ᠮᠣᠩᠭᠣᠯ ᠪᠥᠬᠡ ᠶ᠋ᠢᠨ ᠳᠠᠭᠤᠯᠠᠯ -ᠭ· ᠡᠩᠬᠡᠴᠡᠴᠡᠭMongol bögiin duulal-G·EnkhtsetsegМонгол бөгийн дуулал-Г·Энхцэцэг
ᠮᠣᠩᠭᠣᠯ ᠪᠥᠬᠡ ᠶ᠋ᠢᠨ ᠳᠠᠭᠤᠯᠠᠯ
ᠦᠭᠡ᠄ ᠱ· ᠭᠦᠷᠦᠪᠠᠽᠠᠷ
ᠠᠶ᠎ᠠ᠄ ᠳ· ᠠᠮᠤᠭᠤᠯᠠᠩ᠂ ᠡ᠊· ᠡᠷᠡᠪᠣᠯᠣᠳ
ᠳᠠᠭᠤᠴᠢᠨ᠄ ᠭ· ᠡᠩᠬᠡᠴᠡᠴᠡᠭ
ᠡᠷᠢᠶᠡᠨ ᠠᠰᠠᠷ ᠬᠡᠢᠮᠣᠷᠢ ᠲᠠᠢ ᠨᠢ ᠬᠠᠮᠲᠤ ᠳᠡᠷᠪᠡᠭᠰᠡᠨ
ᠡᠷᠡᠳᠡᠭᠦᠦ ᠴᠠᠬᠢᠷᠠᠭ ᠪᠥᠬᠡᠴᠦᠳ ᠮᠣᠩᠭᠣᠯ ᠤ᠋ᠨ ᠮᠢᠨᠢ ᠵᠣᠯᠪᠣᠭ᠎ᠠ
ᠡᠭᠡᠲᠡᠨ ᠭᠤᠲᠤᠯ ᠨᠢ ᠭᠠᠵᠠᠷ ᠦᠨᠦᠰᠴᠦ ᠥᠨᠳᠡᠢᠭᠰᠡᠨ
ᠡᠷᠡᠮᠡᠭ ᠰᠠᠢᠬᠠᠨ ᠬᠦᠴᠦᠲᠡᠨ ᠮᠣᠩᠭᠣᠯ ᠤ᠋ᠨ ᠮᠢᠨᠢ ᠰᠤᠤ
ᠡᠭᠦᠯᠡ ᠢᠯᠢᠵᠦ ᠳᠡᠪᠢᠭᠰᠡᠨ ᠦᠨᠡᠨ ᠬᠦᠴᠦᠲᠡᠨ ᠨᠦ᠍ᠭᠦᠳ ᠮᠢᠨᠢ
ᠦᠯᠡᠮᠵᠢ ᠪᠠᠶᠠᠰᠬᠤ ᠲᠩᠷᠢᠯᠢᠭ ᠡᠷᠡᠴᠦᠳ ᠮᠢᠨᠢ
ᠢᠳᠡᠷ ᠵᠢᠪᠬᠤᠭ᠎ᠠ ᠴᠣᠯᠠ ᠲᠠᠢ ᠨᠢ ᠬᠠᠮᠲᠤ ᠳᠠᠭᠤᠷᠢᠰᠤᠭᠰᠠᠨ
ᠡᠢᠮᠦ ᠯᠡ ᠰᠠᠢᠬᠠᠨ ᠨᠠᠭᠠᠳᠤᠮ ᠳᠣᠯᠣᠭᠠᠨ ᠰᠠᠷ᠎ᠠ ᠪᠢᠯᠡ
ᠢᠯᠡᠭᠦᠦ ᠲᠩᠷᠢ ᠲᠡᠢ ᠨᠢ ᠶᠢᠰᠦ ᠳᠠᠪᠠᠵᠤ ᠲᠡᠷᠢᠭᠦᠯᠡᠭᠰᠡᠨ
ᠡᠩᠬᠡ ᠲᠥᠷᠥ ᠶ᠋ᠢᠨ ᠨᠠᠭᠠᠳᠤᠮ ᠮᠣᠩᠭᠣᠯ ᠤ᠋ᠨ ᠰᠦᠷ ᠮᠢᠨᠢ ᠠ᠋
ᠴᠡᠴᠡᠭ ᠲᠣᠭᠣᠷᠢᠵᠤ ᠳᠡᠪᠢᠭᠰᠡᠨ ᠴᠡᠩᠭᠡᠯ ᠪᠢᠷᠠᠳᠠ ᠨᠤᠭᠤᠳ ᠮᠢᠨᠢ
ᠴᠡᠩᠬᠡᠷ ᠮᠣᠩᠭᠣᠯ ᠤ᠋ᠨ ᠭᠠᠵᠠᠷ ᠤ᠋ᠨ ᠳᠣᠮᠣᠭ ᠮᠢᠨᠢ
ᠨᠠᠴᠢᠨ ᠬᠠᠷᠴᠠᠭᠠᠢ ᠭᠠᠷᠤᠳᠢ ᠶ᠋ᠢᠨ ᠨᠠᠷᠠᠨ ᠲᠠᠪᠢᠯᠲᠠ ᠲᠠᠢ
ᠠᠷᠰᠯᠠᠨ ᠵᠠᠭᠠᠨ ᠠᠪᠤᠷᠭᠤ ᠶ᠋ᠢᠨ ᠠᠤᠭ᠎ᠠ ᠬᠦᠴᠦᠲᠡᠢ
ᠬᠤᠷᠤᠢ ᠬᠤᠷᠤᠢ ᠮᠣᠩᠭᠣᠯ ᠡᠷᠡᠴᠦᠳ ᠮᠢᠨᠢ᠁
ᠤᠤᠬᠠᠢ ᠤᠤᠬᠠᠢ ᠮᠣᠩᠭᠣᠯ ᠪᠥᠬᠡᠴᠦᠳ ᠮᠢᠨᠢ᠁
ᠬᠥᠨᠳᠡᠢ ᠶ᠋ᠢᠨ ᠰᠠᠯᠬᠢ ᠬᠥᠯ ᠳ᠋ᠦ᠍ ᠨᠢ ᠢᠷᠡᠵᠦ ᠨᠣᠮᠣᠬᠠᠷᠠᠭᠰᠠᠨ
ᠬᠦᠳᠡᠷ ᠰᠠᠢᠬᠠᠨ ᠡᠷᠡᠴᠦᠳ ᠳᠡᠨᠵᠢ ᠶ᠋ᠢᠨ ᠴᠢᠮᠡᠭ ᠠ᠋
ᠬᠥᠯ ᠦ᠋ᠨ ᠮᠠᠢᠬᠠᠨ ᠠ᠋ᠴᠠ ᠦᠰᠦᠷᠴᠦ ᠭᠠᠷᠤᠭᠰᠠᠨ ᠬᠡᠢᠮᠣᠷᠢ ᠨᠤᠭᠤᠳ ᠮᠢᠨᠢ
ᠬᠥᠬᠡ ᠮᠣᠩᠭᠣᠯ ᠤ᠋ᠨ ᠡᠷᠡᠮᠡᠭ ᠬᠦᠴᠦᠲᠦ ᠪᠥᠬᠡᠴᠦᠳ ᠮᠢᠨᠢ
ᠠᠷᠠᠳ ᠤ᠋ᠨ ᠳᠠᠭᠤᠤ ᠲᠣᠭᠣᠷᠢᠭᠰᠠᠨ
ᠠᠰᠤᠷᠢ ᠪᠢᠯᠢᠭᠳᠡᠯ ᠦ᠋ᠳ ᠮᠢᠨᠢ
ᠠᠷᠪᠠᠨ ᠵᠠᠭᠤᠨ ᠤ᠋ ᠠᠭᠤᠤ ᠰᠤᠳᠤᠷ ᠤ᠋ᠳ ᠮᠢᠨᠢ
ᠨᠠᠴᠢᠨ ᠬᠠᠷᠴᠠᠭᠠᠢ ᠭᠠᠷᠤᠳᠢ ᠶ᠋ᠢᠨ ᠨᠠᠷᠠᠨ ᠳᠠᠪᠢᠯᠲᠠ ᠲᠠᠢ
ᠠᠷᠰᠯᠠᠨ ᠵᠠᠭᠠᠨ ᠠᠪᠤᠷᠭᠤ ᠶ᠋ᠢᠨ ᠠᠤᠭ᠎ᠠ ᠬᠦᠴᠦᠲᠡᠢ
ᠬᠤᠷᠤᠢ ᠬᠤᠷᠤᠢ ᠮᠣᠩᠭᠣᠯ ᠡᠷᠡᠴᠦᠳ ᠮᠢᠨᠢ᠁
ᠤᠤᠬᠠᠢ ᠤᠤᠬᠠᠢ ᠮᠣᠩᠭᠣᠯ ᠪᠥᠬᠡᠴᠦᠳ ᠮᠢᠨᠢ᠁
ᠨᠠᠴᠢᠨ ᠬᠠᠷᠴᠠᠭᠠᠢ ᠭᠠᠷᠤᠳᠢ ᠶ᠋ᠢᠨ ᠨᠠᠷᠠᠨ ᠲᠠᠪᠢᠯᠲᠠ ᠲᠠᠢ
ᠠᠷᠰᠯᠠᠨ ᠵᠠᠭᠠᠨ ᠠᠪᠤᠷᠭᠤ ᠶ᠋ᠢᠨ ᠠᠤᠭ᠎ᠠ ᠬᠦᠴᠦᠲᠡᠢ
ᠬᠤᠷᠤᠢ ᠬᠤᠷᠤᠢ ᠮᠣᠩᠭᠣᠯ ᠡᠷᠡᠴᠦᠳ ᠮᠢᠨᠢ᠁
ᠤᠤᠬᠠᠢ ᠤᠤᠬᠠᠢ ᠮᠣᠩᠭᠣᠯ ᠪᠥᠬᠡᠴᠦᠳ ᠮᠢᠨᠢ᠁
ᠦᠰᠦᠭ ᠬᠠᠳᠠᠭᠴᠢ᠄ ᠪᠦᠷᠢᠨᠵᠢᠷᠭᠠᠯ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠬᠢᠨᠠᠭᠴᠢ᠄ ᠡᠷᠳᠡᠨᠢᠪᠢᠯᠢᠭ· ᠣᠳᠬᠤᠩᠬᠤᠸᠠᠷ
