ᠪᠠᠲᠤ ᠬᠠᠭᠠᠨ 5-11ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠠᠩᠭᠢᠯᠠᠯ:ᠲᠤᠭᠤᠵᠢ ᠷᠣᠮᠠᠨТоож роман 2025-11-03
195
ᠠᠷᠪᠠᠨ ᠨᠢᠭᠡ ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ ᠳᠣᠪᠲᠣᠯᠭ᠎ᠠ ᠲᠡᠭᠦᠰᠪᠡ᠃ ᠲᠦᠢᠮᠡᠷ ᠦ᠋ᠨ ᠭᠠᠯ ᠨᠠᠮᠳᠠᠭᠰᠠᠭᠠᠷ ᠪᠠᠢᠨ᠎ᠠ᠃ ᠦᠨᠡᠰᠦ ᠨᠡᠭᠦᠷᠡᠰᠦ ᠲᠣᠷᠲᠣᠭ ᠪᠣᠯᠤᠭᠰᠠᠨ ᠡᠪᠳᠡᠷᠬᠡᠢ ᠪᠠᠯᠭᠠᠰᠤ ᠪᠠᠷᠳᠦᠭᠦᠷᠦᠭᠰᠡᠨ ᠷᠶᠡᠽᠡᠨ᠂ ᠲᠡᠷᠡ ᠰᠥᠨᠢ ᠴᠠᠰᠤᠨ ᠳ᠋ᠤ᠌ ᠳᠠᠷᠤᠭᠳᠠᠵᠤ ᠬᠡᠲᠦᠷᠬᠡᠢ ᠵᠡᠷᠡᠮᠳᠡᠭᠯᠡᠭᠳᠡᠭᠰᠡᠨ ᠬᠡᠭᠦᠷ ᠮᠥᠩᠭᠥᠨ ᠬᠣᠷᠭᠣᠢ ᠨᠥᠮᠥᠷᠴᠦ ᠬᠡᠪᠲᠡᠬᠦ ᠰᠢᠭ᠌ ᠦᠵᠡᠭᠳᠡᠨ᠎ᠡ᠃ ᠪᠠᠲᠤ ᠬᠠᠭᠠᠨ ᠥᠪᠡᠷ ᠦ᠋ᠨ ᠢᠯᠠᠵᠤ ᠳᠠᠭᠠᠭᠤᠯᠤᠭᠰᠠᠨ ᠨᠡᠢᠰᠯᠡᠯ ᠬᠣᠲᠠ ᠪᠠᠷ ᠶ...