ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(2–14~17) Шинэлам – 3-р бүлэг᠂ Шинэлмийн зэвсэгт тэмцэл 2(2–14~17)
1928 ᠣᠨ ᠤ᠋ ᠵᠤᠨ ᠤ᠋ ᠡᠬᠢᠨ ᠰᠠᠷ᠎ᠠ ᠶ᠋ᠢᠨ ᠠᠷᠪᠠᠨ ᠤ᠋ ᠡᠳᠦᠷ ᠪᠤᠮᠪᠠ ᠪᠤᠯᠠᠭ ᠤ᠋ᠨ ᠪᠠᠢᠯᠳᠤᠭᠠᠨ ᠠ᠋ᠴᠠ ᠬᠣᠢᠰᠢ ᠤᠯᠠᠭᠠᠨᠲᠣᠯᠣᠭᠠᠢ ᠶ᠋ᠢᠨ ᠰᠦᠮ᠎ᠡ᠂ ᠲᠠᠮᠠᠭᠠᠯᠠᠢ᠂ ᠰᠦᠮ᠎ᠡ ᠶ᠋ᠢᠨ ᠵᠠᠳᠠᠭᠠᠢ᠂ ᠮᠤᠬᠤᠷ ᠣᠪᠣᠭᠠᠨ ᠤ᠋ ᠪᠠᠢᠯᠳᠤᠭᠠᠨ ᠨᠤᠭᠤᠳ ᠲᠤ᠌ ᠵᠢᠩ ᠶᠤᠸᠠᠢ ᠰᠢᠦ ᠶ᠋ᠢᠨ ᠴᠡᠷᠢᠭ ᠪᠦᠷ ᠢᠯᠠᠭᠳᠠᠭᠰᠠᠨ ᠪᠣᠯᠪᠠᠴᠤ ᠲᠡᠳᠡ ᠲᠡᠮᠡᠭᠡᠲᠦ ᠪᠣᠭᠣᠮᠲᠠ(ᠢᠦᠢ ᠯᠢᠨ ᠵᠧᠩ ᠪᠧᠢ ᠲᠡᠢ) ᠳ᠋ᠡᠭᠡᠨ ᠤᠬᠤᠷᠢᠵᠤ ᠬᠠᠷᠢᠭᠰᠠᠨ ᠦᠭᠡᠢ ᠦᠷᠭᠦᠯᠵᠢᠯᠡᠨ ᠬᠤᠸᠠᠲᠣᠯᠣᠭᠠᠢ᠂ ᠤᠯᠠᠭᠠᠨᠲᠣᠯᠣᠭᠠᠢ᠂ ᠰᠢᠪᠡᠷ᠂ ᠲᠠᠮᠠᠭᠠᠯᠠᠢ᠂ ᠬᠣᠩᠨᠠᠢ᠂ ᠪᠠᠶᠠᠨ᠌ᠤ᠋ᠪᠤᠭᠠ ᠵᠡᠷᠭᠡ ᠭᠠᠵᠠᠷ ᠤ᠋ᠳ ᠲᠤ᠌ ᠮᠣᠷᠢᠲᠤ ᠶᠠᠪᠠᠭᠠᠨ ᠬᠣᠶᠠᠷ ᠮᠢᠩᠭ᠎ᠠ ᠰᠢᠬᠠᠮ ᠴᠡᠷᠢᠭ ᠰᠠᠷ᠎ᠠ ᠬᠢᠷᠢᠲᠡᠢ ᠰᠠᠭᠤᠵᠤ ᠪᠤᠯᠢᠶᠠᠵᠤ ᠳᠡᠭᠡᠷᠡᠮᠳᠡᠬᠦ᠂ ᠠᠯᠠᠵᠤ ᠬᠢᠳᠤᠬᠤ᠂ ᠬᠤᠯᠠᠭᠠᠢ ᠬᠢᠬᠦ᠂ ᠭᠠᠯᠳᠠᠵᠤ ᠰᠢᠲᠠᠭᠠᠬᠤ ᠵᠡᠷᠭᠡ ᠶᠠᠯᠠᠲᠤ ᠠᠵᠢᠯᠯᠠᠭ᠎ᠠ ᠪᠦᠬᠦᠨ ᠢ᠋ ᠦᠢᠯᠡᠳᠴᠦ ᠦᠦᠰᠢᠨ ᠬᠣᠰᠢᠭᠤ ᠶ᠋ᠢ ᠬᠣᠭᠣᠰᠣᠷᠠᠭᠤᠯᠬᠤ ᠪᠣᠳᠣᠯᠭ᠎ᠠ ᠠᠪᠴᠠᠢ᠃
ᠵᠢᠩ ᠶᠤᠸᠠᠢ ᠰᠢᠦ ᠡᠨᠡ ᠣᠷᠴᠢᠮ ᠢᠦᠢ ᠯᠢᠨ ᠦ᠌ ᠮᠠᠲᠠᠯ ᠤ᠋ᠨ ᠠᠷᠪᠠᠨ ᠬᠣᠶᠠᠷ ᠰᠢᠶᠠᠨ ᠤ᠋ ᠭᠠᠵᠠᠷ ᠢ᠋ ᠲᠣᠭᠲᠠᠨᠢᠭᠤᠯᠤᠨ ᠰᠠᠭᠤᠭ᠎ᠠ ᠬᠠᠷᠢᠶᠠᠲᠤ ᠴᠡᠷᠢᠭ ᠠ᠋ᠴᠠ ᠨᠢᠭᠡ ᠪᠦᠯᠦᠭ ᠢ᠋ ᠨᠢ ᠰᠢᠯᠵᠢᠭᠦᠯᠦᠨ ᠠᠪᠴᠢᠷᠠᠵᠤ ᠨᠡᠢᠲᠡ3000 ᠰᠢᠬᠠᠮ ᠴᠡᠷᠢᠭ ᠢ᠋ᠶ᠋ᠡᠷ ᠤᠮᠠᠷᠠᠰᠢ ᠮᠠᠩᠬᠠᠲᠤ ᠶ᠋ᠢᠨ ᠰᠦᠮ᠎ᠡ ᠶ᠋ᠢ ᠳᠠᠢᠯᠠᠬᠤ ᠪᠠᠷ ᠪᠣᠯᠪᠠ᠃
ᠡᠨᠡ ᠤᠳᠠᠭ᠎ᠠ ᠶ᠋ᠢᠨ ᠮᠠᠩᠬᠠᠲᠤ ᠶ᠋ᠢᠨ ᠰᠦᠮ᠎ᠡ ᠶ᠋ᠢ ᠳᠣᠪᠲᠣᠯᠬᠤ ᠪᠠᠷ ᠤᠮᠠᠷᠠᠰᠢ ᠴᠡᠷᠢᠭᠯᠡᠬᠦ ᠳ᠋ᠡᠭᠡᠨ ᠵᠢᠭᠰᠠᠭᠠᠯ ᠤ᠋ᠨ ᠡᠮᠦᠨ᠎ᠡ ᠮᠣᠷᠢᠲᠤ ᠴᠡᠷᠢᠭ ᠦ᠋ᠨ ᠲᠤᠸᠠᠨ᠂ ᠳᠠᠷᠠᠭ᠎ᠠ ᠨᠢ ᠦᠬᠡᠷ ᠫᠣᠤᠲᠤ ᠴᠡᠷᠢᠭ᠂ ᠲᠡᠭᠦᠨ ᠦ᠌ ᠳᠠᠷᠠᠭ᠎ᠠ ᠶᠠᠪᠠᠭᠠᠨ ᠴᠡᠷᠢᠭ ᠦ᠋ᠨ ᠲᠤᠸᠠᠨ᠂ ᠶᠠᠪᠠᠭᠠᠨ ᠴᠡᠷᠢᠭ ᠦ᠋ᠨ ᠳᠠᠮᠨᠠᠭᠤᠷ ᠤ᠋ᠨ ᠠᠩᠭᠢ᠂ ᠬᠠᠮᠤᠭ ᠰᠡᠭᠦᠯ ᠡᠴᠡ ᠨᠢ ᠳᠠᠷᠢ ᠰᠤᠮᠤ᠂ ᠠᠮᠤ ᠪᠤᠳᠠᠭ᠎ᠠ ᠴᠡᠷᠢᠭ ᠦ᠋ᠨ ᠬᠡᠷᠡᠭᠰᠡᠯ ᠢ᠋ ᠲᠡᠭᠡᠭᠡᠪᠦᠷᠢᠯᠡᠭᠰᠡᠨ ᠠᠴᠢᠶ᠎ᠠ ᠳᠦᠭᠦᠷᠡᠩ ᠬᠡᠯᠬᠢᠶ᠎ᠡ ᠲᠡᠮᠡᠭᠡ ᠴᠤᠪᠤᠷᠠᠵᠤ ᠪᠠᠢᠯ᠎ᠠ᠃ ᠵᠢᠩ ᠶᠤᠸᠠᠢ ᠰᠢᠦ ᠶ᠋ᠢᠨ ᠴᠡᠷᠢᠭ ᠲᠦ᠍ ᠵᠢᠩᠬᠢᠨᠢ ᠢᠷᠭᠡᠨ ᠦ᠌ ᠴᠡᠷᠢᠭ ᠴᠦ᠍ ᠠᠷᠪᠢᠨ ᠪᠠᠢᠬᠤ ᠲᠤᠯᠠ ᠨᠡᠯᠢᠶᠡᠳ ᠲᠡᠷᠢᠭᠦᠨ ᠦ᠌ ᠵᠠᠷ ᠵᠡᠪᠰᠡᠭ ᠬᠦᠨᠳᠦ ᠬᠥᠩᠭᠡᠨ ᠵᠢᠴᠢᠶᠠᠩ ᠲᠠᠢ᠂ ᠴᠢᠮᠡᠭᠡ ᠬᠣᠯᠪᠣᠭᠠᠨ ᠤ᠋ ᠷᠠᠳᠢᠣ᠋ ᠰᠲ᠋ᠠᠨᠼ ᠲᠠᠢ ᠪᠠᠢᠵᠤ᠂ ᠴᠡᠷᠢᠭ ᠦ᠋ᠨ ᠨᠣᠶᠠᠳ ᠨᠢ ᠠᠯᠤᠰ ᠤ᠋ᠨ ᠬᠠᠷᠠᠯᠲᠠ ᠶ᠋ᠢ ᠢᠯᠭᠠᠨ ᠲᠣᠳᠣᠷᠠᠭᠤᠯᠳᠠᠭ ᠳᠤᠷᠠᠨ ᠢ᠋ ᠬᠦᠵᠦᠭᠦᠨ ᠳ᠋ᠡᠭᠡᠨ ᠡᠯᠭᠦᠵᠦ᠂ ᠪᠠᠷᠠᠭᠤᠨ ᠲᠠᠯ᠎ᠠ ᠳ᠋ᠠᠭᠠᠨ ᠬᠡᠷᠬᠡᠮ ᠦ᠋ᠨ ᠬᠤᠷᠴᠠ ᠢᠯᠳᠦ ᠰᠤᠭᠤᠷᠠᠨ ᠳᠠᠮᠪᠠᠭᠠᠷ ᠮᠠᠯᠠᠭᠠᠢ ᠵᠡᠭᠦᠭᠰᠡᠨ ᠣᠮᠣᠭ ᠰᠦᠷ ᠲᠡᠢ ᠡᠷᠡᠴᠦᠳ ᠪᠠᠢᠯ᠎ᠠ᠃
ᠭᠡᠲᠡᠯ᠎ᠡ ᠰᠢᠨᠠᠯᠠᠮ᠎ᠠ ᠶ᠋ᠢᠨ ᠴᠡᠷᠢᠭ ᠨᠢ ᠳᠥᠩᠭᠡᠵᠦ200 ᠰᠢᠬᠠᠮ ᠬᠥᠮᠦᠨ ᠪᠠᠢᠵᠤ᠂ ᠬᠡᠳᠦᠢᠪᠡᠷ ᠭᠠᠳᠠᠭᠠᠳᠤ ᠠ᠋ᠴᠠ ᠠᠪᠴᠢᠷᠠᠭᠰᠠᠨ ᠬᠣᠯᠠ ᠲᠤᠰᠤᠯᠲᠠ ᠲᠠᠢ᠂ ᠰᠥᠨᠥᠭᠡᠬᠦ ᠬᠦᠴᠦᠨ ᠲᠡᠢ ᠬᠤᠷᠤᠪᠴᠢᠨ ᠬᠠᠷᠠᠭᠠᠲᠤ ᠯᠠᠨᠵᠧᠦ ᠫᠤᠤ(ᠶᠠᠪᠠᠭᠠᠨ ᠫᠤᠤ) ᠲᠠᠢ ᠪᠣᠯᠪᠠᠴᠤ ᠰᠤᠮᠤ ᠶ᠋ᠢ ᠨᠢ ᠲᠤᠬᠠᠢ ᠶ᠋ᠢᠨ ᠦᠶ᠎ᠡ ᠶ᠋ᠢᠨ ᠵᠥᠪᠯᠡᠯᠲᠦ ᠬᠣᠯᠪᠣᠭᠠᠲᠤ ᠤᠯᠤᠰ ᠠ᠋ᠴᠠ ᠬᠠᠯᠬ᠎ᠠ ᠮᠣᠩᠭᠣᠯ ᠢ᠋ᠶ᠋ᠠᠷ ᠳᠠᠮᠵᠢᠭᠤᠯᠵᠤ ᠣᠷᠣᠭᠤᠯᠳᠠᠭ ᠪᠠᠢᠵᠠᠢ᠃ ᠬᠡᠳᠦᠨ ᠵᠢᠯ ᠦ᠋ᠨ ᠬᠤᠭᠤᠴᠠᠭᠠᠨ ᠳ᠋ᠤ᠌ ᠥᠪᠡᠷ ᠢ᠋ ᠪᠡᠨ ᠬᠠᠮᠠᠭᠠᠯᠠᠬᠤ ᠪᠠᠢᠯᠳᠤᠭᠠᠨ ᠳ᠋ᠤ᠌ ᠰᠤᠮᠤ ᠪᠠᠨ ᠨᠡᠯᠢᠶᠡᠳ ᠬᠡᠷᠡᠭᠯᠡᠴᠢᠬᠡᠭᠰᠡᠨ ᠪᠣᠯᠬᠣᠷ ᠣᠳᠣ ᠰᠤᠮᠤ ᠪᠠᠨ ᠠᠯᠢ ᠪᠣᠯᠬᠤ ᠪᠠᠷ ᠭᠠᠮᠨᠠᠵᠤ ᠠᠷᠪᠢᠯᠠᠬᠤ ᠬᠡᠷᠡᠭᠲᠡᠢ ᠳᠡᠭᠡᠷ᠎ᠡ ᠪᠡᠨ ᠪᠠᠰᠠ ᠴᠤ᠌ ᠳᠠᠢᠰᠤᠨ ᠢ᠋ ᠬᠣᠷᠢᠭᠯᠠᠨ ᠡᠰᠡᠷᠭᠦᠴᠡᠬᠦ ᠬᠡᠷᠡᠭᠲᠡᠢ ᠪᠠᠢᠪᠠ᠃
ᠤᠴᠢᠷ ᠡᠢᠮᠦ ᠡᠴᠡ ᠰᠤᠮᠤ ᠪᠠᠨ ᠭᠠᠮᠨᠠᠪᠠᠯ ᠳᠠᠢᠰᠤᠨ ᠢ᠋ ᠰᠥᠨᠥᠭᠡᠵᠦ ᠴᠢᠳᠠᠬᠤ ᠦᠭᠡᠢ᠂ ᠰᠤᠮᠤ ᠪᠠᠨ ᠰᠦᠢᠳᠬᠡᠬᠦ ᠦᠭᠡᠢ ᠪᠣᠯ ᠢᠯᠠᠯᠲᠠ ᠣᠯᠵᠤ ᠴᠢᠳᠠᠬᠤ ᠦᠭᠡᠢ ᠵᠥᠷᠢᠴᠡᠯ ᠣᠷᠣᠰᠢᠵᠤ ᠪᠠᠢᠯ᠎ᠠ᠃ ᠲᠤᠬᠠᠢ ᠶ᠋ᠢᠨ ᠦᠶ᠎ᠡ ᠳ᠋ᠦ᠍ ᠵᠠᠮ ᠨᠡᠪᠲᠡᠷᠡᠭᠦᠯᠭᠡ ᠪᠣᠢᠳᠠ ᠪᠥᠭᠯᠡᠭᠦᠦ᠂ ᠮᠤᠤᠤ᠋ᠰᠤ ᠶ᠋ᠢᠨ ᠶᠡᠬᠡ ᠡᠯᠡᠰᠦᠨ ᠡᠴᠡ ᠤᠨᠤᠭ᠎ᠠ ᠪᠠᠷ ᠬᠠᠯᠬ᠎ᠠ᠂ ᠣᠷᠣᠰ ᠵᠡᠷᠭᠡ ᠤᠯᠤᠰ ᠲᠤ᠌ ᠳᠠᠷᠢ ᠰᠤᠮᠤ ᠠᠪᠬᠤ ᠪᠠᠷ ᠶᠠᠪᠤᠨ᠎ᠠ ᠭᠡᠭᠴᠢ ᠶᠣᠰᠣᠲᠠᠢ ᠮᠠᠨ ᠤ᠋ ᠣᠷᠳᠣᠰ ᠭᠠᠵᠠᠷ ᠤ᠋ᠨ ᠠᠮᠠᠨ ᠶᠠᠷᠢᠶᠠᠨ ᠳ᠋ᠤ᠌ ᠬᠡᠯᠡᠯᠴᠡᠳᠡᠭ《ᠡᠯᠵᠢᠭᠡᠨ ᠵᠢᠯ ᠦ᠋ᠨ ᠬᠣᠷᠢ ᠶᠢᠰᠦᠨ》(ᠡᠢᠮᠦ ᠵᠢᠯ ᠶᠡᠷᠦ ᠨᠢ ᠪᠠᠢᠳᠠᠭ ᠦᠭᠡᠢ ᠭᠡᠰᠡᠨ ᠠᠭᠤᠯᠭ᠎ᠠ ᠲᠠᠢ) ᠭᠡᠰᠡᠨ ᠦᠭᠡ!
ᠵᠢᠩ ᠲᠦᠩᠯᠢᠩ ᠨᠣᠶᠠᠨ ᠪᠣᠯ ᠤᠯᠠᠭᠠᠨ ᠡᠮᠵᠢᠶᠡᠷᠢ ᠶ᠋ᠢᠨ ᠬᠡᠳᠦᠨ ᠵᠢᠷᠤᠭᠠᠰᠤ ᠲᠠᠢ ᠰᠢᠷ᠎ᠠ ᠥᠩᠭᠡ ᠪᠡᠷ ᠰᠠᠭᠤᠷᠢᠯᠠᠵᠤ ᠳᠡᠭᠡᠷ᠎ᠡ ᠨᠢ ᠥᠨᠳᠥᠷ ᠴᠠᠭᠠᠨ ᠱᠣᠪᠣᠭᠣᠷ ᠣᠷᠣᠢ ᠲᠠᠢ ᠬᠡᠷᠬᠡᠮ ᠦ᠋ᠨ ᠮᠠᠯᠠᠭᠠᠢ ᠵᠡᠭᠦᠵᠦ᠂ ᠬᠣᠶᠠᠷ ᠮᠥᠷᠦᠨ ᠳᠡᠭᠡᠷ᠎ᠡ ᠪᠡᠨ ᠰᠢᠷ᠎ᠠ ᠥᠩᠭᠡ ᠶ᠋ᠢᠨ ᠰᠠᠴᠤᠭ ᠲᠠᠢ ᠪᠠᠷᠰ ᠤ᠋ᠨ ᠵᠠᠩᠵᠤᠨ ᠤ᠋ ᠲᠡᠮᠳᠡᠭ ᠬᠠᠲᠠᠵᠤ᠂ ᠪᠠᠷᠠᠭᠤᠨ ᠲᠠᠯ᠎ᠠ ᠳ᠋ᠠᠭᠠᠨ ᠬᠡᠷᠬᠡᠮ ᠦ᠋ᠨ ᠬᠤᠷᠴᠠ ᠰᠡᠯᠡᠮ᠎ᠡ ᠶ᠋ᠢ ᠭᠢᠯᠠᠷᠠᠭᠤᠯᠵᠤ᠂ ᠭᠥᠯᠢᠭᠡᠷ ᠰᠠᠢᠬᠠᠨ ᠥᠨᠳᠥᠷ ᠴᠡᠷᠢᠭ ᠦ᠋ᠨ ᠭᠤᠲᠤᠯ ᠡᠮᠦᠰᠴᠦ᠂ ᠪᠠᠭ᠎ᠠ ᠰᠢᠭ᠋ ᠲᠠᠷᠭᠤᠨ ᠪᠡᠶ᠎ᠡ ᠲᠡᠢ᠂ ᠴᠠᠳᠬᠤᠯᠠᠩ ᠵᠤᠷᠪᠤᠰ ᠬᠠᠷ᠎ᠠ ᠰᠠᠬᠠᠯ ᠲᠠᠢ ᠨᠡᠯᠢᠶᠡᠳ ᠭᠣᠶᠣ ᠲᠥᠷᠥᠭᠰᠡᠨ ᠬᠥᠮᠦᠨ ᠶᠦᠮ᠃ ᠲᠡᠷᠡ ᠬᠡᠭᠡᠷ ᠵᠢᠰᠦᠮ ᠦ᠋ᠨ ᠮᠣᠷᠢᠨ ᠤ᠋ ᠬᠦᠵᠦᠭᠦᠨ ᠳ᠋ᠦ᠍ ᠬᠡᠷᠬᠡᠮ ᠦ᠋ᠨ ᠤᠯᠠᠭᠠᠨ ᠮᠣᠨᠴᠣᠭ ᠵᠡᠭᠦᠯᠭᠡᠭᠰᠡᠨ ᠣᠨᠴᠠ ᠰᠠᠢᠨ ᠵᠢᠷᠣᠭ᠎ᠠ ᠮᠣᠷᠢ ᠤᠨᠤᠵᠤ ᠮᠣᠷᠢᠲᠤ ᠴᠡᠷᠢᠭ ᠦ᠋ᠨ ᠢ᠋ᠶ᠋ᠡᠨ ᠳᠤᠮᠳᠠ ᠳᠠᠪᠬᠤᠷ ᠳᠠᠪᠬᠤᠷ ᠬᠠᠮᠠᠭᠠᠯᠠᠯᠲᠠ ᠲᠠᠢ ᠪᠠᠷ ᠴᠡᠷᠢᠭ ᠳᠠᠢᠴᠢᠯᠠᠨ ᠲᠡᠢᠨ ᠵᠢᠯᠣᠭᠣᠳᠴᠤ ᠤᠮᠠᠷᠠᠰᠢ ᠤᠷᠤᠭᠰᠢᠯᠠᠨ᠎ᠠ᠃
ᠳᠣᠲᠣᠭᠠᠳᠤ ᠮᠣᠩᠭᠣᠯ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠬᠣᠷᠢᠶᠠᠨ ᠳᠠᠷᠤᠭ᠎ᠠ ᠰᠢᠨᠡᠯᠡᠮ᠎ᠡ ᠪᠣᠯ ᠡᠩ ᠦ᠋ᠨ ᠨᠢᠭᠡᠨ ᠨᠠᠰᠤᠲᠠᠢ ᠴᠢᠪᠠᠭᠠᠨᠴᠠ ᠰᠢᠭ᠋ ᠴᠢᠷᠠᠢ ᠲᠠᠢ ᠪᠥᠭᠡᠳ ᠳᠤᠮᠳᠠ ᠶ᠋ᠢᠨ ᠪᠡᠶ᠎ᠡ ᠲᠡᠢ᠂ ᠣᠷᠳᠣᠰ ᠮᠠᠶᠢᠭ ᠤ᠋ᠨ ᠤᠷᠲᠤ ᠬᠦᠷᠡᠩ ᠥᠩᠭᠡ ᠶ᠋ᠢᠨ ᠮᠣᠩᠭᠣᠯ ᠬᠤᠪᠴᠠᠰᠤ ᠡᠮᠦᠰᠴᠦ ᠰᠢᠷ᠎ᠠ ᠪᠦᠰᠡ ᠪᠦᠰᠡᠯᠡᠨ ᠬᠦᠵᠦᠭᠦᠨ ᠳ᠋ᠡᠭᠡᠨ ᠮᠠᠨᠢ ᠶ᠋ᠢᠨ ᠰᠢᠷ᠎ᠠ ᠡᠷᠢᠭᠡ ᠵᠡᠭᠦᠵᠦ ᠶᠠᠪᠤᠳᠠᠭ᠃ ᠴᠠᠭᠠᠨ ᠪᠡᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ ᠳ᠋ᠤ᠌ ᠲᠡᠷᠡ ᠲᠠᠮᠤᠯᠠᠭᠳᠠᠨ ᠬᠦᠨᠳᠦ ᠭᠡᠮᠲᠦᠭᠰᠡᠨ ᠲᠤᠯᠠ ᠬᠥᠯ ᠨᠢᠷᠤᠭᠤᠨ ᠳ᠋ᠤᠨᠢ ᠠᠷᠬᠠᠭ ᠡᠪᠡᠳᠴᠢᠨ ᠲᠡᠢ ᠪᠣᠯᠵᠤ ᠲᠠᠭᠠᠷᠠᠵᠤ ᠪᠡᠭᠡᠷᠡᠪᠡᠯ ᠲᠡᠰᠦᠰᠢ ᠦᠭᠡᠢ ᠬᠠᠳᠬᠤᠯᠠᠨ ᠡᠪᠡᠳᠦᠭᠡᠳ ᠪᠠᠢᠳᠠᠭ ᠲᠤᠯᠠ ᠰᠢᠷᠬ᠎ᠠ ᠰᠣᠷᠪᠢ ᠪᠠᠨ ᠡᠪᠦᠯ ᠵᠤᠨ ᠦᠭᠡᠢ ᠬᠣᠨᠢᠨ ᠠᠷᠠᠰᠤᠨ ᠨᠡᠬᠡᠢ ᠪᠡᠷ ᠬᠠᠮᠠᠭᠠᠯᠠᠵᠤ ᠶᠠᠪᠤᠳᠠᠭ᠃ ᠵᠡᠭᠡᠷᠳᠡ ᠵᠢᠰᠦᠮ ᠦ᠋ᠨ ᠬᠤᠷᠳᠤᠨ ᠮᠣᠷᠢ ᠤᠨᠤᠵᠤ ᠮᠣᠷᠢᠨ ᠤ᠋ ᠪᠠᠨ ᠳᠡᠭᠡᠷ᠎ᠡ ᠲᠣᠬᠣᠳᠠᠭ ᠲᠡᠮᠡᠭᠡᠨ ᠨᠣᠣᠰᠣᠨ ᠳᠠᠯᠢᠩ(ᠤᠭᠤᠲᠠ) ᠤᠨ ᠳᠣᠲᠣᠷ᠎ᠠ ᠪᠠᠭ᠎ᠠ ᠰᠠᠭ᠎ᠠ ᠬᠠᠭᠤᠷᠠᠢ ᠬᠦᠨᠡᠰᠦ ᠪᠣᠯᠤᠨ ᠬᠠᠯᠬ᠎ᠠ ᠮᠣᠩᠭᠣᠯ ᠠ᠋ᠴᠠ ᠠᠪᠴᠢᠷᠠᠭᠰᠠᠨ ᠬᠣᠶᠠᠷ ᠲᠣᠬᠣᠢ ᠰᠢᠬᠠᠮ ᠤᠷᠲᠤ ᠣᠷᠣᠰ ᠬᠢᠴᠡ ᠲᠡᠢ ᠳᠤᠷᠠᠨ ᠪᠠ ᠬᠠᠭᠠᠰ ᠲᠣᠬᠣᠢ ᠥᠷᠭᠡᠨ ᠲᠣᠬᠣᠢ ᠬᠠᠭᠠᠰ ᠤᠷᠲᠤ᠂ ᠳᠡᠭᠡᠷᠡᠬᠢ ᠬᠠᠪᠬᠠᠭ ᠤ᠋ᠨ ᠨᠢᠷᠤᠭᠤ ᠨᠢ ᠭᠥᠯᠢᠭᠡᠷ ᠮᠥᠷᠲᠡᠭᠡᠨ ᠳᠤᠮᠳᠠᠬᠢ ᠨᠢ ᠬᠣᠲᠣᠭᠣᠷ ᠰᠢᠭ᠋ ᠨᠠᠯᠠᠤ᠂ ᠬᠠᠭᠠᠰ ᠲᠣᠬᠣᠢ ᠥᠨᠳᠥᠷ᠂ ᠨᠠᠷᠢᠨ ᠰᠢᠷᠬᠡᠭᠲᠡᠢ ᠬᠦᠷᠡᠩ ᠥᠩᠭᠡ ᠶ᠋ᠢᠨ ᠴᠢᠨᠠᠷ ᠰᠠᠢᠨᠲᠠᠢ ᠮᠣᠳᠣ ᠪᠠᠷ ᠤᠷᠠᠯᠠᠵᠤ ᠬᠢᠭᠰᠡᠨ ᠣᠯᠠᠨ ᠬᠡᠷᠡᠭᠴᠡᠭᠡᠲᠦ ᠪᠢᠴᠢᠬᠠᠨ ᠬᠠᠢᠷᠴᠠᠭ ᠳᠣᠲᠣᠷ᠎ᠠ ᠪᠠᠨ ᠮᠣᠩᠭᠣᠯ ᠲᠥᠪᠡᠳ ᠬᠢᠲᠠᠳ ᠨᠣᠮ ᠮᠠᠲ᠋ᠧᠷᠢᠶᠠᠯ᠂ ᠮᠣᠣᠲᠤᠤ ᠴᠠᠭᠠᠰᠤ᠂ ᠣᠯᠠᠨ ᠶᠠᠩᠵᠤ ᠶ᠋ᠢᠨ ᠦᠰᠦᠨ ᠪᠢᠷ᠂ ᠬᠠᠷ᠎ᠠ ᠪᠡᠬᠢ ᠰᠠᠪᠠᠯᠠᠳᠠᠭ᠂ ᠪᠢᠴᠢᠬᠠᠨ ᠭᠠᠤᠯᠢᠨ ᠨᠢᠩᠲᠠᠢ ᠳ᠋ᠤ᠌ ᠪᠠᠭ᠎ᠠ ᠰᠠᠭ᠎ᠠ ᠡᠮ ᠲᠣᠮ ᠰᠠᠪᠠᠯᠠᠵᠤ ᠰᠢᠷ᠎ᠠ ᠭᠠᠤᠯᠢᠨ ᠬᠠᠮᠠᠷ ᠲᠡᠭᠡᠪᠴᠢ ᠣᠨᠢᠰᠣ ᠪᠠᠷ ᠣᠨᠢᠰᠤᠯᠠᠵᠤ ᠬᠥᠳᠡᠭᠡ ᠬᠡᠭᠡᠷ᠎ᠡ ᠠᠮᠠᠷᠠᠵᠤ ᠬᠡᠪᠲᠡᠪᠡᠯ ᠳᠡᠷᠡᠯᠡᠵᠦ ᠪᠣᠯᠳᠠᠭ ᠮᠣᠳᠣᠨ ᠬᠠᠢᠷᠴᠠᠭ(ᠥᠨᠥ ᠭᠠᠯᠠᠭᠤᠲᠤ ᠳ᠋ᠠᠬᠢ ᠰᠢᠨᠠᠯᠠᠮ᠎ᠠ ᠶ᠋ᠢᠨ ᠬᠠᠭᠤᠴᠢᠨ ᠰᠠᠭᠤᠴᠠ ᠶ᠋ᠢᠨ ᠣᠷᠣᠨ ᠳ᠋ᠤ᠌ ᠬᠠᠳᠠᠭᠠᠯᠠᠵᠤ ᠪᠣᠢ) ᠶᠤᠮ᠃ ᠪᠠᠰᠠ ᠲᠤᠸᠠᠨᠵᠠᠩ ᠢ᠋ ᠪᠡᠶ᠎ᠡ ᠪᠡᠨ ᠬᠠᠮᠠᠭᠠᠯᠠ ᠭᠡᠮᠡᠨ ᠨᠢᠭᠡᠨ ᠪᠠᠭ᠎ᠠ ᠫᠤᠤ ᠥᠭᠭᠦᠭᠰᠡᠨ ᠪᠣᠯᠪᠠᠴᠤ ᠲᠡᠭᠦᠨ ᠢ᠋ᠶ᠋ᠡᠨ ᠦᠷᠭᠦᠯᠵᠢ ᠲᠡᠯᠢᠩ ᠳᠣᠲᠣᠷ᠎ᠠ ᠰᠠᠪᠠᠯᠠᠵᠤ ᠭᠠᠨᠵᠤᠭᠠᠯᠠᠳᠠᠭ ᠠ᠋ᠴᠠ ᠥᠭᠡᠷ᠎ᠡ ᠶᠠᠭᠤ ᠴᠤ᠌ ᠠᠪᠴᠤ ᠶᠠᠪᠤᠳᠠᠭ ᠦᠭᠡᠢ ᠵᠠᠩᠰᠢᠯ ᠲᠠᠢ ᠪᠢᠯᠡ!
ᠬᠡᠳᠦᠢᠪᠡᠷ ᠲᠡᠢᠨ ᠦ᠌ ᠭᠠᠯ ᠡᠬᠢᠯᠡᠭᠡᠳᠦᠢ ᠪᠠᠢᠭᠰᠠᠨ ᠴᠤ᠌ ᠵᠢᠩ ᠶᠤᠸᠠᠢ ᠰᠢᠦ ᠶ᠋ᠢᠨ ᠴᠡᠷᠢᠭ ᠦ᠋ᠨ ᠵᠢᠭᠦᠷ ᠦ᠋ᠨ ᠠᠩᠭᠢ ᠨᠢ ᠬᠣᠯᠠ ᠣᠢᠷ᠎ᠠ ᠳ᠋ᠤ᠌ ᠰᠦᠷ ᠮᠠᠨᠳᠤᠭᠤᠯᠤᠨ ᠵᠦᠭ ᠪᠣᠯᠭᠠᠨ ᠳ᠋ᠤ᠌ ᠬᠠᠮᠢᠶ᠎ᠠ ᠨᠠᠮᠢᠶ᠎ᠠ ᠦᠭᠡᠢ ᠭᠠᠯᠯᠠᠴᠢᠬᠠᠭᠠᠳ ᠤᠷᠤᠭᠰᠢᠯᠠᠵᠤ ᠪᠠᠢᠯ᠎ᠠ᠃ ᠲᠡᠳᠡ ᠤᠮᠠᠷᠠᠰᠢ ᠪᠠᠨ ᠰᠦᠮ᠎ᠡ ᠶ᠋ᠢᠨ ᠵᠠᠳᠠᠭᠠᠢ ᠬᠦᠷᠬᠦ ᠳ᠋ᠦ᠍ ᠬᠣᠶᠠᠷ ᠲᠠᠯ᠎ᠠ ᠪᠠᠷ ᠵᠢᠩᠬᠢᠨᠢ ᠭᠠᠯ ᠠᠪᠤᠯᠴᠠᠵᠤ ᠪᠠᠢᠯᠳᠤᠵᠤ ᠡᠬᠢᠯᠡᠵᠡᠢ᠃
ᠪᠠᠢᠯᠳᠤᠭᠠᠨ ᠡᠬᠢᠯᠡᠭᠡᠳ ᠬᠣᠶᠠᠳᠤᠭᠠᠷ ᠡᠳᠦᠷ ᠪᠣᠯᠬᠤ ᠳ᠋ᠤ᠌ ᠰᠢᠨᠡᠯᠡᠮ᠎ᠡ ᠪᠠᠶᠠᠨᠰᠢᠯᠢ ᠶ᠋ᠢᠨ ᠥᠨᠳᠥᠷᠯᠢᠭ ᠭᠠᠵᠠᠷ ᠢ᠋ᠶ᠋ᠠᠷ ᠪᠠᠢᠯᠳᠤᠭᠠᠨ ᠢ᠋ ᠵᠢᠯᠣᠭᠣᠳᠴᠤ ᠪᠠᠢᠭᠠᠳ ᠵᠢᠩ ᠶᠤᠸᠠᠢ ᠰᠢᠦ ᠶ᠋ᠢᠨ ᠴᠡᠷᠢᠭ ᠦ᠋ᠨ ᠳᠠᠪᠠᠭᠤ ᠬᠦᠴᠦᠨ ᠢ᠋ ᠠᠵᠢᠭᠯᠠᠵᠤ ᠦᠵᠡᠭᠡᠳ ᠬᠣᠷᠢᠶᠠᠨ ᠤ᠋ ᠪᠤᠰᠤᠳ ᠨᠣᠶᠠᠳ ᠮᠥᠩᠬᠡᠥ᠌ᠯᠵᠡᠢ᠂ ᠬᠡᠰᠢᠭᠳᠠᠯᠠᠢ᠂ ᠨᠠᠢᠷᠠᠯᠲᠤ᠂ ᠯᠦᠩᠷᠥᠪ ᠵᠡᠷᠭᠡ ᠬᠥᠮᠦᠰ ᠲᠡᠭᠡᠨ᠄《ᠵᠢᠩ ᠶᠤᠸᠠᠢ ᠰᠢᠦ ᠰᠦᠷ ᠲᠡᠢ ᠪᠠᠢᠨ᠎ᠠ᠂ ᠬᠦᠴᠦ ᠲᠡᠢ ᠴᠦ᠍ ᠪᠠᠢᠨ᠎ᠠ ᠳᠠ! ᠪᠢᠳᠡ ᠲᠡᠭᠦᠨ ᠢ᠋ ᠤᠯᠠᠮ ᠰᠦᠷ ᠲᠡᠢ ᠪᠣᠯᠭᠠᠵᠤ ᠪᠠᠢᠭᠠᠳ ᠰᠠᠶᠢ ᠮᠡᠳᠡᠶ᠎ᠡ ᠳᠠ!》 ᠭᠡᠪᠡ᠃ ᠲᠡᠷᠡ ᠬᠠᠷᠪᠤᠵᠤ ᠫᠤᠤᠳᠠᠬᠤ ᠳ᠋ᠠᠭᠠᠨ ᠰᠠᠢᠨ ᠪᠠᠲᠤᠰᠡᠷᠡᠩ ᠢ᠋ ᠳᠠᠭᠠᠭᠤᠯᠤᠨ ᠪᠠᠢᠯᠳᠤᠭᠠᠨ ᠤ᠋ ᠡᠮᠦᠨ᠎ᠡ ᠹᠷᠣᠨᠲ ᠢ᠋ᠶ᠋ᠠᠷ ᠲᠣᠭᠣᠷᠢᠨ ᠵᠢᠯᠣᠭᠣᠳᠴᠤ ᠶᠠᠪᠤᠬᠤ ᠵᠠᠭᠤᠷ᠎ᠠ ᠮᠠᠩᠬᠠᠲᠤ ᠶ᠋ᠢᠨ ᠰᠦᠮ᠎ᠡ ᠡᠴᠡ ᠪᠠᠷᠠᠭᠤᠨ ᠡᠮᠦᠨᠡᠬᠢ ᠬᠣᠩᠬᠣᠳᠠᠢ ᠶ᠋ᠢᠨ ᠪᠠᠯᠠᠷ ᠲᠤ᠌ ᠪᠠᠢᠯᠳᠤᠵᠤ ᠪᠠᠢᠭ᠎ᠠ ᠨᠢᠭᠡᠳᠦᠭᠡᠷ ᠯᠢᠶᠠᠨ ᠤ᠋ ᠴᠡᠷᠢᠭ ᠵᠦᠭ ᠶᠠᠪᠤᠵᠤ ᠪᠠᠢᠲᠠᠯ᠎ᠠ ᠭᠡᠨᠡᠳᠲᠡ《ᠰᠢᠨᠠᠯᠠᠮ᠎ᠠ ᠶ᠋ᠢ ᠠᠮᠢᠳᠤ ᠪᠠᠷ ᠪᠠᠷᠢᠶ᠎ᠠ᠁》 ᠭᠡᠮᠡᠨ ᠬᠠᠰᠬᠢᠷᠤᠯᠳᠤᠨ ᠨᠢᠭᠡ ᠪᠦᠯᠦᠭ ᠴᠡᠷᠢᠭ ᠥᠭᠡᠳᠡ ᠡᠴᠡ ᠨᠢ ᠰᠢᠷᠦᠭᠦᠨ ᠢ᠋ᠶ᠋ᠡᠷ ᠳᠠᠭᠠᠷᠢᠨ ᠢᠷᠡᠯ᠎ᠡ᠃ ᠰᠢᠨᠠᠯᠠᠮ᠎ᠠ ᠪᠡᠶ᠎ᠡ ᠳ᠋ᠡᠭᠡᠨ ᠫᠤᠤ ᠦᠭᠡᠢ᠂ ᠭᠠᠭᠴᠠ ᠬᠦ᠌ ᠪᠠᠲᠤᠰᠡᠷᠡᠩ ᠫᠤᠤ ᠲᠠᠢ ᠪᠠᠢᠵᠠᠢ᠃ ᠲᠡᠷᠡ ᠬᠣᠶᠠᠭᠤᠯᠠ ᠮᠣᠷᠢᠨ ᠤ᠋ ᠵᠢᠯᠣᠭᠣ ᠶ᠋ᠢ ᠰᠤᠩᠭᠠᠨ ᠵᠠᠢᠯᠠᠬᠤ ᠶ᠋ᠢᠨ ᠳᠠᠭᠠᠤ ᠪᠠᠲᠤᠰᠡᠷᠡᠩ ᠮᠣᠷᠢᠨ ᠳᠡᠭᠡᠷ᠎ᠡ ᠡᠴᠡ ᠪᠡᠨ ᠭᠡᠳᠡᠷᠭᠡᠨ ᠬᠠᠷᠪᠤᠵᠤ᠂ ᠰᠢᠨᠠᠯᠠᠮ᠎ᠠ ᠶ᠋ᠢᠨ ᠮᠣᠷᠢ ᠨᠢ ᠭᠡᠨᠡᠳᠲᠡ ᠵᠡᠷᠯᠢᠭ ᠰᠤᠮᠤᠨ ᠳ᠋ᠤ᠌ ᠣᠨᠣᠭᠳᠠᠵᠤ ᠬᠥᠮᠦᠨ ᠲᠡᠢ ᠮᠣᠷᠢ ᠲᠠᠢ ᠪᠠᠨ ᠣᠢᠴᠢᠴᠢᠬᠠᠯᠠ᠃ ᠪᠠᠲᠤᠰᠡᠷᠡᠩ ᠳᠣᠣᠷ᠎ᠠ ᠨᠢ ᠮᠣᠷᠢ ᠠ᠋ᠴᠠ ᠪᠠᠨ ᠦᠰᠦᠷᠦᠨ ᠪᠠᠭᠤᠵᠤ᠂《ᠲᠤᠸᠠᠨᠵᠠᠩ ᠪᠠᠭᠰᠢ ᠠ᠋! ᠲᠠ ᠮᠢᠨᠦ ᠮᠣᠷᠢ ᠶ᠋ᠢ ᠤᠨᠤᠭᠠᠳ ᠬᠤᠷᠳᠤᠨ ᠳᠤᠲᠠᠭ᠎ᠠ! ᠪᠢ ᠲᠠᠨ ᠢ᠋ ᠬᠠᠮᠠᠭᠠᠯᠠᠶ᠎ᠠ!》 ᠭᠡᠳ ᠮᠣᠷᠢ ᠪᠠᠨ ᠤᠨᠤᠭᠤᠯᠤᠨ ᠳᠣᠪᠲᠣᠯᠭᠠᠪᠠ᠃ ᠪᠠᠲᠤᠰᠡᠷᠡᠩ ᠦ᠋ᠨ ᠬᠣᠷᠢᠭᠯᠠᠯᠲᠠ ᠪᠠᠷ ᠰᠢᠨᠡᠯᠡᠮ᠎ᠡ ᠨᠡᠯᠢᠶᠡᠳ ᠬᠣᠯᠠ ᠳᠠᠪᠬᠢᠨ ᠶᠠᠪᠤᠯ᠎ᠠ᠃ ᠪᠠᠲᠤᠰᠡᠷᠡᠩ ᠴᠠᠢᠳᠠᠮ ᠤ᠋ᠨ ᠭᠣᠣᠯ ᠳ᠋ᠤ᠌ ᠬᠡᠪᠲᠡᠭᠡᠳ ᠨᠡᠬᠡᠮᠵᠢᠯᠡᠨ ᠢᠷᠡᠬᠦ ᠵᠢᠩ ᠶᠤᠸᠠᠢ ᠰᠢᠦ ᠶ᠋ᠢᠨ ᠴᠡᠷᠢᠭ ᠢ᠋ ᠤᠭᠲᠤᠨ ᠭᠠᠯᠯᠠᠵᠤ ᠡᠷᠭᠢᠨ ᠬᠥᠷᠪᠡᠨ ᠮᠥᠯᠬᠥᠵᠦ ᠪᠠᠢᠭᠰᠠᠭᠠᠷ ᠰᠠᠨᠠᠭᠠᠨ ᠳ᠋ᠤ᠌ ᠦᠭᠡᠢ ᠪᠡᠷ ᠴᠠᠢᠳᠠᠮ ᠤ᠋ᠨ ᠳᠤᠮᠳᠠᠬᠢ ᠮᠠᠯ ᠤᠰᠤᠯᠠᠳᠠᠭ ᠠᠯᠮᠠᠨ ᠬᠤᠳᠳᠤᠭ ᠲᠤ᠌ ᠣᠷᠣᠴᠢᠬᠠᠯ᠎ᠠ᠃ ᠡᠨᠡ ᠬᠠᠷᠢᠨ ᠤᠰᠤ ᠦᠭᠡᠢ ᠬᠠᠭᠤᠷᠠᠢ ᠬᠤᠳᠳᠤᠭ ᠪᠠᠢᠵᠤ ᠪᠤᠷᠬᠠᠨ ᠵᠠᠪᠰᠠᠷᠯᠠᠯ᠎ᠠ᠃ ᠢᠩᠭᠢᠭᠡᠳ ᠲᠡᠷᠡ ᠪᠡᠶ᠎ᠡ ᠪᠡᠨ ᠳᠠᠯᠳᠠᠯᠠᠵᠤ ᠠᠶᠤᠮᠰᠢᠭ ᠦᠭᠡᠢ ᠳᠠᠭᠠᠷᠢᠨ ᠢᠷᠡᠬᠦ ᠳᠠᠢᠰᠤᠨ ᠤ᠋ ᠴᠡᠷᠢᠭ ᠢ᠋ ᠨᠢᠭᠡᠳ ᠨᠢᠭᠡ ᠪᠡᠷ ᠬᠠᠷᠪᠤᠨ ᠤᠨᠠᠭᠠᠵᠤ ᠪᠠᠢᠯ᠎ᠠ᠃ ᠵᠢᠩ ᠶᠤᠸᠠᠢ ᠰᠢᠦ ᠶ᠋ᠢᠨ ᠴᠡᠷᠢᠭ ᠦ᠋ᠨ ᠰᠤᠮᠤ ᠮᠥᠨᠳᠥᠷ ᠤᠨᠠᠭᠰᠠᠨ ᠮᠡᠲᠦ ᠲᠣᠰᠴᠤ ᠪᠠᠢᠪᠠᠴᠤ ᠬᠤᠳᠳᠤᠭ ᠳᠣᠲᠣᠷᠠᠬᠢ ᠬᠥᠮᠦᠨ ᠢ᠋ ᠬᠡᠷᠬᠢᠨ ᠣᠨᠣᠭᠠᠵᠤ ᠴᠢᠳᠠᠬᠤ ᠠᠵᠢ᠃ ᠬᠠᠷᠢᠨ ᠨᠢᠴᠦᠭᠦᠨ ᠲᠠᠯ᠎ᠠ ᠳᠡᠭᠡᠷ᠎ᠡ ᠳᠠᠭᠠᠷᠢᠨ ᠢᠷᠡᠬᠦ ᠴᠡᠷᠢᠭ ᠢ᠋ ᠲᠡᠷᠡ ᠨᠢᠭᠡᠳ ᠨᠢᠭᠡ ᠪᠡᠷ ᠲᠣᠨᠢᠯᠭᠠᠵᠤ᠂ ᠡᠨᠡ ᠬᠦ᠌ ᠪᠢᠴᠢᠬᠠᠨ ᠪᠡᠬᠢᠯᠡᠯᠲᠡ ᠡᠴᠡ ᠨᠡᠢᠲᠡ ᠠᠷᠪᠠᠨ ᠵᠢᠷᠭᠤᠭᠠᠨ ᠳᠡᠭᠡᠷᠡᠮ ᠦ᠋ᠨ ᠴᠡᠷᠢᠭ ᠢ᠋ ᠤᠰᠠᠳᠬᠠᠭᠰᠠᠨ ᠪᠢᠯᠡ᠃ ᠲᠡᠷᠡ ᠦᠬᠦᠭᠰᠡᠨ ᠴᠡᠷᠢᠭ ᠦ᠋ᠨ ᠫᠤᠤ ᠰᠤᠮᠤ ᠶ᠋ᠢ ᠬᠣᠷᠢᠶᠠᠨ ᠴᠤᠭᠯᠠᠭᠤᠯᠵᠤ ᠨᠢᠭᠡ ᠳᠣᠣᠷ᠎ᠠ ᠣᠪᠣᠭᠠᠯᠠᠭᠠᠳ ᠬᠠᠵᠠᠭᠤ ᠳ᠋ᠤᠨᠢ ᠰᠠᠭᠤᠵᠤ ᠲᠠᠮᠠᠬᠢ ᠰᠣᠷᠣᠨ ᠲᠡᠢᠨ ᠦ᠌ ᠶᠠᠳᠠᠷᠠᠭ᠎ᠠ ᠪᠠᠨ ᠳᠡᠢᠯᠦᠨ᠎ᠡ᠃ ᠭᠡᠨᠡᠳᠲᠡ ᠪᠠᠷᠠᠭᠤᠨ ᠵᠦᠭ ᠡᠴᠡ ᠲᠣᠭᠣᠰᠣ ᠮᠠᠨᠠᠨ ᠲᠠᠲᠠᠭᠰᠠᠭᠠᠷ ᠨᠢᠭᠡ ᠪᠦᠯᠦᠭ ᠮᠣᠷᠢᠲᠤ ᠴᠡᠷᠢᠭ ᠳᠠᠪᠬᠢᠨ ᠠᠢᠰᠤᠢ᠃ ᠪᠠᠲᠤᠰᠡᠷᠡᠩ ᠳᠣᠲᠣᠷ᠎ᠠ ᠪᠠᠨ᠄《ᠣᠳᠣ ᠴᠤ᠌ ᠪᠠᠷᠠᠯ᠎ᠠ ᠳᠠ! ᠶᠠᠭᠤ ᠴᠤ᠌ ᠭᠡᠰᠡᠨ ᠫᠤᠤᠳᠠᠵᠤ ᠪᠠᠢᠭᠠᠳ ᠶᠠᠭᠠᠬᠢᠪᠠᠯ ᠶᠠᠭᠠᠬᠢᠭ!》 ᠭᠡᠵᠦ ᠪᠣᠳᠣᠨ᠎ᠠ᠃ ᠲᠡᠷᠡ ᠣᠯᠵᠠᠯᠠᠭᠰᠠᠨ ᠫᠤᠤ ᠰᠤᠮᠤ ᠪᠠᠨ ᠡᠭᠦᠷᠦᠨ ᠪᠢᠴᠢᠬᠠᠨ ᠪᠡᠬᠢᠯᠡᠯᠲᠡ ᠳ᠋ᠡᠭᠡᠨ ᠳᠠᠬᠢᠨ ᠣᠷᠣᠵᠤ ᠬᠠᠷᠪᠤᠬᠤ ᠪᠠᠷ ᠫᠤᠤ ᠪᠠᠨ ᠴᠡᠨᠡᠭᠯᠡᠨ ᠬᠦᠯᠢᠶᠡᠵᠦ ᠪᠠᠢᠲᠠᠯ᠎ᠠ᠂ ᠲᠡᠳᠡᠨᠦᠰ ᠨᠢ ᠰᠢᠨᠡᠯᠡᠮ᠎ᠡ ᠶ᠋ᠢᠨ ᠴᠡᠷᠢᠭ ᠰᠢᠭ ᠦᠵᠡᠭᠳᠡᠪᠡ᠃ ᠤᠤᠯ ᠨᠢ ᠰᠢᠨᠠᠯᠠᠮ᠎ᠠ ᠨᠢᠭᠡᠳᠦᠭᠡᠷ ᠯᠢᠶᠠᠨ ᠤ᠋ ᠨᠢᠭᠡ ᠰᠠᠯᠠᠭ᠎ᠠ ᠮᠣᠷᠢᠲᠤ ᠴᠡᠷᠢᠭ ᠢ᠋ ᠳᠠᠭᠠᠭᠤᠯᠤᠨ ᠪᠠᠲᠤᠰᠡᠷᠡᠩ ᠢ᠋ ᠠᠪᠤᠷᠠᠬᠤ ᠪᠠᠷ ᠢᠷᠡᠭᠰᠡᠨ ᠪᠠᠢᠵᠠᠢ᠃ ᠪᠠᠲᠤᠰᠡᠷᠡᠩ ᠪᠠᠶᠠᠷᠯᠠᠭᠰᠠᠨ ᠳ᠋ᠠᠭᠠᠨ ᠲᠡᠳᠡᠨ ᠢ᠋ ᠦᠵᠡᠮᠡᠭᠴᠡ᠄《ᠠᠷᠪᠠᠨ ᠵᠢᠷᠭᠤᠭ᠎ᠠ》 ᠭᠡᠵᠦ ᠥᠨᠳᠥᠷ ᠳᠠᠭᠤᠨ ᠢ᠋ᠶ᠋ᠠᠷ ᠬᠠᠰᠬᠢᠷᠤᠨ᠎ᠠ᠃ ᠲᠡᠳᠡ ᠶᠠᠭᠤᠨ ᠤ᠋ ᠠᠷᠪᠠᠨ ᠵᠢᠷᠭᠤᠭ᠎ᠠ ᠭᠡᠳᠡᠭ ᠢ᠋ ᠣᠢᠯᠠᠭᠠᠬᠤ ᠦᠭᠡᠢ ᠡᠨᠡ ᠠᠪᠤᠭᠠᠢ ᠰᠣᠯᠢᠶᠠᠷᠠᠴᠢᠬᠠᠭᠰᠠᠨ ᠪᠢᠰᠢ ᠪᠠ? ᠭᠡᠵᠦ ᠭᠠᠢᠬᠠᠰᠢ ᠠᠯᠳᠠᠵᠤ ᠪᠠᠢᠲᠠᠯ᠎ᠠ ᠰᠠᠶᠢ ᠬᠣᠶᠠᠷᠬᠠᠨ ᠴᠠᠭ ᠤ᠋ᠨ ᠵᠠᠪᠰᠠᠷ ᠲᠤ᠌ ᠭᠠᠭᠴᠠᠭᠠᠷ ᠢ᠋ᠶ᠋ᠠᠨ ᠠᠷᠪᠠᠨ ᠵᠢᠷᠭᠤᠭᠠᠨ ᠳᠡᠭᠡᠷᠡᠮ ᠢ᠋ ᠤᠰᠠᠳᠬᠠᠭᠰᠠᠨ ᠭᠡᠳᠡᠭ ᠢ᠋ ᠣᠢᠯᠠᠭᠠᠭᠠᠳ ᠬᠠᠮᠲᠤ ᠪᠠᠷ ᠪᠠᠶᠠᠷᠯᠠᠯᠳᠤᠨ᠎ᠠ᠃
ᠪᠠᠲᠤᠰᠡᠷᠡᠩ ᠦ᠋ᠨ ᠬᠣᠶᠠᠷ ᠨᠢᠳᠦ ᠨᠢ ᠤᠭ ᠠ᠋ᠴᠠ ᠪᠠᠨ ᠲᠣᠮᠣ ᠪᠥᠭᠡᠳ ᠬᠤᠷᠴᠠᠯᠢᠭ ᠬᠠᠷᠠᠴᠠ ᠲᠠᠢ ᠪᠠᠢᠵᠠᠢ᠃ ᠰᠡᠭᠦᠯᠡᠷ ᠨᠢ ᠬᠥᠮᠦᠰ ᠪᠠᠲᠤᠰᠡᠷᠡᠩ ᠬᠡᠳᠦᠬᠡᠨ ᠴᠠᠭ ᠤ᠋ᠨ ᠳᠣᠲᠣᠷ᠎ᠠ ᠭᠠᠭᠴᠠᠭᠠᠷ ᠢ᠋ᠶ᠋ᠠᠨ ᠠᠷᠪᠠᠨ ᠵᠢᠷᠭᠤᠭᠠᠨ ᠳᠠᠢᠰᠤᠨ ᠢ᠋ ᠠᠯᠠᠴᠢᠬᠠᠭᠠᠳ ᠨᠢᠳᠦ ᠨᠢ ᠤᠯᠠᠮ ᠰᠦᠷ ᠲᠡᠢ ᠪᠥᠭᠡᠳ ᠲᠣᠮᠣ ᠬᠠᠷᠠᠭᠳᠠᠬᠤ ᠪᠣᠯᠴᠢᠬᠠᠵᠠᠢ ᠭᠡᠵᠦ ᠬᠡᠯᠡᠯᠴᠡᠳᠡᠭ᠃
ᠪᠠᠲᠤᠰᠡᠷᠡᠩ ᠰᠢᠨᠠᠯᠠᠮ᠎ᠠ ᠶ᠋ᠢ ᠳᠠᠭᠠᠵᠤ ᠨᠢᠭᠡᠳᠦᠭᠡᠷ ᠯᠢᠶᠠᠨ ᠤ᠋ ᠪᠠᠢᠯᠳᠤᠭᠴᠢᠳ ᠲᠠᠢ ᠬᠠᠮᠲᠤ ᠪᠠᠷ ᠨᠠᠷᠭᠢᠵᠤ ᠶᠠᠪᠤᠬᠤ ᠳ᠋ᠠᠭᠠᠨ᠄《ᠡᠨᠡ ᠤᠳᠠᠭ᠎ᠠ ᠶ᠋ᠢᠨ ᠪᠠᠢᠯᠳᠤᠭᠠᠨ ᠳ᠋ᠤ᠌ ᠪᠢ16 ᠶ᠋ᠢ ᠨᠢ ᠠᠯᠠᠴᠢᠬᠠᠭᠰᠠᠨ ᠰᠢᠦ! ᠣᠳᠣ ᠲᠠᠨᠤᠰ ᠶᠠᠭᠠᠬᠢᠵᠤ ᠪᠠᠢᠨ᠎ᠠ ᠤᠤ?᠁》 ᠭᠡᠵᠦ ᠱᠣᠭ ᠭᠠᠷᠭᠠᠨ᠎ᠠ᠃ ᠪᠤᠰᠤᠳ ᠨᠢ ᠮᠠᠨᠤᠰ ᠥᠨᠥᠳᠥᠷ ᠪᠡᠶᠡᠯᠡᠭᠦᠯᠦᠭᠰᠡᠨ ᠦᠭᠡᠢ ᠪᠣᠯᠪᠠᠴᠤ ᠮᠠᠷᠭᠠᠰᠢ ᠪᠡᠶᠡᠯᠡᠭᠦᠯᠴᠢᠬᠡᠨ᠎ᠡ! ᠭᠡᠳ ᠭᠠᠵᠠᠷ ᠤ᠋ᠨ ᠪᠠᠢᠴᠠ ᠶ᠋ᠢ ᠠᠰᠢᠭᠯᠠᠨ ᠦᠷᠭᠦᠯᠵᠢᠯᠡᠨ ᠪᠠᠢᠯᠳᠤᠬᠤ ᠪᠠᠷ ᠠᠭᠲᠠ ᠶ᠋ᠢᠨ ᠵᠢᠯᠣᠭᠣ ᠰᠤᠩᠭᠠᠵᠠᠭᠠᠨᠠ᠃
ᠵᠠᠮᠢᠶᠠᠨᠵᠠᠪ ᠤ᠋ᠨ ᠬᠣᠶᠠᠳᠤᠭᠠᠷ ᠯᠢᠶᠠᠨ ᠤ᠋ ᠬᠡᠳᠦᠨ ᠪᠠᠢᠯᠳᠤᠭᠴᠢ ᠴᠠᠭᠳᠠᠨ ᠶᠠᠪᠤᠵᠤ ᠪᠠᠢᠲᠠᠯ᠎ᠠ ᠭᠡᠨᠡᠳᠲᠡ ᠵᠢᠩ ᠶᠤᠸᠠᠢ ᠰᠢᠦ ᠶ᠋ᠢᠨ ᠲᠠᠪᠤᠨ ᠴᠡᠷᠢᠭ ᠰᠢᠪᠠᠭ ᠳᠤᠮᠳᠠ ᠤᠨᠲᠠᠵᠤ ᠪᠠᠢᠭ᠎ᠠ ᠶ᠋ᠢ ᠣᠯᠵᠤ ᠦᠵᠡᠪᠡ᠃ ᠲᠡᠳᠡᠨᠦᠰ ᠮᠣᠷᠢ ᠪᠠᠨ ᠪᠤᠷᠭᠠᠰᠤᠨ ᠳᠣᠲᠣᠷ᠎ᠠ ᠤᠶᠠᠴᠢᠬᠠᠭᠠᠳ ᠫᠤᠤ ᠪᠠᠨ ᠠᠳᠬᠤᠨ ᠮᠥᠯᠬᠥᠭᠰᠡᠭᠡᠷ ᠬᠠᠵᠠᠭᠤ ᠳ᠋ᠤᠨᠢ ᠬᠦᠷᠴᠦ ᠣᠴᠢᠪᠠ᠃ ᠳᠠᠢᠰᠤᠨ ᠤ᠋ ᠳᠡᠷᠭᠡᠳᠡ ᠨᠢᠭᠡᠨ ᠬᠦᠨᠳᠦ ᠵᠢᠭᠤᠸᠠᠨᠴᠢᠶᠠᠩ ᠲᠠᠯᠪᠢᠭᠠᠲᠠᠢ ᠪᠠᠢᠬᠤ ᠶ᠋ᠢ ᠦᠵᠡᠭᠡᠳ ᠡᠨᠡ ᠰᠢᠨ᠎ᠡ ᠮᠠᠶᠢᠭ ᠤ᠋ᠨ ᠵᠡᠪᠰᠡᠭ ᠨᠢ ᠳᠡᠭᠡᠷᠡᠮ ᠡᠴᠡ ᠴᠢᠬᠤᠯᠠ ᠰᠠᠨᠠᠭᠳᠠᠵᠤ᠂ ᠤᠷᠢᠳ ᠢ᠋ᠶ᠋ᠠᠷ ᠵᠢᠭᠤᠸᠠᠨᠴᠢᠶᠠᠩ ᠢ᠋ ᠨᠢ ᠪᠤᠯᠢᠶᠠᠵᠤ ᠳᠠᠷᠠᠭ᠎ᠠ ᠨᠢ ᠰᠠᠶᠢ ᠲᠡᠷᠡ ᠲᠠᠪᠤᠭᠤᠯᠠ ᠶ᠋ᠢ ᠣᠯᠵᠠᠯᠠᠪᠠ᠃ ᠢᠩᠭᠢᠭᠡᠳ ᠡᠨᠡ ᠬᠡᠳᠦᠨ ᠪᠠᠢᠯᠳᠤᠭᠴᠢ ᠨᠢᠭᠡ ᠫᠤᠤ ᠴᠤ᠌ ᠳᠤᠤᠭᠠᠷᠤᠭᠰᠠᠨ ᠦᠭᠡᠢ ᠪᠡᠷ ᠲᠠᠪᠤᠨ ᠴᠡᠷᠢᠭ ᠪᠣᠯᠤᠨ ᠨᠢᠭᠡ ᠰᠢᠨ᠎ᠡ ᠮᠠᠶᠢᠭ ᠤ᠋ᠨ ᠵᠡᠪᠰᠡᠭ ᠣᠯᠤᠭᠰᠠᠨ ᠳ᠋ᠠᠭᠠᠨ ᠣᠨᠴᠠᠭᠠᠢ ᠪᠠᠶᠠᠷᠯᠠᠨ ᠣᠮᠣᠭᠰᠢᠵᠤ ᠯᠢᠶᠠᠨ ᠤ᠋ ᠵᠠᠬᠢᠷᠭ᠎ᠠ ᠳ᠋ᠠᠭᠠᠨ ᠣᠴᠢᠵᠠᠢ᠃
ᠪᠠᠢᠯᠳᠤᠭᠠᠨ ᠦᠷᠭᠦᠯᠵᠢᠯᠡᠭᠡᠳ ᠭᠤᠷᠪᠠᠳᠤᠭᠠᠷ ᠡᠳᠦᠷ ᠦ᠋ᠨ ᠦᠳᠡ ᠪᠣᠯᠬᠤ ᠳ᠋ᠤ᠌ ᠰᠢᠨᠡᠯᠡᠮ᠎ᠡ᠂ ᠮᠥᠩᠬᠡᠦ᠌ᠯᠵᠠᠢ᠂ ᠬᠡᠰᠢᠭ᠌ᠳᠠᠯᠠᠢ ᠵᠡᠷᠭᠡ ᠬᠣᠷᠢᠶᠠᠨ ᠤ᠋ ᠨᠥᠬᠥᠳ ᠲᠡᠢ ᠪᠡᠨ ᠵᠥᠪᠳᠡᠯᠴᠡᠭᠡᠳ᠄《ᠪᠢᠳᠡ ᠰᠠᠨᠠᠭᠠᠴᠢᠯᠠᠭ᠎ᠠ ᠲᠠᠢ ᠪᠠᠷ ᠤᠮᠠᠷᠠᠰᠢ ᠤᠬᠤᠷᠢᠵᠤ ᠲᠡᠳᠡᠨ ᠢ᠋ ᠬᠠᠮᠠᠷᠯᠠᠨ ᠬᠥᠲᠥᠯᠵᠦ ᠪᠠᠶᠠᠨᠰᠢᠯᠢ ᠶ᠋ᠢᠨ ᠪᠠᠷᠠᠭᠤᠨ ᠶᠡᠬᠡ ᠪᠠᠯᠠᠷ ᠪᠣᠯᠤᠨ ᠪᠤᠵᠠᠢ ᠶ᠋ᠢᠨ ᠶᠡᠬᠡ ᠪᠠᠯᠠᠷ ᠡᠯᠡᠰᠦ᠂ ᠪᠣᠷᠣᠯᠠᠨ ᠰᠢᠯᠢ ᠶ᠋ᠢᠨ ᠶᠡᠬᠡ ᠶᠠᠰᠢᠯᠲᠤ ᠣᠢ᠂ ᠮᠠᠩᠬᠠᠲᠤ ᠶ᠋ᠢᠨ ᠶᠡᠬᠡ ᠪᠤᠷᠭᠠᠰᠤᠨ ᠳ᠋ᠤ᠌ ᠣᠷᠣᠭᠤᠯᠵᠤ ᠳᠠᠬᠢᠨ ᠲᠡᠳᠡᠨ ᠢ᠋ ᠪᠦᠯᠦᠭ ᠪᠦᠯᠦᠭ ᠢ᠋ᠶ᠋ᠡᠷ ᠪᠠᠯᠠᠷ ᠡᠯᠡᠰᠦᠨ ᠳᠥᠭᠥᠮ ᠦ᠋ᠳ ᠲᠦ᠍ ᠬᠠᠭᠠᠵᠤ ᠤᠰᠠᠳᠬᠠᠶ᠎ᠠ᠃ ᠨᠢᠭᠡ ᠪᠦᠯᠦᠭ ᠰᠠᠢᠨ ᠮᠣᠷᠢ ᠬᠤᠷᠴᠠ ᠵᠡᠪᠰᠡᠭ ᠲᠡᠢ ᠴᠡᠷᠢᠭ ᠳᠠᠢᠰᠤᠨ ᠤ᠋ ᠵᠡᠭᠦᠨ ᠪᠠᠷᠠᠭᠤᠨ ᠲᠠᠯ᠎ᠠ ᠠ᠋ᠴᠠ ᠨᠢ ᠭᠡᠨᠡᠳᠡᠭᠦᠯᠦᠨ ᠰᠢᠷᠦᠭᠦᠨ ᠳᠠᠭᠠᠷᠢᠵᠤ ᠠᠷᠤ ᠤᠲᠠᠰᠤ ᠶ᠋ᠢ ᠨᠢ ᠲᠠᠰᠤᠯᠬᠤ ᠶ᠋ᠢᠨ ᠳᠠᠭᠠᠤ ᠬᠣᠢᠰᠢ ᠳᠠᠭᠠᠷᠢᠯᠲᠠ ᠬᠢᠨ᠎ᠡ》 ᠭᠡᠵᠦ ᠲᠣᠭᠲᠠᠭᠰᠠᠨ ᠪᠠᠢᠨ᠎ᠠ᠃
ᠰᠢᠨᠡᠯᠡᠮ᠎ᠡ ᠶ᠋ᠢᠨ ᠴᠡᠷᠢᠭ ᠭᠡᠨᠡᠳᠲᠡ ᠤᠬᠤᠷᠢᠭᠠᠳ ᠶᠠᠪᠤᠴᠢᠬᠠᠭᠰᠠᠨ ᠳ᠋ᠤ᠌ ᠵᠢᠩ ᠶᠤᠸᠠᠢ ᠰᠢᠦ ᠶ᠋ᠢᠨ ᠴᠡᠷᠢᠭ《ᠵᠡᠭᠦᠳᠦ ᠪᠡᠷ ᠢ᠋ᠶ᠋ᠡᠨ ᠱᠠᠯᠪᠢᠩ ᠢᠳᠡᠭᠰᠡᠨ ᠰᠢᠭ》 ᠪᠠᠶᠠᠷᠯᠠᠵᠤ ᠰᠠᠨᠠᠭ᠎ᠠ ᠠᠮᠤᠷ ᠤᠮᠠᠷᠠᠰᠢ ᠤᠷᠤᠭᠰᠢᠯᠠᠨ᠎ᠠ᠃ ᠪᠠᠢᠯᠳᠤᠭᠠᠨ ᠤ᠋ ᠳᠥᠷᠪᠡᠳᠦᠭᠡᠷ ᠡᠳᠦᠷ ᠦ᠋ᠨ ᠣᠷᠣᠢ ᠵᠢᠩ ᠶᠤᠸᠠᠢ ᠰᠢᠦ ᠶ᠋ᠢᠨ ᠴᠡᠷᠢᠭ ᠦᠨᠳᠦᠰᠦᠨ ᠳ᠋ᠡᠭᠡᠨ ᠬᠠᠮᠠᠷᠯᠠᠭᠰᠠᠨ ᠲᠡᠮᠡᠭᠡ ᠬᠥᠲᠥᠯᠦᠭᠳᠡᠭᠰᠡᠨ ᠰᠢᠭ ᠪᠠᠯᠠᠷ ᠪᠠᠷᠲᠠᠭᠠᠯᠠᠩ ᠳ᠋ᠤ᠌ ᠤᠭᠤᠳᠠᠯᠠᠭᠳᠠᠨ ᠣᠷᠣᠬᠤ ᠳ᠋ᠤ᠌ ᠰᠢᠨᠡᠯᠡᠮ᠎ᠡ ᠶ᠋ᠢᠨ ᠴᠡᠷᠢᠭ ᠲᠡᠳᠡᠨ ᠢ᠋ ᠪᠦᠯᠦᠭ ᠪᠦᠯᠦᠭ ᠢ᠋ᠶ᠋ᠡᠷ ᠬᠣᠮᠣᠷᠣᠨ ᠪᠦᠰᠡᠯᠡᠵᠦ ᠤᠰᠠᠳᠬᠠᠵᠤ ᠡᠬᠢᠯᠡᠪᠡ᠃
ᠰᠢᠨᠠᠯᠠᠮ᠎ᠠ ᠶ᠋ᠢᠨ ᠴᠡᠷᠢᠭ ᠦ᠋ᠳ ᠪᠣᠯ ᠨᠤᠲᠤᠭ ᠤ᠋ᠨ ᠬᠥᠮᠦᠰ ᠲᠤᠯᠠ ᠭᠠᠵᠠᠷ ᠤ᠋ᠨ ᠪᠠᠢᠴᠠ ᠪᠠᠨ ᠰᠠᠢᠨ ᠣᠢᠯᠠᠭᠠᠵᠤ ᠳᠥᠭᠥᠮ ᠳᠠᠯᠠᠩ ᠤ᠋ᠨ ᠬᠠᠮᠢᠭᠠᠭᠤᠷ ᠨᠢ ᠪᠠᠢᠬᠤ ᠶ᠋ᠢ ᠰᠢᠷᠡᠯᠲᠡᠯᠡ ᠲᠣᠳᠣᠷᠬᠠᠢ ᠮᠡᠳᠡᠨ᠎ᠡ᠂ ᠤᠨᠤᠭᠰᠠᠨ ᠮᠣᠷᠢ ᠨᠢ ᠦᠦᠰᠢᠨ ᠠᠳᠤᠭᠤᠨ ᠤ᠋ ᠤᠨᠠᠭ᠎ᠠ ᠲᠤᠯᠠ ᠪᠠᠯᠠᠷ ᠡᠯᠡᠰᠦ ᠮᠠᠩᠬᠠᠨ ᠳ᠋ᠤ᠌ ᠳᠣᠪᠲᠣᠯᠵᠤ ᠭᠦᠶᠦᠬᠦ ᠳ᠋ᠦ᠍ ᠳᠠᠳᠬᠠᠯᠰᠢᠭᠰᠠᠨ ᠮᠣᠷᠢᠳ ᠶᠤᠮ᠃ ᠵᠢᠩ ᠶᠤᠸᠠᠢ ᠰᠢᠦ ᠶ᠋ᠢᠨ ᠴᠡᠷᠢᠭ ᠦ᠋ᠨ ᠮᠣᠷᠢᠳ ᠨᠢ ᠡᠯᠡᠰᠦ ᠮᠠᠩᠬᠠᠨ ᠳ᠋ᠤ᠌ ᠭᠦᠶᠦᠵᠦ ᠳᠣᠪᠲᠣᠯᠬᠤ ᠪᠠᠷ ᠮᠠᠭᠤ᠂ ᠵᠣᠭᠰᠣᠵᠤ ᠪᠣᠭᠰᠢᠴᠢᠬᠠᠭᠰᠠᠨ ᠮᠣᠷᠢᠳ ᠣᠯᠠᠨ ᠭᠠᠷᠴᠠᠢ᠃ ᠢᠯᠠᠩᠭᠤᠶ᠎ᠠ ᠣᠯᠠᠩᠬᠢ ᠴᠡᠷᠢᠭ ᠨᠢ ᠰᠢᠷ᠎ᠠ ᠬᠥᠷᠥᠰᠥᠲᠦ ᠥᠨᠳᠥᠷᠯᠢᠭ ᠦ᠋ᠨ ᠠᠭᠤᠯᠠ ᠵᠡᠪᠡ᠂ ᠭᠣᠣᠯ ᠤ᠋ᠨ ᠬᠥᠪᠡᠭᠡ ᠵᠡᠷᠭᠡ ᠢᠪᠴᠤᠤ ᠭᠠᠵᠠᠷ ᠢ᠋ᠶ᠋ᠠᠷ ᠲᠠᠷᠢᠶᠠᠯᠠᠵᠤ ᠠᠮᠢᠳᠤᠷᠠᠭᠰᠠᠨ ᠪᠤᠶᠤ ᠬᠣᠲᠠ ᠪᠠᠯᠭᠠᠰᠤᠨ ᠳ᠋ᠤ᠌ ᠰᠠᠭᠤᠭ᠎ᠠ ᠬᠥᠮᠦᠰ ᠲᠤᠯᠠ ᠬᠥᠳᠡᠭᠡ ᠶ᠋ᠢᠨ ᠬᠠᠷᠠᠩᠭᠤᠢ ᠣᠢ ᠲᠠᠢ ᠪᠠᠯᠠᠷ ᠮᠠᠩᠬᠠᠨ ᠳ᠋ᠤ᠌ ᠪᠠᠢᠯᠳᠤᠬᠤ ᠪᠠᠢᠲᠤᠭᠠᠢ ᠨᠢᠭᠡ ᠬᠣᠶᠠᠷ ᠢ᠋ᠶ᠋ᠠᠷ ᠶᠠᠪᠤᠬᠤ ᠠ᠋ᠴᠠ ᠴᠤ᠌ ᠵᠢᠷᠦᠬᠡᠰᠢᠶᠡᠵᠦ《ᠮᠠ ᠶᠣᠣ(妈哟)!》 ᠭᠡᠵᠦ ᠠᠶᠤᠳᠠᠰ ᠬᠦᠷᠳᠡᠭ ᠭᠡᠨ᠎ᠡ᠃ ᠬᠡᠳᠦᠢᠪᠡᠷ ᠡᠢᠮᠦ ᠦᠭᠡᠨᠴᠡ ᠳᠣᠷᠣᠢ ᠲᠠᠯ᠎ᠠ ᠲᠠᠢ ᠪᠣᠯᠪᠠᠴᠤ ᠦᠦᠰᠢᠨ ᠬᠤᠰᠢᠭᠤᠨ ᠤ᠋ ᠵᠡᠭᠦᠨ ᠬᠣᠢᠲᠤ ᠪᠡᠶ᠎ᠡ ᠶ᠋ᠢᠨ ᠮᠠᠯᠴᠢᠨ ᠲᠦᠮᠡᠨ ᠦ᠌ ᠢᠳᠡᠭᠡᠨ ᠦ᠌ ᠳᠠᠪᠤᠰᠤ ᠪᠣᠯᠤᠨ ᠰᠢᠨᠠᠯᠠᠮ᠎ᠠ ᠶ᠋ᠢᠨ ᠴᠡᠷᠢᠭ ᠦ᠋ᠨ ᠠᠯᠪᠠᠨ ᠵᠠᠷᠤᠳᠠᠯ ᠢ᠋ ᠰᠢᠢᠳᠪᠦᠷᠢᠯᠡᠳᠡᠭ ᠬᠥᠬᠡᠲᠣᠯᠣᠭᠠᠢ ᠶ᠋ᠢᠨ ᠳᠠᠪᠤᠰᠤᠨ ᠨᠠᠭᠤᠷ ᠢ᠋ ᠪᠤᠯᠢᠶᠠᠨ ᠡᠵᠡᠯᠡᠬᠦ ᠪᠡᠷ ᠵᠣᠷᠢᠯᠭ᠎ᠠ ᠲᠠᠢ ᠪᠠᠢᠭᠰᠠᠨ ᠵᠢᠩ ᠶᠤᠸᠠᠢ ᠰᠢᠦ᠂ ᠪᠣᠷᠣᠯᠠᠨ ᠰᠢᠯᠢ ᠶ᠋ᠢᠨ ᠥᠨᠳᠥᠷ ᠣᠷᠣᠢ ᠳ᠋ᠤ᠌ ᠭᠠᠷᠴᠤ ᠬᠣᠢᠰᠢ ᠪᠠᠨ ᠳᠤᠷᠠᠨᠳᠠᠵᠤ ᠦᠵᠡᠭᠡᠳ᠄《ᠦ! ᠲᠠᠨᠤᠰ ᠦᠵᠡᠬᠦ ᠦᠭᠡᠢ ᠤᠤ? ᠬᠥᠬᠡᠲᠣᠯᠣᠭᠠᠢ ᠶ᠋ᠢᠨ ᠳᠠᠪᠤᠰᠤᠨ ᠨᠠᠭᠤᠷ ᠡᠨᠡ ᠠᠷᠤ ᠳ᠋ᠤ᠌ ᠪᠠᠢᠬᠤ ᠪᠢᠰᠢ ᠤᠤ!᠁》 ᠭᠡᠵᠦ ᠪᠠᠶᠠᠷᠯᠠᠨ᠎ᠠ᠃ ᠬᠠᠵᠠᠭᠤ ᠳ᠋ᠤᠨᠢ ᠪᠠᠢᠭᠰᠠᠨ ᠹᠦᠭᠤᠸᠠᠨ ᠵᠠᠪᠰᠠᠷ ᠠ᠋ᠴᠠ ᠨᠢ ᠦᠭᠡ ᠡᠯᠭᠦᠵᠦ᠄《ᠳᠠᠪᠤᠰᠤᠨ ᠨᠠᠭᠤᠷ ᠡᠨᠳᠡ ᠡᠴᠡ ᠪᠠᠷᠤᠭ ᠨᠠᠶᠠᠭᠠᠳ ᠰᠢᠬᠠᠮ ᠭᠠᠵᠠᠷ ᠪᠣᠢ! ᠥᠨᠥ ᠰᠧᠯᠢᠩ ᠳ᠋ᠦ᠍ ᠦᠵᠡᠭᠳᠡᠳᠡᠭ ᠨᠢ ᠪᠢᠴᠢᠬᠠᠨ ᠣᠮᠪᠣᠢ ᠶ᠋ᠢᠨ ᠨᠠᠭᠤᠷ ᠰᠢᠦ! ᠪᠢ ᠥᠩᠭᠡᠷᠡᠭᠰᠡᠨ ᠳ᠋ᠦ᠍ ᠠᠪᠤ ᠪᠠᠨ ᠳᠠᠭᠠᠵᠤ ᠲᠡᠮᠡᠭᠡ ᠪᠡᠷ ᠣᠯᠠᠨ ᠤᠳᠠᠭ᠎ᠠ ᠳᠠᠪᠤᠰᠤ ᠲᠡᠭᠡᠭᠡᠪᠦᠷᠢᠯᠡᠵᠦ ᠪᠠᠢᠭᠰᠠᠨ ᠲᠤᠯᠠ ᠬᠥᠬᠡᠲᠣᠯᠣᠭᠠᠢ ᠶ᠋ᠢᠨ ᠨᠠᠭᠤᠷ ᠡᠨᠳᠡ ᠡᠴᠡ ᠦᠵᠡᠭᠳᠡᠬᠦ ᠦᠭᠡᠢ᠁》 ᠭᠡᠮᠡᠨ ᠬᠠᠷᠠᠭᠤᠯᠵᠠᠢ᠃ ᠬᠥᠬᠡᠨᠠᠭᠤᠷ᠂ ᠪᠠᠷᠰᠤᠩᠭ᠎ᠠ ᠶ᠋ᠢᠨ ᠨᠠᠭᠤᠷ᠂ ᠣᠮᠪᠣᠢ ᠶ᠋ᠢᠨ ᠨᠠᠭᠤᠷ ᠵᠡᠷᠭᠡ ᠳᠠᠪᠤᠰᠤ ᠬᠤᠵᠢᠷ ᠭᠠᠷᠳᠠᠭ ᠦᠭᠡᠢ ᠪᠠᠭ᠎ᠠ ᠨᠠᠭᠤᠷ ᠤ᠋ᠳ ᠤ᠋ᠨ ᠠᠯᠢ ᠶ᠋ᠢ ᠨᠢ ᠡᠨᠳᠡᠭᠦᠦ ᠦᠵᠡᠴᠢᠬᠡᠭᠡᠳ ᠬᠣᠭᠣᠰᠣᠨ ᠪᠠᠶᠠᠷᠯᠠᠭᠰᠠᠨ ᠨᠢ ᠡᠨᠡ ᠪᠠᠢᠵᠠᠢ᠃
ᠶᠠᠭ ᠡᠨᠡ ᠦᠶ᠎ᠡ ᠳ᠋ᠦ᠍ ᠬᠣᠯᠪᠣᠭᠠᠴᠢᠨ ᠴᠡᠷᠢᠭ ᠬᠦᠷᠴᠦ ᠢᠷᠡᠭᠡᠳ ᠵᠢᠩ ᠶᠤᠸᠠᠢ ᠰᠢᠦ ᠳ᠋ᠦ᠍ ᠨᠢᠭᠡᠨ ᠪᠠᠴᠢᠮ ᠮᠡᠳᠡᠭᠦᠯᠦᠯᠲᠡ ᠶ᠋ᠢᠨ ᠪᠢᠴᠢᠭ ᠭᠠᠷᠳᠠᠭᠤᠯᠪᠠ᠃ ᠡᠨᠡ ᠨᠢ ᠳᠠᠷᠤᠢ ᠡᠮᠦᠨᠡᠬᠢ ᠪᠠᠢᠯᠳᠤᠭᠠᠨ ᠨᠡᠢᠳᠡᠮ ᠢᠯᠠᠭᠳᠠᠵᠤ ᠪᠠᠢᠭ᠎ᠠ ᠪᠠᠢᠳᠠᠯ ᠢ᠋ᠶ᠋ᠠᠨ ᠮᠡᠳᠡᠭᠦᠯᠦᠭᠰᠡᠨ ᠪᠢᠴᠢᠭ ᠪᠠᠢᠭᠰᠠᠨ ᠪᠣᠯᠤᠯᠲᠠᠢ! ᠲᠡᠷᠡ ᠦᠵᠡᠭᠡᠳ ᠠᠭᠤᠷ ᠲᠠᠢ ᠪᠠᠷ᠄《ᠪᠦᠭᠦᠳᠡᠭᠡᠷ ᠢ᠋ᠶ᠋ᠡᠨ ᠪᠤᠳᠠᠭᠠᠨ ᠲᠤᠯᠤᠮ ᠤ᠋ᠳ᠂ ᠨᠣᠬᠠᠢ ᠲᠡᠵᠢᠭᠡᠭᠰᠡᠨ ᠳ᠋ᠦ᠍ ᠴᠦ᠍ ᠬᠦᠷᠬᠦ ᠦᠭᠡᠢ᠁》 ᠭᠡᠵᠦ ᠵᠠᠩᠳᠤᠷᠤᠨ᠎ᠠ᠃ ᠵᠢᠩ ᠶᠤᠸᠠᠢ ᠰᠢᠦ ᠳᠤᠷᠠᠨ ᠢ᠋ᠶ᠋ᠠᠷ ᠢ᠋ᠶ᠋ᠠᠨ ᠪᠠᠢᠯᠳᠤᠭᠠᠨ ᠤ᠋ ᠡᠮᠦᠨ᠎ᠡ ᠹᠷᠣᠨᠲ ᠤ᠋ᠨ ᠪᠠᠢᠳᠠᠯ ᠢ᠋ ᠦᠵᠡᠵᠦ ᠦᠵᠡᠭᠡᠳ ᠶᠠᠭᠠᠷᠠᠤ ᠰᠠᠨᠳᠤᠷᠤᠤ ᠪᠠᠷ ᠮᠠᠩᠬᠠᠲᠤ ᠶ᠋ᠢᠨ ᠰᠦᠮ᠎ᠡ ᠵᠦᠭ ᠤᠬᠤᠷᠢᠯ᠎ᠠ᠃
ᠰᠢᠨᠠᠯᠠᠮ᠎ᠠ ᠶ᠋ᠢᠨ ᠴᠡᠷᠢᠭ ᠡᠮᠦᠨ᠎ᠡ ᠡᠳᠦᠷ ᠮᠠᠩᠬᠠᠲᠤ ᠶ᠋ᠢᠨ ᠰᠦᠮ᠎ᠡ ᠡᠴᠡ ᠤᠬᠤᠷᠢᠵᠤ ᠬᠥᠳᠡᠭᠡ ᠬᠡᠭᠡᠷ᠎ᠡ ᠪᠠᠯᠠᠷ ᠪᠤᠷᠭᠠᠰᠤᠨ ᠳᠥᠭᠥᠮ ᠦ᠋ᠳ ᠢ᠋ᠶ᠋ᠡᠷ ᠡᠷᠭᠢᠴᠡᠵᠦ᠂ ᠰᠢᠨᠡᠯᠡᠮ᠎ᠡ ᠲᠤᠸᠠᠨᠵᠠᠩ ᠬᠠᠮᠢᠭ᠎ᠠ ᠶᠠᠪᠤᠵᠤ ᠪᠠᠢᠪᠠᠯ ᠲᠡᠨᠳᠡ ᠳᠠᠷᠤᠢ ᠲᠤᠸᠠᠨᠪᠦ᠋ ᠪᠠᠢᠵᠤ᠂ ᠡᠨᠡ ᠬᠦ᠌ ᠪᠠᠢᠯᠳᠤᠭᠠᠨ ᠤ᠋ ᠬᠠᠲᠠᠭᠤ ᠪᠡᠷᠬᠡ ᠡᠳᠦᠷ ᠦ᠋ᠳ ᠲᠦ᠍ ᠳᠡᠭᠡᠳᠦᠰ ᠦ᠋ᠨ ᠮᠣᠷᠢᠨ ᠨᠢᠷᠤᠭᠤᠨ ᠳᠡᠭᠡᠷ᠎ᠡ ᠪᠠᠢᠭᠤᠯᠤᠭᠰᠠᠨ ᠲᠥᠷᠥ ᠰᠢᠭ ᠶᠠᠪᠤᠵᠤ ᠵᠢᠯᠣᠭᠣᠳᠴᠤ᠂ ᠪᠠᠢᠯᠳᠤᠵᠤ ᠢᠯᠠᠯᠲᠠ ᠣᠯᠵᠤ ᠪᠠᠢᠯ᠎ᠠ᠃
ᠡᠨᠡ ᠤᠳᠠᠭ᠎ᠠ ᠶ᠋ᠢᠨ ᠮᠠᠩᠬᠠᠲᠤ ᠶ᠋ᠢᠨ ᠰᠦᠮ᠎ᠡ ᠶ᠋ᠢᠨ ᠪᠠᠢᠯᠳᠤᠭᠠᠨ ᠤ᠋ ᠲᠤᠬᠠᠢ ᠰᠢᠨᠠᠯᠠᠮ᠎ᠠ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠰᠠᠯᠠᠭᠠᠨ ᠳᠠᠷᠤᠭ᠎ᠠ᠂ ᠤᠭ ᠤ᠋ᠨ ᠶᠡᠬᠡ ᠵᠣᠣ ᠠᠢᠮᠠᠭ ᠤ᠋ᠨ ᠵᠠᠬᠢᠷᠭ᠎ᠠ ᠶ᠋ᠢᠨ ᠳᠠᠷᠤᠭ᠎ᠠ ᠠᠷᠪᠢᠨᠪᠠᠶᠠᠷ(ᠸᠠᠩ ᠶᠤᠸᠠᠢ ᠹᠧᠩ) ᠨᠠᠰᠤᠲᠠᠨ ᠵᠢᠷᠠᠭᠠᠳ ᠣᠨ ᠳ᠋ᠤ᠌ ᠭᠠᠯᠠᠭᠤᠲᠤ ᠶ᠋ᠢᠨ ᠬᠥᠬᠡᠨᠠᠭᠤᠷ ᠭᠠᠴᠠᠭᠠᠨ ᠳ᠋ᠤ᠌ ᠨᠢᠭᠡᠨ ᠪᠦᠯᠦᠭ ᠲᠡᠦᠬᠡ ᠰᠤᠳᠤᠯᠭᠠᠨ ᠤ᠋ ᠡᠷᠳᠡᠮᠲᠡᠨ᠂ ᠲᠤᠰᠬᠠᠢ ᠮᠡᠷᠭᠡᠵᠢᠯᠲᠡᠨ ᠲᠡᠢ ᠬᠠᠮᠲᠤ ᠪᠠᠷ ᠰᠢᠨᠠᠯᠠᠮ᠎ᠠ ᠶ᠋ᠢᠨ ᠲᠤᠬᠠᠢ ᠪᠠᠢᠴᠠᠭᠠᠯᠲᠠ ᠬᠢᠵᠦ ᠶᠠᠪᠤᠭ᠎ᠠ ᠬᠤᠭᠤᠴᠠᠭᠠᠨ ᠳ᠋ᠤ᠌ ᠬᠥᠮᠦᠰ ᠲᠦ᠍ ᠵᠣᠭᠣᠭ ᠪᠣᠯᠭᠠᠨ᠄《 ᠮᠠᠩᠬᠠᠲᠤ ᠶ᠋ᠢᠨ ᠰᠦᠮ᠎ᠡ ᠶ᠋ᠢᠨ ᠪᠠᠢᠯᠳᠤᠭᠠᠨ ᠳ᠋ᠤ᠌ ᠵᠢᠩ ᠶᠤᠸᠠᠢ ᠰᠢᠦ ᠶ᠋ᠢᠨ ᠴᠡᠷᠢᠭ ᠢ᠋ ᠪᠦᠯᠦᠭ ᠪᠦᠯᠦᠭ ᠢ᠋ᠶ᠋ᠡᠷ ᠲᠠᠰᠤᠯᠵᠤ ᠪᠤᠷᠭᠠᠰᠤᠨ ᠳᠥᠭᠥᠮ ᠳ᠋ᠦ᠍ ᠬᠠᠭᠠᠵᠤ ᠪᠦᠰᠡᠯᠡᠨ ᠤᠰᠠᠳᠬᠠᠬᠤ᠂ ᠠᠷᠤ ᠤᠲᠠᠰᠤᠨ ᠤ᠋ ᠬᠠᠩᠭᠠᠯᠲᠠ ᠶ᠋ᠢ ᠲᠠᠰᠤᠯᠬᠤ᠂ ᠠᠷᠭ᠎ᠠ ᠭᠠᠷᠭᠠᠨ ᠲᠡᠳᠡᠨ ᠢ᠋ ᠬᠠᠷᠢᠯᠴᠠᠨ ᠠᠯᠠᠯᠳᠤᠭᠤᠯᠬᠤ᠂ ᠴᠠᠭᠠᠨ ᠮᠠᠩᠬᠠᠨ ᠭᠣᠣᠯ ᠳ᠋ᠤ᠌ ᠬᠥᠭᠡᠭᠡᠵᠦ ᠨᠡᠬᠡᠮᠵᠢᠯᠡᠬᠦ ᠵᠡᠷᠭᠡ ᠶ᠋ᠢᠨ ᠲᠡᠢᠨ ᠦ᠌ ᠪᠣᠳᠣᠯᠭ᠎ᠠ ᠪᠠᠷ ᠤᠷᠢᠳ ᠬᠣᠵᠢᠳ ᠳᠣᠯᠣᠭᠠᠨ ᠡᠳᠦᠷ ᠪᠠᠢᠯᠳᠤᠪᠠ᠃ ᠪᠠᠢᠯᠳᠤᠭᠠᠨ ᠤ᠋ ᠳᠠᠷᠠᠭ᠎ᠠ ᠵᠢᠩ ᠶᠤᠸᠠᠢ ᠰᠢᠦ ᠶ᠋ᠢᠨ ᠴᠡᠷᠢᠭ ᠦ᠋ᠨ ᠦᠬᠦᠳᠡᠯ ᠪᠤᠷᠭᠠᠰᠤᠨ ᠳᠥᠭᠥᠮ ᠢ᠋ᠶ᠋ᠡᠷ ᠲᠡᠷᠡᠢᠵᠦ᠂ ᠡᠯᠡᠰᠦ ᠮᠠᠩᠬᠠᠨ ᠳ᠋ᠤ᠌ ᠳᠤᠲᠠᠭᠠᠵᠤ ᠪᠠᠢᠭᠠᠳ ᠭᠡᠭᠡᠭᠰᠡᠨ ᠴᠡᠷᠢᠭ ᠦ᠋ᠨ ᠱᠠᠬᠠᠢ ᠨᠢ ᠴᠦ᠍ ᠦᠬᠡᠷ ᠦ᠋ᠨ ᠠᠷᠭᠠᠯ ᠰᠢᠭ᠋ ᠬᠠᠷᠠᠯᠠᠵᠤ᠂ ᠮᠠᠨ ᠤ᠋ ᠴᠡᠷᠢᠭ ᠦ᠋ᠨ ᠠᠭᠲᠠ ᠮᠣᠷᠢᠨ ᠤ᠋ ᠬᠥᠯ ᠳ᠋ᠦ᠍ ᠰᠠᠭᠠᠳ ᠪᠣᠯᠵᠤ ᠪᠠᠢᠭᠰᠠᠨ ᠰᠢᠦ ᠳᠡ!᠁》 ᠭᠡᠵᠦ ᠶᠠᠷᠢᠵᠤ ᠪᠠᠢᠭᠰᠠᠨ ᠭᠡᠨ᠎ᠡ᠃
ᠵᠢᠩ ᠶᠤᠸᠠᠢ ᠰᠢᠦ ᠶ᠋ᠢᠨ ᠴᠡᠷᠢᠭ ᠡᠨᠡ ᠤᠳᠠᠭ᠎ᠠ ᠦᠬᠦᠵᠦ ᠰᠢᠷᠬᠠᠲᠤᠵᠤ᠂ ᠰᠠᠷᠨᠢᠵᠤ ᠳᠤᠲᠠᠭᠠᠭᠰᠠᠨ ᠢ᠋ ᠭᠠᠷᠭᠠᠪᠠᠯ ᠦᠯᠡᠳᠡᠭᠰᠡᠨ ᠴᠡᠷᠢᠭ ᠦ᠋ᠳ ᠨᠢ ᠲᠡᠢᠨ ᠦ᠌ ᠲᠠᠯᠠᠪᠠᠢ ᠠ᠋ᠴᠠ ᠡᠮᠦᠨᠡᠰᠢ ᠤᠬᠤᠷᠢᠵᠤ ᠪᠤᠴᠠᠭᠠᠳ ᠲᠠᠮᠠᠭᠠᠯᠠᠢ ᠳ᠋ᠤ᠌ ᠰᠠᠭᠤᠯ᠎ᠠ᠃ ᠮᠠᠩᠬᠠᠲᠤ ᠶ᠋ᠢᠨ ᠰᠦᠮ᠎ᠡ ᠶ᠋ᠢᠨ ᠪᠠᠢᠯᠳᠤᠭᠠᠨ ᠮᠠᠷᠲᠠᠭᠳᠠᠰᠢ ᠦᠭᠡᠢ ᠢᠯᠠᠯᠲᠠ ᠣᠯᠤᠭᠰᠠᠨ᠂ ᠮᠠᠨ ᠤ᠋ ᠴᠡᠷᠢᠭ ᠦ᠋ᠨ ᠲᠤᠸᠠᠨᠵᠠᠩ ᠰᠢᠨᠡᠯᠡᠮ᠎ᠡ ᠮᠠᠨᠽᠤᠰᠢᠷᠢ ᠶ᠋ᠢᠨ ᠬᠤᠪᠢᠯᠭᠠᠨ ᠪᠠᠢᠵᠠᠢ᠃①
— — — —
① ᠲᠤᠰ ᠠᠭᠤᠯᠭ᠎ᠠ ᠶ᠋ᠢ1980 ᠣᠨ ᠳ᠋ᠤ᠌ ᠦᠦᠰᠢᠨ ᠬᠤᠰᠢᠭᠤᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠳᠡᠳ᠋ ᠲᠡᠷᠢᠭᠦᠯᠡᠭᠴᠢ᠂ ᠬᠠᠭᠤᠴᠢᠨ ᠪᠢᠴᠢᠭ ᠦ᠋ᠨ ᠬᠥᠮᠦᠨ ᠴᠠᠭᠠᠨᠪᠣᠨᠳᠣᠨ ᠤ᠋ ᠶᠠᠷᠢᠭᠰᠠᠨ ᠢ᠋ ᠡᠮᠬᠢᠳᠬᠡᠪᠡ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠪᠠᠯ
ᠬᠢᠨᠠᠭᠴᠢ᠄ ᠣᠳᠬᠣᠨᠴᠡᠴᠡᠭ᠂ ᠠᠯᠲᠠᠨᠱᠠ
15. ᠮᠠᠰᠠᠩ ᠬᠦᠷᠢᠶ᠎ᠡ ᠶ᠋ᠢᠨ ᠪᠠᠢᠯᠳᠤᠭᠠᠨ
ᠮᠠᠰᠠᠩ ᠬᠦᠷᠢᠶ᠎ᠡ ᠭᠡᠳᠡᠭ ᠭᠠᠵᠠᠷ ᠥᠨᠥ ᠱᠠᠨᠰᠢ ᠮᠣᠵᠢ ᠶ᠋ᠢᠨ ᠢᠦᠢ ᠯᠢᠨ ᠬᠣᠲᠠ ᠶ᠋ᠢᠨ ᠮᠠᠩᠬ᠎ᠠ ᠰᠢᠶᠠᠩ ᠤ᠋ᠨ ᠮᠠᠰᠠᠩ ᠬᠦᠷᠢᠶ᠎ᠡ ᠲᠣᠰᠬᠣᠨ ᠪᠣᠯᠤᠨ᠎ᠠ᠃ ᠥᠩᠭᠡᠷᠡᠭᠰᠡᠨ ᠳ᠋ᠦ᠍ ᠡᠨᠳᠡ ᠦᠦᠰᠢᠨ ᠬᠤᠰᠢᠭᠤᠨ ᠤ᠋ ᠤᠢᠭᠤᠷᠵᠢᠨ ᠣᠪᠣᠭ ᠤ᠋ᠨ ᠲᠠᠢᠵᠢ ᠢᠵᠠᠭᠤᠷᠲᠠᠨ ᠮᠠᠰᠠᠩ ᠭᠡᠳᠡᠭ ᠡᠷᠦᠬᠡ ᠰᠠᠭᠤᠷᠢᠰᠢᠵᠤ᠂ ᠲᠤᠬᠠᠢ ᠶ᠋ᠢᠨ ᠦᠶ᠎ᠡ ᠳ᠋ᠦ᠍ ᠲᠠᠷᠢᠶᠠᠯᠠᠬᠤ ᠰᠣᠶᠣᠯ ᠤ᠋ᠨ ᠨᠥᠯᠥᠭᠡ ᠪᠡᠷ ᠭᠡᠷ ᠦ᠋ᠨ ᠭᠠᠳᠠᠨ᠎ᠠ ᠪᠠᠨ ᠶᠡᠬᠡ ᠶᠠᠰᠢᠯ ᠤ᠋ᠨ ᠬᠦᠷᠢᠶ᠎ᠡ ᠭᠠᠷᠭᠠᠵᠤ ᠮᠠᠨᠵᠢᠨ ᠲᠥᠮᠥᠰᠥ᠂ ᠨᠠᠪᠴᠢ ᠨᠣᠭᠣᠭ᠎ᠠ᠂ ᠴᠢᠩᠺᠧ ᠲᠠᠷᠢᠵᠤ ᠡᠯᠪᠡᠭ ᠬᠤᠷᠢᠶᠠᠯᠲᠠ ᠲᠠᠢ ᠮᠠᠯ ᠲᠠᠷᠢᠶ᠎ᠠ ᠶ᠋ᠢ ᠤᠶᠠᠯᠳᠤᠭᠤᠯᠤᠭᠰᠠᠨ ᠮᠣᠩᠭᠣᠯ ᠡᠷᠦᠬᠡ ᠪᠠᠢᠵᠠᠢ᠃ ᠬᠤᠵᠢᠷ ᠳᠠᠪᠤᠰᠤᠨ ᠤ᠋ ᠲᠡᠭᠡᠭᠡᠪᠦᠷᠢ ᠶ᠋ᠢᠨ ᠶᠡᠬᠡ ᠵᠠᠮ ᠡᠨᠡᠭᠦᠷ ᠥᠩᠭᠡᠷᠡᠵᠦ ᠬᠣᠢᠨ᠎ᠠ ᠡᠮᠦᠨᠡᠬᠢ ᠶ᠋ᠢ ᠬᠣᠯᠪᠣᠭᠰᠠᠨ ᠴᠢᠬᠤᠯᠠ ᠵᠠᠮ ᠱᠤᠭᠤᠮ ᠪᠣᠯᠬᠤ ᠲᠤᠯᠠ ᠡᠳᠦᠷᠵᠢᠨ ᠰᠥᠨᠢᠵᠢᠨ ᠠᠶᠠᠨᠴᠢᠨ ᠵᠢᠭᠤᠯᠴᠢᠯᠠᠭᠰᠠᠳ ᠴᠤᠪᠤᠷᠠᠳᠠᠭ ᠪᠣᠯᠬᠣᠷ《ᠮᠠᠰᠠᠩ ᠬᠦᠷᠢᠶ᠎ᠡ》(ᠮᠠᠰᠠᠩ ᠭᠡᠳᠡᠭ ᠡᠷᠦᠬᠡ ᠶ᠋ᠢᠨ ᠶᠡᠬᠡ ᠬᠦᠷᠢᠶ᠎ᠡ ᠭᠡᠰᠡᠨ ᠠᠭᠤᠯᠭ᠎ᠠ ᠲᠠᠢ) ᠭᠡᠵᠦ ᠳᠠᠭᠤᠳᠠᠬᠤ ᠪᠣᠯᠵᠠᠢ᠃ ᠬᠣᠵᠢᠮ ᠡᠨᠡ ᠡᠷᠦᠬᠡ ᠶ᠋ᠢᠨ ᠰᠠᠭᠤᠷᠢᠰᠢᠯ ᠨᠤᠲᠤᠭ ᠢ᠋ ᠬᠢᠲᠠᠳ ᠢᠷᠭᠡᠴᠤᠳ ᠲᠤ᠌ 40 ᠯᠠᠩ ᠮᠥᠩᠭᠥ ᠪᠡᠷ ᠬᠤᠳᠠᠯᠳᠤᠴᠢᠬᠠᠭᠰᠠᠨ ᠲᠤᠯᠠ ᠮᠠᠰᠠᠩ ᠨᠠᠰᠤᠲᠠᠨ ᠠᠷᠭ᠎ᠠ ᠪᠤᠰᠤ ᠥᠨᠥ ᠶ᠋ᠢᠨ ᠦᠦᠰᠢᠨ ᠬᠤᠰᠢᠭᠤᠨ ᠤ᠋ ᠭᠠᠯᠠᠭᠤᠲᠤ ᠬᠡᠮᠡᠬᠦ ᠭᠠᠵᠠᠷ ᠨᠡᠭᠦᠳᠡᠯᠯᠡᠨ ᠢᠷᠡᠵᠦ ᠰᠠᠭᠤᠷᠢᠰᠢᠪᠠ᠃ ᠭᠡᠪᠡᠴᠦ ᠮᠠᠰᠠᠩ ᠬᠡᠮᠡᠬᠦ ᠮᠣᠩᠭᠣᠯ ᠡᠷᠦᠬᠡ ᠶ᠋ᠢᠨ ᠨᠤᠲᠤᠭ ᠨᠢ ᠦᠬᠦᠲᠡᠯ᠎ᠡ ᠣᠷᠣᠰᠢᠬᠤ ᠮᠣᠩᠭᠣᠯᠵᠢᠨ ᠨᠤᠲᠤᠭ ᠪᠢᠰᠢ ᠪᠣᠯᠪᠠᠴᠤ《ᠮᠠᠰᠠᠩ ᠬᠦᠷᠢᠶ᠎ᠡ》 ᠭᠡᠬᠦ ᠨᠡᠷ᠎ᠡ ᠨᠢ ᠦᠶ᠎ᠡ ᠶ᠋ᠢᠨ ᠦᠶ᠎ᠡ ᠪᠡᠷ ᠭᠠᠵᠠᠷ ᠵᠦᠢ ᠶ᠋ᠢᠨ ᠨᠡᠷ᠎ᠡ ᠪᠣᠯᠵᠤ ᠣᠯᠠᠨ ᠦᠶ᠎ᠡ ᠶ᠋ᠢᠨ ᠬᠥᠮᠦᠰ ᠲᠦ᠍ ᠮᠠᠷᠲᠠᠭᠳᠠᠰᠢ ᠦᠭᠡᠢ ᠲᠡᠦᠬᠡ ᠪᠣᠯᠤᠨ ᠬᠠᠳᠠᠭᠳᠠᠴᠢᠬᠠᠯᠠ᠃
ᠰᠢᠨᠠᠯᠠᠮ᠎ᠠ᠂ ᠵᠢᠩ ᠶᠤᠸᠠᠢ ᠰᠢᠦ ᠶ᠋ᠢᠨ ᠴᠡᠷᠢᠭ ᠲᠦ᠍ ᠡᠵᠡᠯᠡᠭᠳᠡᠭᠰᠡᠨ ᠭᠠᠵᠠᠷ ᠨᠤᠲᠤᠭ ᠢ᠋ᠶ᠋ᠠᠨ ᠤᠷᠠᠨ ᠠᠷᠭ᠎ᠠ ᠪᠠᠷ ᠡᠭᠡᠭᠦᠯᠦᠨ ᠠᠪᠤᠭᠰᠠᠨ ᠤ᠋ ᠳᠠᠷᠠᠭ᠎ᠠ ᠲᠤᠬᠠᠢ ᠶ᠋ᠢᠨ ᠭᠠᠵᠠᠷ ᠨᠤᠲᠤᠭ ᠤ᠋ᠨ ᠮᠠᠯᠴᠢᠨ ᠲᠦᠮᠡᠨ ᠢ᠋ ᠲᠣᠬᠣᠨᠢᠭᠤᠯᠬᠤ ᠠᠵᠢᠯ ᠢ᠋ ᠬᠢᠬᠦ ᠶ᠋ᠢᠨ ᠬᠠᠮᠲᠤ ᠴᠡᠷᠢᠭ ᠠᠩᠭᠢ ᠪᠠᠨ ᠤᠯᠠᠭᠠᠨᠲᠣᠯᠣᠭᠠᠢ ᠶ᠋ᠢᠨ ᠰᠦᠮ᠎ᠡ ᠳᠡᠭᠡᠷ᠎ᠡ ᠰᠠᠭᠤᠯᠭᠠᠵᠤ᠂ ᠢᠷᠡᠵᠦ ᠮᠡᠳᠡᠬᠦ ᠲᠡᠢᠨ ᠪᠠᠢᠯᠳᠤᠭᠠᠨ ᠢ᠋ ᠠᠷᠭᠠᠴᠠᠭᠠᠬᠤ ᠪᠠᠷ ᠴᠡᠷᠢᠭ ᠦ᠋ᠨ ᠪᠣᠯᠪᠠᠰᠤᠷᠠᠯ ᠬᠢᠵᠦ ᠲᠡᠢᠨ ᠦ᠌ ᠪᠡᠯᠡᠳᠬᠡᠯ ᠢ᠋ᠶ᠋ᠡᠨ ᠴᠢᠩᠭᠠᠳᠬᠠᠭᠰᠠᠨ ᠪᠠᠢᠨ᠎ᠠ᠃ ᠡᠢᠮᠦ ᠡᠴᠡ ᠦᠦᠰᠢᠨ ᠬᠤᠰᠢᠭᠤᠨ ᠤ᠋ ᠮᠠᠯᠴᠢᠳ ᠨᠢᠭᠡᠨ ᠬᠤᠭᠤᠴᠠᠭ᠎ᠠ ᠲᠠᠢᠪᠤᠩ ᠲᠣᠭᠲᠠᠭᠤᠨ ᠪᠣᠯᠤᠯ᠎ᠠ᠃ ᠭᠡᠪᠡᠴᠦ ᠲᠠᠢᠪᠤᠩ ᠴᠠᠭ ᠲᠤ᠌ ᠮᠢᠨᠴᠦᠭᠦᠷᠡᠬᠦ ᠡᠴᠡ ᠵᠠᠢᠯᠠᠰᠬᠢᠵᠦ᠂ ᠰᠢᠨᠠᠯᠠᠮ᠎ᠠ ᠵᠢᠩ ᠶᠤᠸᠠᠢ ᠰᠢᠦ ᠶ᠋ᠢᠨ ᠴᠡᠷᠢᠭ ᠪᠠᠰᠠ ᠳᠠᠬᠢᠨ ᠦᠦᠰᠢᠨ ᠬᠣᠰᠢᠭᠤ ᠳ᠋ᠤ᠌ ᠳᠠᠭᠠᠷᠢᠯᠲᠠ ᠬᠢᠬᠦ ᠶ᠋ᠢ ᠰᠡᠷᠡᠮᠵᠢᠯᠡᠬᠦ ᠶ᠋ᠢᠨ ᠲᠤᠰᠠᠳᠠ ᠦᠷᠭᠦᠯᠵᠢ ᠴᠡᠷᠢᠭ ᠭᠠᠷᠭᠠᠨ ᠱᠠᠨᠰᠢ ᠪᠣᠯᠤᠨ ᠦᠦᠰᠢᠨ ᠬᠤᠰᠢᠭᠤᠨ ᠤ᠋ ᠬᠢᠯᠢ ᠭᠠᠵᠠᠷ ᠢ᠋ ᠲᠣᠭᠣᠷᠢᠨ ᠴᠠᠭᠳᠠᠨ ᠪᠠᠢᠴᠠᠭᠠᠯᠭᠠᠵᠠᠢ᠃
ᠪᠠᠭᠠᠲᠤᠷ(ᠬᠥᠮᠦᠰ ᠯᠤᠤ ᠪᠠᠭᠠᠲᠤᠷ ᠭᠡᠵᠦ ᠳᠠᠭᠤᠳᠠᠳᠠᠭ)᠂ ᠪᠣᠩᠬᠤᠸᠠ ᠵᠡᠷᠭᠡ ᠲᠠᠪᠤᠨ ᠪᠠᠢᠯᠳᠤᠭᠴᠢ ᠮᠠᠰᠩ ᠬᠦᠷᠢᠶ᠎ᠡ ᠪᠣᠯᠤᠨ ᠲᠡᠭᠦᠨ ᠦ᠌ ᠪᠠᠷᠠᠭᠤᠨ ᠡᠮᠦᠨ᠎ᠡ ᠪᠦᠷᠢᠳᠦ ᠶ᠋ᠢᠨ ᠡᠷᠢᠶᠡᠨ ᠲᠣᠯᠣᠭᠠᠢ ᠵᠡᠷᠭᠡ ᠭᠠᠵᠠᠷ ᠢ᠋ ᠴᠠᠭᠳᠠᠨ ᠪᠠᠢᠴᠠᠭᠠᠬᠤ ᠪᠠᠷ ᠮᠣᠷᠳᠠᠪᠠ᠃
ᠨᠢᠭᠡᠨ ᠡᠳᠦᠷ ᠲᠡᠳᠡ ᠶᠡᠬᠡ ᠪᠤᠷᠭᠠᠰᠤᠨ ᠳᠥᠭᠥᠮ ᠳᠣᠲᠣᠷ᠎ᠠ ᠮᠣᠷᠢ ᠪᠠᠨ ᠡᠮᠡᠭᠡᠯ ᠲᠡᠢ ᠨᠢ ᠴᠢᠳᠥᠷᠯᠡᠨ ᠢᠳᠡᠰᠢᠯᠡᠭᠦᠯᠵᠦ᠂ ᠥᠪᠡᠷᠰᠡᠳ ᠢ᠋ᠶ᠋ᠡᠨ ᠬᠠᠭᠤᠷᠠᠢ ᠬᠦᠨᠡᠰᠦ ᠪᠡᠨ ᠢᠳᠡᠵᠦ ᠶᠠᠳᠠᠷᠠᠭ᠎ᠠ ᠴᠢᠯᠡᠭᠡ ᠪᠡᠨ ᠲᠠᠢᠯᠬᠤ ᠪᠠᠷ ᠬᠡᠪᠲᠡᠵᠦ ᠪᠠᠢᠲᠠᠯ᠎ᠠ ᠭᠡᠨᠡᠳᠲᠡ ᠠᠭᠲᠠ ᠮᠣᠷᠢᠳ ᠤ᠋ᠨ ᠲᠦᠪᠡᠷᠭᠡᠨ ᠰᠣᠨᠣᠰᠲᠠᠯ᠎ᠠ᠃ ᠠᠳᠤᠭᠤᠨ ᠰᠦᠷᠦᠭ ᠦ᠋ᠨ ᠴᠢᠮᠡᠭᠡ ᠴᠦ᠍ ᠶᠦᠮ ᠤᠤ? ᠠᠶᠤᠮᠰᠢᠭᠲᠤ ᠳᠠᠢᠰᠤᠨ ᠤ᠋ ᠴᠢᠮᠡᠭᠡ ᠴᠦ᠍ ᠶᠦᠮ ᠤᠤ? ᠠᠯᠢ ᠨᠢ ᠪᠣᠯᠬᠤ ᠶ᠋ᠢ ᠠᠵᠢᠭᠯᠠᠬᠤ ᠪᠠᠷ ᠵᠠᠷᠢᠮ ᠨᠢ ᠬᠣᠢᠲᠤ ᠰᠡᠷᠪᠡᠩ ᠲᠡᠢ ᠣᠷᠣᠢ ᠳ᠋ᠤ᠌ ᠭᠠᠷᠴᠤ ᠬᠠᠷᠠᠬᠤᠯ᠎ᠠ ᠵᠢᠩ ᠶᠤᠸᠠᠢ ᠰᠢᠦ ᠶ᠋ᠢᠨ ᠨᠢᠭᠡᠨ ᠪᠦᠯᠦᠭ ᠴᠡᠷᠢᠭ ᠨᠢᠭᠡᠨᠲᠡ ᠲᠡᠷᠡ ᠬᠡᠳᠦᠭᠦᠯᠡ ᠶ᠋ᠢ ᠪᠦᠰᠡᠯᠡᠨ ᠬᠣᠮᠣᠷᠴᠢᠬᠠᠵᠠᠢ᠃ ᠲᠡᠳᠡ ᠬᠠᠷᠢᠯᠴᠠᠨ ᠭᠠᠯ ᠠᠪᠤᠯᠴᠠᠵᠤ ᠪᠠᠢᠯᠳᠤᠭᠠᠨ ᠡᠬᠢᠯᠡᠯ᠎ᠡ᠃ ᠲᠡᠳᠡ ᠮᠣᠷᠢᠳ ᠢ᠋ᠶ᠋ᠠᠨ ᠪᠠᠷᠢᠵᠤ ᠤᠨᠤᠭᠠᠳ ᠵᠢᠩ ᠶᠤᠸᠠᠢ ᠰᠢᠦ ᠶ᠋ᠢᠨ ᠴᠡᠷᠢᠭ ᠦ᠋ᠨ ᠪᠦᠰᠡᠯᠡᠯᠲᠡ ᠶ᠋ᠢ ᠰᠢᠪᠲᠤᠯᠬᠤ ᠶ᠋ᠢᠨ ᠳᠠᠭᠠᠤ ᠦᠷᠭᠦᠯᠵᠢᠯᠡᠨ ᠮᠣᠷᠢᠨ ᠨᠢᠷᠤᠭᠤᠨ ᠳᠡᠭᠡᠷ᠎ᠡ ᠡᠴᠡ ᠨᠡᠬᠡᠮᠵᠢᠯᠡᠬᠦ ᠴᠡᠷᠢᠭ ᠢ᠋ ᠬᠠᠷᠪᠤᠵᠤ ᠪᠠᠢᠯ᠎ᠠ᠃ ᠲᠡᠳᠡ ᠭᠠᠵᠠᠷ ᠤ᠋ᠨ ᠪᠠᠢᠴᠠ ᠶ᠋ᠢᠨ ᠰᠤᠭᠤᠯ ᠲᠠᠰᠢᠭᠤ ᠳᠥᠭᠥᠮ ᠳᠠᠯᠠᠩ ᠤ᠋ᠳ ᠢ᠋ ᠠᠰᠢᠭᠯᠠᠨ ᠳᠤᠲᠠᠭᠠᠭᠠᠳ ᠨᠡᠯᠢᠶᠡᠳ ᠬᠣᠯᠠᠳᠠᠭᠰᠠᠨ ᠪᠣᠯᠪᠠᠴᠤ ᠰᠤᠮᠤ ᠪᠠᠨ ᠪᠠᠷᠠᠴᠢᠬᠠᠯ᠎ᠠ᠃《ᠵᠡᠪᠰᠡᠭ ᠦᠭᠡᠢ ᠴᠡᠷᠢᠭ ᠪᠣᠯ ᠮᠤᠩᠬᠠᠭ ᠴᠡᠷᠢᠭ》 ᠭᠡᠳᠡᠭᠴᠢᠯᠡᠨ ᠶᠠᠭᠠᠬᠢᠬᠤ ᠪᠠᠨ ᠣᠯᠬᠤ ᠦᠭᠡᠢ ᠪᠠᠢᠲᠠᠯ᠎ᠠ ᠪᠣᠩᠬᠣᠸᠠ ᠪᠠᠴᠢᠮ ᠪᠠᠢᠳᠠᠯ ᠢ᠋ ᠠᠷᠭᠠᠴᠠᠭᠠᠬᠤ ᠶ᠋ᠢᠨ ᠲᠤᠰᠠᠳᠠ᠄《 ᠪᠢᠳᠡ ᠡᠳᠦᠷ ᠰᠥᠨᠢ ᠦᠭᠡᠢ ᠵᠠᠮ ᠬᠥᠭᠡᠭᠡᠭᠰᠡᠭᠡᠷ ᠪᠠᠢᠵᠤ ᠮᠣᠷᠢᠳ ᠴᠤ᠌ ᠲᠠᠭᠳᠠᠵᠤ ᠵᠣᠭᠰᠣᠴᠢᠬᠠᠯ᠎ᠠ᠃ ᠣᠳᠣ ᠢᠩᠭᠢᠵᠦ ᠣᠷᠣᠯᠳᠣᠭᠠᠳ ᠵᠢᠩ ᠶᠤᠸᠠᠢ ᠰᠢᠦ ᠶ᠋ᠢᠨ ᠴᠡᠷᠢᠭ ᠦ᠋ᠨ ᠠᠶᠤᠯ ᠠ᠋ᠴᠠ ᠮᠤᠯᠲᠤᠷᠠᠵᠤ ᠳᠡᠢᠯᠬᠦ ᠦᠭᠡᠢ ᠰᠢᠦ᠁ ᠪᠢᠳᠡ ᠲᠠᠪᠤᠭᠤᠯᠠ ᠬᠥᠮᠦᠨ ᠪᠦᠷᠢ ᠨᠢᠭᠡ ᠰᠡᠷᠪᠡᠩ ᠦ᠋ᠨ ᠣᠷᠣᠢ ᠳ᠋ᠤ᠌ ᠭᠠᠷᠴᠤ ᠮᠣᠷᠢ ᠪᠠᠨ ᠯᠦᠦᠯᠢᠴᠡᠬᠡᠶᠡ(ᠤᠷᠤᠯᠳᠤᠭᠠᠨ ᠮᠣᠷᠢᠨ ᠤ᠋ ᠠᠮᠢᠰᠬᠤᠯ ᠢ᠋ ᠲᠣᠭᠲᠠᠭᠠᠬᠤ ᠶ᠋ᠢᠨ ᠲᠥᠯᠥᠭᠡ ᠮᠣᠷᠢᠨ ᠤ᠋ ᠪᠠᠨ ᠴᠤᠯᠪᠤᠭᠤᠷ ᠠ᠋ᠴᠠ ᠪᠠᠷᠢᠵᠤ ᠮᠣᠷᠢ ᠶ᠋ᠢ ᠪᠡᠶ᠎ᠡ ᠪᠡᠨ ᠲᠣᠭᠣᠷᠢᠭᠤᠯᠤᠨ ᠡᠷᠭᠢᠭᠦᠯᠬᠦ ᠶ᠋ᠢ ᠬᠡᠯᠡᠨ᠎ᠡ)》 ᠭᠡᠵᠦ ᠬᠡᠯᠡᠯᠴᠡᠭᠡᠳ ᠬᠣᠶᠠᠷ ᠲᠠᠢᠰᠢ ᠲᠠᠷᠬᠠᠵᠤ ᠲᠤᠰ ᠲᠤᠰ ᠲᠠᠭᠠᠨ ᠥᠨᠳᠥᠷ ᠣᠷᠣᠢ ᠳ᠋ᠤ᠌ ᠭᠠᠷᠴᠤ ᠮᠣᠷᠢᠨ ᠠ᠋ᠴᠠ ᠪᠠᠭᠤᠵᠤ ᠮᠣᠷᠢ ᠪᠠᠨ ᠯᠦᠦᠯᠢᠴᠡᠭᠡᠯᠡ᠃ ᠡᠨᠡ ᠦᠶ᠎ᠡ ᠳ᠋ᠦ᠍ ᠯᠤᠤ ᠪᠠᠭᠠᠲᠤᠷ ᠴᠠᠭᠠᠨ ᠠᠯᠴᠢᠭᠤᠷ ᠢ᠋ᠶ᠋ᠠᠨ ᠬᠤᠷᠤᠢᠯᠠᠵᠤ ᠶᠡᠬᠡ ᠳᠠᠭᠤᠨ ᠢ᠋ᠶ᠋ᠠᠷ《ᠨᠢᠭᠡ᠂ ᠬᠣᠶᠠᠳᠤᠭᠠᠷ ᠯᠢᠶᠠᠨ ᠪᠠᠷᠠᠭᠤᠨ ᠲᠠᠯ᠎ᠠ ᠪᠠᠷ᠂ ᠭᠤᠷᠪᠠ ᠳᠥᠷᠪᠡᠳᠦᠭᠡᠷ ᠯᠢᠶᠠᠨ ᠵᠡᠭᠦᠨ ᠰᠡᠷᠪᠡᠩ ᠢ᠋ᠶ᠋ᠡᠷ ᠭᠠᠵᠠᠷ ᠤ᠋ᠨ ᠪᠠᠢᠴᠠ ᠶ᠋ᠢ ᠠᠰᠢᠭᠯᠠᠵᠤ ᠪᠠᠢᠯᠳᠤᠬᠤ ᠪᠠᠷ ᠪᠡᠯᠡᠳᠭᠡ!》 ᠭᠡᠵᠦ ᠳᠠᠬᠢᠨ ᠳᠠᠪᠲᠠᠨ ᠬᠢᠲᠠᠳ ᠮᠣᠩᠭᠣᠯ ᠢ᠋ᠶ᠋ᠠᠷ ᠬᠠᠰᠬᠢᠷᠤᠯ᠎ᠠ᠃ ᠥᠨᠳᠥᠷ ᠰᠡᠷᠪᠡᠩ ᠦ᠋ᠨ ᠣᠷᠣᠢ ᠳ᠋ᠤ᠌ ᠪᠠᠢᠭᠰᠠᠨ ᠪᠤᠰᠤᠳ ᠬᠡᠳᠦ ᠨᠢ ᠮᠡᠳᠡᠯ᠎ᠡ ᠭᠡᠮᠡᠨ ᠴᠠᠭᠠᠨ ᠠᠯᠴᠢᠭᠤᠷ ᠪᠤᠶᠤ ᠭᠠᠷ ᠢ᠋ᠶ᠋ᠠᠨ ᠳᠠᠯᠠᠯᠤᠨ ᠬᠠᠷᠢᠭᠤ ᠬᠠᠰᠬᠢᠷᠤᠨ᠎ᠠ᠃
ᠬᠠᠰᠬᠢᠷᠬᠤ ᠳᠠᠭᠤᠨ ᠢ᠋ ᠰᠣᠨᠣᠰᠤᠭᠰᠠᠨ ᠵᠢᠩ ᠶᠤᠸᠠᠢ ᠰᠢᠦ ᠶ᠋ᠢᠨ ᠴᠡᠷᠢᠭ ᠦ᠋ᠳ᠂ ᠰᠢᠨᠠᠯᠠᠮ᠎ᠠ ᠶ᠋ᠢᠨ ᠡᠨᠡ ᠬᠡᠳᠦᠬᠡᠨ ᠴᠡᠷᠢᠭ ᠦᠨᠡᠨ ᠳᠤᠲᠠᠭᠠᠭᠰᠠᠨ ᠪᠢᠰᠢ᠂ ᠬᠠᠷᠢᠨ ᠬᠠᠭᠤᠷᠮᠠᠭ ᠢ᠋ᠶ᠋ᠠᠷ ᠪᠢᠳᠡᠨ ᠢ᠋ ᠳᠠᠭᠠᠭᠤᠯᠤᠨ ᠪᠠᠯᠠᠷ ᠪᠤᠷᠭᠠᠰᠤᠨ ᠳᠣᠲᠣᠷ᠎ᠠ ᠪᠠᠨ ᠠᠪᠠᠴᠢᠵᠤ ᠶᠡᠬᠡ ᠴᠡᠷᠢᠭ ᠦ᠋ᠨ ᠬᠦᠴᠦ(ᠰᠢᠨᠠᠯᠠᠮ᠎ᠠ ᠳᠥᠷᠪᠡᠨ ᠯᠢᠶᠠᠨ ᠮᠣᠷᠢᠲᠤ ᠴᠡᠷᠢᠭ ᠲᠡᠢ ᠭᠡᠳᠡᠭ ᠢ᠋ ᠵᠢᠩ ᠶᠤᠸᠠᠢ ᠰᠢᠦ ᠶ᠋ᠢᠨ ᠴᠡᠷᠢᠭ ᠦ᠋ᠳ ᠪᠦᠷ ᠮᠡᠳᠡᠬᠦ ᠶᠦᠮ) ᠢ᠋ᠶ᠋ᠡᠷ ᠪᠢᠳᠡᠨ ᠢ᠋ ᠰᠥᠨᠥᠭᠡᠬᠦ ᠭᠡᠵᠦ ᠪᠠᠢᠨ᠎ᠠ ᠭᠡᠮᠡᠨ ᠡᠯᠳᠡᠪ ᠢ᠋ᠶ᠋ᠡᠷ ᠰᠡᠵᠢᠭᠯᠡᠭᠰᠡᠨ ᠡᠴᠡ ᠲᠠᠪᠤᠨ ᠴᠡᠷᠢᠭ ᠢ᠋ ᠦᠷᠭᠦᠯᠵᠢᠯᠡᠨ ᠨᠡᠬᠡᠮᠵᠢᠯᠡᠬᠦ ᠪᠡᠨ ᠵᠣᠭᠰᠣᠵᠤ᠂ ᠡᠴᠦᠰ ᠲᠡᠭᠡᠨ ᠪᠣᠷᠣ ᠮᠥᠷ ᠢ᠋ᠶ᠋ᠡᠷ ᠢ᠋ᠶ᠋ᠡᠨ ᠤᠬᠤᠷᠢᠨ ᠶᠠᠪᠤᠯ᠎ᠠ᠃
ᠢᠩᠭᠢᠭᠡᠳ ᠴᠠᠭᠳᠠᠭᠠᠨ ᠳ᠋ᠤ᠌ ᠶᠠᠪᠤᠭᠰᠠᠨ ᠲᠠᠪᠤᠬᠠᠨ ᠴᠡᠷᠢᠭ《ᠮᠤᠬᠤᠷᠳᠠᠬᠤ ᠳ᠋ᠤ᠌ ᠮᠤᠬᠤᠷ ᠪᠢᠷᠠᠭᠤ ᠪᠠᠷ ᠲᠠᠷᠢᠶ᠎ᠠ ᠲᠠᠷᠢᠪᠠ》 ᠭᠡᠭᠴᠢ ᠪᠡᠷ ᠰᠤᠮᠤ ᠪᠠᠨ ᠪᠠᠷᠠᠴᠢᠬᠠᠭᠰᠠᠨ ᠴᠤ᠌ ᠮᠤᠬᠤᠷᠳᠠᠭᠰᠠᠨ ᠦᠭᠡᠢ ᠬᠠᠷᠢᠨ ᠠᠷᠭ᠎ᠠ ᠪᠠᠷ ᠮᠡᠬᠡᠯᠡᠵᠦ ᠠᠮᠵᠢᠯᠲᠠ ᠣᠯᠵᠠᠢ᠃①
— — — —
① ᠲᠤᠰ ᠠᠭᠤᠯᠭ᠎ᠠ ᠶ᠋ᠢ1975 ᠣᠨ ᠳ᠋ᠤ᠌ ᠰᠢᠨᠡᠯᠡᠮ᠎ᠡ ᠶ᠋ᠢᠨ ᠴᠡᠷᠢᠭ ᠲᠦ᠍ ᠶᠠᠪᠤᠵᠤ ᠪᠠᠢᠭᠰᠠᠨ ᠡᠮᠴᠢ ᠪᠣᠩᠬᠤᠸᠠ ᠨᠠᠰᠤᠲᠠᠨ ᠤ᠋ ᠶᠠᠷᠢᠭᠰᠠᠨ ᠢ᠋ ᠲᠡᠮᠳᠡᠭᠯᠡᠪᠡ᠃
ᠵᠡᠭᠦᠯᠲᠡ
(1) ᠥᠴᠦᠬᠡᠨ ᠲᠠᠢᠵᠢ ᠠᠷᠠᠳ ᠴᠡᠷᠢᠭ ᠨᠡᠢᠲᠡ ᠪᠡᠷ ᠬᠢᠴᠢᠶᠡᠩᠭᠦᠢᠯᠡᠨ ᠶᠡᠬᠡ ᠶᠠᠮᠤᠨ᠎ᠠ ᠡᠷᠭᠦᠨ ᠪᠠᠷᠢᠪᠠ ᠮᠡᠳᠡᠭᠦᠯᠬᠦ ᠶ᠋ᠢᠨ ᠤᠴᠢᠷ ᠡᠨᠡ ᠡᠪᠦᠯ ᠦ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠲᠠᠪᠤᠨ᠎ᠠ᠃
ᠨᠢᠳᠤᠨᠤᠨ ᠵᠢᠯ ᠦ᠋ᠨ ᠬᠠᠪᠤᠷ ᠤ᠋ᠨ ᠳᠤᠮᠳᠠᠳᠤ ᠰᠠᠷ᠎ᠠ ᠶ᠋ᠢᠨ ᠬᠣᠷᠢᠨ ᠭᠤᠷᠪᠠᠨ᠎ᠠ ᠮᠠᠨ ᠤ᠋ ᠪᠡᠢᠯᠡ ᠨᠣᠶᠠᠨ ᠤ᠋ ᠰᠢᠳᠠᠷ ᠴᠡᠷᠢᠭ ᠪᠤᠶᠠᠨᠳᠣᠭᠲᠠᠬᠤ᠂ ᠡᠷᠬᠢᠮᠴᠡᠩᠬᠡᠯ ᠨᠠᠷ ᠭᠡᠨᠡᠳᠲᠡ ᠢᠦᠢ ᠯᠢᠨ ᠦ᠌ ᠵᠢᠩ ᠶᠤᠸᠠᠢ ᠰᠢᠦ ᠶ᠋ᠢᠨ ᠵᠢᠶᠠᠩ ᠲᠤᠸᠠᠨᠵᠠᠩ ᠤ᠋ᠨ ᠭᠤᠷᠪᠠᠨ ᠵᠠᠭᠤ ᠬᠢᠷᠢ ᠮᠣᠷᠢᠲᠤ ᠴᠡᠷᠢᠭ ᠢ᠋ ᠳᠠᠭᠠᠭᠤᠯᠤᠨ ᠢᠷᠡᠵᠦ ᠥᠴᠦᠬᠡᠨ ᠮᠠᠨ ᠢ᠋ ᠬᠡᠳᠦᠨ ᠤᠳᠠᠭ᠎ᠠ ᠬᠣᠮᠣᠷᠴᠤ ᠬᠤᠰᠢᠭᠤᠨ ᠤ᠋ ᠨᠤᠲᠤᠭ ᠤ᠋ᠨ ᠬᠠᠭᠠᠰ ᠥᠩᠭᠡᠷᠡᠲᠡᠯ᠎ᠡ ᠬᠥᠭᠡᠭᠡᠨ ᠪᠠᠢᠯᠳᠤᠵᠤ ᠮᠠᠨ ᠤ᠋ ᠴᠡᠷᠢᠭ ᠡᠴᠡ ᠬᠥᠮᠦᠨ ᠮᠣᠷᠢ ᠬᠡᠳᠦᠨ ᠠᠷᠪᠠ ᠶ᠋ᠢ ᠫᠤᠤᠳᠠᠨ ᠴᠠᠪᠴᠢᠵᠤ ᠬᠣᠬᠢᠷᠠᠭᠤᠯᠤᠭᠰᠠᠨ ᠠ᠋ᠴᠠ ᠭᠠᠳᠠᠨ᠎ᠠ ᠪᠡᠢᠯᠡ ᠨᠣᠶᠠᠨ ᠤ᠋ ᠱᠠᠩ ᠶᠠᠮᠤᠨ ᠤ᠋ ᠳᠠᠩᠰᠠ ᠬᠠᠷ᠎ᠠ ᠡᠳ᠋ᠯᠡᠯ ᠲᠠᠸᠠᠷ ᠫᠤᠤ ᠵᠡᠪᠰᠡᠭ ᠪᠠ ᠰᠦᠮ᠎ᠡ ᠬᠡᠢᠳ᠂ ᠠᠢᠯ ᠭᠡᠷ ᠦ᠋ᠳ ᠦ᠋ᠨ ᠡᠳ᠋ ᠮᠠᠯ ᠬᠥᠷᠥᠩᠭᠡ ᠦᠵᠡᠭᠳᠡᠭᠰᠡᠨ ᠪᠦᠬᠦᠨ ᠢ᠋ ᠴᠥᠮ ᠳᠡᠭᠡᠷᠡᠮᠯᠡᠨ ᠠᠪᠤᠭᠠᠳ ᠦᠯᠡᠳᠡᠭᠰᠡᠨ ᠢ᠋ ᠭᠡᠷ ᠣᠷᠣᠨ ᠤ᠋ ᠬᠠᠮᠲᠤ ᠰᠢᠲᠠᠭᠠᠨ ᠳᠡᠭᠡᠷᠡᠮᠳᠡᠭᠰᠡᠨ ᠪᠠ ᠨᠢᠭᠡᠮᠦᠰᠦᠨ ᠦᠭᠡᠢ ᠪᠣᠯᠭᠠᠨ ᠲᠠᠯᠠᠭᠳᠠᠬᠤ ᠪᠠᠷ ᠡᠭᠡᠯ ᠬᠣᠭᠣᠰᠣᠨ ᠪᠣᠯᠭᠠᠭᠰᠠᠨ ᠠᠨᠤ ᠶᠡᠷᠦ ᠪᠠᠭ᠎ᠠ ᠦᠭᠡᠢ ᠪᠢᠯᠡ᠃ ᠳᠠᠷᠠᠭ᠎ᠠ ᠪᠠᠷ ᠮᠥᠨ ᠨᠠᠮᠤᠷ ᠤ᠋ᠨ ᠳᠤᠮᠳᠠᠳᠤ ᠰᠠᠷ᠎ᠠ ᠳ᠋ᠤᠷ ᠮᠠᠨ ᠤ᠋ ᠴᠢᠭᠤᠯᠭᠠᠨ ᠤ᠋ ᠲᠡᠷᠢᠭᠦᠨ ᠳᠡᠳ᠋ ᠳᠡ ᠨᠣᠶᠠᠨ ᠤ᠋ ᠲᠦᠰᠢᠮᠡᠯ ᠴᠡᠷᠢᠭ ᠢ᠋ ᠪᠢᠴᠢᠭᠡᠴᠢ ᠷᠢᠨᠴᠢᠨᠷᠠᠭᠪᠠ᠂ ᠬᠣᠣᠪᠠᠳᠠᠢ᠂ ᠳᠣᠯᠣᠭᠠᠨᠵᠢᠩ ᠨᠠᠷ ᠡᠬᠢᠯᠡᠨ ᠮᠠᠨ ᠤ᠋ ᠪᠡᠢᠯᠡ ᠨᠣᠶᠠᠨ ᠤ᠋ ᠴᠡᠷᠢᠭ ᠪᠤᠶᠠᠨᠳᠣᠭᠲᠠᠬᠤ᠂ ᠪᠠᠷᠢᠨᠲᠠᠭ᠂ ᠡᠷᠬᠢᠮᠴᠡᠩᠬᠡᠯ᠂ ᠴᠣᠢᠷᠣᠭᠵᠠᠯᠰᠠᠨ᠂ ᠠᠷᠪᠢᠨᠬᠡᠰᠢᠭ᠂ ᠪᠠᠶᠠᠨᠰᠡᠷᠡᠩ᠂ ᠲᠠᠢᠵᠢ ᠪᠠᠪᠠ ᠨᠠᠷ ᠲᠠᠢ ᠭᠤᠷᠪᠠᠨ ᠵᠠᠭᠤ ᠰᠢᠬᠠᠮ ᠮᠣᠩᠭᠣᠯ ᠴᠡᠷᠢᠭ᠂ ᠢᠦᠢ ᠯᠢᠨ ᠦ᠌ ᠵᠢᠩ ᠶᠤᠸᠠᠢ ᠰᠢᠦ ᠶ᠋ᠢᠨ ᠬᠠᠷᠢᠶᠠᠲᠤ ᠵᠢᠶᠠᠩ ᠲᠤᠸᠠᠨᠵᠠᠩ ᠨᠠᠷ ᠤ᠋ᠨ ᠮᠢᠩᠭ᠎ᠠ ᠢᠯᠡᠭᠦᠦ ᠴᠡᠷᠢᠭ ᠲᠡᠢ ᠨᠡᠢᠯᠡᠵᠦ ᠬᠣᠶᠠᠷ ᠮᠢᠩᠭ᠎ᠠ ᠰᠢᠬᠠᠮ ᠴᠡᠷᠢᠭ ᠬᠤᠰᠢᠭᠤᠨ ᠤ᠋ ᠵᠡᠭᠦᠨ ᠪᠠ ᠡᠮᠦᠨ᠎ᠡ ᠵᠠᠬ᠎ᠠ ᠠ᠋ᠴᠠ ᠣᠷᠣᠵᠤ ᠮᠡᠢᠷᠡᠨ ᠰᠦᠮ᠎ᠡ᠂ ᠤᠯᠠᠭᠠᠨᠲᠣᠯᠣᠭᠠᠢ ᠶ᠋ᠢᠨ ᠰᠦᠮ᠎ᠡ᠂ ᠪᠡᠢᠯᠡ ᠨᠣᠶᠠᠨ ᠤ᠋ ᠱᠠᠩ ᠶᠠᠮᠤᠨ ᠳ᠋ᠤᠷ ᠢᠷᠡᠬᠦ ᠳ᠋ᠦ᠍ᠷ ᠬᠤᠰᠢᠭᠤᠨ ᠤ᠋ ᠪᠠᠷᠠᠭᠤᠨ ᠵᠠᠬ᠎ᠠ ᠠ᠋ᠴᠠ ᠢᠦᠢ ᠯᠢᠨ ᠦ᠌ ᠳ᠋ᠤᠸᠠᠨ ᠲᠤᠸᠠᠨᠵᠠᠩ᠂ ᠵᠠᠩ ᠬᠣᠩ ᠱᠦᠩ ᠲᠠᠪᠤᠨ ᠵᠠᠭᠤᠭᠠᠳ ᠴᠡᠷᠢᠭ ᠲᠡᠢ ᠰᠢᠪᠠᠷ ᠰᠦᠮ᠎ᠡ᠂ ᠰᠢᠷ᠎ᠠ ᠵᠣᠣ᠂ ᠥᠯᠥᠩ ᠵᠡᠷᠭᠡ ᠶ᠋ᠢᠨ ᠰᠦᠮᠡᠰ ᠪᠠ ᠮᠠᠨ ᠤ᠋ ᠪᠠᠷᠠᠭᠤᠨ ᠬᠦᠩ ᠲᠤᠰᠠᠯᠠᠭᠴᠢ ᠶ᠋ᠢᠨ ᠱᠠᠩ ᠢ᠋ᠶ᠋ᠠᠷ ᠡᠳᠡᠭᠡᠷ ᠬᠣᠶᠠᠷ ᠮᠢᠩᠭ᠎ᠠ ᠢᠯᠡᠭᠦᠦ ᠴᠡᠷᠢᠭ ᠣᠷᠣᠵᠤ ᠢᠷᠡᠭᠡᠳ ᠮᠠᠨ ᠤ᠋ ᠬᠤᠰᠢᠭᠤᠨ ᠤ᠋ ᠨᠤᠲᠤᠭ ᠤ᠋ᠨ ᠠᠷᠪᠠᠨ ᠬᠤᠪᠢ ᠶ᠋ᠢᠨ ᠨᠠᠢ᠍ᠮᠠᠨ ᠬᠤᠪᠢ ᠨᠤᠲᠤᠭ ᠢ᠋ ᠪᠤᠯᠢᠶᠠᠨ ᠳᠡᠭᠡᠷᠡᠮᠳᠡᠵᠦ ᠬᠣᠬᠢᠷᠠᠭᠤᠯᠤᠨ ᠤᠰᠠᠳᠬᠠᠭᠰᠠᠨ ᠵᠦᠢᠯ ᠠᠨᠤ ᠵᠠᠰᠠᠭ ᠪᠡᠢᠯᠡ ᠶ᠋ᠢᠨ ᠨᠣᠶᠠᠨ ᠱᠠᠩ ᠶᠠᠮᠤᠨ ᠪᠠ ᠬᠦᠩ ᠲᠤᠰᠠᠯᠠᠭᠴᠢ ᠶ᠋ᠢᠨ ᠱᠠᠩ ᠤ᠋ᠨ ᠡᠳ᠋ᠯᠡᠯ ᠲᠠᠸᠠᠷ ᠳᠠᠩᠰᠠ ᠬᠠᠷ᠎ᠠ᠂ ᠮᠠᠯ ᠬᠥᠷᠥᠩᠭᠡ ᠪᠠ ᠰᠢᠷ᠎ᠠ ᠵᠣᠣ᠂ ᠰᠢᠪᠠᠷ᠂ ᠪᠣᠷᠣ ᠬᠣᠰᠢᠭᠤ᠂ ᠪᠦᠷᠢᠳᠦ᠂ ᠥᠯᠥᠩ᠂ ᠬᠤᠸᠠᠷᠲᠠᠢ᠂ ᠤᠯᠠᠭᠠᠨᠲᠣᠯᠣᠭᠠᠢ᠂ ᠮᠠᠩᠬᠠᠲᠤ᠂ ᠮᠡᠢᠷᠡᠨ ᠰᠦᠮ᠎ᠡ ᠵᠡᠷᠭᠡ ᠶ᠋ᠢᠨ ᠶᠢᠰᠦᠨ ᠰᠦᠮ᠎ᠡ ᠶ᠋ᠢᠨ ᠪᠤᠷᠬᠠᠨ ᠰᠢᠲᠦᠭᠡᠨ ᠪᠠ ᠨᠣᠮ ᠰᠤᠳᠤᠷ ᠬᠡᠷᠡᠭᠰᠡᠯ ᠡᠳ᠋ᠯᠡᠯ᠂ ᠯᠠᠮᠠ ᠨᠠᠷ ᠤ᠋ᠨ ᠨᠣᠮ ᠤ᠋ᠨ ᠬᠤᠪᠴᠠᠰᠤ᠂ ᠬᠦᠨᠡᠰᠦ ᠬᠡᠷᠡᠭᠯᠡᠯ ᠢ᠋ ᠪᠦᠷᠢᠮᠦᠰᠦᠨ ᠳᠡᠭᠡᠷᠡᠮᠳᠡᠨ ᠠᠪᠤᠭᠠᠳ ᠦᠯᠡᠳᠡᠭᠰᠡᠨ ᠢ᠋ ᠨᠢ ᠬᠡᠮᠬᠡᠴᠢᠨ ᠲᠠᠯᠬᠠᠳᠠᠭᠰᠠᠨ ᠠ᠋ᠴᠠ ᠭᠠᠳᠠᠨ᠎ᠠ ᠡᠳ᠋ ᠮᠠᠯ ᠬᠥᠷᠥᠩᠭᠡ ᠶ᠋ᠢ ᠬᠣᠭᠣᠰᠣᠷᠠᠲᠠᠯ᠎ᠠ ᠳᠡᠭᠡᠷᠡᠮᠳᠡᠵᠦ᠂ ᠪᠠᠷᠤᠭᠯᠠᠪᠠᠰᠤ ᠬᠣᠣᠷᠯᠠᠭᠳᠠᠨ ᠠᠯᠠᠭᠳᠠᠭᠰᠠᠨ ᠴᠡᠷᠢᠭ ᠪᠠ ᠠᠢᠯ ᠭᠡᠷ ᠦ᠋ᠨ ᠬᠥᠭᠰᠢᠨ ᠴᠢᠪᠠᠭᠠᠨᠴᠠ ᠨᠢᠯᠬ᠎ᠠ ᠬᠡᠦᠬᠡᠳ ᠲᠡᠢ ᠨᠡᠢᠲᠡ ᠠᠷᠪᠠᠨ ᠭᠤᠷᠪᠠ ᠪᠠᠷᠢᠭᠳᠠᠵᠤ᠂ ᠢᠦᠢ ᠯᠢᠨ ᠳ᠋ᠦ᠍ ᠠᠪᠠᠴᠢᠵᠤ ᠬᠣᠷᠢᠭᠳᠠᠭᠰᠠᠨ ᠴᠡᠷᠢᠭ ᠬᠣᠶᠠᠷ᠂ ᠰᠢᠲᠠᠭᠠᠨ ᠲᠦᠢᠮᠡᠷᠳᠡᠭᠰᠡᠨ ᠠᠢᠯ ᠡᠷᠦᠬᠡ ᠳᠥᠴᠢ ᠢᠯᠡᠭᠦᠦ᠂ ᠨᠢᠳᠤᠨᠤᠨ ᠬᠠᠪᠤᠷ ᠠ᠋ᠴᠠ ᠣᠳᠣ ᠬᠦᠷᠲᠡᠯ᠎ᠡ ᠲᠡᠳᠡᠨ ᠳ᠋ᠦ᠍ ᠠᠯᠠᠭᠳᠠᠭᠰᠠᠨ ᠳᠥᠷᠪᠡᠨ ᠵᠦᠢᠯ ᠦ᠋ᠨ ᠮᠠᠯ ᠨᠢᠭᠡ ᠲᠦᠮᠡ ᠢᠯᠡᠭᠦᠦ᠂ ᠠᠯᠳᠠᠭᠳᠠᠭᠰᠠᠨ ᠡᠳ᠋ ᠬᠥᠷᠥᠩᠭᠡ ᠶ᠋ᠢ ᠪᠠᠷᠤᠭᠴᠠᠭᠠᠨ ᠦᠨ᠎ᠡ ᠪᠡᠷ ᠪᠣᠳᠣᠪᠠᠯ ᠬᠣᠶᠠᠷ ᠵᠠᠭᠤᠨ ᠲᠦᠮᠡᠨ ᠯᠠᠩ ᠳ᠋ᠤᠷ ᠬᠦᠷᠴᠡᠢ᠃ ᠲᠡᠭᠡᠭᠡᠳ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠠ᠋ᠴᠠ ᠬᠠᠷᠠᠴᠢᠨ ᠤ᠋ ᠰᠠᠢᠨᠪᠠᠶᠠᠷ ᠨᠠᠷ ᠢ᠋ ᠲᠣᠮᠢᠯᠠᠨ ᠬᠣᠶᠠᠷ ᠵᠠᠭᠤᠭᠠᠳ ᠴᠡᠷᠢᠭ ᠣᠷᠣᠵᠤ ᠲᠤᠰᠠᠯᠠᠨ ᠪᠠᠢᠯᠳᠤᠯᠴᠠᠵᠤ ᠲᠡᠳᠡᠭᠡᠷ ᠳᠡᠭᠡᠷᠡᠮ ᠢ᠋ ᠭᠡᠳᠡᠷᠭᠦ ᠡᠭᠡᠭᠦᠯᠦᠭᠰᠡᠨ ᠪᠠᠢᠨ᠎ᠠ᠃ ᠁ ᠮᠥᠨ ᠰᠠᠷ᠎ᠠ ᠶ᠋ᠢᠨ ᠰᠢᠨ᠎ᠡ ᠳ᠋ᠦ᠍ ᠭᠡᠨᠡᠳᠲᠡ ᠢᠦᠢ ᠯᠢᠨ ᠦ᠌ ᠵᠢᠩ ᠶᠤᠸᠠᠢ ᠰᠢᠦ ᠶ᠋ᠢᠨ ᠬᠠᠷᠢᠶᠠᠲᠤ ᠶᠠᠩ ᠶᠢᠩᠵᠠᠩ᠂ ᠳ᠋ᠠᠢ ᠯᠢᠶᠠᠨᠵᠠᠩ ᠨᠠᠷ ᠤ᠋ᠨ ᠮᠢᠩᠭ᠎ᠠ ᠭᠠᠷᠤᠢ ᠴᠡᠷᠢᠭ ᠯᠦ᠍ᠭᠡ ᠮᠠᠨ ᠤ᠋ ᠪᠡᠢᠯᠡ ᠨᠣᠶᠠᠨ ᠤ᠋ ᠵᠢᠰᠤᠷ ᠵᠠᠯᠢᠬᠠᠢ ᠪᠠᠢᠯᠳᠤᠭᠴᠢ ᠸᠠᠩᠴᠣᠭᠷᠠᠪᠳᠠᠨ᠂ ᠪᠤᠶᠠᠨᠴᠣᠭ᠂ ᠪᠠᠶᠠᠨᠰᠡᠷᠡᠩ᠂ ᠪᠤᠶᠠᠨᠳᠣᠭᠲᠠᠬᠤ᠂ ᠡᠷᠬᠢᠮᠴᠡᠩᠭᠡᠯ᠂ ᠪᠠᠷᠠᠩ᠂ ᠲᠠᠢᠵᠢ ᠪᠠᠪᠠ᠂ ᠲᠡᠭᠦᠰᠵᠢᠷᠭᠠᠯᠠᠩ᠂ ᠴᠢᠯᠠᠭᠤ᠂ ᠪᠠᠲᠤ ᠨᠠᠷ ᠤ᠋ᠨ ᠵᠢᠷᠠᠭᠠᠳ ᠴᠡᠷᠢᠭ ᠢ᠋ ᠵᠠᠯᠠᠨ ᠤ᠋ ᠵᠠᠩᠭᠢ ᠪᠤᠶᠠᠨᠳᠡᠯᠭᠡᠷ ᠵᠠᠬᠢᠷᠤᠨ ᠲᠣᠮᠢᠯᠠᠵᠤ ᠬᠠᠮᠲᠤ ᠨᠡᠢᠯᠡᠨ ᠢᠷᠡᠭᠡᠳ ᠤᠯᠠᠭᠠᠨᠲᠣᠯᠣᠭᠠᠢ᠂ ᠮᠠᠩᠬᠠᠲᠤ ᠰᠦᠮ᠎ᠡ᠂ ᠨᠣᠶᠠᠨ ᠤ᠋ ᠱᠠᠩ ᠶᠠᠮᠤᠨ ᠢ᠋ᠶ᠋ᠠᠷ ᠡᠩᠨᠡᠨ ᠰᠠᠭᠤᠭᠠᠳ ᠥᠴᠦᠬᠡᠨ ᠪᠢᠳᠡᠨ ᠢ᠋ ᠦᠷᠭᠦᠯᠵᠢ ᠬᠣᠮᠣᠷᠣᠨ ᠫᠤᠤᠳᠠᠵᠤ᠂ ᠪᠠᠰᠠ ᠬᠦ᠌ ᠶᠡᠬᠡ ᠫᠤᠤ ᠪᠠ ᠳ᠋ᠢᠯᠸᠡᠢ(ᠳᠡᠯᠪᠡᠴᠡᠬᠦ ᠮᠢᠨ᠎ᠠ ᠪᠣᠯᠤᠯᠲᠠᠢ— ᠵᠣᠬᠢᠶᠠᠭᠴᠢ ᠠ᠋ᠴᠠ) ᠵᠡᠷᠭᠡ ᠶ᠋ᠢᠨ ᠣᠯᠠᠨ ᠶᠡᠬᠡ ᠫᠤᠤ ᠲᠠᠯᠪᠢᠵᠤ᠂ ᠠᠢᠯ ᠭᠡᠷ ᠦ᠋ᠨ ᠨᠣᠮᠣᠬᠠᠨ ᠬᠥᠮᠦᠰ ᠪᠠ ᠮᠠᠯ ᠢ᠋ ᠬᠣᠣᠷᠯᠠᠨ ᠠᠯᠠᠭᠰᠠᠨ ᠠᠨᠤ ᠴᠥᠭᠡᠨ ᠦᠭᠡᠢ ᠪᠢᠯᠡ᠂ ᠵᠢᠴᠢ ᠬᠤᠰᠢᠭᠤᠨ ᠤ᠋ ᠶᠡᠬᠡ ᠬᠠᠭᠠᠰ ᠨᠤᠲᠤᠭ ᠤ᠋ᠨ ᠰᠦᠮ᠎ᠡ ᠬᠡᠢᠳ ᠦ᠋ᠨ ᠪᠤᠷᠬᠠᠨ ᠰᠢᠲᠦᠭᠡᠨ ᠪᠠ ᠰᠤᠳᠤᠷ ᠨᠣᠮ᠂ ᠱᠠᠪᠢᠨᠠᠷ ᠤ᠋ᠨ ᠨᠣᠮ ᠤ᠋ᠨ ᠬᠤᠪᠴᠠᠰᠤ᠂ ᠬᠡᠷᠡᠭᠰᠡᠯ ᠡᠳ᠋ᠯᠡᠯ ᠲᠠᠸᠠᠷ ᠪᠥᠭᠡᠳ᠂ ᠴᠠᠭ ᠵᠢᠯ ᠦ᠋ᠨ ᠬᠣᠪᠣᠷ ᠭᠠᠴᠢᠭ ᠲᠤᠷ ᠲᠤᠢᠯ ᠤ᠋ᠨ ᠵᠦᠳᠡᠷᠡᠨ ᠡᠭᠦᠷᠲᠦᠭᠰᠡᠨ ᠠᠢᠯ ᠠᠷᠠᠳ ᠤ᠋ᠨ ᠠᠮᠢᠨ ᠲᠡᠵᠢᠭᠡᠯ ᠦ᠋ᠨ ᠡᠳ᠋ ᠮᠠᠯ ᠬᠥᠷᠥᠩᠭᠡ ᠶ᠋ᠢ ᠨᠢᠭᠡᠮᠦᠰᠦᠨ ᠳᠡᠭᠡᠷᠡᠮᠯᠡᠨ ᠠᠪᠴᠤ ᠪᠦᠷᠢᠯᠭᠡᠭᠡᠳ ᠦᠯᠡᠳᠡᠭᠡᠬᠦ ᠡᠳ᠋ᠯᠡᠯ ᠪᠠᠷᠠᠭ᠎ᠠ ᠭᠡᠷ ᠢ᠋ ᠢᠨᠦ ᠲᠠᠯᠬᠠᠳᠠᠨ ᠲᠦᠢᠮᠡᠷᠳᠡᠵᠦ ᠰᠦᠢᠳᠬᠡᠭᠡᠳ ᠡᠳᠦᠭᠡ ᠥᠴᠦᠬᠡᠨ ᠪᠢᠳᠡ ᠳ᠋ᠦ᠍ᠷ ᠬᠡᠷᠡᠭᠰᠡᠬᠦ ᠠᠶᠠᠭ᠎ᠠ ᠰᠢᠨᠠᠭ᠎ᠠ᠂ ᠲᠣᠭᠣᠭ᠎ᠠ ᠤᠭᠤᠷ ᠮᠠᠨᠴᠤ ᠴᠤ᠌ ᠦᠭᠡᠢ ᠡᠴᠡ ᠠᠩᠭᠢᠳᠠ ᠪᠠᠯᠠᠷ ᠬᠥᠳᠡᠭᠡ ᠳ᠋ᠦ᠍ᠷ ᠨᠢᠭᠤᠭᠰᠠᠨ ᠬᠥᠮᠦᠰ ᠢ᠋ ᠲᠤᠰᠬᠠᠢ ᠡᠷᠢᠨ ᠣᠯᠵᠤ ᠪᠠᠷᠢᠭᠠᠳ ᠳᠡᠭᠦᠵᠢᠯᠡᠨ ᠵᠠᠨᠴᠢᠵᠤ ᠰᠢᠷᠠᠵᠤ ᠲᠦᠯᠡᠬᠦ᠂ ᠠᠷᠪᠠᠨ ᠶᠡᠬᠡ ᠲᠣᠭᠠᠲᠤ ᠮᠥᠩᠭᠥ ᠮᠠᠯ ᠲᠣᠭᠲᠠᠭᠠᠨ ᠠᠪᠬᠤ ᠪᠠ ᠡᠰᠡ ᠦᠯᠦ ᠦᠭᠪᠡᠰᠦ ᠢᠦᠢ ᠯᠢᠨ ᠳ᠋ᠦ᠍ᠷ ᠠᠪᠠᠴᠢᠵᠤ ᠭᠢᠨᠳᠠᠨ ᠳ᠋ᠤᠷ ᠬᠣᠷᠢᠬᠤ ᠭᠡᠮᠡᠨ ᠠᠶᠤᠯᠭᠠᠨ ᠬᠢᠬᠠᠭᠳᠠᠭᠤᠯᠵᠤ ᠳᠥᠷᠪᠡᠨ ᠰᠠᠷ᠎ᠠ ᠢᠯᠡᠭᠦᠦ ᠬᠣᠷᠭᠣᠳᠠᠨ ᠰᠠᠭᠤᠵᠤ ᠪᠠᠢᠭᠠᠳ ᠠᠷᠠᠢᠬᠠᠨ ᠪᠤᠴᠠᠵᠤ ᠤᠬᠤᠷᠢᠭᠰᠠᠨ ᠪᠣᠯᠪᠠᠴᠤ ᠮᠠᠨ ᠤ᠋ ᠨᠣᠶᠠᠨ ᠤ᠋ ᠰᠢᠳᠠᠷ ᠶᠠᠪᠤᠭᠴᠢ ᠪᠢᠯᠳᠠᠤᠴᠢ ᠵᠠᠯᠢᠬᠠᠢ ᠳᠡᠭᠡᠷᠡᠮᠴᠢ ᠴᠡᠷᠢᠭ ᠦ᠋ᠳ᠂ ᠢᠷᠭᠡᠨ ᠲᠠᠷᠢᠶᠠᠯᠠᠩ ᠤ᠋ᠨ ᠭᠠᠵᠠᠷ ᠰᠠᠭᠤᠭᠠᠳ ᠵᠡᠭᠦᠨ ᠪᠠᠷᠠᠭᠤᠨ ᠳ᠋ᠤᠷ ᠭᠡᠷᠦᠨ ᠬᠡᠰᠦᠵᠦ ᠠᠢᠯ ᠭᠡᠷ ᠦ᠋ᠳ ᠡᠴᠡ ᠠᠯᠢ ᠲᠠᠭᠠᠲᠠᠢ ᠦᠵᠡᠭᠳᠡᠭᠰᠡᠨ ᠪᠦᠬᠦᠨ ᠢ᠋ ᠳᠡᠭᠡᠷᠡᠮᠯᠡᠨ ᠠᠪᠬᠤ ᠪᠠ ᠪᠡᠯᠴᠢᠭᠡᠷ ᠳᠠᠬᠢ ᠮᠣᠷᠢ ᠦᠬᠡᠷ ᠢ᠋ ᠭᠤᠴᠢ ᠳᠥᠴᠢ ᠪᠡᠷ ᠲᠠᠭᠤᠵᠤ ᠢᠦᠢ ᠯᠢᠨ ᠳ᠋ᠦ᠍ ᠠᠪᠠᠴᠢᠨ ᠰᠤᠮᠤ ᠬᠤᠳᠠᠯᠳᠤᠨ ᠠᠪᠬᠤ ᠪᠠ ᠠᠯᠠᠵᠤ ᠢᠳᠡᠬᠦ᠂ ᠵᠢᠴᠢ ᠠᠮᠵᠢᠭᠤᠯ ᠠᠴᠢᠬᠤ ᠪᠠᠷ ᠶᠠᠪᠤᠭᠰᠠᠨ ᠶᠠᠳᠠᠭᠤ ᠠᠷᠠᠳ ᠢ᠋ ᠵᠠᠮ ᠲᠣᠰᠴᠤ ᠥᠴᠦᠬᠡᠨ ᠲᠡᠳᠦᠢ ᠢᠳᠡᠰᠢ ᠠᠪᠬᠤ ᠦᠨ᠎ᠡ ᠪᠠ ᠤᠨᠤᠭ᠎ᠠ ᠶ᠋ᠢ ᠪᠤᠯᠢᠶᠠᠨ ᠳᠡᠭᠡᠷᠡᠮᠯᠡᠬᠦ ᠵᠦᠢᠯ ᠢ᠋ᠶ᠋ᠡᠷ ᠡᠳᠦᠭᠡ ᠪᠣᠯᠲᠠᠯ᠎ᠠ ᠵᠣᠪᠠᠭᠠᠵᠤ ᠪᠠᠢᠨ᠎ᠠ᠃ ᠡᠢᠮᠦ ᠤᠴᠢᠷ ᠢ᠋ ᠮᠡᠳᠡᠭᠦᠯᠬᠦ ᠡᠴᠡ ᠥᠭᠡᠷ᠎ᠡ ᠤᠷᠢᠳ ᠠ᠋ᠴᠠ ᠨᠣᠶᠠᠨ ᠡᠵᠡᠨ ᠢ᠋ᠶ᠋ᠡᠨ ᠵᠠᠯᠠᠯᠭ᠎ᠠ ᠲᠠᠯᠪᠢᠵᠤ ᠠᠢᠯᠠᠳᠬᠠᠨ ᠬᠠᠭᠤᠴᠢᠨ ᠵᠢᠷᠤᠮ ᠢ᠋ᠶ᠋ᠠᠷ ᠶᠠᠪᠤᠬᠤ ᠶ᠋ᠢ ᠬᠦᠰᠡᠵᠦ ᠪᠣᠢ ᠪᠠᠢᠲᠠᠯ᠎ᠠ ᠪᠢᠳᠡᠨ ᠦ᠌ ᠮᠣᠩᠭᠣᠯ ᠬᠤᠰᠢᠭᠤᠨ ᠳ᠋ᠤᠷ ᠣᠭᠲᠣ ᠬᠠᠮᠢᠶ᠎ᠠ ᠦᠭᠡᠢ ᠵᠢᠩ ᠶᠤᠸᠠᠢ ᠰᠢᠦ ᠡᠴᠡ ᠮᠠᠨ ᠤ᠋ ᠬᠤᠰᠢᠭᠤᠨ ᠤ᠋ ᠨᠠᠭᠤᠷ ᠭᠠᠵᠠᠷ ᠲᠤᠷ ᠳᠤᠷᠠᠯᠠᠵᠤ ᠠᠰᠢᠭ ᠢ᠋ ᠡᠷᠬᠢᠯᠡᠬᠦ ᠳ᠋ᠡᠭᠡᠨ ᠨᠣᠶᠠᠨ ᠭᠡᠭᠡᠨ ᠢ᠋ ᠶᠠᠪᠤᠭᠤᠯᠵᠤ ᠦᠭᠡᠢ ᠡᠴᠡ ᠦᠯᠦ ᠪᠠᠷᠠᠮ ᠬᠠᠷᠢᠨ ᠦᠦᠰᠢᠨ ᠪᠡᠢᠯᠡ ᠮᠥᠨ ᠬᠦ᠌ ᠢᠦᠢ ᠯᠢᠨ ᠬᠣᠲᠠ ᠳ᠋ᠤᠷ ᠵᠦᠭᠡᠷ ᠰᠠᠭᠤᠵᠤ ᠪᠠᠰᠠ ᠬᠦ᠌ ᠳᠠᠬᠢᠨ ᠳᠡᠭᠡᠷᠡᠮᠳᠡᠨ ᠪᠤᠯᠢᠶᠠᠵᠤ ᠡᠨᠡ ᠮᠡᠲᠦ ᠢᠨᠦ ᠴᠢᠩ ᠦᠨᠡᠨ ᠭᠡᠮᠡᠨ ᠭᠦᠳᠬᠡᠵᠦ᠂ ᠶᠡᠷᠦᠩᠬᠡᠢ ᠰᠧᠯᠢᠩ ᠦ᠋ᠨ ᠭᠠᠵᠠᠷ ᠬᠣᠪᠯᠠᠨ ᠮᠡᠳᠡᠭᠦᠯᠦᠭᠰᠡᠨ ᠮᠤᠰᠬᠢᠭᠳᠠᠯ ᠢ᠋ ᠲᠠᠢᠯᠤᠨ ᠥᠷᠥᠰᠢᠶᠡᠯᠭᠡᠬᠦ ᠶ᠋ᠢ ᠭᠤᠶᠤᠬᠤ ᠠ᠋ᠴᠠ ᠭᠠᠳᠠᠨ᠎ᠠ ᠪᠠᠰᠠ ᠵᠡᠭᠦᠨᠭᠠᠷ ᠤ᠋ᠨ ᠵᠠᠰᠠᠭ ᠬᠠᠮᠢᠶᠠᠷᠤᠭᠰᠠᠨ ᠬᠦᠩ ᠲᠤᠰᠠᠯᠠᠭᠴᠢ ᠨᠣᠶᠠᠨ ᠠ᠋ᠴᠠ ᠵᠠᠬᠢᠳᠠᠯ ᠢ᠋ᠶ᠋ᠠᠷ ᠬᠠᠷᠢᠶᠠᠲᠤ ᠵᠠᠰᠠᠭ ᠪᠡᠢᠯᠡ ᠨᠣᠶᠠᠨ ᠢ᠋ᠶ᠋ᠠᠨ ᠵᠠᠯᠠᠯᠭ᠎ᠠ ᠠᠢᠯᠠᠳᠬᠠᠵᠤ ᠱᠠᠩ ᠶᠠᠮᠤᠨ ᠳ᠋ᠤᠷ ᠠᠨᠤ ᠰᠠᠭᠠᠲᠠᠭᠤᠯᠰᠤᠭᠠᠢ ᠭᠡᠮᠡᠨ ᠲᠤᠰᠢᠶᠠᠭᠰᠠᠨ ᠢ᠋ ᠳᠠᠭᠠᠵᠤ ᠬᠠᠷᠢᠶᠠᠲᠤ ᠬᠦᠩ ᠲᠤᠰᠠᠯᠠᠭᠴᠢ ᠲᠦᠰᠢᠮᠡᠳ ᠲᠦ᠍ ᠮᠡᠳᠡᠭᠦᠯᠵᠦ ᠤᠳᠠᠭ᠎ᠠ ᠳᠠᠷᠠᠭ᠎ᠠ ᠪᠠᠷ ᠲᠦᠰᠢᠮᠡᠯ ᠤᠲᠤᠭᠤᠯᠤᠨ ᠵᠠᠯᠠᠯᠭ᠎ᠠ ᠠᠢᠯᠠᠳᠬᠠᠭᠰᠠᠭᠠᠷ ᠪᠣᠢ᠂ ᠡᠳᠦᠭᠡ ᠪᠣᠯᠲᠠᠯ᠎ᠠ ᠪᠠᠭᠤᠨ ᠰᠠᠭᠠᠲᠠᠭ᠎ᠠ ᠦᠭᠡᠢ ᠪᠥᠭᠡᠳ ᠥᠴᠦᠬᠡᠨ ᠣᠯᠠᠨ ᠪᠢᠳᠡᠨ ᠢ᠋ ᠬᠠᠷᠢᠶᠠᠲᠤ ᠬᠦᠩ ᠲᠤᠰᠠᠯᠠᠭᠴᠢ ᠨᠣᠶᠠᠳ ᠲᠦᠰᠢᠮᠡᠳ ᠨᠠᠷ ᠰᠢᠢᠳᠬᠡᠨ ᠲᠣᠬᠣᠨᠢᠭᠤᠯᠵᠤ ᠮᠡᠳᠡᠭᠦᠯᠦᠭᠰᠡᠨ ᠡᠴᠡ ᠬᠣᠢᠰᠢ ᠤᠯᠠᠭᠠᠨ ᠨᠠᠮ ᠤ᠋ᠨ ᠰᠠᠨᠠᠭᠠᠨ ᠤ᠋ ᠵᠢᠷᠤᠮ ᠢ᠋ ᠳᠡᠯᠭᠡᠷᠡᠭᠦᠯᠦᠨ ᠵᠠᠷᠯᠠᠵᠤ ᠮᠣᠩᠭᠣᠯ ᠢᠷᠭᠡᠨ ᠢ᠋ ᠴᠢᠷᠦᠭᠳᠡᠭᠦᠯᠦᠨ ᠵᠣᠪᠠᠭᠠᠵᠤ ᠪᠠᠰᠠ ᠴᠤ᠌ ᠵᠠᠰᠠᠭ ᠤ᠋ᠨ ᠠᠯᠪᠠᠨ ᠤ᠋ ᠬᠡᠷᠡᠭ ᠢ᠋ ᠬᠥᠨᠳᠡᠯᠢᠳᠦᠨ ᠪᠣᠭᠣᠭᠳᠠᠭᠤᠯᠤᠭᠰᠠᠨ ᠵᠦᠢᠯ ᠣᠭᠲᠣ ᠦᠭᠡᠢ᠃ ᠬᠠᠭᠤᠴᠢᠨ ᠵᠢᠷᠤᠮᠴᠢᠯᠠᠨ ᠳ᠋ᠠᠭᠠᠨ ᠶᠠᠪᠤᠵᠤ ᠪᠣᠢ ᠦᠨᠡᠨ ᠤᠴᠢᠷ ᠤ᠋ᠳ ᠢ᠋ ᠲᠣᠳᠣᠷᠬᠠᠢᠯᠠᠨ ᠭᠠᠷᠭᠠᠵᠤ ᠡᠷᠭᠦᠨ ᠮᠡᠳᠡᠭᠦᠯᠪᠡ᠃ ᠣᠯᠳᠠᠬᠤᠯ᠎ᠠ ᠳᠣᠯᠢᠴᠢᠨ ᠥᠷᠥᠰᠢᠶᠡᠵᠦ ᠴᠢᠭᠤᠯᠭᠠᠨ ᠤ᠋ ᠲᠡᠷᠢᠭᠦᠨ ᠵᠢᠶᠦ᠋ᠨ ᠸᠠᠩ ᠨᠣᠶᠠᠨ ᠤ᠋ ᠭᠠᠵᠠᠷ ᠲᠤᠷ ᠶᠠᠭᠠᠷᠠᠪᠴᠢᠯᠠᠨ ᠶᠠᠪᠤᠭᠤᠯᠵᠤ ᠬᠡᠰᠢᠭ ᠬᠦᠷᠲᠡᠭᠡᠬᠦ ᠶ᠋ᠢ ᠠᠵᠢᠶᠠᠮᠤᠢ᠂ ᠡᠭᠦᠨ ᠦ᠌ ᠲᠤᠯᠠ ᠡᠷᠭᠦᠨ ᠪᠠᠷᠢᠪᠠ᠃
ᠳᠤᠮᠳᠠᠳᠤ ᠢᠷᠭᠡᠨ ᠤᠯᠤᠰ ᠤ᠋ᠨ ᠠᠷᠪᠠᠨ ᠳᠣᠯᠣᠳᠤᠭᠠᠷ ᠣᠨ
ᠰᠢᠷ᠎ᠠ ᠯᠤᠤ ᠵᠢᠯ ᠦ᠋ᠨ ᠡᠪᠦᠯ ᠦ᠋ᠨ ᠰᠡᠭᠦᠯ ᠰᠠᠷ᠎ᠠ ᠶ᠋ᠢᠨ ᠠᠷᠪᠠᠨ ᠵᠢᠷᠭᠤᠭᠠᠨ᠎ᠠ᠃
(2) ᠲᠡᠢᠨ ᠦ᠌ ᠳᠠᠷᠠᠭᠠᠬᠢ ᠠᠵᠢᠯ ᠤ᠋ᠨ ᠲᠠᠯ᠎ᠠ ᠪᠠᠷ ᠪᠦᠬᠦ ᠬᠤᠰᠢᠭᠤᠨ ᠤ᠋ ᠠᠷᠪᠠᠨ ᠳᠣᠯᠣᠭᠠᠨ ᠡᠭᠦᠷ ᠲᠦ᠍ ᠮᠡᠳᠡᠭᠳᠡᠭᠰᠡᠨ ᠰᠢᠨᠡᠯᠡᠮ᠎ᠡ ᠶ᠋ᠢᠨ ᠭᠠᠷ ᠪᠢᠴᠢᠮᠡᠯ ᠦ᠋ᠨ ᠤᠤᠯ ᠡᠬᠡ
ᠬᠣᠰᠢᠭᠤ ᠬᠣᠷᠢᠶ᠎ᠠ ᠪᠠ᠂ ᠴᠡᠷᠢᠭ ᠦ᠋ᠨ ᠲᠤᠸᠠᠨ ᠠ᠋ᠴᠠ᠂ ᠲᠠᠪᠴᠠᠭ ᠨᠤᠲᠤᠭ ᠤ᠋ᠨ ᠳᠥᠷᠪᠡᠳᠦᠭᠡᠷ ᠡᠭᠦᠷ ᠦ᠋ᠨ ᠳᠠᠷᠤᠭ᠎ᠠ ᠨᠠᠷ ᠪᠠ ᠳᠠᠭᠠᠴᠠᠩ ᠨᠠᠷ ᠲᠤ᠌ ᠮᠡᠳᠡᠲᠦᠭᠡᠢ ᠭᠡᠮᠡᠨ ᠵᠠᠷᠯᠢᠭ ᠰᠠᠭᠤᠯᠶᠤ ᠶᠠᠪᠤᠭᠤᠯᠬᠤ ᠤᠴᠢᠷ᠂ ᠮᠥᠨᠥᠬᠡᠨ ᠲᠥᠪ ᠬᠣᠷᠢᠶᠠᠨ ᠠ᠋ᠴᠠ ᠵᠠᠷᠯᠠᠨ ᠢᠷᠡᠭᠰᠡᠨ ᠪᠢᠴᠢᠭ ᠪᠠ ᠲᠤᠰᠬᠠᠢ ᠲᠣᠮᠢᠯᠠᠨ ᠢᠷᠡᠭᠰᠡᠨ ᠲᠥᠪ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠮᠡᠳᠡᠯᠲᠦ ᠶ᠋ᠢᠨ ᠬᠤᠷᠠᠯᠳᠤᠨ ᠢᠯᠡᠳᠬᠡᠭᠰᠡᠨ ᠢ᠋ ᠬᠠᠷᠢᠶᠠᠲᠤ ᠠᠷᠪᠠᠨ ᠳᠣᠯᠣᠭᠠᠨ ᠡᠭᠦᠷ ᠲᠡᠭᠡᠨ ᠵᠠᠩᠶᠥ᠋ᠨ ᠦ᠌ ᠶᠡᠬᠡ ᠴᠡᠷᠢᠭ ᠢ᠋ ᠬᠥᠳᠡᠯᠭᠡᠨ ᠢᠷᠡᠭᠦᠯᠵᠦ ᠮᠠᠨ ᠤ᠋ ᠳᠠᠢᠰᠤᠨ ᠢ᠋ ᠤᠰᠠᠳᠬᠠᠨ ᠠᠷᠢᠯᠭᠠᠶᠤ ᠨᠠᠮ ᠤ᠋ᠨ ᠪᠢᠳᠡ ᠡᠷᠬᠡ ᠴᠢᠯᠥᠭᠡ ᠪᠡᠨ ᠣᠯᠬᠤ ᠴᠠᠭ ᠪᠣᠯᠤᠭᠰᠠᠨ ᠮᠠᠨᠤ ᠮᠠᠭᠤᠲᠠᠢ ᠶ᠋ᠢ ᠮᠡᠳᠡᠭᠳᠡᠨ ᠲᠤᠩᠭᠠᠯᠠᠭ ᠶᠠᠪᠤᠭᠤᠯᠤᠶ᠎ᠠ᠃ ᠬᠦᠷᠬᠦᠯ᠎ᠡ ᠳᠠᠷᠤᠭ᠎ᠠ ᠳᠠᠭᠠᠴᠠᠩ ᠨᠠᠷ᠂ ᠳᠠᠢᠰᠤᠨ ᠤ᠋ ᠭᠠᠯ ᠤᠰᠤᠨ ᠤ᠋ ᠠᠶᠤᠯ ᠳ᠋ᠤ᠌ ᠠᠮᠢ ᠪᠡᠶ᠎ᠡ ᠭᠡᠷ ᠬᠥᠷᠥᠩᠭᠡ ᠪᠡᠨ ᠠᠯᠳᠠᠵᠤ᠂ ᠠᠶᠤᠨ ᠰᠣᠴᠢᠵᠤ ᠪᠠᠯᠠᠷ ᠪᠤᠷᠭᠠᠰᠤᠨ ᠳ᠋ᠤ᠌ ᠪᠥᠭᠰᠢᠨ ᠪᠦᠬᠦᠢ ᠬᠥᠭᠰᠢᠨ ᠵᠠᠯᠠᠭᠤ ᠨᠢᠯᠬᠠᠰ ᠲᠤ᠌ ᠵᠠᠷᠯᠠᠵᠤ᠂ ᠡᠳᠦᠭᠡ ᠪᠢᠳᠡ ᠨᠠᠷ ᠡᠷᠬᠡ ᠴᠢᠯᠥᠭᠡ ᠪᠡᠨ ᠣᠯᠵᠤ ᠤᠰᠤ ᠰᠢᠷᠣᠢ ᠳ᠋ᠠᠭᠠᠨ ᠡᠵᠡᠨ ᠪᠣᠯᠵᠤ ᠰᠠᠭᠤᠬᠤ ᠠᠨᠤ ᠮᠠᠭᠠᠳ ᠲᠠᠢ ᠲᠤᠯᠠ ᠠᠷᠭ᠎ᠠ ᠶ᠋ᠢ ᠡᠷᠢᠵᠦ ᠭᠠᠵᠠᠷ ᠨᠤᠲᠤᠭ ᠢ᠋ᠶ᠋ᠠᠨ ᠣᠷᠭᠢᠯ ᠦᠭᠡᠢ ᠲᠦᠳᠡᠭᠡᠯᠵᠡᠨ᠂ ᠳᠠᠷᠤᠢ ᠲᠤᠰᠠᠯᠠᠨ ᠲᠡᠳᠬᠦᠬᠦ ᠶ᠋ᠢ ᠨᠢᠳᠦᠨ ᠳ᠋ᠦ᠍ᠷ ᠰᠠᠭᠤᠯᠤᠭᠠᠳ (ᠰᠠᠭᠤᠯᠭᠠᠭᠠᠳ)᠂ ᠬᠠᠷᠭᠢᠰ ᠳᠣᠭᠰᠢᠨ ᠬᠤᠯᠠᠭᠠᠢ ᠳᠡᠭᠡᠷᠡᠮ ᠦ᠋ᠨ ᠴᠡᠷᠢᠭ ᠲᠦ᠍ ᠬᠣᠬᠢᠷᠠᠨ᠂ ᠠᠯᠳᠠᠭᠳᠠᠭᠰᠠᠨ ᠵᠦᠢᠯ ᠪᠦᠭᠦᠳᠡ ᠶ᠋ᠢ ᠠᠯᠢ ᠬᠡᠨ ᠦ᠌ ᠨᠡᠷ᠎ᠡ ᠶ᠋ᠢᠨ ᠳᠣᠣᠷ᠎ᠠ ᠲᠣᠳᠣᠷᠬᠠᠢ ᠳᠠᠩᠰᠠ ᠦᠢᠯᠡᠳᠴᠦ ᠢᠷᠡᠭᠦᠯᠬᠦ ᠡᠴᠡ ᠭᠠᠳᠠᠨ᠎ᠠ᠂ ᠡᠭᠦᠷ ᠪᠦᠷᠢ ᠡᠴᠡ ᠲᠦᠷᠭᠡᠨ ᠴᠢᠬᠤᠯᠠ ᠢᠷᠡᠭᠦᠯᠪᠡᠰᠦ ᠵᠣᠬᠢᠬᠤ ᠦᠨᠡᠯᠡᠨ ᠠᠪᠬᠤ ᠮᠣᠷᠢ ᠨᠢᠭᠡ᠂ ᠤᠯᠠᠭᠠᠴᠢ ᠶ᠋ᠢᠨ ᠪᠤᠵᠢᠮᠠᠭᠠᠢ ᠢᠳᠡᠷ ᠬᠥᠮᠦᠨ ᠭᠤᠷᠪᠠ ᠭᠤᠷᠪᠠ ᠲᠤᠰ ᠪᠦᠷᠢ ᠤᠨᠤᠭ᠎ᠠ ᠲᠠᠢ ᠬᠦᠨᠡᠰᠦᠲᠠᠢ᠂ ᠴᠡᠷᠢᠭ ᠮᠣᠷᠢ ᠲᠡᠮᠡᠭᠡ᠂ ᠤᠯᠠᠭ᠎ᠠ ᠶ᠋ᠢᠨ ᠮᠣᠷᠢᠳ᠂ ᠨᠢᠵᠡᠭᠡᠳ ᠦ᠋ᠨ ᠬᠣᠨᠢ᠂ ᠪᠣᠯᠤᠭᠰᠠᠨ ᠲᠦᠭᠦᠬᠡᠢ ᠴᠠᠭᠠᠨ ᠠᠮᠤ᠂ ᠨᠤᠲᠤᠭ ᠨᠤᠲᠤᠭ ᠤ᠋ᠨ ᠴᠠᠩᠴᠠ ᠶ᠋ᠢᠨ ᠠᠮᠤ ᠡᠳᠡᠭᠡᠷ ᠵᠦᠢᠯ ᠢ᠋ ᠡᠨᠡ ᠬᠣᠷᠢᠨ ᠭᠤᠷᠪᠠᠨ᠎ᠠ ᠮᠠᠨ ᠤ᠋ ᠪᠦᠬᠦᠢ ᠭᠠᠵᠠᠷ᠎ᠠ᠂ ᠣᠰᠣᠯᠳᠠᠯ ᠦᠭᠡᠢ ᠪᠡᠶ᠎ᠡ ᠪᠡᠷ ᠬᠦᠷᠭᠡᠵᠦ ᠢᠷᠡᠭᠲᠦᠨ᠂ ᠡᠨᠡ ᠢᠨᠦ ᠲᠦᠷᠭᠡᠨ ᠴᠢᠬᠤᠯᠠ ᠶ᠋ᠢᠨ ᠶᠠᠪᠤᠳᠠᠯ ᠲᠤᠯᠠ ᠳᠡᠮᠡᠢ ᠠᠷᠭ᠎ᠠ ᠰᠢᠯᠲᠠᠭ ᠡᠭᠦᠰᠬᠡᠨ ᠬᠣᠵᠢᠮᠳᠠᠨ ᠰᠠᠭᠠᠲᠠᠭᠤᠯᠵᠤ ᠣᠭᠲᠣ ᠦᠯᠦ ᠪᠣᠯᠤᠮᠤᠢ᠂ ᠣᠰᠣᠯᠳᠠᠭᠴᠢᠳ ᠢ᠋ ᠴᠡᠷᠢᠭ ᠦ᠋ᠨ ᠴᠢᠬᠤᠯᠠ ᠲᠣᠭᠲᠠᠭᠠᠯ ᠢ᠋ᠶ᠋ᠠᠷ ᠬᠡᠯᠡᠯᠴᠡᠬᠦ ᠶ᠋ᠢ ᠮᠡᠳᠡᠲᠦᠭᠡᠢ ᠭᠡᠮᠡᠨ ᠡᠭᠦᠨ ᠦ᠌ ᠲᠤᠯᠠ ᠳᠣᠪᠲᠣᠯᠭᠠᠵᠤ ᠲᠤᠰᠢᠶᠠᠨ ᠢᠯᠡᠭᠡᠪᠡ᠃②
— — — —
② ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠤ᠋ᠨ ᠤᠤᠯ ᠡᠬᠡ ᠡᠴᠡ᠃
(3) ᠲᠡᠮᠡᠭᠡᠲᠦ ᠶ᠋ᠢᠨ ᠭᠤᠴᠢᠨ ᠵᠢᠷᠭᠤᠭᠠᠨ ᠬᠠᠩ ᠳ᠋ᠦᠩ ᠳ᠋ᠦ᠍ᠷ ᠢᠯᠡᠭᠡᠭᠰᠡᠨ ᠵᠠᠬᠢᠳᠠᠯ
ᠳᠤᠮᠳᠠᠳᠤ ᠢᠷᠭᠡᠨ ᠤᠯᠤᠰ ᠤ᠋ᠨ ᠲᠥᠷᠥ ᠪᠣᠯᠤᠭᠰᠠᠨ ᠠ᠋ᠴᠠ ᠮᠠᠨ ᠤ᠋ ᠨᠤᠲᠤᠭ ᠲᠤ᠌ ᠴᠠᠭ ᠦᠷᠭᠦᠯᠵᠢ ᠳ᠋ᠤᠯᠢ ᠬᠤᠯᠠᠭᠠᠢ ᠢᠷᠡᠵᠦ ᠪᠤᠯᠢᠶᠠᠨ ᠳᠡᠭᠡᠷᠡᠮᠳᠡᠨ ᠬᠣᠬᠢᠷᠠᠭᠤᠯᠵᠤ᠂ ᠣᠷᠣᠨ ᠭᠡᠷ᠂ ᠰᠦᠮ᠎ᠡ᠂ ᠮᠣᠩᠭᠣᠯ ᠢᠷᠭᠡᠨ ᠦ᠌ ᠠᠮᠢᠳᠤᠷᠠᠯ ᠤ᠋ᠨ ᠠᠯᠢᠪᠠ ᠦᠷ᠎ᠡ ᠬᠥᠷᠥᠩᠭᠡ ᠶ᠋ᠢᠨ ᠮᠠᠯ ᠡᠳ᠋ᠯᠡᠯ ᠵᠦᠢᠯ ᠦ᠋ᠳ ᠢ᠋ ᠴᠥᠮ ᠬᠣᠭᠣᠰᠣᠨ ᠪᠣᠯᠭᠠᠲᠠᠯ᠎ᠠ ᠳᠡᠭᠡᠷᠡᠮᠯᠡᠨ ᠠᠪᠤᠭᠠᠳ᠂ ᠠᠳᠠᠭ ᠲᠤᠷ ᠪᠠᠰᠠ ᠦᠵᠡᠭᠳᠡᠭᠰᠡᠨ ᠰᠠᠢᠨ ᠪᠠ ᠮᠠᠭᠤ ᠬᠥᠮᠦᠨ ᠪᠦᠬᠦᠨ ᠢ᠋ ᠼᠠᠢ ᠱᠧᠨ ᠭᠡᠵᠦ ᠪᠠᠷᠢᠭᠠᠳ ᠵᠠᠨᠴᠢᠬᠤ ᠪᠠ ᠳᠡᠭᠦᠵᠢᠯᠡᠬᠦ᠂ ᠰᠢᠷᠠᠬᠤ ᠪᠠ ᠠᠯᠠᠬᠤ ᠪᠠᠷ ᠠᠶᠤᠯᠭᠠᠨ᠂ ᠬᠡᠲᠦᠷᠬᠡᠢ ᠶᠡᠬᠡ ᠮᠥᠩᠭᠥ᠂ ᠣᠯᠠᠨ ᠲᠣᠭ᠎ᠠ ᠶ᠋ᠢᠨ ᠮᠠᠯ ᠢ᠋ᠶ᠋ᠠᠷ ᠬᠡᠯᠡᠯᠴᠡᠭᠡ ᠪᠣᠯᠭᠠᠨ ᠠᠪᠬᠤ ᠵᠡᠷᠭᠡ ᠶ᠋ᠢᠨ ᠡᠯᠳᠡᠪ ᠭᠠᠰᠢᠭᠤᠨ ᠤᠰᠤ ᠭᠠᠯ ᠤ᠋ᠨ ᠠᠶᠤᠯ ᠮᠡᠲᠦ ᠲᠤᠢᠯ ᠢ᠋ᠶ᠋ᠠᠷ ᠬᠣᠬᠢᠷᠠᠭᠤᠯᠵᠤ᠂ ᠣᠷᠣᠨ ᠨᠤᠲᠤᠭ ᠲᠤᠷ ᠠᠮᠢᠳᠤᠷᠠᠬᠤ ᠶ᠋ᠢᠨ ᠠᠷᠭ᠎ᠠ ᠦᠭᠡᠢ ᠳ᠋ᠦ᠍ ᠬᠦᠷᠦᠭᠰᠡᠨ ᠤᠴᠢᠷ᠂ ᠮᠠᠨ ᠤ᠋ ᠣᠯᠠᠨ ᠬᠤᠰᠢᠭᠤᠳ ᠤ᠋ᠨ ᠴᠣᠬᠣᠮ ᠦᠨᠡᠬᠡᠷ ᠵᠦᠳᠡᠷᠡᠭᠰᠡᠨ ᠣᠯᠠᠨ ᠲᠠᠢᠵᠢ᠂ ᠠᠷᠠᠳ ᠪᠢᠳᠡ ᠨᠠᠷ ᠥᠪᠡᠷᠦᠨ ᠭᠠᠵᠠᠷ ᠨᠤᠲᠤᠭ ᠣᠷᠣᠨ ᠭᠡᠷ ᠢ᠋ᠶ᠋ᠡᠨ ᠰᠡᠷᠭᠡᠢᠯᠡᠨ ᠴᠠᠭᠳᠠᠵᠤ ᠬᠠᠮᠠᠭᠠᠯᠠᠬᠤ ᠪᠠᠷ ᠰᠢᠭᠤᠳᠴᠤ ᠠᠷᠠᠳ ᠤᠯᠤᠰ ᠤ᠋ᠨ ᠬᠤᠶᠠᠭ ᠴᠡᠷᠢᠭ ᠪᠣᠯᠵᠤ᠂ ᠲᠤᠰ ᠪᠦᠷᠢ ᠶ᠋ᠢᠨ ᠬᠤᠰᠢᠭᠤᠨ ᠳ᠋ᠠᠭᠠᠨ ᠠᠷᠠᠳ ᠤ᠋ᠨ ᠬᠤᠷᠠᠯ ᠤ᠋ᠨ ᠳᠤᠭᠤᠢᠯᠠᠩ ᠪᠣᠯᠤᠭᠰᠠᠨ ᠪᠢᠯᠡ᠃ ᠬᠡᠳᠦᠢᠪᠡᠷ ᠡᠭᠡᠯ ᠬᠣᠭᠣᠰᠣᠨ ᠶᠠᠳᠠᠭᠤ ᠵᠦᠳᠡᠭᠦᠦ ᠭᠡᠪᠡᠴᠦ ᠡᠢᠨ ᠬᠦ᠌ ᠴᠠᠭᠳᠠᠨ ᠰᠡᠷᠭᠡᠢᠯᠡᠬᠦ ᠳ᠋ᠦ᠍ ᠠᠯᠢᠪᠠ ᠬᠡᠷᠡᠭᠯᠡᠯ ᠡᠷᠬᠢᠮ ᠴᠢᠬᠤᠯᠠ ᠲᠤᠯᠠ ᠮᠠᠨ ᠤ᠋ ᠮᠣᠩᠭᠣᠯ ᠤ᠋ᠨ ᠲᠠᠢᠵᠢ ᠪᠠ ᠠᠷᠠᠳ ᠪᠢᠳᠡ ᠪᠦᠬᠦᠨ ᠢ᠋ᠶ᠋ᠡᠷ ᠮᠠᠯ ᠤ᠋ᠨ ᠠᠬᠠᠷ ᠨᠣᠯᠤᠤᠷ ᠠᠷᠠᠰᠤ ᠵᠦᠢᠯ ᠢ᠋ᠶ᠋ᠡᠨ ᠬᠡᠳᠦᠬᠡᠨ ᠵᠢᠯ ᠦ᠋ᠨ ᠬᠤᠭᠤᠴᠠᠭ᠎ᠠ ᠪᠠᠷ ᠭᠡᠷ᠎ᠡ ᠪᠢᠴᠢᠭ ᠢ᠋ᠶ᠋ᠡᠷ ᠪᠠᠲᠤᠯᠠᠨ᠂ ᠭᠠᠳᠠᠭᠠᠳᠤ ᠣᠷᠣᠰ ᠤᠯᠤᠰ ᠤ᠋ᠨ ᠮᠥᠩᠭᠥᠨ ᠫᠦᠰᠡ ᠳ᠋ᠦ᠍ ᠥᠭᠴᠦ ᠲᠡᠢᠨ ᠬᠦ᠌ ᠣᠷᠣᠰ ᠤ᠋ᠨ ᠮᠥᠩᠭᠥᠨ ᠦ᠌ ᠰᠠᠩ ᠠ᠋ᠴᠠ ᠮᠠᠨ ᠤ᠋ ᠮᠣᠩᠭᠣᠯᠴᠤᠳ ᠮᠥᠩᠭᠥ ᠶ᠋ᠢ ᠶᠡᠬᠡ ᠪᠡᠷ ᠠᠪᠬᠤ ᠪᠥᠭᠡᠳ ᠵᠢᠴᠢ ᠪᠠᠰᠠ ᠳᠤᠲᠠᠭᠳᠠᠵᠤ ᠪᠠᠢᠬᠤ ᠡᠯᠳᠡᠪ ᠬᠡᠷᠡᠭᠰᠡᠯ ᠶᠠᠭᠤᠨ ᠢ᠋ ᠠᠪᠬᠤ ᠪᠣᠯᠪᠠᠯ ᠶᠠᠭᠤᠨ ᠢ᠋ ᠬᠢᠯᠪᠠᠷ ᠳᠥᠭᠥᠮ ᠪᠣᠳᠣᠨ᠎ᠠ ᠭᠡᠵᠦ ᠵᠥᠪᠯᠡᠯᠳᠦᠨ ᠬᠡᠯᠡᠯᠴᠡᠪᠡ᠃
ᠡᠭᠦᠨ ᠳ᠋ᠦ᠍ᠷ ᠪᠠᠰᠠ ᠨᠢᠭᠡᠨᠲᠡᠭᠡᠭᠦᠷ ᠬᠡᠯᠡᠯᠴᠡᠪᠡᠯ᠂ ᠡᠳᠦᠭᠡ ᠪᠢᠳᠡ ᠮᠤᠬᠤᠷᠳᠠᠨ ᠭᠠᠴᠢᠭᠳᠠᠬᠤ ᠳ᠋ᠠᠭᠠᠨ ᠮᠥᠩᠭᠥ ᠬᠡᠷᠡᠭᠰᠡᠯ ᠠᠭᠰᠠᠨ ᠠᠪᠬᠤ ᠪᠠᠷ ᠯᠠᠪ ᠭᠡᠷ᠎ᠡ ᠲᠣᠭᠲᠠᠭᠠᠬᠤ ᠪᠣᠯᠪᠠᠴᠤ᠂ ᠬᠡᠳᠦᠢ ᠴᠠᠭ ᠠ᠋ᠴᠠ ᠢᠨᠠᠭᠰᠢ ᠠᠢᠯ ᠠᠢᠮᠠᠭ ᠨᠠᠢᠷᠠᠯᠲᠠᠢ ᠪᠠᠷ ᠰᠠᠭᠤᠵᠠᠭᠠᠵᠤ᠂ ᠬᠠᠷᠢᠯᠴᠠᠨ ᠬᠤᠳᠠᠯᠳᠤᠯᠴᠠᠵᠤ᠂ ᠪᠦᠭᠦᠳᠡᠭᠡᠷ ᠠᠮᠤᠷ ᠲᠦᠪᠰᠢᠨ ᠠᠵᠤ ᠲᠥᠷᠥᠨ ᠶᠠᠪᠤᠭᠰᠠᠭᠠᠷ ᠮᠠᠰᠢ ᠵᠢᠯ ᠤᠳᠠᠭᠰᠠᠨ ᠲᠠᠨᠢᠯ ᠤᠷᠤᠭ ᠪᠢᠳᠡ ᠨᠠᠷ ᠡᠯ᠎ᠡ ᠤᠴᠢᠷ ᠢ᠋ ᠢᠯᠡᠳᠬᠡᠯ ᠦᠭᠡᠢ ᠡᠢᠨ ᠬᠦ᠌ ᠶᠠᠪᠤᠭᠤᠯᠪᠠᠯ᠂ ᠡᠷᠬᠢᠮ ᠣᠯᠠᠨ ᠤᠷᠤᠭ ᠲᠠᠨᠢᠯ ᠬᠤᠳᠠᠯᠳᠤᠭᠠᠴᠢᠨ ᠠᠬ᠎ᠠ ᠳᠡᠭᠦᠦ ᠨᠠᠷ ᠠ᠋ᠴᠠ ᠵᠠᠷᠢᠮ ᠤ᠋ᠳ ᠨᠢ ᠪᠠᠴᠢᠮᠳᠠᠨ ᠭᠠᠰᠠᠯᠬᠤ ᠬᠣᠷᠣᠰᠬᠤ ᠴᠤ᠌ ᠪᠣᠯᠵᠣᠰᠢ ᠦᠭᠡᠢ ᠪᠣᠯᠪᠠᠤ ᠭᠡᠵᠦ ᠡᠭᠦᠨ ᠢ᠋ ᠡᠷᠲᠡᠬᠡᠨ ᠡᠴᠡ ᠢᠯᠡᠳᠬᠡᠨ ᠰᠣᠨᠣᠰᠬᠠᠪᠠᠢ᠃ ᠡᠨᠡ ᠪᠢᠴᠢᠭ ᠬᠦᠷᠦᠮᠡᠭᠴᠡ ᠪᠢᠶᠠᠨ ᠺᠧ(边客) ᠤᠷᠤᠭ ᠤ᠋ᠳ ᠪᠦᠭᠦᠳᠡᠭᠡᠷ ᠬᠢᠨᠠᠨ ᠦᠵᠡᠭᠡᠳ᠂ ᠡᠨᠡ ᠵᠦᠢᠯ ᠦ᠋ᠨ ᠵᠥᠪᠯᠡᠯᠳᠦᠵᠦ ᠪᠠᠢᠬᠤ ᠪᠢᠳᠡ ᠣᠯᠠᠨ ᠤ᠋ ᠶᠣᠰᠣᠭᠠᠷ ᠪᠣᠯᠬᠤ ᠪᠤᠶᠤ ᠡᠰᠡᠪᠡᠰᠦ ᠥᠭᠡᠷ᠎ᠡ ᠰᠠᠢᠨ ᠠᠷᠭ᠎ᠠ ᠪᠠᠢᠭᠠᠳ ᠣᠯᠠᠨ ᠪᠢᠳᠡᠨ ᠳ᠋ᠦ᠍ ᠲᠤᠰᠠᠯᠠᠵᠤ᠂ ᠢᠵᠠᠭᠤᠷ ᠠ᠋ᠴᠠ ᠵᠡᠷᠭᠡᠯᠡᠳᠡᠭᠡ ᠨᠤᠲᠤᠭᠯᠠᠨ ᠨᠠᠢᠷᠲᠠᠢ ᠰᠠᠢᠬᠠᠨ ᠶᠠᠪᠤᠭᠰᠠᠨ ᠠᠢᠮᠠᠭ ᠪᠢᠳᠡ ᠪᠦᠭᠦᠳᠡᠭᠡᠷ ᠠᠵᠤ ᠠᠮᠢᠳᠤᠷᠠᠯ ᠤ᠋ᠨ ᠬᠥᠷᠥᠩᠭᠡ ᠪᠡᠨ ᠬᠠᠳᠠᠭᠠᠯᠠᠵᠤ ᠠᠮᠤᠷ ᠠᠵᠤ ᠲᠥᠷᠥᠨ᠂ ᠨᠢᠭᠡᠨ ᠰᠡᠳᠬᠢᠯ ᠨᠡᠢᠲᠡ ᠶ᠋ᠢᠨ ᠬᠦᠴᠦ ᠪᠡᠷ ᠡᠩᠬᠡ ᠲᠦᠪᠰᠢᠨ ᠠᠮᠢᠳᠤᠷᠠᠨ ᠰᠠᠭᠤᠵᠤ ᠪᠣᠯᠬᠤ ᠶ᠋ᠢᠨ ᠬᠠᠷᠢᠭᠤ ᠶ᠋ᠢ ᠡᠨᠡ ᠬᠠᠪᠤᠷ ᠤ᠋ᠨ ᠬᠤᠭᠤᠰ ᠤ᠋ᠨ ᠤᠷᠢᠳᠠ ᠦᠦᠰᠢᠨ ᠬᠤᠰᠢᠭᠤᠨ ᠤ᠋ ᠠᠷᠠᠳ ᠤ᠋ᠨ ᠪᠦᠬᠦ ᠬᠤᠷᠠᠯ ᠤ᠋ᠨ ᠭᠠᠵᠠᠷ ᠲᠤ᠌ ᠶᠠᠭᠠᠬᠢᠪᠠᠴᠤ ᠬᠣᠢᠰᠢ ᠢᠯᠡᠬᠡᠨ ᠢᠷᠡᠭᠦᠯᠬᠦ ᠶ᠋ᠢ ᠮᠡᠳᠡᠭᠳᠡᠪᠡ᠃ ᠡᠭᠦᠨ ᠦ᠌ ᠲᠤᠯᠠ ᠣᠷᠳᠣᠰ ᠳᠣᠯᠣᠭᠠᠨ ᠬᠤᠰᠢᠭᠤᠨ ᠤ᠋ ᠠᠷᠠᠳ ᠤ᠋ᠨ ᠳᠤᠭᠤᠢᠯᠠᠩ ᠠ᠋ᠴᠠ ᠢᠯᠡᠭᠡᠪᠡ᠃
ᠲᠣᠳᠣᠷᠬᠠᠢᠯᠠᠯ
ᠰᠢᠨᠠᠯᠠᠮ᠎ᠠ ᠶ᠋ᠢᠨ ᠡᠨᠡ ᠵᠠᠬᠢᠳᠠᠯ ᠪᠣᠯᠪᠠᠰᠤ ᠬᠣᠢᠨᠠᠬᠢ ᠭᠡᠳᠡᠭ ᠨᠢ《ᠣᠷᠣᠰ》 ᠢ᠋ ᠵᠢᠭᠠᠵᠤ᠂ ᠡᠮᠦᠨᠡᠬᠢ ᠭᠡᠳᠡᠭ ᠨᠢ《ᠲᠡᠮᠡᠭᠡᠲᠦ》 ᠶ᠋ᠢ ᠵᠢᠭᠠᠵᠠᠢ᠃ ᠪᠠᠴᠢᠮᠳᠠᠭᠤᠯᠬᠤ ᠠᠷᠭ᠎ᠠ ᠶ᠋ᠢ ᠬᠡᠷᠡᠭᠯᠡᠵᠦ ᠡᠮᠦᠨ᠎ᠡ ᠡᠴᠡ ᠢᠷᠡᠵᠦ ᠳᠡᠭᠡᠷᠡᠮᠳᠡᠨ ᠬᠣᠭᠣᠰᠣᠷᠠᠭᠤᠯᠤᠭᠰᠠᠨ ᠢ᠋ ᠨᠡᠷ᠎ᠡ ᠳᠤᠷᠠᠳᠬᠤ ᠦᠭᠡᠢ ᠪᠡᠷ ᠳᠠᠯᠳᠠ ᠪᠠᠷ ᠢᠯᠡᠴᠢᠯᠡᠵᠦ᠂ ᠲᠡᠮᠡᠭᠡᠲᠦ ᠶ᠋ᠢᠨ ᠶᠡᠬᠡ ᠪᠠᠶᠠᠴᠤᠳ ᠠ᠋ᠴᠠ ᠮᠠᠯᠴᠢᠨ ᠮᠣᠩᠭᠣᠯᠴᠤᠳ ᠤ᠋ᠨ ᠮᠠᠯ ᠤ᠋ᠨ ᠠᠰᠢᠭ ᠰᠢᠮ᠎ᠡ ᠶ᠋ᠢᠨ ᠭᠠᠷᠤᠯᠲᠠ ᠶ᠋ᠢ ᠬᠤᠳᠠᠯᠳᠤᠨ ᠠᠪᠬᠤ ᠳ᠋ᠠᠭᠠᠨ ᠬᠡᠲᠦᠷᠬᠡᠢ ᠮᠥᠯᠵᠢᠬᠦ ᠶ᠋ᠢ ᠬᠢᠵᠠᠭᠠᠷᠯᠠᠬᠤ ᠪᠠ ᠣᠯᠠᠨ ᠦᠶ᠎ᠡ ᠪᠡᠷ ᠵᠡᠷᠭᠡᠯᠡᠳᠡᠭᠡ ᠰᠠᠭᠤᠷᠢᠰᠢᠵᠤ ᠠᠵᠤ ᠠᠬᠤᠢ ᠰᠣᠶᠣᠯ ᠤ᠋ᠨ ᠬᠠᠷᠢᠴᠠᠭ᠎ᠠ ᠪᠠᠷ ᠵᠢᠩ ᠶᠤᠸᠠᠢ ᠰᠢᠦ ᠶ᠋ᠢᠨ ᠲᠦᠷᠢᠮᠡᠬᠡᠢᠯᠡᠯ ᠢ᠋ ᠪᠤᠷᠤᠭᠤᠰᠢᠶᠠᠭᠰᠠᠨ ᠭᠦᠨ ᠳᠠᠯᠳᠠ ᠤᠳᠬ᠎ᠠ ᠪᠦᠬᠦᠢ ᠵᠠᠬᠢᠳᠠᠯ ᠪᠣᠯᠤᠨ᠎ᠠ᠃ ᠡᠨᠡ ᠵᠠᠬᠢᠳᠠᠯ ᠲᠡᠷᠡ ᠳᠠᠷᠤᠢ ᠳ᠋ᠤᠨᠢ ᠦᠢᠯᠡᠳᠦᠯ ᠢ᠋ᠶ᠋ᠡᠷ ᠠᠨᠠᠢ ᠪᠣᠯᠪᠠᠴᠤ ᠵᠣᠬᠢᠬᠤ ᠬᠤᠭᠤᠴᠠᠭᠠᠨ ᠤ᠋ ᠳᠠᠷᠠᠭ᠎ᠠ ᠶᠡᠬᠡ ᠦᠢᠯᠡᠳᠦᠯ ᠦᠵᠡᠭᠦᠯᠵᠦ ᠲᠡᠮᠡᠭᠡᠲᠦ ᠶ᠋ᠢᠨ ᠭᠤᠴᠢᠨ ᠵᠢᠷᠭᠤᠭᠠᠨ ᠲᠣᠮᠣ ᠬᠤᠳᠠᠯᠳᠤᠭᠠᠴᠢᠳ ᠤ᠋ᠨ ᠠᠷᠠᠯᠵᠢᠶ᠎ᠠ ᠬᠤᠳᠠᠯᠳᠤᠭ᠎ᠠ ᠶ᠋ᠢᠨ ᠮᠣᠩᠭᠣᠯ ᠭᠠᠵᠠᠷ ᠳᠠᠬᠢ ᠪᠣᠷᠣᠯᠠᠭᠤᠯᠤᠯᠲᠠ ᠪᠠ ᠠᠵᠤ ᠠᠬᠤᠢ ᠰᠣᠶᠣᠯ ᠤ᠋ᠨ ᠬᠠᠷᠢᠴᠠᠭ᠎ᠠ ᠨᠢ ᠬᠣᠶᠠᠷ ᠡᠲᠡᠭᠡᠳ ᠦ᠋ᠨ ᠵᠡᠪᠰᠡᠭ ᠦ᠋ᠨ ᠮᠥᠷᠭᠥᠯᠳᠦᠭᠡᠨ ᠡᠴᠡ ᠪᠣᠯᠵᠤ ᠵᠣᠭᠰᠣᠩᠭᠤᠢᠷᠠᠭᠰᠠᠨ ᠪᠠᠢᠵᠠᠢ᠃ ᠡᠢᠮᠦ ᠡᠴᠡ ᠭᠤᠴᠢᠨ ᠵᠢᠷᠭᠤᠭᠠᠨ ᠲᠣᠮᠣ ᠪᠠᠶᠠᠴᠤᠳ ᠵᠢᠩ ᠲᠦᠩᠯᠢᠩ ᠠᠪᠤᠭᠠᠢ ᠳ᠋ᠠᠭᠠᠨ ᠡᠰᠡᠷᠭᠦᠴᠡᠯ ᠭᠠᠷᠭᠠᠭᠰᠠᠨ ᠭᠡᠳᠡᠭ᠃
ᠰᠢᠨᠠᠯᠠᠮ᠎ᠠ᠂ ᠡᠨᠡ ᠬᠦ᠌ ᠵᠠᠬᠢᠳᠠᠯ ᠢ᠋ᠶ᠋ᠠᠷ ᠲᠡᠮᠡᠭᠡᠲᠦ ᠶ᠋ᠢᠨ ᠲᠣᠮᠣ ᠪᠠᠶᠠᠴᠤᠳ ᠢ᠋ᠶ᠋ᠠᠷ ᠮᠣᠭᠠᠢ ᠠᠳᠬᠤᠭᠤᠯᠵᠤ ᠵᠢᠩ ᠲᠦᠩᠯᠢᠩ ᠢ᠋ ᠬᠠᠳᠬᠤᠭᠤᠯᠤᠭᠰᠠᠨ《ᠪᠤᠮᠳᠠᠷᠢ ᠶ᠋ᠢ ᠪᠤᠮᠳᠠᠷᠢ ᠳ᠋ᠤᠨᠢ ᠵᠠᠷᠤᠭᠰᠠᠨ》 ᠤᠷᠠᠨ ᠠᠷᠭ᠎ᠠ ᠪᠣᠯᠤᠨ᠎ᠠ᠃ ᠡᠭᠦᠨ ᠦ᠌ ᠬᠠᠮᠲᠤ ᠰᠢᠨᠡᠯᠡᠮ᠎ᠡ ᠡᠴᠡ《ᠪᠢᠳᠡ ᠤᠳᠠᠯ ᠦᠭᠡᠢ ᠲᠡᠮᠡᠭᠡᠲᠦ ᠬᠣᠲᠠ ᠶ᠋ᠢ ᠪᠦᠰᠡᠯᠡᠨ ᠴᠣᠬᠢᠵᠤ ᠵᠢᠩ ᠶᠤᠸᠠᠢ ᠰᠢᠦ ᠳ᠋ᠦ᠍ ᠬᠠᠷᠢᠭᠤ ᠴᠠᠢ ᠪᠠᠷᠢᠬᠤ ᠪᠠᠷ ᠴᠡᠷᠢᠭ ᠦ᠋ᠨ ᠪᠣᠯᠪᠠᠰᠤᠷᠠᠯ ᠬᠢᠵᠦ ᠪᠠᠢᠨ᠎ᠠ》 ᠭᠡᠵᠦ ᠦᠦᠰᠢᠨ᠂ ᠲᠡᠮᠡᠭᠡᠲᠦ ᠶ᠋ᠢᠨ ᠮᠣᠩᠭᠣᠯ ᠬᠢᠲᠠᠳ ᠬᠥᠮᠦᠨ ᠤᠴᠠᠷᠠᠪᠠᠯ ᠰᠦᠷᠳᠡᠭᠦᠯᠦᠯ ᠦ᠋ᠨ ᠴᠢᠨᠠᠷ ᠲᠠᠢ ᠦᠭᠡ ᠲᠠᠷᠬᠠᠭᠠᠭᠰᠠᠨ ᠳ᠋ᠤ᠌ ᠡᠨᠡ ᠬᠦ᠌ ᠶᠠᠷᠢᠶ᠎ᠠ ᠬᠡᠯᠡᠯᠭᠡ ᠨᠢ ᠲᠡᠮᠡᠭᠡᠲᠦ ᠬᠣᠲᠠ ᠶ᠋ᠢᠨ ᠠᠷᠠᠯᠵᠢᠶᠠᠴᠢᠨ ᠪᠠᠶᠠᠴᠤᠳ ᠲᠤ᠌ ᠠᠶᠤᠮᠰᠢᠭᠲᠤ ᠴᠢᠮᠡᠭᠡ ᠪᠣᠯᠤᠭᠰᠠᠨ ᠭᠡᠳᠡᠭ᠃
16. ᠲᠠᠮᠠᠭᠠᠯᠠᠢ ᠶ᠋ᠢᠨ ᠱᠠᠩ ᠠ᠋ᠴᠠ ᠤᠬᠤᠷᠢᠭᠰᠠᠨ ᠰᠢᠯᠲᠠᠭᠠᠨ
(1) ᠲᠡᠮᠡᠭᠡᠲᠦ ᠬᠣᠲᠠ ᠶ᠋ᠢᠨ ᠭᠤᠴᠢᠨ ᠵᠢᠷᠭᠤᠭᠠᠨ ᠪᠠᠶᠠᠴᠤᠳ ᠳᠤᠷ᠎ᠠ ᠦᠭᠡᠢᠴᠡᠵᠦ᠂ ᠰᠢᠨᠡᠯᠡᠮ᠎ᠡ ᠴᠦ᠍ ᠲᠣᠬᠢᠶᠠᠯ ᠢ᠋ ᠠᠰᠢᠭᠯᠠᠵᠤ ᠭᠤᠴᠢᠨ ᠵᠢᠷᠭᠤᠭᠠᠨ ᠬᠠᠩ ᠳ᠋ᠦᠩ ᠳ᠋ᠦ᠍ᠷ ᠢᠯᠡ ᠵᠠᠬᠢᠳᠠᠯ ᠶᠠᠪᠤᠭᠤᠯᠤᠭᠰᠠᠨ ᠠ᠋ᠴᠠ ᠲᠡᠳᠡᠭᠡᠷ ᠪᠠᠶᠠᠴᠤᠳ ᠤ᠋ᠨ ᠠᠵᠤ ᠠᠬᠤᠢ ᠶ᠋ᠢᠨ ᠠᠰᠢᠭ ᠬᠣᠣᠷ ᠤ᠋ᠨ ᠨᠢᠭᠡᠨ ᠦᠶ᠎ᠡ ᠶ᠋ᠢᠨ ᠬᠣᠬᠢᠷᠠᠯ ᠠ᠋ᠴᠠ ᠪᠣᠯᠵᠤ ᠵᠢᠩ ᠲᠦᠩᠯᠢᠩ ᠨᠣᠶᠠᠨ ᠳ᠋ᠠᠭᠠᠨ ᠡᠰᠡᠷᠭᠦᠴᠡᠯ ᠭᠣᠮᠣᠳᠠᠯ ᠭᠠᠷᠭᠠᠭᠰᠠᠨ ᠭᠡᠳᠡᠭ᠃
(2) ᠰᠢᠨᠡᠯᠡᠮ᠎ᠡ ᠶ᠋ᠢᠨ ᠲᠡᠮᠡᠭᠡᠲᠦ ᠶ᠋ᠢ ᠪᠦᠰᠡᠯᠡᠨ ᠴᠣᠬᠢᠬᠤ ᠪᠠᠷ ᠴᠡᠷᠢᠭ ᠲᠡᠢᠨ ᠦ᠌ ᠪᠡᠯᠡᠳᠬᠡᠯ ᠢ᠋ ᠱᠠᠯᠠᠪᠳᠠᠨ ᠬᠢᠵᠦ ᠪᠠᠢᠨ᠎ᠠ ᠭᠡᠬᠦ ᠰᠦᠷᠳᠡᠭᠦᠯᠦᠯ ᠦ᠋ᠨ ᠴᠢᠨᠠᠷ ᠲᠠᠢ ᠥᠳᠥᠭᠡᠯᠭᠡ ᠶ᠋ᠢ ᠦᠨᠡᠨ ᠬᠦ᠌ ᠢᠲᠡᠭᠡᠵᠦ ᠠᠶᠤᠭᠰᠠᠨ ᠪᠣᠯᠤᠯᠲᠠᠢ! ᠬᠥᠮᠦᠨ ᠶᠡᠷᠦ ᠨᠢ《ᠬᠥᠮᠦᠨ ᠦ᠌ ᠬᠢ ᠳᠡᠭᠡᠷ᠎ᠡ ᠬᠦᠷᠡᠩ ᠡᠷᠢᠶᠡᠨ ᠪᠦᠷᠭᠦᠳ᠂ ᠥᠪᠡᠷ ᠦ᠋ᠨ ᠬᠢ ᠳᠡᠭᠡᠷ᠎ᠡ ᠪᠡᠨ ᠥᠨᠳᠡᠭᠡ ᠳᠠᠷᠤᠭᠰᠠᠨ ᠰᠢᠪᠠᠭᠤ》 ᠭᠡᠳᠡᠭ ᠢ᠋ᠶ᠋ᠡᠷ ᠵᠢᠩ ᠶᠤᠸᠠᠢ ᠰᠢᠦ ᠪᠤᠰᠤᠳ ᠢ᠋ ᠲᠦᠷᠢᠮᠡᠬᠡᠢᠯᠡᠨ ᠪᠤᠯᠢᠶᠠᠵᠤ ᠳᠡᠭᠡᠷᠡᠮᠳᠡᠬᠦ ᠳ᠋ᠦ᠍ ᠥᠴᠦᠬᠡᠨ ᠴᠦ᠍ ᠲᠠᠲᠠᠭᠠᠯᠵᠠᠬᠤ ᠦᠭᠡᠢ ᠪᠣᠯᠪᠠᠴᠤ ᠮᠢᠩ ᠤᠯᠤᠰ ᠤ᠋ᠨ ᠵᠣ᠌ ᠶᠤᠸᠠᠨ ᠵᠠᠩ(ᠬᠣᠩ ᠡᠦ ᠬᠠᠭᠠᠨ) ᠤ᠋ ᠡᠬᠢᠨ ᠦ᠌ ᠦᠶ᠎ᠡ ᠳ᠋ᠦ᠍ ᠪᠠᠢᠭᠤᠯᠤᠭᠳᠠᠭᠰᠠᠨ ᠡᠷᠲᠡᠨ ᠦ᠌ ᠮᠣᠳᠣᠨ ᠪᠠᠷᠢᠯᠭ᠎ᠠ᠂ ᠵᠢᠷᠤᠭ ᠤᠷᠠᠯᠠᠯ ᠤ᠋ᠨ ᠰᠣᠶᠣᠯ ᠲᠡᠦᠬᠡ ᠲᠡᠢ ᠪᠥᠭᠡᠳ ᠬᠥᠮᠦᠨ ᠠᠮᠠ ᠲᠥᠪᠯᠡᠷᠡᠵᠦ ᠠᠷᠠᠯᠵᠢᠶ᠎ᠠ ᠬᠤᠳᠠᠯᠳᠤᠭ᠎ᠠ ᠬᠥᠭᠵᠢᠭᠰᠡᠨ ᠨᠢᠭᠡᠨ ᠪᠣᠭᠣᠮᠲᠠ ᠶ᠋ᠢᠨ ᠲᠣᠮᠣ ᠬᠣᠲᠠ ᠲᠡᠮᠡᠭᠡᠲᠦ ᠬᠡᠷᠪᠡ ᠲᠡᠢᠨ ᠪᠠᠢᠯᠳᠤᠭᠠᠨ ᠤ᠋ ᠬᠥᠯ ᠳ᠋ᠦ᠍ ᠳᠠᠭᠠᠷᠢᠭᠳᠠᠪᠠᠯ ᠶᠡᠬᠡ ᠦᠷᠡᠭᠳᠡᠯ ᠰᠦᠢᠳᠦᠯ ᠭᠠᠷᠴᠤ ᠲᠤᠩ ᠠᠰᠢᠭ ᠦᠭᠡᠢ ᠪᠣᠯᠬᠤ ᠶ᠋ᠢ ᠤᠷᠢᠳᠴᠢᠯᠠᠨ ᠪᠣᠳᠣᠵᠤ ᠣᠯᠤᠭᠰᠠᠨ ᠪᠠᠢᠬ᠎ᠠ!
(3) ᠲᠡᠮᠡᠭᠡᠲᠦ ᠬᠣᠲᠠ ᠶ᠋ᠢᠨ ᠪᠠᠶᠠᠴᠤᠳ ᠤ᠋ᠨ ᠦᠦᠰᠢᠨ ᠦ᠌ ᠭᠠᠵᠠᠷ ᠲᠤ᠌ ᠰᠦᠷᠦᠭ ᠲᠠᠯᠪᠢᠵᠤ ᠪᠠᠢᠭᠰᠠᠨ ᠮᠠᠯ ᠰᠦᠷᠦᠭ ᠨᠢ ᠲᠡᠢᠨ ᠪᠠᠢᠯᠳᠤᠭᠠᠨ ᠤ᠋ ᠬᠥᠯ ᠳ᠋ᠦ᠍ ᠳᠠᠭᠠᠷᠢᠭᠳᠠᠵᠤ ᠴᠥᠭᠡᠨ ᠪᠤᠰᠤ ᠰᠦᠢᠳᠴᠡᠢ᠃ ᠵᠢᠱ᠌ᠢᠶᠡᠯᠡᠪᠡᠯ ᠲᠡᠮᠡᠭᠡᠲᠦ ᠶ᠋ᠢᠨ ᠭᠤᠴᠢᠨ ᠵᠢᠷᠭᠤᠭᠠᠨ ᠪᠠᠶᠠᠴᠤᠳ ᠤ᠋ᠨ ᠲᠦᠷᠦᠭᠦᠨ ᠳ᠋ᠦ᠍ ᠵᠢᠬᠰᠠᠭᠠᠭᠳᠠᠬᠤ ᠵᠢᠩ ᠶᠤᠸᠠᠢ ᠰᠢᠦ ᠶ᠋ᠢᠨ ᠹᠦᠭᠤᠸᠠᠨ ᠱᠠᠩ ᠽᠦᠩ ᠮᠢ ᠪᠣᠯ ᠲᠤᠩ ᠠᠷᠪᠢᠨ ᠮᠠᠯ ᠰᠦᠷᠦᠭ ᠲᠡᠢ ᠪᠠᠶᠠᠨ ᠬᠥᠮᠦᠨ ᠪᠠᠢᠵᠠᠢ᠃ ᠲᠡᠷᠡ ᠮᠣᠩᠭᠣᠯ ᠭᠠᠵᠠᠷ ᠤ᠋ᠨ ᠮᠠᠯᠴᠢᠳ ᠲᠤ᠌ ᠪᠠᠷᠠᠭ᠎ᠠ ᠲᠠᠸᠠᠷ ᠪᠣᠷᠣᠯᠠᠭᠤᠯᠵᠤ ᠵᠣᠭᠣᠰᠤᠨ ᠤ᠋ ᠣᠷᠣᠨ ᠳ᠋ᠤ᠌ ᠮᠠᠯ ᠤᠨᠤᠭ᠎ᠠ ᠪᠣᠳᠣᠵᠤ ᠠᠪᠤᠭᠠᠳ ᠲᠤᠰ ᠡᠷᠦᠬᠡ ᠳ᠋ᠦ᠍ᠨᠢ ᠴᠢᠬᠢ ᠲᠠᠮᠠᠭ᠎ᠠ ᠪᠠᠨ ᠲᠠᠯᠪᠢᠴᠢᠬᠠᠭᠠᠳ ᠨᠢᠭᠡᠮᠦᠰᠦᠨ ᠳᠠᠭᠠᠭᠠᠴᠢᠯᠠᠭᠤᠯᠳᠠᠭ᠃ ᠥᠬᠢᠨ ᠦᠷ᠎ᠡ ᠶ᠋ᠢᠨ ᠮᠠᠯ ᠠ᠋ᠴᠠ ᠲᠥᠯ ᠭᠠᠷᠤᠭᠰᠠᠭᠠᠷ ᠳᠠᠷᠠᠭ᠎ᠠ ᠬᠠᠪᠤᠷ ᠨᠢ ᠢᠷᠡᠵᠦ ᠴᠢᠬᠢ ᠲᠠᠮᠠᠭ᠎ᠠ ᠪᠠᠨ ᠲᠠᠯᠪᠢᠵᠤ ᠥᠪᠡᠷ ᠦ᠋ᠨ ᠳᠠᠩᠰᠠᠨ ᠳ᠋ᠠᠭᠠᠨ ᠲᠡᠮᠳᠡᠭᠯᠡᠵᠦ ᠪᠦᠷᠢᠳᠬᠡᠳᠡᠭ᠃ ᠬᠣᠵᠢᠮ ᠲᠡᠭᠦᠨ ᠦ᠌ ᠮᠠᠯ ᠦᠬᠦᠪᠡᠯ᠂ ᠦᠬᠦᠭᠰᠡᠨ ᠮᠠᠯ ᠤ᠋ᠨ ᠲᠠᠮᠠᠭ᠎ᠠ ᠲᠠᠢ ᠴᠢᠬᠢ ᠪᠤᠶᠤ ᠡᠪᠡᠷ ᠢ᠋ ᠨᠢ ᠦᠵᠡᠭᠦᠯᠴᠢᠬᠡᠪᠡᠯ ᠲᠣᠭᠠᠨ ᠠ᠋ᠴᠠ ᠬᠠᠰᠤᠭᠠᠳ ᠶᠠᠯ᠎ᠠ ᠲᠣᠷᠭᠠᠭᠤᠯᠢ ᠬᠢᠬᠦ ᠦᠭᠡᠢ ᠥᠩᠭᠡᠷᠡᠴᠢᠬᠡᠳᠡᠭ᠃ ᠲᠡᠭᠦᠨ ᠦ᠌ ᠰᠢᠪᠠᠷ ᠤ᠋ᠨ ᠴᠠᠢᠳᠠᠮ ᠳ᠋ᠤ᠌ ᠪᠠᠢᠭᠰᠠᠨ ᠲᠣᠭ᠎ᠠ ᠦᠭᠡᠢ ᠦᠬᠡᠷ ᠮᠠᠯ ᠨᠢ ᠲᠡᠢᠨ ᠦ᠌ ᠬᠥᠯ ᠳ᠋ᠦ᠍ ᠳᠠᠭᠠᠷᠢᠭᠳᠠᠭᠠᠳ ᠬᠣᠭᠣᠰᠣᠷᠠᠴᠢᠬᠠᠵᠠᠢ ᠭᠡᠨ᠎ᠡ᠃
(4) ᠬᠡᠳᠦᠨ ᠵᠢᠯ ᠦ᠋ᠨ ᠲᠡᠢᠨ ᠪᠠᠢᠯᠳᠤᠭᠠᠨ ᠤ᠋ ᠳᠤᠮᠳᠠ ᠵᠢᠩ ᠶᠤᠸᠠᠢ ᠰᠢᠦ ᠶ᠋ᠢᠨ ᠴᠡᠷᠢᠭ ᠦ᠋ᠨ ᠰᠢᠷᠬᠠᠳᠤᠭᠰᠠᠨ᠂ ᠦᠬᠦᠵᠦ ᠬᠣᠬᠢᠷᠠᠭᠰᠠᠨ ᠨᠢ ᠲᠤᠩ ᠠᠷᠪᠢᠨ ᠪᠥᠭᠡᠳ ᠲᠡᠢᠨ ᠦ᠌ ᠳᠤᠮᠳᠠ ᠰᠠᠷᠨᠢᠵᠤ ᠳᠤᠲᠠᠭᠠᠭᠰᠠᠨ᠂ ᠵᠠᠷ ᠵᠡᠪᠰᠡᠭ ᠢ᠋ᠶ᠋ᠡᠨ ᠠᠯᠳᠠᠭᠰᠠᠨ ᠵᠡᠷᠭᠡ ᠨᠥᠬᠥᠪᠥᠷᠢᠯᠡᠵᠦ ᠴᠢᠳᠠᠰᠢ ᠦᠭᠡᠢ ᠦᠷᠡᠭᠳᠡᠯ ᠰᠦᠢᠳᠦᠯ ᠡᠴᠡ ᠴᠦ᠍ ᠰᠢᠯᠲᠠᠭᠯᠠᠵᠤ ᠲᠠᠮᠠᠭᠠᠯᠠᠢ ᠶ᠋ᠢᠨ ᠱᠠᠩ ᠳᠡᠭᠡᠷ᠎ᠡ ᠡᠴᠡ ᠭᠡᠨᠡᠳᠲᠡ ᠡᠮᠦᠨᠡᠰᠢᠯᠡᠵᠦ ᠶᠡᠬᠡ ᠤᠬᠤᠷᠢᠯᠲᠠ ᠬᠢᠭᠰᠡᠨ ᠪᠠᠢᠨ᠎ᠠ᠃
17.《ᠮᠠᠨ ᠤ᠋ ᠲᠤᠸᠠᠨᠵᠠᠩ》(ᠳᠠᠭᠤᠤ)
ᠲᠤᠰ ᠳᠠᠭᠤᠤ ᠶ᠋ᠢ1928 ᠣᠨ ᠳ᠋ᠤ᠌ ᠣᠲᠣᠭ ᠬᠤᠰᠢᠭᠤᠨ ᠤ᠋ ᠰᠥᠮᠡᠲᠦ ᠨᠤᠲᠤᠭ ᠤ᠋ᠨ ᠴᠣᠢᠮᠪᠠᠯ᠂ ᠭᠠᠯᠠᠭᠤᠲᠤ ᠶ᠋ᠢᠨ ᠰᠦᠮ᠎ᠡ ᠳᠡᠭᠡᠷ᠎ᠡ ᠰᠢᠨᠠᠯᠠᠮ᠎ᠠ ᠶ᠋ᠢᠨ ᠭᠡᠷ ᠲᠦ᠍ ᠢᠷᠡᠵᠦ ᠬᠣᠶᠠᠭᠤᠯᠠ ᠬᠡᠳᠦ ᠬᠣᠨᠣᠭ ᠨᠠᠷᠭᠢᠵᠤ ᠰᠠᠭᠤᠬᠤ ᠳ᠋ᠠᠭᠠᠨ ᠰᠢᠨᠡᠯᠡᠮ᠎ᠡ ᠶ᠋ᠢᠨ ᠴᠡᠷᠢᠭ ᠲᠡᠢᠨ ᠦ᠌ ᠢᠯᠠᠯᠲᠠ ᠶ᠋ᠢ ᠰᠣᠨᠣᠰᠤᠭᠠᠳ ᠵᠣᠬᠢᠶᠠᠭᠰᠠᠨ ᠭᠡᠳᠡᠭ᠃ ᠡᠨᠡ ᠳᠠᠭᠤᠤ ᠱᠠᠨᠰᠢ ᠮᠣᠵᠢ ᠳ᠋ᠠᠬᠢ ᠢᠷᠭᠡᠨ ᠤᠯᠤᠰ ᠤ᠋ᠨ80 ᠳ᠋ᠤᠭᠠᠷ ᠱᠢ(ᠵᠢᠩ ᠶᠤᠸᠠᠢ ᠰᠢᠦ ᠶ᠋ᠢᠨ ᠴᠡᠷᠢᠭ) ᠦ᠋ᠨ ᠴᠡᠷᠢᠭ ᠦ᠋ᠨ ᠢᠯᠠᠭᠳᠠᠯ ᠢ᠋ ᠲᠠᠨᠢᠯᠴᠠᠭᠤᠯᠤᠭᠰᠠᠨ ᠲᠡᠦᠬᠡᠲᠦ ᠠᠷᠠᠳ ᠤ᠋ᠨ ᠳᠠᠭᠤᠤ ᠪᠣᠯᠤᠨ᠎ᠠ᠃
ᠮᠠᠨ ᠤ᠋ ᠴᠡᠷᠢᠭ ᠦ᠋ᠨ ᠲᠤᠸᠠᠨᠵᠠᠩ ᠨᠢ
ᠮᠠᠨᠽᠤᠰᠢᠷᠢ ᠶ᠋ᠢᠨ ᠬᠤᠪᠢᠯᠭᠠᠨ ᠰᠢᠦ᠂
ᠮᠠᠨ ᠤ᠋ ᠮᠠᠯᠴᠢᠨ ᠠᠷᠠᠳ ᠲᠠᠭᠠᠨ
ᠮᠠᠰᠢ ᠬᠠᠯᠠᠭᠤᠨ ᠰᠡᠳᠬᠢᠯ ᠲᠡᠢ᠃
ᠰᠠᠯᠪᠤᠷᠢ ᠴᠡᠷᠢᠭ ᠦ᠋ᠨ ᠨᠣᠶᠠᠳ ᠮᠢᠨᠢ
ᠰᠠᠨᠠᠭ᠎ᠠ ᠰᠡᠳᠬᠢᠯ ᠨᠢᠭᠡᠲᠡᠢ ᠪᠠᠢᠨ᠎ᠠ᠂
ᠰᠠᠮᠠᠭᠤᠨ ᠬᠤᠯᠠᠭᠠᠢ ᠵᠢᠩ ᠶᠤᠸᠠᠢ ᠰᠢᠦ ᠶ᠋ᠢ
ᠰᠠᠷᠨᠢᠭᠤᠯᠵᠤ ᠴᠣᠬᠢᠭᠠᠳ ᠬᠥᠭᠡᠭᠡᠴᠢᠬᠡᠯᠡ᠃
ᠵᠢᠩ ᠦ᠋ᠨ ᠴᠡᠷᠢᠭ ᠴᠢ ᠪᠢᠩ ᠲᠤᠸᠠᠨ
ᠵᠡᠷᠭᠡ ᠪᠡᠷ ᠮᠣᠷᠳᠠᠭᠠᠳ ᠢᠷᠡᠯ᠎ᠡ᠂
ᠵᠢᠩ ᠭᠠᠩ ᠰᠤᠮᠤ ᠶ᠋ᠢ ᠨᠢ ᠬᠦᠷᠲᠡᠭᠦᠯᠦᠭᠡᠳ
ᠵᠢᠯᠪᠢ ᠶ᠋ᠢ ᠨᠢ ᠳᠠᠷᠤᠭᠠᠳ ᠬᠥᠭᠡᠭᠡᠴᠢᠬᠡᠯᠡ᠃
ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠪᠠᠯ
