ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ -ᠲᠤᠭᠴᠢ ᠯᠤᠪᠰᠠᠩ Eejiin mini gijignees sar tuyaarna-Tugch LuvsanЭэжийн минь гижигнээс сар туяарна-Тугч Лувсан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ -ᠲᠤᠭᠴᠢ ᠯᠤᠪᠰᠠᠩ Eejiin mini gijignees sar tuyaarna-Tugch LuvsanЭэжийн минь гижигнээс сар туяарна-Тугч Лувсан

ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ -ᠲᠤᠭᠴᠢ ᠯᠤᠪᠰᠠᠩ Eejiin mini gijignees sar tuyaarna-Tugch LuvsanЭэжийн минь гижигнээс сар туяарна-Тугч Лувсан

2025-11-03

10122

ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ


    ᠵᠣᠬᠢᠶᠠᠭᠴᠢ᠄ ᠲᠤᠭᠴᠢ ᠯᠤᠪᠰᠠᠩ 
    ᠤᠶᠠᠩᠭᠠᠯᠠᠭᠴᠢ᠄ ᠬᠠᠷᠭᠤᠢ 

 ᠠᠴᠢᠷ ᠬᠡᠦᠬᠡᠳ ᠣᠯᠤᠯ᠎ᠠ ᠭᠡᠵᠦ ᠨᠠᠮ᠎ᠠ ᠶ᠋ᠢ 
 ᠠᠷᠪᠠᠨ ᠰᠠᠷ᠎ᠠ ᠭᠡᠳᠡᠰᠦᠨ ᠳ᠋ᠡᠭᠡᠨ ᠲᠡᠭᠡᠭᠡᠵᠦ 
 ᠠᠯᠠᠭ ᠦᠷ᠎ᠡ ᠶ᠋ᠢᠨ ᠢ᠋ᠶ᠋ᠡᠨ ᠠᠩᠬᠠᠨ ᠤ᠋ ᠳᠠᠭᠤᠨ ᠢ᠋ᠶ᠋ᠠᠷ  
 ᠠᠯᠠᠰᠬᠢᠨ ᠪᠠᠶᠠᠷᠯᠠᠭᠰᠠᠨ ᠡᠵᠢ ᠪᠡᠨ ᠪᠣᠳᠣᠬᠤ ᠪᠦᠷᠢ 
 ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ 

 ᠠᠮᠢᠨ ᠬᠠᠢᠷᠠᠲᠠᠢ ᠬᠦᠦ ᠪᠡᠨ ᠭᠡᠵᠦ ᠨᠠᠮ᠎ᠠ ᠶ᠋ᠢ 
 ᠠᠩᠭᠢᠷ ᠰᠢᠷ᠎ᠠ ᠤᠭᠤᠷᠠᠭ ᠢ᠋ᠶ᠋ᠠᠷ ᠴᠠᠳᠬᠠᠵᠤ
 ᠠᠷᠪᠢᠨ ᠰᠥᠨᠢ ᠨᠣᠢᠷ ᠢ᠋ᠶ᠋ᠠᠨ ᠬᠠᠶᠠᠭᠰᠠᠨ
 ᠡᠨᠡᠷᠢᠯ ᠭᠦᠨ ᠡᠵᠢ ᠪᠡᠨ ᠰᠠᠨᠠᠬᠤ ᠪᠣᠯᠭᠠᠨ
 ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ

 ᠠᠯᠴᠠᠭ ᠲᠡᠨᠲᠦᠷ ᠭᠢᠰᠬᠢᠯᠡᠬᠦ ᠳ᠋ᠦ᠍ ᠨᠠᠮ᠎ᠠ ᠶ᠋ᠢ
 ᠠᠯᠠᠭᠠᠰᠠᠯ ᠦᠭᠡᠢ ᠰᠠᠨᠠᠭ᠎ᠠ ᠰᠡᠳᠬᠢᠯ ᠲᠠᠯᠪᠢᠵᠤ
 ᠠᠮᠤᠷ ᠲᠦᠪᠰᠢᠨ ᠡᠷᠬᠡᠲᠡᠨ ᠪᠦᠲᠦᠨ ᠥᠰᠬᠡᠭᠰᠡᠨ
 ᠡᠨᠡ ᠬᠣᠷᠸ᠎ᠠ ᠳ᠋ᠤ᠌ ᠭᠠᠭᠴᠠᠬᠠᠨ ᠡᠵᠢ ᠪᠡᠨ ᠳᠤᠷᠠᠰᠬᠤ  ᠳᠣᠳᠣᠮ
 ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ

 ᠠᠷᠠᠳ ᠤ᠋ᠨ ᠰᠤᠷᠭᠠᠭᠤᠯᠢ ᠶ᠋ᠢᠨ ᠪᠣᠱᠣᠭ᠎ᠠ ᠶ᠋ᠢ ᠲᠠᠨᠢᠭᠤᠯᠵᠤ ᠨᠠᠮ᠎ᠠ ᠶ᠋ᠢ
 ᠠᠴᠢᠲᠤ ᠪᠠᠭᠰᠢ ᠳ᠋ᠤ᠌ ᠨᠠᠢᠳᠠᠨ ᠲᠤᠰᠢᠶᠠᠵᠤ
 ᠠᠬᠢᠭᠠᠳ ᠪᠠᠰᠠ ᠠᠷᠤ ᠠ᠋ᠴᠠ ᠨᠢ ᠡᠷᠭᠢᠵᠦ ᠬᠦᠷᠦᠭᠡᠳ
 ᠥᠯᠥᠰᠴᠦ ᠲᠠᠭᠠᠷᠠᠭᠰᠠᠨ ᠢ᠋ ᠰᠠᠨᠠᠭᠠᠰᠢᠷᠠᠭᠰᠠᠨ ᠡᠵᠢ ᠪᠡᠨ ᠰᠠᠨᠠᠭᠠᠯᠵᠠᠬᠤ ᠲᠣᠰᠤᠮ
 ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ

 ᠡᠵᠢ ᠲᠡᠢ ᠪᠠᠢᠭᠰᠠᠨ ᠲᠡᠷᠡ ᠮᠥᠴᠡ ᠪᠡᠨ
 ᠡᠷᠭᠢᠴᠡᠭᠦᠯᠦᠨ ᠦᠭᠡᠢᠯᠡᠪᠡᠯ ᠰᠡᠳᠬᠢᠯ ᠳ᠋ᠦ᠍ ᠰᠠᠷᠠ ᠬᠣᠨᠣᠭᠰᠢᠭᠠᠳ
 ᠰᠠᠢᠨ ᠰᠠᠢᠬᠠᠨ ᠤ᠋ ᠵᠡᠭᠦᠳᠦ ᠶ᠋ᠢ ᠪᠦᠪᠡᠢᠯᠡᠨ᠎ᠡ
 ᠰᠠᠷᠠᠨ ᠵᠦᠭ ᠬᠠᠯᠢᠭᠰᠠᠨ ᠡᠵᠢ ᠪᠡᠨ ᠮᠥᠷᠥᠭᠡᠳᠬᠦ ᠳ᠋ᠦ᠍
 ᠡᠵᠢ ᠶ᠋ᠢᠨ ᠮᠢᠨᠢ ᠭᠡᠵᠢᠭᠡᠨ ᠡᠴᠡ ᠰᠠᠷᠠ ᠲᠤᠶᠠᠭᠠᠷᠠᠨ᠎ᠠ

       ᠦᠰᠦᠭ ᠠᠮᠢᠯᠠᠭᠤᠯᠤᠭᠴᠢ᠄ ᠲᠤᠭᠴᠢ ᠯᠤᠪᠰᠠᠩ
       ᠦᠰᠦᠭ ᠬᠠᠳᠠᠭᠴᠢ ᠄ ᠲᠤᠭᠴᠢ ᠯᠤᠪᠰᠠᠩ
       ᠬᠢᠨᠠᠭᠴᠢ ᠪᠠᠭᠰᠢ᠄ ᠲᠤᠭᠴᠢ ᠯᠤᠪᠰᠠᠩ