ᠣᠷᠴᠢᠨ ᠴᠠᠭ ᠤᠨ ᠮᠣᠩᠭᠣᠯ ᠬᠡᠯᠡ(ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ) – ᠡᠮᠦᠨᠡᠬᠢ ᠦᠭᠡ Орчин цагийн монгол хэл(дээд сургуулийн заах материэл)- Өмнөх үг
ᠡᠮᠦᠨᠡᠬᠢ ᠦᠭᠡ
ᠲᠤᠰ ᠰᠤᠷᠬᠤ ᠪᠢᠴᠢᠭ ᠢ᠋ ᠨᠠᠢᠷᠠᠭᠤᠯᠬᠤ ᠳ᠋ᠤ᠌ ᠮᠠᠨ ᠤ᠋ ᠤᠯᠤᠰ ᠤ᠋ᠨ ᠡᠯ᠎ᠡ ᠶᠡᠬᠡ ᠳᠡᠭᠡᠳᠦ ᠰᠤᠷᠭᠠᠭᠤᠯᠢ ᠶ᠋ᠢᠨ ᠵᠢᠭᠠᠨ ᠰᠤᠷᠭᠠᠬᠤ ᠬᠥᠲᠥᠯᠪᠦᠷᠢ ᠶ᠋ᠢ ᠦᠨᠳᠦᠰᠦᠯᠡᠵᠦ ᠬᠡᠯᠡ ᠰᠢᠨᠵᠢᠯᠡᠯ ᠦ᠋ᠨ ᠦᠨᠳᠦᠰᠦᠨ ᠣᠨᠣᠯ ᠪᠠ ᠠᠷᠭ᠎ᠠ ᠪᠠᠷ ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡ ᠶ᠋ᠢ ᠨᠡᠯᠢᠶᠡᠳ ᠰᠢᠰᠲ᠋ᠧᠮ ᠲᠡᠢ ᠪᠥᠭᠡᠳ ᠰᠢᠨᠵᠢᠯᠡᠬᠦ ᠤᠬᠠᠭᠠᠨᠴᠢ ᠪᠠᠷ ᠲᠠᠢᠯᠪᠤᠷᠢᠯᠠᠬᠤ ᠪᠠᠷ ᠣᠷᠣᠯᠳᠣᠵᠠᠢ᠃ ᠰᠤᠷᠬᠤ ᠪᠢᠴᠢᠭ ᠲᠤ ᠤᠳᠤᠷᠢᠳᠬᠠᠯ᠂ ᠠᠪᠢᠶ᠎ᠠ ᠵᠦᠢ᠂ ᠵᠥᠪ ᠪᠢᠴᠢᠬᠦ ᠵᠦᠢ᠂ ᠦᠭᠡ ᠶ᠋ᠢᠨ ᠰᠠᠩ ᠵᠦᠢ᠂ ᠬᠡᠯᠡ ᠵᠦᠢ᠂ ᠨᠠᠢᠷᠠᠭᠤᠯᠭ᠎ᠠ ᠵᠦᠢ ᠵᠡᠷᠭᠡ ᠣᠷᠴᠢᠨ ᠴᠠᠭ ᠤ᠋ᠨ ᠮᠣᠩᠭᠣᠯ ᠬᠡᠯᠡᠨ ᠦ᠌ ᠪᠦᠲᠦᠴᠡ ᠪᠠᠢᠭᠤᠯᠤᠮᠵᠢ ᠪᠠ ᠬᠣᠯᠪᠣᠭᠳᠠᠬᠤ ᠠᠰᠠᠭᠤᠳᠠᠯ ᠤ᠋ᠳ ᠢ᠋ ᠶᠡᠷᠦᠩᠬᠡᠢ ᠠᠩᠭᠢ ᠳ᠋ᠤ᠌ ᠰᠤᠷᠬᠤ ᠲᠦᠪᠰᠢᠨ ᠢ᠋ᠶ᠋ᠡᠷ ᠨᠡᠯᠢᠶᠡᠳ ᠳᠡᠯᠭᠡᠷᠡᠩᠭᠦᠢ ᠨᠠᠢᠷᠠᠭᠤᠯᠤᠨ ᠣᠷᠣᠭᠤᠯᠤᠭᠰᠠᠨ ᠪᠠ ᠮᠥᠨ ᠰᠤᠷᠬᠤ ᠪᠢᠴᠢᠭ ᠦ᠋ᠨ ᠬᠡᠷᠡᠭᠴᠡᠭᠡ ᠡᠴᠡ ᠪᠣᠯᠵᠤ ᠪᠦᠯᠦᠭ ᠪᠦᠷᠢ ᠶ᠋ᠢᠨ ᠠᠷᠤ ᠳ᠋ᠤ᠌ ᠳᠠᠪᠲᠠᠬᠤ ᠰᠡᠳᠦᠪ ᠳᠠᠭᠠᠯᠳᠤᠭᠤᠯᠵᠠᠢ᠃
ᠡᠨᠡ ᠬᠦ᠌ ᠰᠤᠷᠬᠤ ᠪᠢᠴᠢᠭ ᠢ᠋ ᠨᠠᠢᠷᠠᠭᠤᠯᠵᠤ ᠪᠢᠴᠢᠬᠦ ᠳ᠋ᠡᠭᠡᠨ ᠠᠭᠤᠯᠭ᠎ᠠ ᠶ᠋ᠢᠨ ᠲᠠᠯ᠎ᠠ ᠪᠠᠷ ᠵᠠᠷᠢᠮ ᠬᠣᠯᠪᠣᠭᠳᠠᠬᠤ ᠬᠢᠴᠢᠶᠡᠯ᠂ ᠲᠤᠬᠠᠢᠯᠡᠪᠡᠯ 《ᠬᠡᠯᠡ ᠰᠢᠨᠵᠢᠯᠡᠯ ᠦ᠋ᠨ ᠤᠳᠤᠷᠢᠳᠬᠠᠯ》 ᠵᠡᠷᠭᠡ ᠳ᠋ᠦ᠍ ᠰᠤᠷᠬᠤ ᠣᠨᠣᠯ ᠤ᠋ᠨ ᠠᠭᠤᠯᠭ᠎ᠠ ᠶ᠋ᠢ ᠳᠠᠪᠬᠤᠷᠳᠠᠭᠤᠯᠬᠤ ᠦᠭᠡᠢ ᠪᠣᠯᠭᠠᠬᠤ᠂ ᠳᠤᠮᠳᠠᠳᠤ ᠰᠤᠷᠭᠠᠭᠤᠯᠢ ᠪᠤᠶᠤ ᠳᠤᠮᠳᠠᠳᠤ ᠵᠡᠷᠭᠡ ᠶ᠋ᠢᠨ ᠲᠤᠰᠬᠠᠢ ᠮᠡᠷᠭᠡᠵᠢᠯ ᠦ᠋ᠨ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠡᠴᠡ ᠢᠯᠭᠠᠭ᠎ᠠ ᠲᠠᠢ ᠪᠣᠯᠭᠠᠬᠤ ᠶ᠋ᠢ ᠠᠩᠬᠠᠷᠤᠭᠰᠠᠨ ᠪᠠ ᠨᠡᠯᠢᠶᠡᠳ ᠣᠯᠠᠨ ᠡᠷᠳᠡᠮᠲᠡᠳ ᠲᠦ᠍ ᠵᠥᠪᠰᠢᠶᠡᠷᠡᠭᠳᠡᠵᠦ ᠪᠠᠢᠭ᠎ᠠ ᠰᠤᠳᠤᠯᠭᠠᠨ ᠤ᠋ ᠰᠢᠨ᠎ᠡ ᠣᠨᠣᠯ ᠠᠷᠭ᠎ᠠ ᠶ᠋ᠢᠨ ᠠᠰᠠᠭᠤᠳᠠᠯ ᠢ᠋ ᠳᠤᠰᠬᠠᠨ ᠦᠵᠡᠭᠦᠯᠬᠦ ᠪᠡᠷ ᠴᠢᠷᠮᠠᠢᠭᠰᠠᠨ ᠶᠤᠮ᠃ ᠥᠩᠭᠡᠷᠡᠭᠰᠡᠨ ᠦ᠌ ᠰᠤᠳᠤᠯᠭᠠᠨ ᠤ᠋ ᠪᠦᠲᠦᠭᠡᠯ᠂ ᠡᠨᠡ ᠬᠢᠴᠢᠶᠡᠯ ᠦ᠋ᠨ ᠣᠯᠠᠨ ᠲᠠᠯ᠎ᠠ ᠶ᠋ᠢᠨ ᠰᠤᠷᠬᠤ ᠪᠢᠴᠢᠭ ᠦ᠋ᠳ ᠢ᠋ ᠥᠷᠭᠡᠨ ᠢ᠋ᠶ᠋ᠡᠷ ᠯᠠᠪᠯᠠᠨ ᠠᠰᠢᠭᠯᠠᠭᠰᠠᠨ ᠶᠤᠮ᠃ ᠰᠤᠷᠬᠤ ᠪᠢᠴᠢᠭ ᠦ᠋ᠨ ᠰᠢᠨᠵᠢ ᠴᠢᠨᠠᠷ ᠠ᠋ᠴᠠ ᠪᠣᠯᠵᠤ ᠲᠡᠳᠡᠭᠡᠷ ᠠᠭᠤᠯᠭ᠎ᠠ᠂ ᠦᠵᠡᠯᠲᠡ ᠶ᠋ᠢ ᠨᠠᠢᠷᠠᠭᠤᠯᠤᠨ ᠣᠷᠣᠭᠤᠯᠬᠤ ᠳ᠋ᠠᠭᠠᠨ ᠣᠨᠴᠠ ᠶ᠋ᠢᠨ ᠵᠠᠷᠢᠮ ᠡᠰᠢ ᠲᠠᠲᠠᠯᠲᠠ ᠡᠴᠡ ᠪᠤᠰᠤᠳ ᠢ᠋ ᠵᠡᠭᠦᠯᠲᠡ ᠲᠠᠯᠪᠢᠭᠰᠠᠨ ᠦᠭᠡᠢ ᠪᠠ ᠰᠤᠷᠬᠤ ᠪᠢᠴᠢᠭ ᠦ᠋ᠨ ᠠᠷᠤ ᠳ᠋ᠤ᠌ ᠵᠥᠪᠬᠡᠨ ᠭᠣᠣᠯ ᠪᠣᠯᠭᠠᠨ ᠯᠠᠪᠯᠠᠭᠰᠠᠨ ᠪᠢᠴᠢᠭ ᠨᠣᠮ ᠤ᠋ᠳ ᠢ᠋ ᠵᠢᠭᠰᠠᠭᠠᠭᠰᠠᠨ ᠶᠤᠮ᠃
ᠡᠨᠡ ᠬᠦ᠌ ᠰᠤᠷᠬᠤ ᠪᠢᠴᠢᠭ ᠪᠣᠯ ᠪᠦᠬᠦ ᠤᠯᠤᠰ ᠤ᠋ᠨ ᠶᠡᠬᠡ ᠳᠡᠭᠡᠳᠦ ᠰᠤᠷᠭᠠᠭᠤᠯᠢ ᠶ᠋ᠢᠨ ᠮᠣᠩᠭᠣᠯ ᠵᠢᠭᠠᠬᠤ ᠮᠠᠲ᠋ᠧᠷᠢᠶᠠᠯ ᠨᠠᠢᠷᠠᠭᠤᠯᠤᠨ ᠣᠷᠴᠢᠭᠤᠯᠬᠤ ᠺᠣᠮᠢᠰ ᠤ᠋ᠨ ᠵᠣᠬᠢᠶᠠᠨ ᠪᠠᠢᠭᠤᠯᠵᠤ ᠳᠠᠭᠠᠭᠠᠯᠭᠠᠭᠰᠠᠨ ᠬᠠᠮᠲᠤ ᠶ᠋ᠢᠨ ᠪᠦᠲᠦᠭᠡᠯ ᠶᠦᠮ᠃ ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ᠂ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ᠂ ᠥᠪᠥᠷ ᠮᠣᠩᠭᠣᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ᠂ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠳᠡᠭᠡᠳᠦ ᠰᠤᠷᠭᠠᠭᠤᠯᠢ᠂ ᠤᠯᠠᠭᠠᠨᠬᠠᠲᠠ ᠶ᠋ᠢᠨ ᠦᠨᠳᠦᠰᠦᠲᠡᠨ ᠦ᠌ ᠪᠠᠭᠰᠢ ᠶ᠋ᠢᠨ ᠲᠤᠰᠬᠠᠢ ᠮᠡᠷᠭᠡᠵᠢᠯ ᠦ᠋ᠨ ᠰᠤᠷᠭᠠᠭᠤᠯᠢ᠂ ᠰᠢᠯᠢ ᠶ᠋ᠢᠨ ᠭᠣᠣᠯ ᠤ᠋ᠨ ᠰᠤᠷᠭᠠᠨ ᠬᠥᠮᠦᠵᠢᠯ ᠦ᠋ᠨ ᠳᠡᠭᠡᠳᠦ ᠰᠤᠷᠭᠠᠭᠤᠯᠢ ᠵᠡᠷᠭᠡ ᠶᠡᠬᠡ ᠳᠡᠭᠡᠳᠦ ᠰᠤᠷᠭᠠᠭᠤᠯᠢ ᠶ᠋ᠢᠨ ᠮᠡᠷᠭᠡᠵᠢᠯ ᠨᠢᠭᠡᠲᠡᠢ ᠢᠳᠡᠷ ᠵᠠᠯᠠᠭᠤ ᠪᠠᠭᠰᠢ ᠨᠠᠷ ᠬᠦᠴᠦ ᠬᠠᠮᠲᠤᠷᠠᠨ ᠡᠭᠦᠷᠭᠡ ᠳᠠᠭᠠᠭᠠᠴᠢᠯᠠᠨ ᠪᠢᠴᠢᠵᠡᠢ᠃
1995 ᠣᠨ ᠤ᠋ ᠨᠠᠮᠤᠷ ᠬᠥᠬᠡᠬᠣᠲᠠ ᠳ᠋ᠤ᠌᠂ ᠪᠦᠬᠦ ᠤᠯᠤᠰ ᠤ᠋ᠨ ᠶᠡᠬᠡ ᠳᠡᠭᠡᠳᠦ ᠰᠤᠷᠭᠠᠭᠤᠯᠢ ᠶ᠋ᠢᠨ ᠮᠣᠩᠭᠣᠯ ᠵᠢᠭᠠᠬᠤ ᠮᠠᠲ᠋ᠧᠷᠢᠶᠠᠯ ᠤ᠋ᠨ ᠨᠠᠢᠷᠠᠭᠤᠯᠤᠨ ᠣᠷᠴᠢᠭᠤᠯᠬᠤ ᠺᠣᠮᠢᠰ ᠠ᠋ᠴᠠ ᠡᠷᠬᠢᠯᠡᠭᠰᠡᠨ ᠪᠦᠬᠦ ᠤᠯᠤᠰ ᠤ᠋ᠨ ᠶᠡᠬᠡ ᠳᠡᠭᠡᠳᠦ ᠰᠤᠷᠭᠠᠭᠤᠯᠢ ᠶ᠋ᠢᠨ ᠮᠣᠩᠭᠣᠯ ᠬᠡᠯᠡᠨ ᠦ᠌ ᠰᠠᠯᠪᠤᠷᠢ ᠶ᠋ᠢᠨ ᠡᠷᠬᠢᠯᠡᠭᠴᠢᠳ ᠦ᠋ᠨ ᠬᠤᠷᠠᠯ ᠳ᠋ᠤ᠌ ᠡᠨᠡ ᠬᠦ᠌ ᠰᠤᠷᠬᠤ ᠪᠢᠴᠢᠭ ᠢ᠋ ᠰᠢᠨ᠎ᠡ ᠪᠡᠷ ᠨᠡᠢᠷᠠᠭᠤᠯᠤᠨ ᠪᠢᠴᠢᠬᠦ ᠪᠡᠷ ᠲᠣᠭᠲᠠᠵᠤ᠂ 1996 ᠣᠨ ᠤ᠋ ᠬᠠᠪᠤᠷ ᠯᠠᠨᠵᠸᠤ ᠳ᠋ᠤ᠌ ᠪᠣᠯᠤᠭᠰᠠᠨ ᠰᠠᠯᠪᠤᠷᠢ ᠶ᠋ᠢᠨ ᠡᠷᠬᠢᠯᠡᠭᠴᠢᠳ ᠦ᠋ᠨ ᠬᠤᠷᠠᠯ ᠢ᠋ᠶ᠋ᠠᠷ ᠳᠡᠮᠵᠢᠵᠦ ᠨᠠᠢᠷᠠᠭᠤᠯᠤᠨ ᠪᠢᠴᠢᠭᠴᠢᠳ ᠢ᠋ ᠪᠣᠳᠠᠲᠠᠢ ᠪᠠᠷ ᠲᠣᠭᠲᠠᠭᠠᠪᠠ᠃ 1996 ᠣᠨ ᠤ᠋ 11 ᠰᠠᠷ᠎ᠠ ᠳ᠋ᠤ᠌ ᠨᠠᠢᠷᠠᠭᠤᠯᠤᠨ ᠪᠢᠴᠢᠭᠴᠢᠳ ᠥᠪᠥᠷ ᠮᠣᠩᠭᠣᠯ ᠤ᠋ᠨ ᠶᠡᠬᠡ ᠰᠤᠷᠭᠠᠭᠤᠯᠢ ᠳ᠋ᠤ᠌ ᠨᠠᠢᠷᠠᠭᠤᠯᠤᠨ ᠪᠢᠴᠢᠬᠦ ᠲᠥᠰᠥᠪ ᠲᠣᠭᠲᠠᠭᠠᠵᠤ ᠠᠵᠢᠯ ᠢ᠋ᠶ᠋ᠠᠨ ᠬᠤᠪᠢᠶᠠᠷᠢᠯᠠᠯᠴᠠᠵᠤ ᠨᠠᠢᠷᠠᠭᠤᠯᠤᠨ ᠪᠢᠴᠢᠵᠦ ᠡᠬᠢᠯᠡᠵᠡᠢ᠃ ᠡᠨᠡ ᠤᠳᠠᠭᠠᠨ ᠤ᠋ ᠲᠥᠰᠥᠪ ᠲᠣᠭᠲᠠᠭᠠᠬᠤ ᠪᠠ ᠶᠠᠷᠢᠯᠴᠠᠨ ᠪᠠᠲᠤᠯᠠᠬᠤ ᠠᠵᠢᠯ ᠳ᠋ᠤ᠌ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠫᠷᠤᠹᠸᠰᠰᠤᠷ ᠪᠦᠷᠢᠨᠪᠠᠲᠤ ᠨᠥᠬᠥᠷ ᠶᠡᠬᠡᠬᠡᠨ ᠬᠤᠪᠢ ᠨᠡᠮᠡᠷᠢ ᠦᠵᠡᠭᠦᠯᠪᠡ᠃ ᠲᠥᠰᠥᠪ ᠲᠣᠭᠲᠠᠭᠠᠬᠤ ᠬᠤᠷᠠᠯ ᠳ᠋ᠤ᠌ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠳᠡᠳ᠋ ᠫᠷᠤᠹᠸᠰᠰᠤᠷ ᠰᠠᠷᠠᠩᠨᠤᠷᠪᠤ ᠭᠤᠸᠠᠢ ᠣᠷᠣᠯᠴᠠᠭᠰᠠᠨ ᠪᠥᠭᠡᠳ ᠣᠯᠠᠨ ᠰᠠᠢᠬᠠᠨ ᠰᠠᠨᠠᠯ ᠵᠥᠪᠯᠡᠯᠭᠡ ᠥᠭᠴᠡᠢ᠂ ᠡᠨᠳᠡ ᠡᠨᠡ ᠬᠦ᠌ ᠲᠠᠰᠢᠷᠠᠮ ᠢ᠋ᠶ᠋ᠠᠷ ᠲᠡᠭᠦᠨ ᠢ᠋ ᠣᠨᠴᠠᠯᠠᠨ ᠲᠡᠮᠳᠡᠭᠯᠡᠵᠦ ᠲᠤᠷᠠᠰᠠᠭᠰᠤᠭᠠᠢ᠃ 1999 ᠣᠨ ᠤ᠋ 2 ᠰᠠᠷ᠎ᠠ ᠳ᠋ᠤ᠌ ᠡᠬᠡ ᠪᠢᠴᠢᠭ ᠦᠨᠳᠦᠰᠦᠨ ᠳ᠋ᠡᠭᠡᠨ ᠪᠦᠷᠢᠳᠦᠭᠰᠡᠨ ᠪᠠᠢᠳᠠᠯ ᠳ᠋ᠤ᠌ ᠡᠬᠡ ᠪᠢᠴᠢᠭ ᠢ᠋ ᠰᠢᠪᠳᠤᠷᠤᠨ ᠤᠩᠰᠢᠭᠤᠯᠵᠤ ᠠᠩᠬ᠎ᠠ ᠠᠯᠬᠤᠮ ᠤ᠋ᠨ ᠵᠠᠰᠠᠯᠲᠠ ᠶ᠋ᠢ ᠨᠠᠳᠠ ᠳ᠋ᠤ᠌ ᠳᠠᠭᠠᠯᠭᠠᠨ ᠬᠢᠯᠭᠡᠪᠡ ᠃ 1999 ᠣᠨ ᠤ᠋ ᠡᠪᠦᠯ ᠡᠴᠡ ᠡᠬᠢᠯᠡᠨ ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠫᠷᠤᠹᠸᠰᠰᠤᠷ ᠬᠠᠰᠠᠷᠳᠠᠨᠢ ᠪᠠᠷ ᠬᠢᠨᠠᠨ ᠤᠩᠰᠢᠭᠤᠯᠵᠠᠢ᠃ 2000 ᠣᠨ ᠤ᠋ 8 ᠰᠠᠷ᠎ᠠ ᠶ᠋ᠢᠨ ᠰᠡᠭᠦᠯᠴᠢ ᠳ᠋ᠦ᠍ ᠥᠪᠥᠷ ᠮᠣᠩᠭᠣᠯ ᠤ᠋ᠨ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠪᠠᠢᠩᠭᠤ ᠶ᠋ᠢᠨ ᠭᠡᠰᠢᠭᠦᠨ᠂ ᠤᠤᠯ ᠤ᠋ᠨ ᠰᠤᠷᠭᠠᠨ ᠬᠥᠮᠥᠵᠢᠯ ᠦᠨ ᠲᠢᠩᠬᠢᠮ ᠦᠨ ᠳᠠᠷᠤᠭ᠎ᠠ ᠬᠠᠨ ᠶᠦᠩ ᠵᠢᠦ᠂ ᠪᠥᠬᠥ ᠤᠯᠤᠰ ᠤᠨ ᠶᠡᠬᠡ ᠳᠡᠭᠡᠳᠦ ᠰᠤᠷᠭᠠᠭᠤᠯᠢ ᠶᠢᠨ ᠮᠣᠩᠭᠣᠯ ᠵᠢᠭᠠᠬᠤ ᠮᠠᠲ᠋ᠧᠷᠢᠶᠡᠯ ᠨᠠᠢᠷᠠᠭᠤᠯᠤᠨ ᠣᠷᠴᠢᠭᠤᠯᠬᠤ ᠠᠯᠪᠠᠨ ᠭᠡᠷ ᠦ᠋ᠨ ᠡᠷᠬᠢᠯᠡᠭᠴᠢ ᠠᠨ ᠵᠧᠨ ᠪᠠᠩ ᠤ᠋ᠨ ᠤᠳᠤᠷᠢᠳᠤᠯᠭ᠎ᠠ ᠪᠠᠷ ᠰᠢᠯᠢᠩᠬᠣᠲᠠ ᠳ᠋ᠤ᠌ ᠡᠷᠬᠢᠯᠡᠭᠰᠡᠨ ᠨᠠᠢᠷᠠᠭᠤᠯᠤᠭᠴᠢ᠂ ᠳᠡᠳ᠋ ᠡᠷᠬᠢᠯᠡᠭᠰᠡᠨ ᠨᠠᠢᠷᠠᠭᠤᠯᠤᠭᠴᠢ ᠪᠠ ᠠᠳᠠᠯᠢ ᠮᠡᠷᠭᠡᠵᠢᠯ ᠦ᠋ᠨ ᠳᠤᠮᠳᠠᠳᠤ ᠰᠤᠷᠭᠠᠭᠤᠯᠢ᠂ ᠲᠤᠰᠬᠠᠢ ᠮᠡᠷᠭᠡᠵᠢᠯ ᠦ᠋ᠨ ᠰᠤᠷᠭᠠᠭᠤᠯᠢ ᠶ᠋ᠢᠨ ᠰᠤᠷᠬᠤ ᠪᠢᠴᠢᠭ ᠨᠠᠢᠷᠠᠭᠤᠯᠵᠤ ᠪᠠᠢᠭ᠎ᠠ ᠬᠣᠯᠪᠣᠭᠳᠠᠯ ᠪᠦᠬᠦᠢ ᠬᠠᠷᠢᠭᠤᠴᠠᠯᠭᠠᠲᠠᠨ ᠤ᠋ ᠬᠤᠷᠠᠯ ᠬᠢᠵᠦ 《ᠣᠷᠴᠢᠨ ᠴᠠᠭ ᠤ᠋ᠨ ᠮᠣᠩᠭᠣᠯ ᠬᠡᠯᠡ》 ᠶ᠋ᠢᠨ ᠡᠬᠡ ᠪᠢᠴᠢᠭ ᠢ᠋ ᠰᠢᠭᠦᠨ ᠶᠠᠷᠢᠯᠴᠠᠭᠤᠯᠵᠠᠢ᠃ ᠬᠤᠷᠠᠯ ᠳ᠋ᠤ᠌᠂ ᠰᠢᠭᠦᠨ ᠤᠩᠰᠢᠭᠰᠠᠨ ᠬᠠᠷᠢᠭᠤ ᠮᠡᠳᠡᠭᠦᠯᠦᠯᠲᠠ ᠶ᠋ᠢ ᠰᠣᠨᠣᠰᠤᠭᠰᠠᠨ ᠤ᠋ ᠰᠠᠭᠤᠷᠢᠨ ᠳᠡᠭᠡᠷ᠎ᠡ᠂ ᠵᠠᠰᠠᠯᠲᠠ ᠬᠢᠬᠦ ᠵᠠᠷᠴᠢᠮ ᠢ᠋ᠶ᠋ᠠᠨ ᠲᠣᠭᠲᠠᠭᠠᠭᠰᠠᠨ ᠪᠠ ᠨᠡᠷ᠎ᠡ ᠲᠣᠮᠢᠶ᠎ᠠ ᠵᠡᠷᠭᠡ ᠬᠣᠯᠪᠣᠭᠳᠠᠬᠤ ᠠᠰᠠᠭᠤᠳᠠᠯ ᠤ᠋ᠨ ᠲᠠᠯ᠎ᠠ ᠪᠠᠷ ᠰᠠᠨᠠᠯ ᠢ᠋ᠶ᠋ᠠᠨ ᠨᠢᠭᠡᠳᠬᠡᠭᠰᠡᠨ ᠶᠦᠮ᠃ ᠰᠤᠷᠬᠤ ᠪᠢᠴᠢᠭ ᠦ᠋ᠨ ᠪᠠᠴᠢᠮ ᠬᠡᠷᠡᠭᠴᠡᠭᠡ ᠪᠡᠷ ᠬᠤᠷᠠᠯ ᠳ᠋ᠤ᠌ ᠡᠴᠦᠰ ᠦ᠋ᠨ ᠵᠠᠰᠠᠯᠲᠠ ᠪᠠ ᠳᠤᠲᠠᠵᠤ ᠪᠠᠢᠭ᠎ᠠ ᠤᠳᠤᠷᠢᠳᠬᠠᠯ ᠤ᠋ᠨ ᠬᠡᠰᠡᠭ ᠢ᠋ ᠨᠠᠳᠠ ᠳ᠋ᠤ᠌ ᠡᠭᠦᠷᠭᠡ ᠳᠠᠭᠠᠯᠭᠠᠨ ᠭᠦᠢᠴᠡᠳᠭᠡᠯᠭᠡᠬᠦ ᠰᠢᠢᠳᠪᠦᠷᠢ ᠭᠠᠷᠴᠤ᠂ 9 11 ᠰᠠᠷ᠎ᠠ ᠶ᠋ᠢᠨ ᠪᠦᠲᠦᠨ ᠭᠤᠷᠪᠠᠨ ᠰᠠᠷ᠎ᠠ ᠱᠠᠯᠡᠪᠲᠡᠨ ᠠᠵᠢᠯᠯᠠᠵᠤ ᠬᠡᠪᠯᠡᠯ ᠳ᠋ᠦ᠍ ᠪᠡᠯᠡᠨ ᠪᠣᠯᠭᠠᠨ ᠰᠢᠯᠵᠢᠭᠦᠯᠦᠭᠰᠡᠨ ᠶᠦᠮ᠃
ᠲᠤᠰ ᠰᠤᠷᠬᠤ ᠪᠢᠴᠢᠭ ᠢ᠋ ᠨᠠᠢᠷᠠᠭᠤᠯᠤᠨ ᠪᠢᠴᠢᠬᠦ ᠳ᠋ᠦ᠍᠂ ᠥᠪᠥᠷ ᠮᠣᠩᠭᠣᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠳᠡᠳ᠋ ᠫᠷᠤᠹᠸᠰᠰᠤᠷ ᠡᠷᠳᠡᠨᠢᠴᠤᠭᠯᠠ ᠠ᠋ᠴᠠ 《ᠠᠪᠢᠶ᠎ᠠ ᠵᠦᠢ》 ᠶ᠋ᠢᠨ ᠪᠦᠬᠦ ᠠᠭᠤᠯᠭ᠎ᠠ᠂ 《ᠥᠭᠦᠯᠡᠪᠦᠷᠢ ᠵᠦᠢ》 ᠶ᠋ᠢᠨ ᠨᠢᠭᠡᠳᠦᠭᠡᠷ ᠪᠦᠯᠦᠭ ᠢ᠋ ; ᠥᠪᠥᠷ ᠮᠣᠩᠭᠣᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠳᠡᠳ᠋ ᠫᠷᠤᠹᠸᠰᠰᠤᠷ ᠭᠠᠯᠰᠠᠩ ᠠ᠋ᠴᠠ 《ᠵᠥᠪ ᠪᠢᠴᠢᠬᠦ ᠵᠦᠢ》 ᠶ᠋ᠢᠨ ᠶᠡᠬᠡᠩᠬᠢ ᠠᠭᠤᠯᠭ᠎ᠠ (ᠨᠢᠭᠡᠳᠦᠭᠡᠷ ᠪᠦᠯᠦᠭ ᠦ᠋ᠨ ᠬᠣᠶᠠᠳᠤᠭᠠᠷ ᠵᠦᠢᠯ ᠢ᠋ ᠭᠠᠷᠤᠳᠢ ᠶ᠋ᠢᠨ ᠬᠠᠮᠲᠤ ) ᠶ᠋ᠢ; ᠰᠢᠯᠢ ᠶ᠋ᠢᠨ ᠭᠣᠣᠯ ᠠᠢᠮᠠᠭ ᠤ᠋ᠨ ᠰᠤᠷᠭᠠᠨ ᠬᠥᠮᠦᠵᠢᠯ ᠦ᠋ᠨ ᠳᠡᠭᠡᠳᠤ ᠰᠤᠷᠭᠠᠭᠤᠯᠢ ᠶ᠋ᠢᠨ ᠳᠡᠳ᠋ ᠫᠷᠤᠹᠸᠰᠰᠤᠷ ᠨᠠᠷᠠᠩᠭᠤᠸ᠎ᠠ ᠠ᠋ᠴᠠ 《ᠦᠭᠡ ᠶ᠋ᠢᠨ ᠰᠠᠩ ᠵᠦᠢ》 ᠶ᠋ᠢᠨ ᠭᠤᠷᠪᠠᠳᠤᠭᠠᠷ ᠪᠦᠯᠦᠭ ᠦ᠋ᠨ ᠬᠣᠶᠠᠷ᠂ ᠭᠤᠷᠪᠠ᠂ ᠳᠥᠷᠪᠡ᠂ ᠲᠠᠪᠤ᠂ ᠵᠢᠷᠭᠤᠭ᠎ᠠ᠂ ᠳᠣᠯᠣᠭ᠎ᠠ᠂ ᠨᠠᠢ᠍ᠮᠠᠳᠤᠭᠠᠷ ᠵᠦᠢᠯ; ᠵᠢᠷᠭᠤᠳᠤᠭᠠᠷ ᠪᠦᠯᠦᠭ ᠦ᠋ᠨ ᠶᠡᠬᠡᠩᠬᠢ ᠠᠭᠤᠯᠭ᠎ᠠ (ᠬᠣᠶᠠᠳᠤᠭᠠᠷ ᠵᠦᠢᠯ ᠢ᠋ ᠭᠠᠷᠤᠳᠢ ᠶ᠋ᠢᠨ ᠬᠠᠮᠲᠤ ); ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠳᠡᠭᠡᠳᠦ ᠰᠤᠷᠭᠠᠭᠤᠯᠢ ᠶ᠋ᠢᠨ ᠳᠡᠳ᠋ ᠫᠷᠤᠹᠸᠰᠰᠤᠷ ᠪᠠᠲᠦᠭᠡᠷᠡᠯ ᠡᠴᠡ 《ᠦᠭᠡ ᠵᠦᠢ》 ᠶ᠋ᠢᠨ ᠬᠣᠶᠠᠷ᠂ ᠭᠤᠷᠪᠠᠳᠤᠭᠠᠷ ᠪᠦᠯᠦᠭ ᠢ᠋; ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠯᠧᠺᠲ᠋ᠣᠷ ᠡᠯᠠᠰᠣᠨᠴᠠᠴᠠᠭ᠌ ᠡᠴᠡ 《ᠦᠭᠡ ᠵᠦᠢ》 ᠶ᠋ᠢᠨ ᠳᠥᠷᠪᠡ᠂ ᠲᠠᠪᠤᠳᠤᠭᠠᠷ ᠪᠦᠯᠦᠭ ᠢ᠋; ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠳᠡᠳ᠋ ᠫᠷᠤᠹᠸᠰᠰᠤᠷ ᠳᠡᠯᠭᠡᠷᠮ᠎ᠡ ᠡᠴᠡ 《ᠥᠭᠦᠯᠡᠪᠦᠷᠢ ᠵᠦᠢ》 ᠶ᠋ᠢᠨ ᠬᠣᠶᠠᠷ᠂ ᠭᠤᠷᠪᠠ᠂ ᠳᠥᠷᠪᠡ᠂ ᠲᠠᠪᠤᠳᠤᠭᠠᠷ ᠪᠦᠯᠦᠭ ᠢ᠋ ; ᠤᠯᠠᠭᠠᠨᠬᠠᠲᠠ ᠶ᠋ᠢᠨ ᠦᠨᠳᠦᠰᠦᠲᠡᠨ ᠦ᠌ ᠪᠠᠭᠰᠢ ᠶ᠋ᠢᠨ ᠲᠤᠰᠬᠠᠢ ᠮᠡᠷᠭᠡᠵᠢᠯ ᠦ᠋ᠨ ᠰᠤᠷᠭᠠᠭᠤᠯᠢ ᠶ᠋ᠢᠨ ᠳᠡᠳ᠋ ᠫᠷᠤᠹᠸᠰᠰᠤᠷ ᠳᠡᠯᠭᠡᠷ ᠡᠴᠡ 《ᠨᠠᠢᠷᠠᠭᠤᠯᠭ᠎ᠠ ᠵᠦᠢ》 ᠶ᠋ᠢᠨ ᠪᠦᠬᠦ ᠠᠭᠤᠯᠭ᠎ᠠ ᠶ᠋ᠢ ᠲᠤᠰ ᠲᠤᠰ ᠪᠢᠴᠢᠵᠦ ᠭᠦᠢᠴᠡᠳᠬᠡᠵᠡᠢ᠃ 《ᠤᠳᠤᠷᠢᠳᠬᠠᠯ》 ᠂ 《ᠵᠥᠪ ᠪᠢᠴᠢᠬᠦ ᠵᠦᠢ》 ᠶ᠋ᠢᠨ ᠨᠢᠭᠡᠳᠦᠭᠡᠷ ᠪᠦᠯᠦᠭ ᠦ᠋ᠨ ᠬᠣᠶᠠᠳᠤᠭᠠᠷ ᠵᠦᠢᠯ ᠦ᠋ᠨ ᠵᠠᠷᠢᠮ ᠠᠭᠤᠯᠭ᠎ᠠ (ᠭᠠᠯᠰᠠᠩ ᠤ᠋ᠨ ᠬᠠᠮᠲᠤ)᠂ 《ᠦᠭᠡ ᠶᠢᠨ ᠰᠠᠩ ᠵᠦᠢ》 ᠶ᠋ᠢᠨ ᠨᠢᠭᠡ᠂ ᠬᠣᠶᠠᠷ᠂ ᠳᠥᠷᠪᠡ᠂ ᠲᠠᠪᠤᠳᠤᠭᠠᠷ ᠪᠦᠯᠦᠭ ᠦ᠋ᠨ ᠪᠦᠬᠦ ᠠᠭᠤᠯᠭ᠎ᠠ; ᠭᠤᠷᠪᠠᠳᠤᠭᠠᠷ ᠪᠦᠯᠦᠭ ᠦ᠋ᠨ ᠨᠢᠭᠡᠳᠦᠭᠡᠷ ᠵᠦᠢᠯ᠂ ᠵᠢᠷᠭᠤᠳᠤᠭᠠᠷ ᠪᠦᠯᠦᠭ ᠦᠨ ᠨᠢᠭᠡᠳᠦᠭᠡᠷ ᠵᠦᠢᠯ ᠦᠨ ᠪᠥᠬᠥ ᠠᠭᠤᠯᠭ᠎ᠠ; ᠵᠢᠷᠭᠤᠳᠤᠭᠠᠷ ᠪᠦᠯᠦᠭ ᠦᠨ ᠬᠣᠶᠠᠳᠤᠭᠠᠷ ᠵᠦᠢᠯ ᠦᠨ ᠵᠠᠷᠢᠮ ᠠᠭᠤᠯᠭ᠎ᠠ (ᠨᠠᠷᠠᠩᠭᠣᠸᠠ ᠶᠢᠨ ᠬᠠᠮᠲᠤ); 《ᠦᠭᠡ ᠵᠦᠢ》 ᠶᠢᠨ ᠨᠢᠭᠡᠳᠦᠭᠡᠷ ᠪᠦᠯᠦᠭ ᠦᠨ ᠪᠥᠬᠥ ᠠᠭᠤᠯᠭ᠎ᠠ ᠶᠢ ᠮᠢᠨᠦ ᠪᠡᠶ᠎ᠡ ᠥᠪᠡᠷᠴᠢᠯᠡᠨ ᠪᠢᠴᠢᠵᠦ ᠭᠦᠢᠴᠡᠳᠬᠡᠵᠡᠢ᠃
ᠲᠤᠰ ᠰᠤᠷᠬᠤ ᠪᠢᠴᠢᠭ ᠦᠨ ᠡᠬᠡ ᠪᠢᠴᠢᠭ ᠦᠨ ᠲᠠᠬᠢᠨ ᠪᠣᠯᠪᠠᠰᠤᠷᠠᠭᠤᠯᠬᠤ ᠠᠵᠢᠯ ᠢ ᠡᠬᠢᠨ ᠦ ᠵᠠᠰᠠᠯᠲᠠ ᠶᠢᠨ ᠳᠠᠷᠠᠭ᠎ᠠ ᠴᠣᠬᠣᠮ ᠳ᠋ᠠᠭᠠᠨ ᠤᠤᠯ ᠪᠢᠴᠢᠭᠴᠢ ᠪᠡᠷ ᠨᠢ ᠰᠢᠢᠳᠪᠦᠷᠢᠯᠡᠭᠦᠯᠦᠭᠰᠡᠨ ᠪᠠᠢᠪᠠᠯ ᠵᠣᠬᠢᠬᠤ ᠪᠠᠢᠭᠰᠠᠨ᠃ ᠰᠤᠷᠬᠤ ᠪᠢᠴᠢᠭ ᠬᠡᠪᠯᠡᠭᠦᠯᠵᠦ ᠠᠰᠢᠭᠯᠠᠬᠤ ᠴᠠᠭ ᠤᠨ ᠪᠠᠴᠢᠮ ᠠᠴᠠ ᠪᠣᠯᠵᠤ᠂ ᠡᠴᠦᠰ ᠦᠨ ᠵᠠᠰᠠᠯᠲᠠ ᠶᠢ ᠪᠢ ᠠᠷᠭ᠎ᠠ ᠪᠤᠰᠤ ᠬᠦᠯᠢᠶᠡᠵᠦ ᠳᠡᠭᠡᠷᠡᠩᠭᠦᠢ ᠣᠪᠣᠷ ᠢᠶᠠᠷ ᠠᠯᠪᠠᠳᠠᠯᠭᠠᠴᠢᠯᠠᠨ ᠵᠠᠰᠠᠭᠰᠠᠨ ᠤᠴᠢᠷ᠂ ᠡᠭᠦᠨ ᠦ ᠳᠤᠬᠠᠢ ᠳᠣᠪᠴᠢ ᠲᠡᠳᠦᠢ ᠳᠤᠰᠢᠶᠠᠮᠠᠷ ᠪᠠᠢᠨ᠎ᠠ᠃
ᠨᠢᠭᠡ ᠳ᠋ᠦ᠍᠂ ᠠᠭᠤᠯᠭ᠎ᠠ ᠶ᠋ᠢᠨ ᠲᠠᠯ᠎ᠠ ᠪᠠᠷ ᠵᠠᠷᠢᠮ ᠳᠠᠪᠬᠤᠷᠳᠠᠵᠤ ᠳᠠᠪᠲᠠᠭᠳᠠᠭᠰᠠᠨ ᠭᠡᠵᠦ ᠦᠵᠡᠭᠰᠡᠨ ᠵᠦᠢᠯᠡᠰ ᠢ᠋ ᠡᠮᠦᠨᠡᠬᠢ ᠳ᠋ᠤᠨᠢ ᠪᠠᠢᠪᠠᠯ ᠠᠷᠤ ᠳ᠋ᠠᠬᠢ ᠶ᠋ᠢ ᠬᠠᠰᠤᠭᠰᠠᠨ ᠪᠤᠶᠤ ᠨᠢᠭᠡᠳᠬᠡᠵᠡᠢ᠃ ᠵᠢᠱ᠌ᠢᠶᠡᠳ ᠢ᠋ᠶ᠋ᠠᠨ ᠲᠠᠢᠯᠪᠤᠷᠢᠯᠠᠭᠰᠠᠨ ᠵᠦᠢᠯ ᠢ᠋ ᠣᠯᠠᠩᠬᠢ ᠶ᠋ᠢ ᠬᠠᠰᠤᠭᠰᠠᠨ ᠪᠤᠶᠤ ᠠᠪᠰᠠᠷᠵᠢᠭᠤᠯᠵᠠᠢ; 《ᠬᠡᠯᠡ ᠰᠢᠨᠵᠢᠯᠡᠯ ᠦ᠋ᠨ ᠤᠳᠤᠷᠢᠳᠬᠠᠯ》 ᠳ᠋ᠤ᠌ ᠲᠣᠬᠢᠶᠠᠯᠳᠤᠬᠤ ᠵᠠᠷᠢᠮ ᠠᠭᠤᠯᠭ᠎ᠠ᠂ ᠤᠬᠠᠭᠳᠠᠬᠤᠨ ᠢ᠋ ᠣᠯᠠᠩᠬᠢ ᠶ᠋ᠢ ᠬᠠᠰᠤᠭᠰᠠᠨ ᠪᠤᠶᠤ ᠲᠣᠪᠴᠢᠯᠠᠵᠠᠢ; ᠨᠤᠲᠠᠯᠠᠵᠤ ᠪᠠᠲᠤᠯᠠᠵᠤ ᠥᠭᠦᠯᠡᠭᠰᠠᠨ ᠡᠷᠳᠡᠮ ᠰᠢᠨᠵᠢᠯᠡᠭᠡᠨ ᠦ᠌ ᠰᠢᠨᠵᠢ ᠲᠡᠢ ᠥᠭᠦᠯᠡᠮᠵᠢ ᠶ᠋ᠢ ᠬᠠᠰᠤᠭᠰᠠᠨ ᠪᠤᠶᠤ ᠰᠤᠯᠠᠳᠬᠠᠵᠠᠢ᠃ ᠮᠥᠨ ᠵᠠᠷᠢᠮ ᠵᠢᠱ᠌ᠢᠶᠡᠳ ᠦ᠋ᠨ ᠤᠷᠲᠤ ᠪᠣᠯᠤᠣᠭᠰᠠᠨ᠂ ᠢᠯᠡᠭᠦᠳᠡᠭᠰᠡᠨ ᠭᠡᠵᠦ ᠦᠵᠡᠭᠰᠡᠨ ᠵᠦᠢᠯ ᠢ᠋ ᠠᠪᠰᠡᠷᠵᠢᠭᠤᠯᠤᠨ ᠰᠣᠯᠢᠵᠠᠢ᠃ ᠡᠢᠨ ᠬᠦ᠌ ᠪᠦᠬᠦ ᠰᠤᠷᠬᠤ ᠪᠢᠴᠢᠭ ᠲᠦ᠍ ᠨᠡᠮᠡᠭᠳᠡᠭᠰᠡᠨ ᠵᠦᠢᠯ ᠴᠥᠭᠡᠨ ᠪᠥᠭᠡᠳ ᠬᠠᠰᠤᠭᠳᠠᠭᠰᠠᠨ ᠵᠦᠢᠯ ᠢᠯᠡᠭᠦᠦ ᠪᠣᠯᠵᠠᠢ᠃ ᠪᠦᠬᠥᠢᠯᠡ ᠳ᠋ᠦ᠍ᠨᠢ ᠦᠵᠡᠪᠡᠯ᠂ ᠬᠠᠰᠤᠭᠳᠠᠭᠰᠠᠨ ᠠᠭᠤᠯᠭ᠎ᠠ ᠪᠠᠷᠤᠭ ᠭᠤᠷᠪᠠᠨ ᠤ᠋ ᠨᠢᠭᠡ ᠬᠤᠪᠢ ᠣᠷᠴᠢᠮ ᠪᠣᠯᠤᠭᠰᠠᠨ ᠪᠠᠢᠵᠤ ᠮᠡᠳᠡᠨ᠎ᠡ᠃
ᠬᠣᠶᠠᠷ ᠲᠤ᠌᠂ ᠰᠢᠰᠲ᠋ᠧᠮ ᠦ᠋ᠨ ᠲᠠᠯ᠎ᠠ ᠪᠠᠷ ᠵᠠᠷᠢᠮ ᠠᠭᠤᠯᠭ᠎ᠠ ᠶ᠋ᠢ ᠨᠡᠢᠯᠡᠭᠦᠯᠵᠤ᠂ ᠰᠠᠯᠭᠠᠵᠤ᠂ ᠰᠣᠯᠢᠭᠰᠠᠨ ᠵᠦᠢᠯ ᠡᠳᠦᠢ ᠲᠡᠳᠦᠢ ᠪᠣᠢ᠃ ᠳᠤᠬᠠᠢᠯᠠᠪᠠᠯ ᠂ 《ᠴᠡᠭ ᠲᠡᠮᠳᠡᠭ》 ᠭᠡᠭᠴᠢ ᠶ᠋ᠢ 《ᠥᠭᠦᠯᠡᠪᠦᠷᠢ ᠶ᠋ᠢᠨ ᠵᠣᠭᠰᠣᠯᠲᠠ᠂ ᠠᠶᠠᠰ》 ᠭᠡᠭᠴᠢ ᠲᠡᠢ ᠨᠢᠭᠡᠳᠬᠡᠭᠰᠡᠨ 《ᠵᠠᠳᠠᠯᠤᠭ ᠬᠠᠮ ᠪᠦᠲᠦᠴᠡ》 ᠭᠡᠭᠴᠢ ᠶ᠋ᠢ ᠬᠣᠯᠪᠣᠭ᠎ᠠ ᠦᠭᠡ ᠡᠴᠡ ᠬᠠᠰᠤᠵᠤ 《ᠥᠭᠦᠯᠡᠪᠦᠷᠢ ᠵᠦᠢ ᠶ᠋ᠢᠨ ᠬᠣᠯᠪᠣᠭᠠᠨ ᠤ᠋ ᠬᠠᠷᠢᠴᠠᠭ᠎ᠠ》 ᠳ᠋ᠠᠬᠢ 《ᠨᠥᠬᠥᠪᠥᠷᠢᠯᠡᠬᠦ ᠬᠠᠷᠢᠴᠠᠭ᠎ᠠ》 ᠳ᠋ᠤ᠌ ᠨᠢᠭᠡᠳᠬᠡᠭᠰᠡᠨ 《ᠲᠡᠮᠳᠡᠭ ᠦᠢᠯᠡ》 ᠪᠠ 《ᠨᠥᠬᠥᠴᠡᠯ ᠦᠢᠯᠡ》 ᠶ᠋ᠢ ᠨᠡᠢᠯᠡᠭᠦᠯᠵᠤ 《ᠦᠭᠡ ᠬᠤᠪᠢᠯᠭᠠᠬᠤ ᠶᠣᠰᠤᠠ》 ᠳ᠋ᠠᠬᠢ 《ᠦᠢᠯᠡ ᠶ᠋ᠢᠨ ᠬᠣᠯᠪᠣᠬᠤ ᠬᠤᠪᠢᠯᠤᠯ》 ᠭᠡᠬᠦ ᠠᠩᠭᠢ ᠪᠣᠯᠭᠠᠭᠰᠠᠨ ᠭᠡᠬᠦ ᠵᠡᠷᠭᠡ ᠡᠳᠦᠢ ᠲᠡᠳᠦᠢ ᠵᠦᠢᠯ ᠤᠷᠢᠳᠠᠬᠢ ᠬᠡᠪᠯᠡᠭᠳᠡᠭᠰᠡᠨ ᠰᠤᠷᠬᠤ ᠪᠢᠴᠢᠭ ᠦ᠋ᠳ ᠡᠴᠡ ᠣᠨᠴᠠᠭᠠᠢᠷᠠᠵᠠᠢ᠃
ᠭᠤᠷᠪᠠ ᠳ᠋ᠤ᠌᠂ ᠨᠡᠷ᠎ᠡ ᠲᠣᠮᠢᠶᠠᠨ ᠤ᠋ ᠲᠠᠯ᠎ᠠ ᠪᠠᠷ ᠬᠡᠷᠡᠭᠴᠡᠭᠡ ᠶ᠋ᠢ ᠦᠨᠳᠦᠰᠦᠯᠡᠵᠦ ᠴᠥᠭᠡᠨ ᠬᠡᠳᠦ ᠶ᠋ᠢ ᠵᠣᠬᠢᠶᠠᠭᠰᠠᠨ ᠪᠠ ᠪᠠᠰᠠ ᠨᠡᠯᠢᠶᠡᠳ ᠨᠡᠷ᠎ᠡ ᠲᠣᠮᠢᠶ᠎ᠠ ᠶ᠋ᠢ ᠠᠪᠰᠡᠷᠵᠢᠭᠤᠯᠬᠤ᠂ ᠵᠢᠭᠳᠡᠷᠡᠭᠦᠯᠬᠦ ᠠᠵᠢᠯ ᠬᠢᠵᠡᠢ᠃ ᠳᠤᠬᠠᠢᠯᠠᠪᠡᠯ᠂ 《ᠬᠡᠪᠰᠢᠮᠡᠯ ᠦᠭᠡ᠂ ᠬᠡᠪᠰᠢᠮᠡᠯ ᠬᠡᠯᠡᠴᠡ᠂ ᠵᠠᠯᠭᠠᠪᠤᠷᠢ》 ᠭᠡᠬᠦ ᠵᠡᠷᠭᠡ ᠵᠣᠬᠢᠶᠠᠭᠳᠠᠵᠤ ᠣᠷᠣᠭᠰᠠᠨ᠃ 《ᠤᠳᠬᠠᠯᠠᠪᠤᠷᠢ᠂ ᠤᠳᠬᠠᠯᠠᠭᠠᠰᠤ᠂ ᠳᠠᠭᠠᠪᠤᠷᠢ 》 ᠭᠡᠭᠴᠢ ᠶ᠋ᠢ ᠡᠷᠳᠡᠮᠲᠡᠳ ᠦ᠋ᠨ ᠬᠡᠷᠡᠭᠯᠡᠯᠲᠡ ᠡᠴᠡ ᠣᠨᠳᠣᠣ ᠪᠣᠯᠭᠠᠭᠰᠠᠨ ᠨᠢ ᠭᠣᠣᠯᠳᠠᠭᠤ ᠠᠪᠰᠠᠷᠬᠠᠨ ᠪᠣᠯᠭᠠᠬᠤ ᠭᠡᠰᠡᠨ ᠪᠤᠶᠤ ᠪᠤᠰᠤᠳ ᠨᠡᠷ᠎ᠡ ᠲᠣᠮᠢᠶ᠎ᠠ ᠲᠠᠢ ᠵᠢᠭᠳᠡᠷᠡᠭᠦᠯᠬᠦ ᠭᠡᠰᠡᠨ;《ᠵᠠᠬᠢᠷᠬᠤ ᠬᠠᠷᠢᠴᠠᠭ᠎ᠠ᠂ ᠵᠡᠷᠭᠡᠴᠡᠬᠦ ᠬᠠᠷᠢᠴᠠᠭ᠎ᠠ᠂ ᠬᠤᠷᠢᠶᠠᠭᠴᠢ ᠪᠦᠷᠢᠯᠳᠤᠦᠭᠦᠨ᠂ ᠳᠠᠪᠲᠠᠨ ᠵᠢᠭᠠᠭᠴᠢ ᠪᠦᠷᠢᠯᠳᠦᠬᠦᠨ᠂ ᠬᠠᠨᠳᠤᠯᠭ᠎ᠠ ᠪᠦᠷᠢᠯᠳᠦᠬᠦᠨ᠂ ᠣᠷᠣᠭᠤᠯᠪᠤᠷᠢ ᠪᠦᠷᠢᠯᠳᠦᠬᠦᠨ》 ᠭᠡᠬᠦ ᠮᠡᠲᠦ ᠪᠡᠷ ᠬᠡᠷᠡᠭᠯᠡᠭᠰᠡᠨ ᠨᠢ ᠤᠤᠯ ᠨᠡᠷ᠎ᠡ ᠶ᠋ᠢ ᠣᠳᠣ ᠢᠷᠡᠭᠡᠳᠦᠢ ᠴᠠᠭ ᠤ᠋ᠨ ᠲᠡᠮᠳᠡᠭ ᠦᠢᠯᠡ ᠪᠡᠷ ᠨᠢᠭᠡᠳᠬᠡᠨ ᠨᠡᠷᠡᠰᠢᠭᠦᠯᠬᠦ ᠪᠤᠶᠤ ᠵᠢᠭᠳᠡᠷᠡᠭᠦᠯᠬᠦ ᠭᠡᠰᠡᠨ ᠣᠷᠣᠯᠳᠣᠯᠭ᠎ᠠ ᠪᠣᠯᠤᠨ᠎ᠠ᠃
ᠳᠥᠷᠪᠡ ᠳ᠋ᠦ᠍᠂ ᠪᠢᠴᠢᠯᠭᠡ ᠶ᠋ᠢᠨ ᠶᠠᠪᠤᠴᠠ ᠪᠠ ᠵᠠᠭᠪᠤᠷ ᠤ᠋ᠨ ᠲᠠᠯ᠎ᠠ ᠪᠠᠷ ᠣᠯᠠᠨ ᠶᠠᠩᠵᠤ ᠶ᠋ᠢᠨ ᠬᠢ ᠶ᠋ᠢ ᠴᠢᠳᠠᠬᠤᠢᠴᠠ ᠨᠢᠭᠡᠳᠬᠡᠬᠦ ᠭᠡᠵᠦ ᠣᠷᠣᠯᠳᠣᠵᠠᠢ᠃ ᠲᠤᠬᠠᠢᠯᠠᠪᠠᠯ᠂ ᠳᠠᠪᠲᠠᠬᠤ ᠰᠡᠳᠦᠪ ᠦ᠋ᠳ ᠠᠳᠠᠯᠢ ᠪᠤᠰᠤ ᠨᠢᠭᠡᠴᠢ ᠳ᠋ᠦ᠍ ᠪᠠᠢᠭᠰᠠᠨ᠂ ᠡᠰᠡᠪᠡᠯ ᠪᠠᠢᠬᠤ ᠦᠭᠡᠢ ᠶ᠋ᠢ ᠴᠥᠮ ᠪᠦᠯᠦᠭ ᠦ᠋ᠨ ᠠᠷᠤ ᠳ᠋ᠤ᠌ ᠲᠠᠯᠪᠢᠭᠰᠠᠨ ᠪᠠ ᠰᠢᠨ᠎ᠡ ᠪᠡᠷ ᠣᠢᠯᠡᠳᠤᠭᠰᠡᠨ ᠪᠦᠯᠦᠭ᠂ ᠵᠦᠢᠯ ᠦ᠋ᠨ ᠭᠠᠷᠴᠠᠭ᠂ ᠨᠢᠭᠡᠴᠢ ᠶ᠋ᠢᠨ ᠳᠡᠰ ᠳᠠᠪᠬᠤᠷᠭ᠎ᠠ ᠶ᠋ᠢ ᠳᠡᠭᠡᠭᠰᠢᠯᠡᠭᠦᠯᠵᠦ ᠳᠣᠷᠣᠭᠰᠢᠯᠠᠭᠤᠯᠵᠤ ᠵᠠᠷᠢᠮ ᠵᠦᠢᠯ ᠳ᠋ᠦ᠍ ᠲᠣᠬᠢᠷᠠᠭᠤᠯᠤᠯᠲᠠ ᠬᠢᠭᠰᠡᠨ ᠵᠦᠢᠯ ᠵᠥᠩᠳᠡᠭᠡᠨ; ᠮᠥᠨ ᠡᠢᠮᠦ ᠬᠡᠷᠡᠭᠴᠡᠭᠡ ᠱᠠᠭᠠᠷᠳᠠᠯᠭ᠎ᠠ ᠠ᠋ᠴᠠ ᠪᠠᠳᠠᠭ ᠬᠡᠰᠡᠭ ᠢ᠋ᠶ᠋ᠡᠷ ᠪᠠᠢᠷᠢ ᠰᠣᠯᠢᠭᠰᠠᠨ᠂ ᠳᠠᠬᠢᠵᠤ ᠪᠢᠴᠢᠭᠰᠡᠨ᠂ ᠠᠪᠰᠠᠷᠵᠢᠭᠤᠯᠤᠭᠰᠠᠨ᠂ ᠳᠡᠯᠭᠡᠷᠡᠭᠦᠯᠦᠭᠰᠡᠨ᠂ ᠬᠠᠰᠤᠭᠰᠠᠨ ᠵᠡᠷᠭᠡ ᠠᠭᠤᠯᠭ᠎ᠠ ᠨᠡᠯᠢᠶᠡᠳ ᠣᠯᠠᠨ᠃
ᠲᠠᠪᠤ ᠳ᠋ᠤ᠌᠂ ᠦᠭᠡ ᠬᠡᠯᠡᠯᠭᠡ ᠨᠠᠢᠷᠠᠭᠤᠯᠭ᠎ᠠ ᠥᠭᠦᠯᠡᠮᠵᠢ ᠶ᠋ᠢᠨ ᠲᠠᠯ᠎ᠠ ᠪᠠᠷ ᠴᠢᠳᠠᠬᠤᠢᠴᠠ ᠲᠣᠪᠴᠢ ᠲᠣᠳᠣᠷᠬᠠᠢ᠂ ᠣᠢᠯᠠᠭᠠᠮᠵᠢᠲᠠᠢ ᠪᠣᠯᠭᠠᠬᠤ ᠭᠡᠰᠡᠨ ᠵᠣᠷᠢᠯᠲᠠ ᠪᠠᠷ ᠪᠠᠰᠠ ᠨᠡᠯᠢᠶᠡᠳ ᠵᠠᠰᠠᠯᠲᠠ ᠬᠢᠵᠡᠢ᠃ ᠡᠭᠦᠨ ᠳ᠋ᠦ᠍ ᠵᠠᠷᠢᠮ ᠠᠭᠤᠯᠭ᠎ᠠ ᠢᠯᠡᠳᠬᠡᠮᠵᠢ ᠶ᠋ᠢ ᠨᠥᠯᠥᠭᠡᠯᠡᠬᠦ ᠦᠭᠡᠢ ᠪᠠᠢᠳᠠᠯ ᠳᠣᠣᠷ᠎ᠠ ᠵᠠᠷᠢᠮ ᠥᠭᠦᠯᠡᠮᠵᠢ ᠶ᠋ᠢ ᠬᠠᠰᠤᠭᠰᠠᠨ᠂ ᠠᠪᠰᠡᠷᠵᠢᠭᠤᠯᠤᠭᠰᠠᠨ ᠪᠢᠴᠢᠭᠴᠢ ᠶ᠋ᠢᠨ ᠥᠪᠡᠷᠮᠢᠴᠡ ᠬᠡᠪ ᠨᠡᠮᠪᠠᠯᠢᠭ ᠬᠡᠯᠡᠯᠭᠡ ᠢᠯᠡᠳᠬᠡᠮᠵᠢ ᠶ᠋ᠢ ᠴᠢᠳᠠᠬᠤᠢᠴᠠ ᠰᠤᠯᠠᠷᠠᠭᠤᠯᠤᠭᠰᠠᠨ; ᠰᠢᠨ᠎ᠡ ᠪᠡᠷ ᠬᠡᠪᠯᠡᠭᠳᠡᠭᠰᠡᠨ ᠵᠥᠪ ᠪᠢᠴᠢᠯᠭᠡ ᠶ᠋ᠢᠨ ᠲᠣᠯᠢ ᠶ᠋ᠢᠨ ᠵᠢᠷᠤᠮ ᠢ᠋ᠶ᠋ᠠᠷ ᠥᠭᠦᠯᠡᠮᠵᠢ ᠪᠠ ᠦᠭᠡ ᠦᠰᠭ᠂ ᠴᠠᠭᠠᠰᠢᠯᠠᠪᠠᠯ ᠡᠰᠢᠯᠡᠭᠰᠡᠨ ᠵᠢᠱ᠌ᠢᠶᠠ ᠳ᠋ᠤ᠌ ᠬᠦᠷᠲᠡᠯ᠎ᠡ ᠵᠠᠰᠠᠯᠲᠠ ᠣᠷᠣᠭᠤᠯᠵᠠᠢ᠃
ᠡᠨᠡ ᠮᠡᠲᠦᠴᠢᠯᠡᠨ ᠣᠬᠣᠷᠬᠠᠨ ᠬᠤᠭᠤᠴᠠᠭᠠᠨ ᠳ᠋ᠤ᠌ ᠨᠠᠷᠢᠨ ᠲᠤᠩᠭᠠᠭᠠᠨ ᠪᠣᠯᠪᠠᠰᠤᠷᠠᠭᠤᠯᠤᠭᠰᠠᠨ ᠦᠭᠡᠢ᠂ ᠢᠯᠠᠩᠭᠤᠶ᠎ᠠ ᠪᠢᠴᠢᠵᠦ ᠨᠠᠢᠷᠠᠭᠤᠯᠤᠭᠰᠠᠨ ᠡᠵᠡᠨ ᠬᠥᠮᠦᠨ ᠲᠡᠢ ᠶᠠᠷᠢᠯᠴᠠᠵᠤ ᠵᠥᠪᠳᠡᠭᠰᠠᠨ ᠦᠭᠡᠢ ᠪᠡᠷ ᠰᠠᠨᠠᠭᠠᠴᠢᠯᠠᠨ ᠱᠤᠯᠤᠵᠤ ᠠᠯᠪᠠᠳᠠᠯᠭᠠᠴᠢᠯᠠᠨ ᠵᠠᠯᠠᠭᠰᠠᠨ ᠶᠠᠪᠤᠳᠠᠯ ᠮᠢᠨᠢ ᠮᠠᠰᠢ ᠬᠠᠷᠠᠮᠰᠠᠯᠲᠠᠢ ᠶᠤᠮ᠂ ᠡᠢᠨ ᠬᠦ᠌ ᠵᠠᠰᠠᠵᠤ ᠵᠠᠯᠠᠭᠰᠠᠨ ᠵᠦᠢᠯ ᠡᠴᠡ ᠪᠣᠯᠤᠭᠰᠠᠨ ᠠᠰᠠᠭᠤᠳᠠᠯ ᠠᠯᠳᠠᠭ᠎ᠠ ᠶ᠋ᠢ ᠮᠢᠨᠦ ᠪᠡᠶ᠎ᠡ ᠳᠤᠷᠠᠲᠠᠢᠶ᠎ᠠ ᠬᠦᠯᠢᠶᠡᠨ ᠡᠭᠦᠷᠭᠡᠯᠡᠬᠦ ᠪᠣᠯᠤᠨ᠎ᠠ᠃
ᠶᠠᠭᠤ ᠴᠤ᠌ ᠭᠡᠰᠡᠨ ᠰᠤᠷᠬᠤ ᠪᠢᠴᠢᠭ ᠪᠣᠯᠵᠤ ᠬᠡᠪᠯᠡᠭᠳᠡᠭᠡᠳ ᠮᠡᠷᠭᠡᠵᠢᠯ ᠨᠢᠭᠡᠲᠡᠢ ᠪᠠᠭᠰᠢ ᠰᠤᠷᠤᠭᠴᠢ ᠪᠠ ᠬᠠᠮᠢᠶ᠎ᠠ ᠪᠦᠬᠦᠢ ᠰᠣᠨᠢᠷᠬᠠᠭᠴᠢᠳ ᠲᠠ ᠪᠦᠬᠦᠨ ᠦ᠌ ᠭᠠᠷ ᠲᠤ᠌ ᠳᠡᠪᠰᠢᠭᠦᠯᠦᠨ ᠪᠠᠷᠢᠭᠤᠯᠵᠤ ᠪᠠᠢᠨ᠎ᠠ᠃ ᠡᠨᠡ ᠮᠠᠨᠢ ᠮᠠᠨ ᠤ᠋ ᠦᠨᠳᠦᠰᠦᠲᠡᠨ ᠦ᠌ ᠦᠭᠡ ᠬᠡᠯᠡ ᠦᠰᠦᠭ ᠪᠢᠴᠢᠭ ᠦ᠋ᠨ ᠰᠤᠳᠤᠯᠭᠠᠨ ᠳ᠋ᠤ᠌ ᠲᠦᠯᠬᠢᠭᠦᠷ ᠢ᠋ ᠡᠵᠡᠮᠰᠢᠬᠦ ᠶ᠋ᠢᠨ ᠰᠢᠵᠢᠮ ᠪᠣᠯᠵᠤ ᠰᠣᠶᠣᠯ ᠤ᠋ᠨ ᠳᠡᠭᠡᠭᠰᠢᠯᠡᠯᠲᠡ ᠳ᠋ᠦ᠍ ᠱᠠᠲᠤ ᠶ᠋ᠢ ᠠᠪᠠᠷᠢᠬᠤ ᠶ᠋ᠢᠨ ᠰᠠᠭᠤᠷᠢ ᠪᠣᠯᠵᠤ ᠴᠢᠳᠠᠬᠤ ᠳ᠋ᠤ᠌ ᠬᠦᠷᠪᠡᠯ ᠨᠠᠢᠷᠠᠭᠤᠯᠤᠭᠴᠢ ᠪᠢᠳᠡ ᠪᠦᠬᠦᠨ ᠦ᠌ ᠪᠠᠶᠠᠷ ᠮᠥᠨ ᠪᠢᠯᠡ᠃ ᠮᠠᠨ ᠤ᠋ ᠡᠨᠡ ᠰᠤᠷᠬᠤ ᠪᠢᠴᠢᠭ ᠡᠬᠢᠯᠡᠵᠦ ᠨᠠᠢᠷᠠᠭᠤᠯᠬᠤ ᠠ᠋ᠴᠠ ᠬᠡᠪᠯᠡᠭᠳᠡᠨ ᠲᠠᠷᠬᠠᠭᠠᠬᠤ ᠬᠦᠷᠲᠡᠯ᠎ᠡ ᠮᠠᠰᠢ ᠣᠯᠠᠨ ᠤᠳᠤᠷᠢᠳᠤᠯᠭ᠎ᠠ᠂ ᠪᠠᠭᠰᠢ ᠰᠤᠷᠤᠭᠴᠢ᠂ ᠠᠵᠢᠯ ᠮᠡᠷᠭᠡᠵᠢᠯ ᠨᠢᠭᠡᠲᠡᠳ᠂ᠴᠠᠭᠠᠰᠢᠯᠠᠪᠠᠯ ᠵᠠᠷᠢᠮ ᠶᠠᠮᠠᠷ ᠴᠤ᠌ ᠠᠵᠢᠯ ᠦᠨ ᠬᠠᠷᠢᠴᠠᠭ᠎ᠠ ᠦᠭᠡᠢ ᠬᠠᠯᠠᠭᠤᠨ ᠰᠡᠳᠬᠢᠯᠲᠡᠨ ᠦ ᠵᠢᠯᠣᠭᠣᠳᠤᠯᠭ᠎ᠠ ᠳᠡᠮᠵᠢᠯᠭᠡ᠂ ᠰᠠᠨᠠᠯ ᠵᠥᠪᠯᠡᠯᠭᠡ᠂ ᠭᠦᠰᠡᠯ ᠨᠠᠢᠢᠳᠠᠯᠭ᠎ᠠ ᠶᠢ ᠬᠦᠷᠲᠡᠭᠰᠡᠨ ᠶᠤᠮ᠃ ᠡᠨᠳᠡ ᠲᠡᠳᠡ ᠨᠠᠷ ᠪᠥᠬᠥᠨ ᠳᠦ ᠴᠢᠩ ᠰᠡᠳᠬᠢᠯ ᠡᠴᠡ ᠪᠡᠨ ᠲᠠᠯᠠᠷᠬᠠᠵᠤ ᠪᠠᠢᠨ᠎ᠠ᠃ ᠨᠠᠢᠷᠠᠭᠤᠯᠬᠤ ᠶᠠᠪᠤᠴᠠ ᠳᠤ ᠠᠵᠢᠯ ᠨᠢᠭᠡᠲᠡᠢ ᠢᠳᠡᠷ ᠵᠠᠯᠠᠭᠤ ᠳᠣᠯᠣᠭᠠᠨ ᠪᠠᠭᠰᠢ ᠮᠠᠨᠢ ᠰᠡᠳᠬᠢᠯ ᠨᠢᠭᠡᠳᠦᠨ ᠬᠦᠴᠦᠯᠡᠨ ᠴᠢᠷᠮᠠᠢᠵᠤ ᠨᠠᠢᠷᠠᠭᠤᠯᠵᠤ ᠪᠢᠴᠢᠬᠦ ᠡᠭᠦᠷᠭᠡ ᠪᠡᠨ ᠬᠠᠩᠭᠠᠮᠵᠢᠲᠠᠢ ᠪᠡᠶᠡᠯᠡᠭᠦᠯᠵᠡᠢ᠃ ᠡᠬᠡ ᠪᠢᠴᠢᠭ ᠦᠨ ᠪᠣᠯᠪᠠᠰᠤᠷᠠᠯᠲᠠ ᠳᠤ ᠲᠥᠪ ᠦᠨ ᠦᠨᠳᠦᠰᠦᠲᠡᠨ ᠦ ᠶᠡᠬᠡ ᠰᠤᠷᠭᠠᠭᠤᠯᠢ ᠶᠢᠨ ᠫᠷᠣᠹᠧᠰᠰᠣᠷ ᠠᠯᠳᠠᠷᠲᠤ ᠬᠡᠯᠡ ᠰᠢᠨᠵᠢᠯᠡᠯᠲᠡᠨ ᠬᠠᠰᠡᠷᠳᠡᠨᠢ ᠪᠠᠭᠰᠢ ᠮᠢᠨᠢ ᠠᠭᠰᠢᠷᠠᠭ᠎ᠠ ᠪᠡᠶ᠎ᠡ ᠪᠡᠨ ᠴᠢᠯᠡᠭᠡᠵᠦ ᠠᠩᠬᠠᠨ ᠤ ᠡᠬᠡ ᠪᠢᠴᠢᠭ ᠪᠠ ᠵᠠᠰᠠᠮᠵᠢᠯᠠᠭᠰᠠᠨ ᠬᠠᠷᠭᠤᠭᠤᠯᠤᠭ᠎ᠠ ᠶᠢᠨ ᠡᠬᠡ ᠪᠢᠴᠢᠭ ᠢ ᠬᠣᠶᠠᠷᠳᠠ ᠬᠢᠨᠠᠵᠤ ᠤᠩᠰᠢᠭᠠᠳ ᠮᠠᠰᠢ ᠣᠯᠠᠨ ᠦᠨ᠎ᠡ ᠴᠠᠨ᠎ᠠ ᠲᠡᠢ ᠰᠠᠨᠠᠯ ᠵᠥᠪᠯᠡᠯᠭᠡ ᠬᠦᠷᠲᠡᠭᠡᠵᠡᠢ᠃ ᠡᠬᠡ ᠪᠢᠴᠢᠭ ᠢ᠋ ᠰᠢᠭᠦᠨ ᠶᠠᠷᠢᠯᠴᠠᠬᠤ ᠬᠤᠷᠠᠯ ᠳ᠋ᠤ᠌ ᠬᠠᠨ ᠶᠦᠩ ᠵᠢᠦ ᠳᠠᠷᠤᠭ᠎ᠠ ᠪᠠ ᠠᠨ ᠵᠸᠠ ᠪᠠᠩ ᠡᠷᠬᠢᠯᠡᠭᠴᠢ ᠪᠡᠶ᠎ᠡ ᠪᠡᠷ ᠢ᠋ᠶ᠋ᠡᠨ ᠣᠷᠣᠯᠴᠠᠵᠤ ᠰᠢᠭᠦᠨ ᠵᠠᠰᠠᠬᠤ ᠵᠢᠭᠠᠪᠤᠷᠢ ᠰᠠᠨᠠᠯ ᠢ᠋ᠶ᠋ᠠᠨ ᠬᠦᠷᠲᠡᠭᠡᠵᠦ᠂ ᠱᠠᠯᠠᠪᠳᠠᠨ ᠬᠡᠪᠯᠡᠭᠦᠯᠬᠦ ᠱᠠᠭᠠᠷᠳᠠᠯᠭ᠎ᠠ ᠲᠠᠯᠪᠢᠭᠰᠠᠨ ᠶᠤᠮ᠃ ᠨᠣᠮ ᠪᠣᠯᠵᠤ ᠬᠡᠪᠯᠡᠭᠳᠡᠬᠦ ᠠᠵᠢᠯ ᠳ᠋ᠤ᠌ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶᠠᠨ ᠤ᠋ ᠳᠡᠳ᠋ ᠬᠢᠨᠠᠨ ᠨᠠᠢᠷᠠᠭᠤᠯᠤᠭᠴᠢ ᠬᠠᠰᠪᠠᠭᠠᠨ᠎ᠠ ᠨᠠᠢᠵᠢ ᠬᠠᠷᠢᠭᠤᠴᠠᠨ ᠨᠠᠢᠷᠠᠭᠤᠯᠵᠤ ᠬᠡᠪᠯᠡᠯ ᠦ᠋ᠨ ᠲᠠᠯ᠎ᠠ ᠪᠠᠷ ᠬᠢ ᠮᠡᠷᠭᠡᠵᠢᠯ ᠦ᠋ᠨ ᠣᠯᠠᠨ ᠠᠰᠠᠭᠤᠳᠠᠯ ᠢ᠋ ᠲᠣᠬᠢᠲᠠᠢ ᠰᠠᠢᠬᠠᠨ ᠰᠢᠢᠳᠪᠦᠷᠢᠯᠡᠵᠦ ᠥᠭᠴᠡᠢ᠃ ᠬᠡᠪᠯᠡᠯ ᠦ᠋ᠨ ᠬᠣᠷᠢᠶᠠᠨ ᠤ᠋ ᠬᠠᠷᠢᠭᠤᠴᠠᠯᠭᠠᠲᠠᠨ ᠨᠠᠢᠷᠠᠭᠤᠯᠤᠭᠴᠢᠳ᠂ ᠺᠣᠮᠫᠢᠦ᠋ᠲ᠋ᠧᠷ ᠦ᠋ᠨ ᠦᠰᠦᠭᠯᠡᠭᠴᠢᠳ᠂ ᠤᠷᠠᠯᠠᠭᠴᠢ᠂ ᠬᠠᠷᠭᠤᠭᠤᠯᠤᠭᠴᠢ᠂ ᠬᠡᠪᠯᠡᠭᠴᠢᠳ᠂ ᠳᠡᠪᠲᠡᠷᠯᠡᠭᠴᠢᠳ ᠥᠪᠡᠷ ᠦ᠋ᠨ ᠬᠦᠴᠦ ᠬᠥᠳᠡᠯᠮᠦᠷᠢ ᠪᠡᠨ ᠬᠠᠷᠠᠮ ᠦᠭᠡᠢ ᠡᠷᠭᠦᠵᠡᠢ᠃ ᠲᠡᠳᠡ ᠪᠦᠬᠦᠨ ᠳ᠋ᠦ᠍ ᠪᠢᠳᠡ ᠮᠥᠨ ᠴᠢᠩ ᠰᠡᠳᠬᠢᠯ ᠦ᠋ᠨ ᠲᠡᠯᠡᠷᠠᠬᠠᠯ ᠳᠡᠪᠰᠢᠭᠦᠯᠦᠶ᠎ᠡ᠃
ᠲᠤᠰ ᠨᠣᠮ ᠢ᠋ ᠨᠠᠢᠷᠠᠭᠤᠯᠬᠤ ᠡᠭᠦᠷᠭᠡ ᠬᠦᠨᠳᠦ᠂ ᠴᠠᠭ ᠪᠠᠴᠢᠮ ᠤ᠋ᠨ ᠳᠡᠭᠡᠷ᠎ᠡ ᠮᠠᠨ ᠤ᠋ ᠮᠡᠳᠡᠯᠭᠡ ᠶ᠋ᠢᠨ ᠬᠠᠷᠠᠭ᠎ᠠ ᠴᠢᠳᠠᠪᠤᠷᠢ ᠶ᠋ᠢᠨ ᠬᠡᠮᠵᠢᠶ᠎ᠡ ᠬᠢᠵᠠᠭᠠᠷ ᠠ᠋ᠴᠠ ᠪᠣᠯᠵᠤ ᠠᠯᠳᠠᠵᠤ ᠴᠠᠯᠠᠭᠠᠢᠳᠠᠭᠤᠯᠤᠭᠰᠠᠨ ᠵᠦᠢᠯᠡᠰ ᠪᠠᠢᠬᠤ ᠨᠢ ᠯᠠᠪᠲᠠᠢ ᠶᠤᠮ᠃ ᠮᠠᠨ ᠤ᠋ ᠪᠠᠬᠰᠢ ᠨᠠᠷ᠂ ᠰᠤᠷᠤᠭᠴᠢᠳ ᠪᠠ ᠤᠩᠰᠢᠭᠴᠢ ᠨᠥᠬᠥᠳ ᠰᠠᠨᠠᠯ ᠵᠥᠪᠯᠡᠯᠭᠡ᠂ ᠰᠢᠭᠦᠮᠵᠢ ᠠᠷᠢᠭᠤᠳᠬᠠᠯ ᠢ᠋ᠶ᠋ᠠᠨ ᠴᠠᠭ ᠲᠤᠬᠠᠢ ᠳ᠋ᠤᠨᠢ ᠢᠷᠡᠭᠦᠯᠬᠦ ᠶ᠋ᠢ ᠬᠦᠰᠡᠵᠦ᠂ ᠪᠢᠳᠡ ᠪᠦᠬᠦᠨ ᠦ᠌ ᠬᠤᠭᠣᠷᠣᠨᠳᠤ ᠡᠷᠳᠡᠮ ᠰᠤᠳᠤᠯᠭᠠᠨ ᠬᠢᠴᠢᠶᠡᠯ ᠬᠥᠮᠦᠵᠢᠯ ᠦ᠋ᠨ ᠲᠠᠯ᠎ᠠ ᠪᠠᠷ ᠪᠠᠢᠩᠭᠤ ᠶ᠋ᠢᠨ ᠪᠠᠷᠢᠯᠳᠤᠯᠭ᠎ᠠ ᠲᠠᠢ ᠪᠣᠯᠬᠤ ᠶ᠋ᠢ ᠵᠥᠩᠨᠡᠨ ᠨᠠᠢᠲᠠᠶᠠ᠃
ᠭᠠᠷᠤᠳᠢ
2000 ᠣᠨ ᠤ᠋ 11 ᠳ᠋ᠦ᠍ᠭᠡᠷ ᠰᠠᠷ᠎ᠠ ᠶ᠋ᠢᠨ 20 ᠤ᠋ ᠦᠬᠡᠷ ᠴᠠᠭ ᠲᠤ᠌
ᠬᠠᠷᠬᠤᠨᠠ ᠬᠠᠨ ᠤ᠋ ᠥᠯᠭᠡ ᠳ᠋ᠡᠬᠢ ᠪᠢᠴᠢᠭ ᠦ᠋ᠨ ᠦᠷᠦᠭᠡᠨᠠ ᠲᠡᠮᠲᠡᠭᠯᠡᠪᠡᠢ᠃
