠨ ᠲᠠᠬᠢᠶ᠎ᠠ ᠪᠣᠢ ᠰᠢᠦ ᠳ᠋ᠠ᠃ ᠴᠢ ᠲᠡᠭᠦᠨ ᠢ᠋ ᠬᠦᠷᠭᠡᠵᠦ ᠥᠭ! ᠬᠡᠳᠦᠢᠪᠡᠷ ᠬᠥᠭᠰᠢᠨ᠂ ᠪᠠᠷᠤᠭ ᠥᠳᠥ ᠦᠭᠡᠢ ᠪᠣᠯᠪᠠᠴᠤ ᠪᠤᠬᠠᠷ ᠤ᠋ᠨ ᠡᠭᠦᠯᠳᠡᠷ ᠦ᠋ᠨ ᠲᠠᠬᠢᠶ᠎ᠠ ᠭᠡᠳᠡᠭ ᠵᠠᠪᠳᠤᠩ ᠳᠡᠭᠡᠷᠡᠬᠢ ᠱᠠᠪᠢ ᠨᠠᠷ ᠮᠡᠲᠦ ᠥᠷᠯᠥᠭᠡ ᠪᠦᠷᠢ ᠬᠠᠩᠭᠢᠨᠠᠲᠠᠯ᠎ᠠ ᠳᠣᠩᠭᠣᠳᠳᠠᠭ᠃ ᠦᠨᠡᠬᠡᠷ ᠡᠨᠡ ᠲᠠᠬᠢᠶ᠎ᠠ ᠴᠢᠮᠠᠲᠤ ᠥᠯᠵᠡᠢᠲᠡᠢ ᠪᠣᠯᠵᠤ ᠮᠠᠭᠠᠳ ᠦᠭᠡᠢ ᠭᠡᠯ᠎ᠡ᠃

     ᠦᠰᠦᠭ ᠠᠮᠢᠯᠠᠭᠤᠯᠤᠭᠴᠢ᠄ ᠠᠯᠲᠠᠨᠴᠢᠮᠡᠭ᠂ ᠠᠷᠢᠭᠤᠨ᠂ ᠵᠢᠩᠯᠢᠬᠤᠸᠠᠷ
     ᠬᠢᠨᠠᠭᠴᠢ᠄ ᠠᠷᠢᠭᠤᠨ᠂ ᠪᠠᠶᠠᠨᠴᠡᠴᠡᠭ᠂ ᠵᠢᠩᠯᠢᠬᠤᠸᠠᠷ᠂ ᠠᠯᠲᠠᠨᠴᠢᠮᠡᠭ