ᠪᠠᠲᠤ ᠬᠠᠭᠠᠨ 5-11ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 5-11ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ

ᠪᠠᠲᠤ ᠬᠠᠭᠠᠨ 5-11ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-03

162

ᠠᠷᠪᠠᠨ ᠨᠢᠭᠡ ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ


ᠳᠣᠪᠲᠣᠯᠭ᠎ᠠ ᠲᠡᠭᠦᠰᠪᠡ᠃ ᠲᠦᠢᠮᠡᠷ ᠦ᠋ᠨ ᠭᠠᠯ ᠨᠠᠮᠳᠠᠭᠰᠠᠭᠠᠷ ᠪᠠᠢᠨ᠎ᠠ᠃ ᠦᠨᠡᠰᠦ ᠨᠡᠭᠦᠷᠡᠰᠦ ᠲᠣᠷᠲᠣᠭ ᠪᠣᠯᠤᠭᠰᠠᠨ ᠡᠪᠳᠡᠷᠬᠡᠢ ᠪᠠᠯᠭᠠᠰᠤ ᠪᠠᠷ

ᠳᠦᠭᠦᠷᠦᠭᠰᠡᠨ ᠷᠶᠡᠽᠡᠨ᠂ ᠲᠡᠷᠡ ᠰᠥᠨᠢ ᠴᠠᠰᠤᠨ ᠳ᠋ᠤ᠌ ᠳᠠᠷᠤᠭᠳᠠᠵᠤ ᠬᠡᠲᠦᠷᠬᠡᠢ ᠵᠡᠷᠡᠮᠳᠡᠭᠯᠡᠭᠳᠡᠭᠰᠡᠨ ᠬᠡᠭᠦᠷ ᠮᠥᠩᠭᠥᠨ ᠬᠣᠷᠭᠣᠢ ᠨᠥᠮᠥᠷᠴᠦ ᠬᠡᠪᠲᠡᠬᠦ ᠰᠢᠭ᠌ ᠦᠵᠡᠭᠳᠡᠨ᠎ᠡ᠃ ᠪᠠᠲᠤ ᠬᠠᠭᠠᠨ ᠥᠪᠡᠷ ᠦ᠋ᠨ ᠢᠯᠠᠵᠤ ᠳᠠᠭᠠᠭᠤᠯᠤᠭᠰᠠᠨ ᠨᠡᠢᠰᠯᠡᠯ ᠬᠣᠲᠠ ᠪᠠᠷ ᠶᠠᠪᠤᠵᠤ ᠦᠵᠡᠬᠦ ᠶ᠋ᠢ ᠬᠦᠰᠡᠪᠡ᠃ ᠣᠢᠷ᠎ᠠ ᠬᠠᠪᠢ ᠶ᠋ᠢᠨ《ᠦᠯᠦ ᠢᠯᠠᠭᠳᠠᠭᠴᠢ》ᠣᠲ᠋ᠷᠢᠶᠠᠳ᠋ ᠤ᠋ᠳ  ᠲᠸ᠋ ᠡᠯᠴᠢ ᠨᠠᠷ ᠳᠠᠪᠬᠢᠨ ᠶᠠᠪᠤᠵᠤ ᠮᠠᠷᠭᠠᠰᠢ ᠨᠠᠷᠠ ᠮᠠᠨᠳᠤᠬᠤ ᠶ᠋ᠢᠨ ᠦᠶ᠎ᠡ ᠳ᠋ᠦ᠍ ᠷᠶᠡᠽᠡᠨ ᠦ᠌ ᠬᠠᠭᠠᠯᠭ᠎ᠠ ᠶ᠋ᠢᠨ ᠡᠮᠦᠨ᠎ᠡ ᠵᠢᠭᠰᠠᠬᠤ ᠲᠤᠰᠢᠶᠠᠯ ᠢ᠋ ᠬᠦᠷᠭᠡᠪᠡ᠃ ᠲᠠᠲ᠋ᠠᠷ ᠤ᠋ᠨ ᠣᠲ᠋ᠷᠢᠶᠠᠳ᠋ ᠤ᠋ᠳ ᠬᠥᠯᠳᠡᠭᠰᠡᠨ ᠣᠺ ᠮᠥᠷᠡᠨ ᠦ᠌ ᠡᠷᠭᠢ ᠶ᠋ᠢᠨ ᠳᠠᠭᠠᠤ ᠵᠢᠭᠳᠡ ᠪᠤᠰᠤ ᠪᠠᠷ ᠲᠠᠬᠢᠷᠯᠠᠨ ᠵᠢᠭᠰᠠᠵᠠᠢ᠃

ᠵᠠᠭᠤᠲᠤ ᠤ᠋ᠳ ᠨᠢ ᠠᠷᠪᠠᠨ ᠦᠶ᠎ᠡ ᠮᠥᠷ ᠵᠢᠭᠰᠠᠵᠠᠢ᠃ ᠲᠠᠪᠢᠨ ᠴᠡᠷᠢᠭ ᠪᠦᠷᠢ ᠶ᠋ᠢᠨ ᠡᠮᠦᠨ᠎ᠡ ᠦᠵᠦᠭᠦᠷ ᠲᠡᠭᠡᠨ ᠥᠩᠭᠡ ᠶ᠋ᠢᠨ ᠳᠠᠪᠤᠤ ᠴᠢᠮᠡᠭ ᠲᠡᠢ ᠵᠢᠳᠠ ᠪᠠᠷᠢᠭᠰᠠᠨ ᠡᠷᠡᠯᠬᠡᠭ ᠪᠠᠭᠠᠲᠤᠷ ᠮᠣᠷᠢ ᠤᠨᠤᠵᠤ ᠵᠣᠭᠰᠣᠬᠤ ᠪᠤᠶᠤ ᠵᠠᠭᠤᠲᠤ ᠶ᠋ᠢ ᠪᠦᠷᠢᠨ ᠡᠷᠬᠡᠲᠦ ᠵᠠᠭᠤᠨ ᠤ᠋ ᠨᠣᠶᠠᠳ ᠲᠣᠯᠣᠭᠠᠢᠯᠠᠨ᠎ᠠ᠃ ᠲᠡᠭᠦᠨ ᠦ᠌ ᠬᠣᠢᠨ᠎ᠠ ᠠᠷᠠᠰᠤ ᠪᠠᠷ ᠪᠦᠷᠢᠭᠰᠡᠨ ᠬᠣᠶᠠᠷ ᠪᠥᠮᠪᠥᠷ ᠲᠡᠢ ᠪᠥᠮᠪᠥᠷᠴᠢ᠂ ᠮᠥᠷᠦᠨ ᠳᠡᠭᠡᠭᠦᠷ ᠢ᠋ᠶ᠋ᠡᠨ ᠬᠥᠨᠳᠡᠯᠡᠨ ᠤᠶᠠᠭᠰᠠᠨ ᠪᠦᠷᠢᠶ᠎ᠡ ᠲᠡᠢ ᠪᠦᠷᠢᠶᠡᠴᠢ ᠪᠠ ᠲᠣᠭᠣᠷᠢᠭ ᠵᠡᠰ ᠬᠠᠷᠠᠩᠭ᠎ᠠ ᠪᠠᠷᠢᠭᠰᠠᠨ ᠳᠣᠬᠢᠶᠠᠴᠢ ᠨᠠᠷ ᠶᠠᠮᠠᠷ ᠴᠤ᠌ ᠬᠥᠳᠡᠯᠭᠡᠭᠡᠨ ᠦᠭᠡᠢ ᠪᠡᠷ ᠨᠣᠮᠣᠬᠠᠨ ᠵᠣᠭᠰᠣᠵᠤ ᠪᠠᠢᠨ᠎ᠠ᠃ ᠵᠠᠭᠤᠲᠤ ᠨᠢ ᠮᠡᠳᠡᠭᠳᠡᠬᠦᠢᠴᠡ ᠪᠡᠷ ᠴᠥᠭᠡᠷᠡᠭᠰᠡᠨ ᠪᠠᠢᠵᠠᠢ᠃ ᠨᠡᠯᠢᠶᠡᠳ ᠣᠯᠠᠨ ᠠᠷᠪᠠᠲᠤ ᠨᠤᠭᠤᠳ ᠲᠤᠨᠢ ᠨᠢᠵᠡᠭᠡᠳ ᠪᠤᠶᠤ ᠬᠣᠶᠠᠷ ᠭᠤᠷᠪᠠᠨ ᠮᠣᠷᠢᠨ ᠴᠡᠷᠢᠭ ᠦ᠋ᠳ ᠳᠤᠲᠠᠭᠳᠠᠵᠤ ᠪᠠᠢᠪᠠ᠃ ᠦᠯᠡᠳᠡᠭᠰᠡᠳ ᠦ᠋ᠨ ᠳᠤᠮᠳᠠ ᠨᠢ ᠰᠢᠷᠬ᠎ᠠ ᠪᠠᠨ ᠪᠣᠭᠣᠭᠰᠠᠨ ᠴᠡᠷᠢᠭ ᠦ᠋ᠳ ᠴᠥᠭᠡᠨ ᠦᠭᠡᠢ᠃ ᠡᠨᠡ ᠨᠢ ᠣᠷᠣᠰ ᠤ᠋ᠨ ᠰᠡᠯᠡᠮ᠎ᠡ ᠪᠠ ᠰᠤᠮᠤ ᠶ᠋ᠢᠨ ᠮᠥᠷ ᠲᠡᠮᠳᠡᠭ ᠦ᠋ᠳ ᠪᠠᠢᠯ᠎ᠠ᠃ ᠭᠣᠣᠯ ᠤ᠋ᠨ ᠳᠠᠭᠠᠤ ᠬᠣᠲᠠ ᠶ᠋ᠢᠨ ᠬᠡᠷᠡᠮ ᠦ᠋ᠨ ᠬᠠᠵᠠᠭᠤ ᠪᠠ ᠵᠠᠮ ᠢ᠋ ᠳᠠᠭᠠᠵᠤ ᠦᠬᠦᠭᠴᠢᠳ ᠦ᠋ᠨ ᠬᠡᠭᠦᠷ ᠦ᠋ᠳ ᠬᠡᠪᠲᠡᠨ᠎ᠡ᠃ ᠴᠢᠰᠤᠲᠠᠢ ᠪᠠᠷᠢᠴᠠᠯᠳᠤᠵᠤ ᠬᠥᠯᠳᠡᠭᠰᠡᠨ ᠬᠥᠮᠦᠰ ᠦ᠋ᠨ ᠨᠢᠴᠦᠭᠦᠨ ᠪᠡᠶᠡᠰ ᠦ᠋ᠳ ᠶᠡᠷᠦᠳᠡ ᠶ᠋ᠢᠨ ᠪᠤᠰᠤ ᠡᠯᠳᠡᠪ ᠪᠠᠢᠳᠠᠯ ᠤ᠋ᠳ ᠲᠠᠢ ᠪᠠᠷ ᠬᠡᠪᠲᠡᠨ᠎ᠡ᠃ ᠡᠳᠡᠨ ᠦ᠌ ᠵᠠᠷᠢᠮ ᠨᠢ ᠠᠲᠤᠷᠢᠵᠤ ᠴᠠᠭᠠᠷᠢᠭᠯᠠᠨ ᠬᠡᠪᠲᠡᠬᠦ ᠪᠠ ᠵᠠᠷᠢᠮ ᠨᠢ ᠭᠠᠷ ᠬᠥᠯ ᠢ᠋ᠶ᠋ᠡᠨ ᠰᠠᠷᠪᠠᠢᠯᠭᠠᠵᠤ ᠵᠠᠷᠢᠮ ᠤ᠋ᠳ ᠨᠢ ᠨᠦᠬᠡᠨ ᠳ᠋ᠦ᠍ ᠲᠣᠯᠣᠭᠠᠢ ᠪᠠᠨ ᠬᠢᠵᠦ ᠴᠦ᠍ ᠬᠡᠪᠲᠡᠬᠦ ᠨᠢ ᠦᠵᠡᠭᠳᠡᠬᠦ ᠶᠤᠮ᠃ ᠭᠦᠨᠵᠡᠭᠡᠢ ᠴᠠᠰᠤᠨ ᠳᠣᠲᠣᠷ᠎ᠠ ᠠ᠋ᠴᠠ ᠭᠤᠲᠤᠯ ᠢ᠋ ᠨᠢ ᠲᠠᠢᠯᠵᠤ ᠠᠪᠤᠭᠰᠠᠨ ᠨᠢᠴᠦᠭᠦᠨ ᠬᠥᠯ ᠦ᠋ᠳ ᠡᠨᠳᠡ ᠲᠡᠨᠳᠡ ᠴᠤᠬᠤᠢᠵᠤ ᠬᠠᠷᠠᠭᠳᠠᠬᠤ ᠪᠠ ᠲᠡᠳᠡᠭᠡᠷ ᠦ᠋ᠨ ᠳᠡᠭᠡᠷ᠎ᠡ ᠨᠢ ᠠᠯᠠᠭ ᠲᠠᠭᠲᠠᠭ᠎ᠠ ᠨᠤᠭᠤᠳ ᠬᠠᠰᠬᠢᠷᠤᠯᠳᠤᠨ ᠰᠠᠭᠤᠨ᠎ᠠ᠃《ᠦᠯᠦ ᠢᠯᠠᠭᠳᠠᠭᠴᠢ》 ᠮᠢᠩᠭᠠᠲᠤ ᠨᠢ ᠭᠣᠣᠯ ᠤ᠋ᠨ ᠡᠷᠭᠢ ᠳᠠᠭᠠᠤ ᠬᠥᠳᠡᠢᠨ (ᠭᠦᠳᠦᠢᠨ) ᠵᠢᠭᠰᠠᠭᠰᠠᠨ ᠲᠤᠯᠠ ᠮᠣᠷᠢᠳ ᠤ᠋ᠨ ᠬᠥᠯ ᠨᠢ ᠴᠢᠯᠡᠵᠦ ᠵᠢᠯᠣᠭᠣ ᠪᠠᠨ ᠲᠠᠲᠠᠵᠠᠭᠠᠨ᠎ᠠ᠃ ᠴᠡᠷᠢᠭ ᠦ᠋ᠨ ᠡᠪᠡᠷ ᠪᠦᠷᠢᠶ᠎ᠡ ᠲᠠᠲᠠᠬᠤ ᠨᠢ ᠬᠣᠯᠠ ᠠ᠋ᠴᠠ ᠳᠤᠭᠤᠯᠳᠠᠮᠠᠭᠴᠠ ᠪᠤᠰᠤᠳ ᠪᠦᠷᠢᠶ᠎ᠡ ᠨᠤᠭᠦᠳ ᠲᠡᠷᠡ ᠳᠣᠬᠢᠶ᠎ᠠ ᠶ᠋ᠢ ᠲᠠᠲᠠᠨ᠎ᠠ᠃ ᠨᠢᠭᠡᠳᠦᠭᠡᠷ ᠵᠠᠭᠤᠨ ᠤ᠋ ᠨᠣᠶᠠᠨ᠂
— ᠠᠩᠬᠠᠷᠤᠨ ᠰᠣᠨᠣᠰᠴᠤ ᠳᠠᠭᠠᠭᠲᠤᠨ᠁ ᠭᠡᠵᠦ ᠲᠤᠩᠭᠠᠯᠠᠭ ᠴᠢᠩᠭ᠎ᠠ ᠳᠠᠭᠤ ᠪᠠᠷ ᠬᠠᠰᠬᠢᠷᠬᠤ ᠳ᠋ᠤ᠌ ᠪᠤᠰᠤᠳ ᠵᠠᠭᠤᠨ ᠤ᠋ ᠨᠣᠶᠠᠳ ᠠᠷᠪᠠᠨ ᠤ᠋ ᠳᠠᠷᠤᠭ᠎ᠠ ᠨᠠᠷ ᠪᠠᠰᠠ᠂
— ᠠᠩᠬᠠᠷᠤᠨ ᠰᠣᠨᠣᠰᠴᠤ ᠳᠠᠭᠠᠭᠲᠤᠨ! ᠭᠡᠵᠦ ᠳᠠᠪᠲᠠᠨ ᠬᠠᠰᠬᠢᠷᠴᠠᠭᠠᠨ᠎ᠠ᠃

ᠴᠡᠷᠢᠭ ᠦ᠋ᠳ ᠨᠢ ᠪᠡᠶᠡᠰ ᠢ᠋ᠶ᠋ᠡᠨ ᠴᠡᠭᠴᠡᠯᠡᠨ ᠵᠢᠯᠣᠭᠣ ᠪᠠᠨ ᠬᠤᠷᠢᠶᠠᠵᠤ ᠪᠠᠷᠢᠪᠠ᠃ ᠮᠢᠩᠭᠠᠲᠤ ᠨᠠᠮ ᠭᠦᠮ ᠪᠣᠯᠵᠤ ᠠᠩᠬᠠᠷᠤᠯᠲᠠᠢ ᠪᠠᠷ ᠨᠣᠮᠣᠬᠠᠨ ᠵᠣᠭᠰᠣᠵᠤ ᠬᠦᠯᠢᠶᠡᠨ᠎ᠡ᠃ ᠲᠣᠰᠬᠣᠨ ᠤ᠋ ᠭᠠᠯ ᠤ᠋ᠨ ᠠᠶᠤᠯ ᠳ᠋ᠤ᠌ ᠠᠪᠲᠠᠭᠳᠠᠭ᠎ᠠ ᠦᠭᠡᠢ ᠦᠯᠡᠳᠡᠭᠰᠡᠨ ᠰᠦᠮ᠎ᠡ ᠶ᠋ᠢᠨ ᠲᠡᠨᠳᠡ ᠡᠴᠡ ᠮᠣᠷᠢᠲᠠᠢ ᠬᠡᠳᠦᠨ ᠬᠥᠮᠦᠰ ᠭᠠᠷᠴᠤ ᠢᠷᠡᠪᠡ᠃ ᠡᠮᠦᠨ᠎ᠡ ᠨᠢ ᠭᠤᠷᠪᠠᠨ ᠬᠥᠮᠦᠨ ᠳᠠᠪᠬᠢᠵᠤ ᠶᠠᠪᠤᠨ᠎ᠠ᠃ ᠲᠡᠳᠡ ᠨᠠᠷ ᠤ᠋ᠨ ᠳᠤᠮᠳᠠᠬᠢ ᠨᠢ ᠶᠢᠰᠦᠨ ᠥᠷᠭᠡᠨ ᠲᠤᠤᠰᠠ ᠶ᠋ᠢ ᠰᠠᠯᠬᠢᠨ ᠳ᠋ᠤ᠌ ᠬᠡᠢᠰᠬᠡᠭᠰᠡᠨ ᠲᠠᠪᠤᠨ ᠲᠠᠯ᠎ᠠ ᠲᠠᠢ ᠴᠠᠭᠠᠨ ᠲᠤᠭ ᠢ᠋ ᠪᠠᠷᠢᠵᠤ ᠶᠠᠪᠤᠨ᠎ᠠ᠃ ᠲᠡᠭᠦᠨ ᠦ᠌ ᠡᠰᠢ ᠨᠢ(ᠶ᠋ᠢᠨ) ᠦᠵᠦᠭᠦᠷ ᠲᠡᠬᠢ ᠠᠯᠲᠠᠨ ᠵᠡᠪᠡ ᠶ᠋ᠢᠨ ᠳᠣᠣᠷ᠎ᠠ ᠴᠢᠩᠭᠢᠰ ᠬᠠᠭᠠᠨ ᠤ᠋ ᠰᠢᠷᠭᠠᠯ ᠠᠵᠢᠷᠭᠠᠨ ᠰᠡᠭᠦᠯ ᠤᠶᠠᠭᠠᠲᠠᠢ ᠪᠠᠢᠵᠠᠢ᠃ ᠲᠤᠭ ᠳᠡᠭᠡᠷ᠎ᠡ ᠨᠢ ᠬᠡᠷᠢᠶ᠎ᠡ ᠰᠢᠪᠠᠭᠤ ᠶ᠋ᠢ ᠰᠠᠪᠠᠷ ᠲᠠᠭᠠᠨ ᠠᠳᠬᠤᠭᠰᠠᠨ ᠨᠠᠴᠢᠨ ᠱᠣᠩᠬᠣᠷ ᠰᠢᠪᠠᠭᠤ ᠶ᠋ᠢ ᠠᠯᠲᠠᠨ ᠤᠲᠠᠰᠤ ᠪᠠᠷ ᠨᠡᠬᠡᠵᠦ ᠣᠶᠣᠭᠰᠠᠨ ᠠᠵᠢ᠃ ᠲᠡᠳᠡᠭᠡᠷ ᠦ᠋ᠨ ᠬᠣᠢᠨ᠎ᠠ ᠠ᠋ᠴᠠ ᠥᠭᠡᠷ᠎ᠡ ᠨᠢᠭᠡᠨ ᠮᠣᠷᠢᠲᠠᠢ ᠬᠥᠮᠦᠨ ᠶᠠᠪᠤᠪᠠ᠃ ᠲᠡᠳᠡ ᠷᠶᠡᠽᠡᠨ ᠦ᠌ ᠴᠡᠷᠢᠭ ᠦ᠋ᠨ ᠳᠠᠷᠤᠭ᠎ᠠ ᠸᠠᠳᠢᠮ ᠳ᠋ᠠᠨᠢᠯᠢᠴ ᠺᠣᠹᠠ ᠶ᠋ᠢᠨ ᠲᠣᠯᠣᠭᠠᠢ ᠶ᠋ᠢ ᠵᠢᠳᠠᠨ ᠤ᠋ ᠦᠵᠦᠭᠦᠷ ᠲᠦ᠍ ᠬᠠᠳᠬᠤᠵᠤ᠂ ᠠᠪᠴᠤ ᠶᠠᠪᠤᠭ᠎ᠠ ᠲᠡᠷᠡ ᠲᠣᠯᠣᠭᠠᠢ ᠶ᠋ᠢᠨ ᠨᠢᠳᠦ ᠨᠢ ᠠᠨᠢᠭᠰᠠᠨ ᠪᠠ ᠨᠢᠭᠤᠷ ᠴᠢᠷᠠᠢ ᠨᠢ ᠰᠢᠷᠦᠭᠦᠨ ᠪᠥᠭᠡᠳ ᠲᠠᠢᠪᠤᠩ ᠤᠷᠲᠤ ᠪᠤᠭᠤᠷᠤᠯ ᠰᠠᠬᠠᠯ ᠪᠠ ᠮᠥᠩᠭᠥᠨ ᠴᠠᠭᠠᠨ ᠦᠰᠦ ᠨᠢ ᠰᠠᠯᠬᠢᠨ ᠳ᠋ᠤ᠌ ᠬᠡᠢᠰᠴᠦ ᠦᠵᠡᠭᠳᠡᠨ᠎ᠡ᠃ ᠲᠡᠭᠦᠨ ᠦ᠌ ᠳᠠᠷᠠᠭ᠎ᠠ ᠪᠠᠷ ᠴᠠᠭᠠᠨ ᠬᠠᠨᠲᠠᠭᠠᠵᠠ ᠲᠠᠢ᠂ ᠴᠠᠭᠠᠨ ᠢᠯᠭᠢᠨ ᠭᠤᠲᠤᠯ ᠡᠮᠦᠰᠦᠭᠰᠡᠨ᠂ᠪᠥᠬᠡ ᠶ᠋ᠢᠨ ᠥᠨᠳᠥᠷ ᠴᠠᠭᠠᠨ ᠣᠷᠣᠢᠪᠴᠢ ᠮᠠᠯᠠᠭᠠᠢ ᠲᠠᠢ ᠬᠣᠶᠠᠷ ᠬᠢᠶ᠎ᠡ ᠭᠠᠯ ᠰᠢᠭ᠋ ᠭᠢᠯᠪᠠᠯᠵᠠᠭᠰᠠᠨ ᠬᠠᠷ᠎ᠠ ᠨᠢᠳᠦᠲᠡᠢ᠂ ᠨᠢᠳᠦ ᠠᠯᠳᠠᠮ᠎ᠠ ᠭᠤᠸ᠎ᠠ ᠰᠠᠢᠬᠠᠨ ᠴᠠᠭᠠᠨ ᠠᠵᠢᠷᠭ᠎ᠠ ᠶ᠋ᠢ ᠴᠤᠯᠪᠤᠭᠤᠷ ᠠ᠋ᠴᠠ ᠨᠢ ᠬᠥᠲᠥᠯᠵᠦ ᠶᠠᠪᠤᠭ᠎ᠠ᠃ ᠲᠡᠷᠡ ᠮᠣᠷᠢ ᠭᠤᠸᠠᠯᠢᠭ ᠰᠠᠢᠬᠠᠨ ᠲᠣᠯᠣᠭᠠᠢ ᠪᠠᠨ ᠡᠰᠢ ᠲᠡᠰᠢ ᠨᠢ ᠬᠠᠶᠠᠯᠠᠵᠤ ᠲᠠᠰᠤ ᠬᠠᠷ᠎ᠠ ᠲᠤᠭᠤᠷᠠᠢ ᠲᠠᠢ ᠬᠥᠩᠭᠡᠨ ᠬᠥᠯ ᠢ᠋ᠶ᠋ᠡᠷ ᠢ᠋ᠶ᠋ᠡᠨ ᠴᠠᠪᠴᠢᠯᠠᠨ ᠳᠡᠪᠬᠡᠴᠡᠨ ᠮᠤᠯᠲᠤᠷᠠᠨ ᠣᠳᠬᠤ ᠶ᠋ᠢ ᠡᠷᠡᠮᠡᠯᠵᠡᠨ᠎ᠡ᠃ ᠠᠯᠲᠠᠨ ᠤᠲᠠᠰᠤ ᠪᠠᠷ ᠤᠭᠠᠯᠵᠠᠯᠠᠨ ᠣᠶᠣᠭᠰᠠᠨ ᠬᠠᠷ᠎ᠠ ᠬᠦᠷᠡᠩ ᠬᠢᠯᠢᠩ ᠨᠥᠮᠥᠷᠭᠡ ᠪᠡᠷ ᠪᠥᠷᠬᠥᠯᠡᠭᠰᠡᠨ ᠲᠡᠷᠡ ᠮᠣᠷᠢ ᠥᠷᠯᠥᠭᠡ ᠶ᠋ᠢᠨ ᠨᠠᠷᠠᠨ ᠤ᠋ ᠤᠯᠠᠭᠠᠨ ᠲᠤᠶᠠᠭᠠᠨ ᠳ᠋ᠤ᠌ ᠦᠵᠡᠰᠬᠦᠯᠡᠩᠲᠦ ᠲᠣᠭᠯᠠᠭᠠᠮ ᠰᠢᠭ᠋ ᠭᠢᠯᠪᠠᠯᠵᠠᠨ᠎ᠠ᠃ ᠮᠣᠩᠭᠣᠯᠴᠤᠳ ᠡᠨᠡ ᠴᠠᠭᠠᠨ ᠮᠣᠷᠢ ᠶ᠋ᠢ ᠬᠦᠨᠳᠦᠳᠬᠡᠨ ᠬᠠᠷᠠᠵᠠᠭᠠᠵᠤ ᠮᠣᠩᠭᠣᠯᠴᠤᠳ ᠲᠡᠳᠡᠨ ᠳ᠋ᠦ᠍ ᠰᠢᠨ᠎ᠡ ᠢᠯᠠᠯᠲᠠ ᠶ᠋ᠢ ᠦᠭᠭᠦᠭᠰᠡᠨ ᠲᠡᠢᠨ ᠦ᠌ ᠰᠦᠯᠳᠡ ᠪᠤᠷᠬᠠᠨ᠂ ᠲᠡᠷᠡ ᠮᠣᠷᠢ ᠶ᠋ᠢ ᠤᠨᠤᠵᠤ ᠬᠥᠮᠦᠨ ᠦ᠌ ᠨᠢᠳᠦᠨ ᠳ᠋ᠦ᠍ ᠦᠵᠡᠭᠳᠡᠬᠦ ᠦᠭᠡᠢ ᠶᠠᠪᠤᠨ᠎ᠠ ᠭᠡᠵᠦ ᠢᠲᠡᠭᠡᠨ᠎ᠡ᠃

ᠪᠠᠲᠤ ᠬᠠᠭᠠᠨ ᠥᠪᠡᠷ ᠦ᠋ᠨ ᠳᠤᠷ᠎ᠠ ᠵᠣᠷᠢᠭ ᠢ᠋ᠶ᠋ᠠᠷ ᠪᠠᠢᠳᠠᠭ ᠲᠤᠯᠠ ᠥᠨᠥᠳᠥᠷ ᠲᠡᠷᠡ ᠴᠠᠭᠠᠨ ᠮᠣᠷᠢ ᠪᠠᠨ ᠰᠦᠯᠳᠡ ᠪᠤᠷᠬᠠᠨ ᠳ᠋ᠠᠭᠠᠨ ᠵᠣᠷᠢᠭᠤᠯᠵᠤ ᠪᠠᠢᠨ᠎ᠠ᠃ ᠬᠡᠷᠪᠡ ᠬᠦᠰᠡᠪᠡᠯ ᠮᠠᠷᠭᠠᠰᠢ ᠥᠪᠡᠷ ᠢ᠋ᠶ᠋ᠡᠨ ᠴᠦ᠍ ᠤᠨᠤᠵᠤ ᠶᠠᠪᠤᠬᠤ ᠪᠢᠵᠡ᠃ ᠲᠡᠷᠡ ᠥᠨᠥᠳᠥᠷ ᠣᠷᠣᠰ ᠤ᠋ᠳ ᠤ᠋ᠨ ᠬᠠᠷ᠎ᠠ ᠮᠣᠷᠢ ᠶ᠋ᠢ ᠤᠨᠤᠵᠤ ᠶᠠᠪᠤᠨ᠎ᠠ᠂ ᠭᠡᠪᠡᠴᠦ ᠮᠠᠷᠭᠠᠰᠢ ᠬᠥᠮᠦᠨ ᠬᠠᠷ᠎ᠠ ᠭᠥᠷᠥᠭᠡᠰᠦ ᠶ᠋ᠢ ᠴᠦ᠍ ᠤᠨᠤᠵᠤ ᠮᠠᠭᠠᠳ᠁ ᠭᠡᠵᠦ ᠮᠣᠩᠭᠣᠯᠴᠤᠳ ᠬᠣᠭᠣᠷᠣᠨᠳᠣ ᠪᠠᠨ ᠰᠢᠪᠡᠨᠡᠨ ᠶᠠᠷᠢᠯᠴᠠᠵᠠᠭᠠᠨ᠎ᠠ᠃ ᠪᠠᠲᠤ ᠬᠠᠭᠠᠨ ᠡᠪᠦᠳᠦᠭ ᠢ᠋ᠶ᠋ᠡᠨ ᠬᠦᠷᠲᠡᠯ᠎ᠡ ᠪᠡᠨ ᠳᠥᠷᠪᠡᠨ ᠬᠥᠯ ᠴᠠᠭᠠᠨ᠂ ᠮᠠᠩᠨᠠᠢ ᠳᠡᠭᠡᠷ᠎ᠡ ᠪᠡᠨ ᠰᠠᠷᠠ ᠲᠠᠢ ᠠᠯᠲᠠᠨ ᠱᠠ ᠪᠠᠷ ᠴᠢᠮᠡᠭᠯᠡᠭᠳᠡᠭᠰᠡᠨ ᠭᠥᠯᠢᠮ ᠲᠡᠢ ᠲᠣᠮᠣ ᠬᠠᠷ᠎ᠠ ᠮᠣᠷᠢ ᠶ᠋ᠢ ᠤᠨᠤᠵᠤ ᠶᠠᠪᠤᠨ᠎ᠠ᠃ ᠲᠡᠷᠡ ᠨᠠᠷᠠᠨ ᠤ᠋ ᠭᠡᠷᠡᠯ ᠳ᠋ᠦ᠍ ᠥᠩᠭᠡ ᠪᠤᠯᠢᠶᠠᠴᠠᠯᠳᠤᠭᠰᠠᠨ ᠮᠥᠩᠭᠥᠨ ᠴᠠᠭᠠᠨ ᠬᠤᠶᠠᠭ ᠲᠠᠢ᠂ ᠤᠷᠲᠤ ᠴᠠᠭᠠᠨ ᠥᠳᠥ ᠬᠠᠳᠬᠤᠭᠰᠠᠨ ᠠᠯᠲᠠᠨ ᠳᠤᠭᠤᠯᠠᠭ᠎ᠠ ᠡᠮᠦᠰᠦᠭᠰᠡᠨ ᠠᠵᠢ᠃ ᠮᠣᠷᠢ ᠨᠢ ᠮᠥᠩᠭᠥᠨ ᠲᠣᠨᠣᠭ ᠲᠠᠢ᠂ ᠠᠯᠲᠠᠨ ᠪᠠᠭᠠᠪᠤᠷ ᠳᠠᠷᠤᠭᠤᠯᠭ᠎ᠠ ᠲᠠᠢ᠂ ᠠᠯᠲᠠᠨ ᠳᠠᠪ ᠲᠠᠢ ᠮᠥᠩᠭᠥᠨ ᠬᠠᠵᠠᠭᠠᠷ ᠬᠤᠳᠠᠷᠭ᠎ᠠ ᠬᠡᠷᠡᠭᠯᠡᠵᠡᠢ᠃ ᠡᠨᠡ ᠨᠢ ᠴᠥᠮ ᠣᠷᠣᠰ ᠤ᠋ᠨ ᠤᠷᠠᠴᠤᠳ ᠤ᠋ᠨ ᠬᠢᠴᠡ ᠪᠠᠢᠪᠠ᠃ ᠡᠨᠡ ᠮᠣᠷᠢ ᠶ᠋ᠢ ᠴᠢᠮᠡᠭᠯᠡᠵᠦ ᠣᠶᠣᠭᠰᠠᠨ ᠨᠢ ᠣᠷᠣᠰ ᠤ᠋ᠨ ᠸᠠᠩ ᠤ᠋ᠳ ᠤ᠋ᠨ ᠵᠠᠩᠰᠢᠭᠰᠠᠨ ᠶᠡᠷᠦᠳᠡ ᠶ᠋ᠢᠨ ᠴᠢᠮᠡᠭᠯᠡᠯ ᠦ᠋ᠨ ᠠᠳᠠᠯᠢ ᠪᠠᠢᠨ᠎ᠠ᠃ ᠭᠤᠶᠤᠵᠤ ᠴᠢᠮᠡᠭᠯᠡᠭᠰᠡᠨ ᠮᠣᠷᠢᠳ ᠢ᠋ ᠤᠨᠤᠭᠰᠠᠨ ᠬᠠᠭᠠᠳ ᠵᠠᠩᠵᠤᠨ ᠤ᠋ ᠬᠣᠢᠨ᠎ᠠ ᠠ᠋ᠴᠠ ᠶᠠᠪᠤᠬᠤ ᠪᠠ ᠲᠡᠳᠡᠭᠡᠷ ᠦ᠋ᠨ ᠳᠤᠮᠳᠠ ᠬᠢᠵᠢᠶᠡᠯᠢᠭ᠂ ᠲᠣᠮᠣ ᠪᠡᠶ᠎ᠡ ᠲᠡᠢ ᠲᠣᠬᠢᠷ ᠨᠢᠷᠤᠭᠤ ᠲᠠᠢ ᠰᠦᠪᠡᠭᠡᠳᠡᠢ ᠪᠠᠭᠠᠲᠤᠷ ᠣᠨᠴᠠ ᠬᠠᠷᠠᠭᠳᠠᠬᠤ ᠡᠩ ᠦ᠋ᠨ ᠰᠤᠷ ᠤ᠋ᠨ ᠲᠣᠨᠣᠭ ᠬᠡᠷᠡᠭᠯᠡᠯ ᠲᠡᠢ ᠪᠣᠭᠣᠨᠢ ᠬᠥᠯ ᠲᠡᠢ ᠵᠢᠷᠣᠭ᠎ᠠ ᠬᠣᠯᠠ ᠮᠣᠷᠢ ᠶ᠋ᠢ ᠤᠨᠤᠵᠤ ᠶᠠᠪᠤᠨ᠎ᠠ᠃ ᠪᠠᠲᠤ ᠬᠠᠭᠠᠨ ᠴᠡᠷᠢᠭ ᠦ᠋ᠨ ᠵᠢᠭᠰᠠᠭᠠᠯ ᠤ᠋ᠨ ᠭᠣᠣᠯ ᠳ᠋ᠤ᠌ ᠶᠠᠪᠤᠵᠤ ᠪᠠᠢᠬᠤ ᠳ᠋ᠤᠨᠢ ᠲᠠᠲ᠋ᠠᠷ ᠤ᠋ᠳ ᠪᠠ ᠮᠣᠩᠭᠣᠯᠴᠤᠳ ᠂
— ᠤᠷᠤᠭᠰᠢ ᠪᠠᠨ ᠭᠡᠵᠦ ᠬᠠᠰᠬᠢᠷᠤᠯᠳᠤᠬᠤ ᠪᠠ ᠺᠢᠫᠴᠠᠺᠴᠤᠳ ᠲᠡᠳᠡᠭᠡᠷ ᠢ᠋ ᠳᠠᠭᠤᠷᠢᠶᠠᠨ᠂
— ᠰᠠᠢᠬᠠᠨ ᠪᠠᠢᠨ᠎ᠠ ᠭᠡᠵᠦ ᠬᠠᠰᠬᠢᠷᠤᠯᠳᠤᠨ᠎ᠠ᠃ ᠵᠠᠩᠵᠤᠨ ᠡᠷᠭᠢᠵᠦ ᠶᠠᠪᠤᠪᠠ᠃《ᠦᠯᠦ ᠢᠯᠠᠭᠳᠠᠭᠴᠢ》 ᠵᠠᠭᠤᠲᠤ ᠪᠤᠰᠤᠳ ᠠ᠋ᠴᠠ ᠪᠠᠨ ᠲᠠᠰᠤᠷᠠᠵᠤ ᠲᠡᠭᠦᠨ ᠦ᠌ ᠬᠣᠶ᠋ᠢᠨ᠎ᠠ ᠠ᠋ᠴᠠ  ᠳᠠᠭᠠᠨ ᠣᠳᠪᠠ᠃ ᠪᠠᠲᠤ ᠬᠠᠭᠠᠨ ᠥᠪᠡᠷ ᠦ᠋ᠨ ᠪᠠᠷ᠎ᠠ ᠪᠣᠯᠤᠭᠴᠢᠳ ᠤ᠋ᠨ ᠬᠠᠮᠲᠤ ᠪᠠᠷ ᠭᠣᠣᠯ ᠢ᠋ ᠬᠥᠨᠳᠡᠯᠡᠨ ᠭᠠᠷᠴᠤ ᠶᠠᠪᠤᠬᠤ ᠵᠠᠭᠤᠷ᠎ᠠ ᠭᠣᠣᠯ ᠤ᠋ᠨ ᠮᠥᠰᠥᠨ ᠳᠡᠭᠡᠷ᠎ᠡ ᠶᠡᠬᠡ ᠶᠡᠬᠡ ᠨᠦᠬᠡ ᠨᠤᠭᠦᠳ ᠪᠠ ᠬᠥᠮᠦᠨ ᠦ᠌ ᠬᠡᠭᠦᠷ ᠦ᠋ᠳ ᠬᠠᠷᠠᠯᠠᠵᠤ ᠬᠠᠷᠠᠭᠳᠠᠨ᠎ᠠ᠃ ᠬᠣᠲᠠ ᠶ᠋ᠢᠨ ᠬᠠᠭᠠᠯᠭ᠎ᠠ ᠶ᠋ᠢ ᠴᠡᠪᠡᠷᠯᠡᠭᠰᠡᠨ ᠠᠵᠢ᠃

ᠬᠡᠷᠡᠮ ᠦ᠋ᠨ ᠬᠠᠨ᠎ᠠ ᠶ᠋ᠢᠨ ᠳᠡᠷᠭᠡᠳᠡ ᠣᠯᠵᠠᠯᠠᠭᠳᠠᠭᠴᠢᠳ ᠠᠵᠢᠯ ᠬᠢᠵᠦ ᠪᠠᠢᠪᠠ᠃ ᠲᠡᠳᠡᠨ ᠢ᠋ ᠭᠢᠯᠪᠠᠯᠵᠠᠭᠰᠠᠨ ᠲᠠᠬᠢᠷ ᠰᠡᠯᠡᠮ᠎ᠡ ᠦ᠋ᠳ ᠢ᠋ᠶ᠋ᠡᠨ ᠪᠠᠷᠠᠭᠤᠨ ᠮᠥᠷᠥ ᠳᠡᠭᠡᠭᠦᠷ ᠢ᠋ᠶ᠋ᠡᠨ ᠪᠠᠷᠢᠭᠰᠠᠨ ᠮᠣᠩᠭᠣᠯ ᠴᠡᠷᠢᠭ ᠦ᠋ᠳ ᠬᠠᠷᠠᠭᠠᠯᠵᠠᠨ ᠪᠠᠢᠪᠠ᠃ ᠬᠣᠲᠠ ᠪᠦᠷᠢᠮᠦᠰᠦᠨ᠎ᠡ ᠡᠪᠳᠡᠭᠳᠡᠵᠡᠢ᠃ ᠮᠣᠳᠣᠨ ᠪᠠᠢᠰᠢᠩ ᠪᠠᠷᠢᠯᠭ᠎ᠠ ᠤ᠋ᠳ ᠴᠥᠮ ᠰᠢᠳᠡᠵᠦ᠂ᠨᠤᠷᠠᠭᠰᠠᠨ ᠳ᠋ᠥ᠋ᠨᠵᠡ ᠨᠤᠭᠦᠳ ᠨᠡᠭᠦᠷᠡᠰᠦ ᠲᠣᠷᠲᠣᠭ ᠪᠣᠯᠤᠨ ᠬᠠᠷᠠᠯᠠᠵᠤ ᠤᠲᠤᠭ᠎ᠠ ᠪᠤᠷᠭᠢᠯᠪᠠ᠃ ᠲᠦᠯᠡᠵᠦ ᠰᠢᠲᠠᠭᠰᠠᠨ ᠮᠢᠬᠠᠨ ᠤ᠋ ᠦᠨᠦᠷ ᠬᠠᠩᠬᠤᠯᠤᠨ ᠦᠨᠦᠷᠲᠦᠵᠦ ᠪᠠᠢᠨ᠎ᠠ᠃ ᠴᠣᠭᠰᠢᠵᠤ ᠨᠠᠮᠳᠠᠵᠤ ᠪᠠᠢᠭ᠎ᠠ ᠭᠠᠯ ᠤ᠋ᠨ ᠳᠣᠣᠷ᠎ᠠ ᠠ᠋ᠴᠠ ᠮᠠᠭᠤᠬᠠᠢ ᠪᠤᠵᠠᠷ ᠱᠠᠯᠪᠠᠭ ᠤ᠋ᠳ ᠤᠷᠤᠰᠤᠨ᠎ᠠ᠃ ᠪᠠᠲᠤ ᠬᠠᠭᠠᠨ ᠴᠣᠭᠴᠢᠨ ᠳᠤᠭᠠᠩ ᠤ᠋ᠨ ᠡᠪᠳᠡᠷᠬᠡᠢ ᠰᠠᠭᠤᠷᠢᠨ᠎ᠠ ᠬᠦᠷᠦᠯᠴᠡᠨ ᠢᠷᠡᠭᠡᠳ ᠤᠷᠢᠳᠤ ᠬᠥᠮᠦᠰ ᠳᠡᠷᠭᠡᠳᠡ ᠨᠢ ᠴᠤᠭᠯᠠᠷᠠᠳᠠᠭ ᠪᠠᠢᠭᠰᠠᠨ ᠴᠢᠯᠠᠭᠤᠨ ᠳᠣᠪᠵᠢᠶᠠᠨ ᠤ᠋ ᠳᠡᠭᠡᠷ᠎ᠡ ᠭᠠᠷᠪᠠ᠃ ᠡᠨᠳᠡ ᠭᠠᠯ ᠤ᠋ᠨ ᠳᠥᠯᠥ ᠤᠲᠤᠭᠠᠨ ᠳ᠋ᠤ᠌ ᠬᠠᠷᠠᠯᠠᠭᠰᠠᠨ ᠵᠡᠰ ᠬᠤᠩᠬ᠎ᠠ ᠬᠡᠪᠲᠡᠵᠦ ᠪᠠᠢᠪᠠ᠃ ᠲᠡᠭᠦᠨ ᠢ᠋ ᠡᠯᠭᠦᠵᠦ ᠪᠠᠢᠭᠰᠠᠨ ᠬᠥᠨᠳᠡᠯᠡᠨ ᠮᠣᠳᠣ ᠰᠢᠲᠠᠭᠰᠠᠨ ᠲᠤᠯᠠ ᠢᠷᠭᠡᠨ ᠦ᠌ ᠬᠤᠷᠠᠯ ᠤ᠋ᠨ ᠲᠡᠷᠡ ᠬᠤᠩᠬ᠎ᠠ ᠥᠷᠥᠭᠡᠰᠦᠨ ᠲᠠᠯ᠎ᠠ ᠪᠠᠷ ᠢ᠋ᠶ᠋ᠠᠨ ᠴᠠᠰᠤᠨ ᠳ᠋ᠤ᠌ ᠰᠢᠭᠢᠳᠴᠦ ᠬᠡᠪᠲᠡᠨ᠎ᠡ᠃

ᠮᠣᠩᠭᠣᠯ ᠤ᠋ᠨ ᠡᠵᠡᠨ ᠳᠡᠭᠡᠳᠦᠰ ᠦ᠋ᠨ ᠨᠢᠳᠦᠨ ᠦ᠌ ᠡᠮᠦᠨ᠎ᠡ ᠰᠡᠳᠬᠢᠯ ᠬᠠᠷᠠᠯᠠᠮᠠᠷ ᠦᠵᠡᠭᠳᠡᠯ ᠬᠠᠷᠠᠭᠳᠠᠪᠠ᠃ ᠴᠢᠯᠥᠭᠡ ᠲᠠᠯᠠᠪᠠᠢ ᠶ᠋ᠢᠨ ᠳᠤᠮᠳᠠ ᠳ᠋ᠥ᠋ᠨᠵᠡ ᠪᠠᠩᠵᠠᠨ ᠡᠭᠦᠳᠡᠨ ᠬᠠᠭᠠᠯᠭ᠎ᠠ᠂ ᠴᠣᠩᠬᠣᠨ ᠤ᠋ ᠮᠣᠳᠣ᠂ ᠲᠡᠷᠭᠡᠨ ᠦ᠌ ᠳᠤᠭᠤᠢ᠂ ᠴᠢᠷᠭ᠎ᠠ ᠲᠡᠷᠭᠡᠨ ᠦ᠌ ᠠᠷᠠᠯ ᠪᠠ ᠷᠶᠠᠽᠠᠨ ᠤ᠋ ᠣᠷᠣᠰ ᠪᠠᠢᠰᠢᠩ ᠤ᠋ᠳ ᠤ᠋ᠨ ᠳᠤᠲᠠᠭᠤᠬᠠᠨ ᠰᠢᠲᠠᠭᠰᠠᠨ ᠦᠯᠡᠳᠡᠭᠳᠡᠯ ᠦ᠋ᠳ ᠢ᠋ ᠣᠪᠣᠭᠠᠯᠠᠵᠠᠢ᠃ ᠡᠨᠡ ᠣᠪᠣᠭᠠᠯᠠᠰᠤᠳᠠᠢ ᠵᠦᠢᠯᠡᠰ ᠳᠡᠭᠡᠷ᠎ᠡ ᠷᠶᠠᠽᠠᠨ ᠢ᠋ ᠳᠠᠭᠠᠷᠢᠨ ᠳᠣᠪᠲᠣᠯᠵᠤ ᠣᠷᠣᠬᠤ ᠳ᠋ᠤ᠌ ᠦᠬᠦᠵᠦ ᠦᠷᠡᠭᠳᠡᠭᠰᠡᠨ ᠮᠣᠩᠭᠣᠯ ᠲᠠᠲ᠋ᠠᠷ ᠺᠢᠫᠴᠠᠺ ᠪᠣᠯᠤᠨ ᠪᠠᠰᠠ ᠪᠤᠰᠤ ᠬᠥᠮᠦᠰ ᠦ᠋ᠨ ᠬᠡᠭᠦᠷ ᠣᠪᠣᠭᠠᠷᠠᠨ ᠬᠡᠪᠲᠡᠨ᠎ᠡ᠃ ᠡᠳᠡ ᠬᠡᠳᠦᠢᠴᠢᠨᠡᠨ ᠪᠣᠢ? ᠬᠡᠨ ᠲᠣᠭᠠᠯᠠᠵᠤ ᠪᠠᠷᠠᠬᠤ ᠪᠣᠢ? ᠡᠳᠡᠨ ᠦ᠌ ᠲᠥᠷᠥᠭᠰᠡᠨ ᠨᠤᠲᠤᠭ ᠨᠢ ᠬᠠᠮᠢᠭ᠎ᠠ ᠪᠣᠯᠬᠤ ᠶ᠋ᠢ ᠬᠡᠨ ᠣᠯᠵᠤ ᠮᠡᠳᠡᠬᠦ ᠪᠣᠢ? ᠪᠠᠶᠠᠯᠢᠭ ᠣᠯᠵᠠ ᠠᠰᠢᠭ ᠢ᠋ ᠮᠣᠷᠢ ᠲᠡᠮᠡᠭᠡ ᠪᠡᠷ ᠠᠴᠢᠵᠤ ᠢᠷᠡᠨ᠎ᠡ ᠭᠡᠵᠦ ᠶᠠᠪᠤᠭᠰᠠᠨ ᠠᠬ᠎ᠠ ᠳᠡᠭᠦᠦ ᠡᠴᠢᠭᠡ ᠬᠦᠦ ᠪᠡᠨ ᠡᠷᠭᠢᠵᠦ ᠢᠷᠡᠬᠦ ᠶ᠋ᠢ ᠬᠦᠯᠢᠶᠡᠵᠦ ᠡᠳᠦᠷ ᠰᠥᠨᠢ ᠦᠭᠡᠢ ᠪᠠᠷᠠᠭᠤᠨ ᠵᠦᠭ ᠢ᠋ ᠰᠢᠷᠲᠡᠨ ᠬᠠᠷᠠᠵᠤ ᠰᠠᠭᠤᠬᠤ ᠡᠳᠡᠨ ᠦ᠌ ᠠᠷᠤ ᠭᠡᠷ ᠦ᠋ᠨ ᠠᠮᠠᠷᠠᠭ ᠰᠠᠳᠤᠨ ᠭᠡᠷ ᠪᠦᠯᠢ ᠨᠢ ᠬᠡᠷᠬᠢᠬᠦ ᠶ᠋ᠢ ᠬᠡᠨ ᠮᠡᠳᠡᠬᠦ ᠪᠣᠢ? ᠠᠶᠤᠮᠰᠢᠭᠲᠠᠢ ᠮᠠᠭᠤᠬᠠᠢ ᠰᠢᠷᠬ᠎ᠠ ᠰᠣᠷᠪᠢ ᠲᠠᠲᠠᠭᠰᠠᠨ᠂ ᠵᠣᠪᠠᠵᠤ ᠵᠦᠳᠡᠷᠡᠭᠰᠡᠨ ᠦ᠌ ᠤᠯᠠᠮ ᠠ᠋ᠴᠠ ᠲᠠᠨᠢᠰᠢ ᠦᠭᠡᠢ ᠮᠠᠭᠤᠬᠠᠢ ᠪᠣᠯᠵᠤ ᠴᠠᠷᠴᠠᠭᠰᠠᠨ ᠨᠢᠭᠤᠷ ᠴᠢᠷᠠᠢ ᠲᠠᠢ ᠬᠡᠭᠦᠷ ᠦ᠋ᠳ ᠥᠭᠡᠳᠡ ᠪᠡᠨ ᠬᠠᠷᠠᠵᠤ ᠬᠠᠷᠢ ᠶ᠋ᠢᠨ ᠬᠦᠢᠲᠡᠨ ᠲᠩᠷᠢ ᠶ᠋ᠢ ᠭᠥᠯᠢᠷᠡᠨ ᠰᠢᠷᠳᠡᠵᠦ ᠴᠢᠪ ᠴᠢᠮᠡᠭᠡ ᠦᠭᠡᠢ ᠬᠡᠪᠲᠡᠵᠡᠭᠡᠨ᠎ᠡ᠃

ᠵᠠᠩᠵᠤᠨ ᠤ᠋ ᠶᠠᠷᠢᠶᠠᠨ ᠳ᠋ᠤ᠌ ᠳᠤᠷᠠᠲᠠᠢ ᠪᠠᠷ᠎ᠠ ᠪᠣᠯᠤᠭᠴᠢᠳ ᠰᠠᠶᠢᠬᠠᠨ ᠮᠡᠨᠳᠦᠯᠡᠵᠦ᠂ ᠡᠳᠡᠭᠡᠷ ᠨᠥᠬᠥᠳ ᠢ᠋ ᠪᠡᠨ ᠬᠠᠷᠠᠭᠠᠳ ᠨᠠᠮ ᠭᠦᠮ ᠵᠣᠭᠰᠣᠵᠠᠭᠠᠵᠤ ᠪᠠᠢᠪᠠ᠃ ᠲᠡᠳᠡ ᠨᠠᠷ ᠤ᠋ᠨ ᠰᠦᠨᠡᠰᠦ ᠬᠠᠷᠢ ᠶ᠋ᠢᠨ ᠣᠭᠲᠠᠷᠭᠤᠢ ᠳ᠋ᠤ᠌ ᠪᠤᠴᠠᠯᠲᠠ ᠦᠭᠡᠢ ᠬᠠᠯᠢᠨ ᠤᠳᠤᠭᠠᠳ ᠬᠡᠢ ᠬᠣᠭᠣᠰᠣᠨ ᠰᠡᠭᠦᠳᠡᠷ ᠦ᠋ᠳ ᠪᠣᠯᠤᠨ ᠡᠭᠦᠯᠡ ᠶ᠋ᠢᠨ ᠴᠠᠭᠠᠨ᠎ᠠ ᠪᠠᠢᠭ᠎ᠠ ᠬᠤᠪᠢᠯᠭᠠᠨ ᠡᠵᠡᠨ ᠦ᠌ ᠴᠡᠷᠢᠭ ᠲᠦ᠍ ᠨᠡᠢᠯᠡᠨ᠎ᠡ ᠭᠡᠵᠦ ᠪᠣᠳᠣᠨ᠎ᠠ᠃ ᠪᠥᠬᠡ ᠨᠠᠷ ᠲᠡᠭᠡᠵᠦ ᠰᠤᠷᠭᠠᠮᠵᠢᠯᠠᠭᠰᠠᠨ ᠪᠢᠯᠡ᠃ ᠦᠬᠦᠭᠰᠡᠨ ᠴᠡᠷᠢᠭ ᠦ᠋ᠳ ᠶᠡᠷᠦᠳᠡ ᠶ᠋ᠢᠨ ᠡᠮᠦᠰᠴᠦ ᠶᠠᠪᠤᠳᠠᠭ ᠬᠣᠪᠴᠠᠰᠤᠲᠠᠢ ᠪᠠᠨ ᠪᠠᠢᠬᠤ ᠶᠤᠮ᠃ ᠦᠬᠦᠭᠰᠡᠨ ᠴᠡᠷᠢᠭ ᠦ᠋ᠳ ᠦ᠋ᠨ ᠬᠥᠬᠡ ᠳᠡᠪᠡᠯ ᠪᠠ ᠤᠭᠠᠯᠵᠠ ᠲᠠᠢ ᠬᠠᠨᠲᠠᠭᠠᠵᠠ ᠶ᠋ᠢ ᠲᠠᠢᠯᠵᠤ ᠠᠪᠬᠤ ᠶ᠋ᠢ ᠡᠳᠡᠨ ᠦ᠌ ᠬᠡᠨ ᠴᠦ᠍ ᠵᠣᠷᠢᠭᠰᠠᠨ ᠦᠭᠡᠢ ᠪᠢᠯᠡ᠃ ᠤᠴᠢᠷ ᠨᠢ ᠦᠬᠦᠭᠴᠢᠳ ᠨᠢ ᠴᠢᠩᠭᠢᠰ ᠬᠠᠭᠠᠨ ᠤ᠋ ᠰᠦᠨᠡᠰᠦᠨ ᠳ᠋ᠦ᠍ ᠣᠴᠢᠬᠤ ᠳ᠋ᠠᠭᠠᠨ ᠦᠵᠡᠮᠵᠢᠲᠡᠢ ᠪᠡᠷ ᠬᠤᠪᠴᠠᠰᠤᠯᠠᠭᠰᠠᠨ ᠪᠠᠢᠬᠤ ᠶᠣᠰᠣᠲᠠᠢ ᠠᠵᠢ᠃ ᠨᠡᠯᠢᠶᠡᠳ ᠣᠯᠠᠨ ᠬᠡᠭᠦᠷ ᠦ᠋ᠳ ᠦ᠋ᠨ ᠴᠡᠭᠡᠵᠢᠨ ᠳᠡᠭᠡᠷ᠎ᠡ ᠨᠢ ᠲᠠᠷᠢᠶ᠎ᠠ ᠪᠤᠳᠠᠭ᠎ᠠ ᠪᠤᠶᠤ ᠬᠡᠰᠡᠭ ᠬᠡᠰᠡᠭ ᠮᠢᠬ᠎ᠠ ᠪᠠᠷ ᠳᠦᠭᠦᠷᠭᠡᠭᠰᠡᠨ ᠵᠡᠰ ᠪᠤᠶᠤ ᠮᠣᠳᠣᠨ ᠠᠶᠠᠭ᠎ᠠ ᠶ᠋ᠢ ᠲᠠᠯᠪᠢᠭᠰᠠᠨ ᠪᠠᠢᠨ᠎ᠠ᠃ ᠰᠢᠯᠭᠠᠷᠠᠭᠰᠠᠨ ᠭᠠᠷᠮᠠᠭᠠᠢ ᠪᠠᠭᠠᠲᠤᠷ  ᠤ᠋ᠳ ᠨᠢ ᠦᠯᠢᠭᠡᠷ ᠲᠣᠭᠣᠵᠢ ᠪᠠ ᠳᠠᠭᠤᠤ ᠬᠥᠭᠵᠢᠮ ᠪᠣᠯᠤᠭᠰᠠᠨ ᠵᠢᠷᠭᠠᠯᠠᠩ ᠤ᠋ᠨ ᠣᠷᠣᠨ ᠳ᠋ᠤ᠌ ᠥᠪᠡᠷᠰᠡᠳ ᠦ᠋ᠨ ᠲᠠᠬᠢᠷ ᠰᠡᠯᠡᠮ᠎ᠡ ᠪᠡᠨ ᠪᠠᠷᠢᠭᠰᠠᠭᠠᠷ ᠣᠳᠬᠤ ᠤᠴᠢᠷ ᠲᠠᠬᠢᠷ ᠰᠡᠯᠡᠮ᠎ᠡ ᠨᠤᠭᠦᠳ ᠢ᠋ ᠨᠢ ᠦᠬᠦᠭᠰᠡᠨ ᠪᠠᠭᠠᠲᠤᠷ ᠤ᠋ᠳ ᠤ᠋ᠨ ᠭᠠᠷ ᠠ᠋ᠴᠠ ᠤᠶᠠᠵᠤ ᠣᠷᠬᠢᠭᠰᠠᠨ ᠪᠠᠢᠨ᠎ᠠ᠃ ᠡᠨᠡ ᠨᠠᠮ ᠭᠦᠮ ᠦ᠋ᠨ ᠳᠣᠲᠣᠷ᠎ᠠ ᠭᠡᠨᠡᠳᠲᠡ ᠭᠠᠰᠠᠯᠠᠩ ᠤ᠋ᠨ ᠤᠷᠲᠤ ᠳᠠᠭᠤ ᠰᠣᠨᠣᠰᠳᠠᠪᠠ᠃ ᠡᠨᠡ ᠳᠠᠭᠤ ᠨᠢ ᠣᠪᠣᠭᠠᠯᠠᠵᠤ ᠣᠷᠬᠢᠭᠰᠠᠨ ᠬᠥᠯᠳᠡᠭᠦᠦ ᠬᠡᠭᠦᠷ ᠦ᠋ᠳ ᠦ᠋ᠨ ᠳᠤᠮᠳᠠ ᠠ᠋ᠴᠠ ᠳᠤᠭᠤᠯᠳᠠᠪᠠ᠃ ᠲᠡᠷᠡ ᠳᠠᠭᠤ ᠨᠢ᠄
— ᠬᠦᠨᠳᠦ ᠪᠠᠢᠨ᠎ᠠ······ ᠤᠰᠤ! ᠤᠰᠤ ᠭᠡᠵᠦ ᠲᠣᠳᠣᠷᠬᠠᠢ ᠪᠠᠷ ᠬᠡᠯᠡᠬᠦ ᠰᠣᠨᠣᠰᠳᠠᠨ᠎ᠠ᠃

ᠮᠣᠩᠭᠣᠯᠴᠤᠳ ᠰᠠᠨᠳᠤᠷᠤᠨ ᠦᠢᠮᠡᠯᠳᠦᠵᠦ ᠲᠩᠷᠢ ᠶ᠋ᠢᠨ ᠬᠤᠪᠢᠯᠭᠠᠨ ᠢ᠋ ᠰᠠᠨᠳᠤᠷᠭᠠᠵᠤ ᠪᠣᠯᠬᠤ ᠦᠭᠡᠢ( ᠭᠡᠵᠡᠭᠡᠨ᠎ᠡ )᠃

ᠪᠠᠲᠤ ᠬᠠᠭᠠᠨ ᠣᠭᠲᠣ ᠬᠥᠳᠡᠯᠭᠡᠭᠡᠨ ᠦᠭᠡᠢ ᠵᠣᠭᠰᠣᠵᠤ ᠪᠠᠢᠭᠠᠳ ᠰᠢᠲᠦᠨ ᠦ᠌ ᠪᠡᠨ ᠵᠠᠪᠰᠠᠷ ᠢ᠋ᠶ᠋ᠠᠷ᠄
— ᠲᠦᠷᠭᠡᠨ ᠡᠬᠢᠯᠡᠭᠲᠦᠨ ᠭᠡᠪᠡ᠃

ᠰᠢᠳᠠᠷ ᠬᠠᠭᠠᠳ ᠤ᠋ᠨ ᠨᠢᠭᠡ ᠨᠢ᠂
— ᠮᠣᠩᠭᠣᠯ ᠤ᠋ᠨ ᠲᠥᠷᠥ ᠶ᠋ᠢᠨ ᠠᠭᠤᠤ ᠶᠡᠬᠡ ᠨᠡᠷ᠎ᠡ ᠰᠦᠷ ᠦ᠋ᠨ ᠲᠥᠯᠥᠭᠡᠨ᠎ᠡ ᠠᠮᠢ ᠪᠠᠨ ᠠᠯᠳᠠᠭᠰᠠᠨ ᠪᠠᠭᠠᠲᠤᠷ ᠤ᠋ᠳ ᠤ᠋ᠨ ᠬᠠᠮᠲᠤ ᠬᠤᠪᠢᠯᠭᠠᠨ ᠭᠠᠯ ᠤ᠋ᠨ ᠤᠲᠤᠭᠠᠨ ᠳ᠋ᠤ᠌ ᠠᠪᠲᠠᠭᠳᠠᠵᠤ ᠨᠢᠰᠦᠨ ᠣᠳᠤᠭᠴᠢ ᠬᠥᠮᠦᠨ ᠪᠦᠷᠢ ᠰᠠᠢᠨ ᠵᠠᠶᠠᠭ᠎ᠠ ᠲᠠᠢ ᠪᠣᠯᠤᠭᠠᠳ ᠡᠭᠦᠯᠡ ᠶ᠋ᠢᠨ ᠴᠠᠭᠠᠳᠤᠬᠢ ᠰᠦᠯᠳᠡ ᠲᠩᠷᠢ ᠶ᠋ᠢᠨ ᠠᠯᠲᠠᠨ ᠣᠷᠳᠣᠨ ᠳ᠋ᠤ᠌ ᠲᠥᠷᠥᠨ᠎ᠡ ᠭᠡᠵᠦ ᠠᠶᠠᠯᠤᠭᠤᠯᠤᠨ ᠬᠡᠯᠡᠪᠡ᠃ ᠪᠥᠮᠪᠥᠷ ᠨᠢᠵᠢᠭᠢᠨᠡᠵᠦ ᠡᠪᠡᠷ ᠪᠦᠷᠢᠶ᠎ᠡ ᠲᠠᠲᠠᠪᠠ᠃ ᠪᠠᠭᠠᠪᠠᠭᠠᠢ ᠶ᠋ᠢᠨ ᠠᠷᠠᠰᠤ ᠶ᠋ᠢ ᠮᠥᠷᠦᠨ ᠳᠡᠭᠡᠭᠦᠷ ᠢ᠋ᠶ᠋ᠡᠨ ᠲᠠᠯᠪᠢᠭᠰᠠᠨ ᠴᠠᠭᠠᠨ ᠬᠣᠪᠴᠠᠰᠤᠲᠠᠢ ᠭᠤᠴᠢᠨ ᠪᠥᠬᠡ ᠨᠠᠷ ᠬᠠᠩᠭᠢᠨᠠᠭᠰᠠᠨ ᠳᠠᠭᠤ ᠪᠠᠷ ᠡᠬᠡᠷ ᠲᠡᠳᠡᠨ ᠤᠬᠢᠯᠠᠯᠳᠤᠨ ᠪᠥᠵᠢᠭᠯᠡᠨ ᠳᠡᠪᠬᠡᠴᠡᠵᠦ ᠲᠠᠯ᠎ᠠ ᠬᠡᠩᠭᠡᠷᠭᠡ ᠶ᠋ᠢ ᠴᠣᠬᠢᠯᠠᠨ ᠡᠨᠡ ᠶᠡᠬᠡ ᠭᠠᠯ ᠢ᠋ ᠲᠣᠭᠣᠷᠢᠨ ᠭᠦᠶᠦᠯᠳᠦᠪᠡ᠃ ᠲᠥᠷᠥᠯ ᠰᠠᠳᠤᠨ ᠤ᠋ ᠬᠥᠮᠦᠰ ᠡᠴᠡ ᠠᠯᠳᠠᠭᠳᠠᠭᠰᠠᠨ ᠵᠠᠷᠢᠮ ᠨᠢᠭᠡᠨ ᠮᠣᠩᠭᠣᠯ ᠬᠥᠮᠦᠰ ᠮᠣᠷᠢᠨ ᠠ᠋ᠴᠠ ᠪᠠᠨ ᠪᠠᠭᠤᠵᠤ ᠤᠭᠠᠯᠵᠠ ᠲᠠᠢ ᠲᠣᠷᠭᠠᠨ ᠠᠯᠴᠢᠭᠤᠷ ᠢ᠋ ᠪᠠᠷᠠᠭᠤᠨ ᠭᠠᠷ ᠲᠠᠭᠠᠨ ᠪᠠᠷᠢᠵᠤ ᠪᠥᠬᠡ ᠨᠠᠷ ᠤ᠋ᠨ ᠬᠣᠢᠨ᠎ᠠ ᠠ᠋ᠴᠠ ᠳᠠᠭᠠᠵᠠᠭᠠᠨ᠎ᠠ᠃ ᠬᠢᠲᠠᠳ ᠤ᠋ᠨ ᠭᠠᠷ ᠤᠷᠠᠴᠤᠳ( ᠤ᠋ᠨ ) ᠲᠣᠰᠣ ᠠᠭᠤᠰᠬᠠᠭᠰᠠᠨ ᠪᠠᠮᠪᠠᠷ ᠢ᠋ᠶ᠋ᠠᠷ ᠨᠠᠢ᠍ᠮᠠᠨ ᠲᠠᠯ᠎ᠠ ᠠ᠋ᠴᠠ ᠨᠢ ᠰᠢᠲᠠᠭᠠᠪᠠ᠃ ᠭᠠᠯ ᠤ᠋ᠨ ᠳᠡᠭᠡᠭᠦᠷ ᠪᠥᠭᠡᠮ ᠪᠥᠭᠡᠮ ᠬᠠᠷ᠎ᠠ ᠤᠲᠤᠭ᠎ᠠ ᠳᠡᠭᠳᠡᠵᠦ ᠬᠠᠭᠤᠷᠠᠢ
ᠪᠠᠩᠵᠠ ᠳ᠋ᠥ᠋ᠨᠵᠡ ᠶ᠋ᠢ ᠳᠠᠭᠠᠵᠤ ᠮᠠᠰᠢ ᠲᠦᠷᠭᠡᠨ ᠰᠤᠭᠤᠨᠠᠭᠯᠠᠨ᠎ᠠ᠃ ᠭᠠᠯ ᠤ᠋ᠨ ᠳᠥᠯᠥ ᠤᠯᠠᠮ ᠶᠡᠬᠡᠰᠴᠦ ᠬᠡᠭᠦᠷ ᠦ᠋ᠳ ᠢ᠋ ᠬᠠᠮᠤᠷᠤᠨ ᠠᠪᠤᠭᠠᠳ ᠳᠡᠭᠡᠷ᠎ᠡ ᠬᠦᠷᠲᠡᠯ ᠡᠤᠯᠠᠭᠠᠨ ᠳᠥᠯᠥ ᠳᠦᠷᠡᠯᠵᠡᠨ᠎ᠡ᠃ ᠭᠠᠯ ᠤᠯᠠᠮ ᠤᠯᠠᠮ ᠶᠡᠬᠡᠰᠴᠦ ᠮᠣᠩᠭᠣᠯᠴᠤᠳ ᠨᠢ ᠭᠠᠯ ᠠ᠋ᠴᠠ ᠪᠠᠭ᠎ᠠ ᠪᠠᠭ᠎ᠠ ᠪᠠᠷ ᠬᠣᠯᠠᠳᠠᠬᠤ ᠪᠣᠯᠪᠠᠴᠤ ᠳᠠᠭᠤ ᠦᠭᠡᠢ ᠨᠠᠮᠤᠭᠤᠬᠠᠨ ᠵᠣᠭᠰᠣᠵᠤ ᠪᠠᠢᠭ᠎ᠠ ᠵᠠᠩᠵᠤᠨ ᠥᠪᠡᠷ ᠦ᠋ᠨ ᠴᠡᠷᠢᠭ ᠦ᠋ᠨ ᠨᠥᠬᠥᠳ ᠲᠦ᠍᠂ ᠡᠴᠦᠰ ᠦ᠋ᠨ ᠶᠣᠰᠣᠯᠠᠯ ᠢ᠋ ᠥᠭᠴᠦ ᠪᠠᠢᠭ᠎ᠠ ᠲᠤᠯᠠ ᠬᠡᠨ ᠴᠦ᠍ ᠵᠠᠢᠯᠠᠨ ᠶᠠᠪᠤᠵᠤ ᠴᠢᠳᠠᠬᠤ ᠦᠭᠡᠢ ᠠᠵᠢ᠃ ᠵᠠᠩᠵᠤᠨ ᠦᠨᠡᠨᠴᠢ ᠰᠢᠳᠤᠷᠭᠤ ᠵᠠᠷᠤᠴᠠ ᠪᠣᠭᠣᠯ ᠤ᠋ᠳ ᠨᠢ ᠡᠴᠦᠰ ᠦ᠋ᠨ ᠢ᠋ᠶ᠋ᠡᠨ ᠠᠮᠤᠷ ᠮᠡᠨᠳᠦ ᠶ᠋ᠢ ᠲᠡᠭᠦᠨ᠎ᠡ ᠬᠦᠷᠭᠡᠬᠦ ᠶ᠋ᠢ ᠬᠦᠯᠢᠶᠡᠵᠦ᠂ ᠪᠠᠲᠤ ᠬᠠᠭᠠᠨ ᠵᠣᠭᠰᠣᠭᠰᠠᠭᠠᠷ ᠪᠠᠢᠪᠠ᠃ ᠭᠠᠯ ᠤ᠋ᠨ ᠳᠥᠯᠥ ᠬᠡᠭᠦᠷ ᠦ᠋ᠳ ᠢ᠋ ᠳᠣᠯᠢᠶᠠᠬᠤ ᠮᠡᠲᠦ ᠬᠤᠴᠢᠨ᠎ᠠ᠃ ᠲᠣᠰᠣ ᠲᠠᠢ ᠬᠤᠪᠴᠠᠰᠤ ᠨᠢ ᠭᠡᠨᠡᠳᠲᠡ ᠠᠪᠤᠯᠴᠠᠨ ᠨᠣᠴᠣᠨ᠎ᠠ᠃ ᠭᠠᠯ ᠤ᠋ᠨ ᠢᠯᠴᠢ ᠨᠢ ᠮᠠᠰᠢ ᠶᠡᠬᠡ ᠲᠤᠯᠠ ᠬᠡᠭᠦᠷ ᠦ᠋ᠳ ᠨᠢ ᠬᠥᠳᠡᠯᠬᠦ ᠪᠠ ᠠᠲᠤᠷᠢᠯᠳᠤᠬᠤ᠂ ᠬᠥᠯ ᠭᠠᠷ ᠢ᠋ᠶ᠋ᠠᠨ ᠬᠥᠳᠡᠯᠭᠡᠨ᠎ᠡ᠃ ᠲᠣᠮᠣ ᠴᠢᠭᠢᠷᠠᠭ ᠪᠡᠶ᠎ᠡ ᠲᠡᠢ ᠨᠢᠭᠡᠨ ᠵᠠᠭᠤᠨ ᠤ᠋ ᠨᠣᠶᠠᠨ ᠳᠡᠭᠡᠭᠰᠢ ᠪᠡᠨ ᠥᠨᠳᠡᠢᠵᠦ ᠢᠷᠡᠭᠡᠳ ᠡᠴᠦᠰ ᠦ᠋ᠨ ᠮᠡᠨᠳᠦ ᠶ᠋ᠢ ᠬᠦᠷᠭᠡᠵᠦ ᠪᠠᠢᠭ᠎ᠠ ᠮᠡᠲᠦ ᠪᠡᠷ ᠲᠣᠯᠣᠭᠠᠢ ᠪᠠᠨ ᠡᠷᠭᠢᠭᠦᠯᠵᠦ ᠡᠷᠭᠢᠨ ᠲᠣᠭᠣᠷᠢᠨ ᠵᠣᠭᠰᠣᠵᠤ ᠪᠣᠢ ᠴᠡᠷᠢᠭ ᠦ᠋ᠨ ᠨᠥᠬᠥᠳ ᠢ᠋ ᠬᠠᠷᠠᠭᠠᠳ ᠤᠨᠠᠪᠠ᠃ ᠴᠡᠷᠢᠭ ᠦ᠋ᠳ ᠨᠢ ᠨᠢᠳᠦ ᠪᠡᠨ ᠭᠠᠷ ᠤ᠋ᠨ ᠠᠯᠠᠭ᠎ᠠ ᠪᠠᠷ ᠬᠠᠯᠬᠠᠯᠠᠵᠤ ᠭᠠᠯ ᠤ᠋ᠨ ᠳᠥᠯᠥ ᠪᠠ ᠬᠥᠬᠡ ᠴᠡᠩᠬᠡᠷ ᠤᠲᠤᠭ᠎ᠠ ᠶ᠋ᠢ ᠰᠢᠷᠪᠢᠨ ᠬᠠᠷᠠᠵᠠᠭᠠᠨ᠎ᠠ᠃ ᠭᠠᠯ ᠤ᠋ᠨ ᠤᠯᠠᠭᠠᠨ ᠳᠥᠯᠥ ᠨᠣᠭᠦᠳ ᠮᠤᠰᠬᠢᠷᠠᠯᠳᠤᠨ ᠮᠣᠩᠭᠣᠯ ᠤ᠋ᠨ ᠪᠣᠭᠣᠨᠢ ᠬᠥᠯ ᠲᠡᠢ ᠮᠣᠷᠢᠳ ᠢ᠋ ᠤᠨᠤᠵᠤ ᠳᠠᠪᠬᠢᠨ ᠳᠡᠭᠳᠡᠬᠦ ᠬᠡᠢ ᠲᠣᠭᠣᠰᠣ ᠬᠥᠮᠦᠰ ᠪᠣᠯᠤᠨ ᠬᠤᠪᠢᠷᠠᠬᠤ ᠰᠢᠭ᠋ ᠬᠤᠷᠴᠠ ᠭᠡᠷᠡᠯᠲᠦ ᠪᠥᠭᠡᠮ ᠪᠥᠭᠡᠮ ᠣᠴᠢ ᠨᠤᠭᠤᠳ ᠤ᠋ᠨ ᠬᠠᠮᠲᠤ ᠳᠡᠭᠡᠭᠰᠢ ᠪᠡᠨ ᠦᠰᠦᠷᠴᠦ ᠪᠠᠢᠬᠤ ᠶ᠋ᠢ ᠨᠢ ᠮᠥᠩᠬᠡ ᠲᠡᠭᠷᠢ ᠶ᠋ᠢᠨ ᠣᠷᠣᠨ ᠲᠠᠢ ᠶᠡᠬᠡ ᠡᠵᠡᠨ ᠴᠢᠩᠭᠢᠰ ᠬᠤᠪᠢᠯᠭᠠᠨ ᠳᠦᠷᠢ ᠳ᠋ᠦ᠍ ᠨᠢᠰᠦᠨ ᠣᠳᠴᠤ ᠪᠠᠢᠨ᠎ᠠ ᠭᠡᠵᠦ ᠪᠠᠷᠬᠢᠷᠠᠵᠤ ᠪᠠᠢᠪᠠ᠃ ᠲᠡᠰᠬᠦᠶ᠎ᠡ ᠪᠡᠷᠬᠡ ᠬᠠᠯᠠᠭᠤᠨ ᠪᠣᠯᠪᠠ᠃ ᠲᠠᠯᠠᠪᠠᠢ ᠶ᠋ᠢᠨ ᠳᠡᠭᠡᠭᠦᠷ ᠬᠠᠯᠠᠭᠤᠨ ᠬᠤᠢ ᠰᠠᠯᠬᠢᠨ ᠡᠷᠭᠢᠯᠳᠦᠨ᠎ᠡ᠂ ᠭᠠᠯ ᠤᠯᠠᠭᠠᠨ ᠴᠤᠴᠠᠯᠢ ᠨᠤᠭᠤᠳ ᠪᠠ ᠪᠠᠩᠵᠠᠨ ᠤ᠋ ᠬᠤᠭᠤᠷᠬᠠᠢ ᠨᠤᠭᠤᠳ ᠲᠡᠭᠷᠢ ᠲᠡᠰᠢ ᠦᠰᠦᠷᠦᠨ ᠳᠡᠭᠳᠡᠨ᠎ᠡ᠃ ᠪᠠᠲᠤ ᠬᠠᠭᠠᠨ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠬᠠᠯᠬᠠᠯᠠᠵᠤ᠂
— ᠪᠠᠶᠠᠷᠯᠠᠯ᠎ᠠ᠂ ᠪᠠᠭᠠᠲᠤᠷ ᠵᠣᠷᠢᠭᠲᠠᠨ— ᠭᠡᠵᠦ ᠬᠠᠰᠬᠢᠷᠤᠭᠠᠳ ᠮᠣᠷᠢ ᠪᠠᠨ ᠲᠠᠰᠢᠭᠤᠷᠳᠠᠵᠤ ᠤᠲᠤᠭᠠᠨ ᠳᠣᠲᠣᠷ᠎ᠠ ᠠ᠋ᠴᠠ ᠭᠠᠷᠴᠤ ᠲᠡᠷᠡ ᠲᠠᠯᠠᠪᠠᠢ ᠠ᠋ᠴᠠ ᠭᠠᠷᠴᠤ᠂ ᠭᠣᠣᠯ ᠤ᠋ᠨ ᠵᠦᠭ ᠤᠷᠤᠭᠤᠳᠠᠨ ᠳᠠᠪᠬᠢᠪᠠ᠃ᠲᠡᠭᠦᠨ ᠦ᠌ ᠬᠣᠢᠨ᠎ᠠ ᠠ᠋ᠴᠠ ᠨᠢ᠄
— ᠪᠠᠶᠠᠷᠲᠠᠢ᠂ ᠪᠠᠶᠠᠷᠲᠠᠢ ᠭᠡᠵᠦ ᠬᠠᠰᠬᠢᠷᠤᠯᠳᠤᠭᠰᠠᠭᠠᠷ ᠮᠣᠩᠭᠣᠯ ᠤ᠋ᠨ ᠮᠣᠷᠢᠲᠤ ᠴᠡᠷᠢᠭ ᠦ᠋ᠳ ᠵᠠᠷ ᠵᠡᠪᠰᠡᠭ ᠢ᠋ᠶ᠋ᠡᠨ ᠬᠠᠩᠭᠢᠨᠠᠭᠤᠯᠤᠨ ᠵᠢᠭᠰᠠᠭᠠᠯ ᠵᠢᠷᠤᠮ ᠢ᠋ᠶ᠋ᠠᠨ ᠠᠯᠳᠠᠵᠤ ᠬᠣᠭᠣᠷᠣᠨᠳᠣ ᠪᠠᠨ ᠮᠥᠷᠭᠥᠴᠡᠯᠳᠦᠨ ᠰᠢᠬᠠᠴᠠᠯᠳᠤᠭᠰᠠᠭᠠᠷ ᠳᠠᠪᠬᠢᠯᠳᠤᠨ ᠶᠠᠪᠤᠪᠠ᠃

ᠬᠡᠭᠦᠷ ᠣᠷᠣᠰᠢᠭᠤᠯᠤᠭᠰᠠᠨ ᠳᠤᠷᠠᠰᠬᠠᠯ ᠤ᠋ᠨ ᠭᠠᠯ ᠳ᠋ᠤ᠌ ᠠᠪᠲᠠᠭᠳᠠᠭᠰᠠᠨ ᠷᠶᠡᠽᠡᠨ ᠬᠣᠲᠠ ᠲᠡᠢᠨ ᠰᠢᠲᠠᠵᠤ ᠬᠡᠳᠦᠨ ᠬᠣᠨᠣᠭ ᠤ᠋ᠨ ᠲᠤᠷᠰᠢ ᠭᠠᠯ ᠤ᠋ᠨ ᠳᠥᠯᠥ ᠡᠨᠳᠡ ᠲᠡᠨᠳᠡ ᠦᠵᠡᠭᠳᠡᠬᠦ ᠪᠠ ᠲᠦᠯᠡᠭᠳᠡᠵᠦ ᠰᠢᠲᠠᠭᠰᠠᠨ ᠮᠢᠬᠠᠨ ᠤ᠋ ᠮᠠᠭᠤᠬᠠᠢ ᠦᠨᠦᠷ ᠬᠠᠩᠬᠤᠯᠬᠤ ᠪᠣᠯᠪᠠ᠃ ᠴᠡᠷᠢᠭ ᠦ᠋ᠳ ᠭᠤᠷᠪᠠᠨ ᠡᠳᠦᠷ ᠠᠮᠠᠷᠠᠪᠠ᠃ ᠡᠳᠡ ᠨᠠᠷ ᠲᠠᠭᠤᠵᠤ ᠠᠪᠴᠢᠷᠠᠭᠰᠠᠨ ᠮᠠᠯ ᠢ᠋ ᠠᠯᠠᠵᠤ ᠢᠳᠡᠨ᠎ᠡ᠃ ᠬᠠᠭᠠᠳ ᠨᠣᠶᠠᠳ ᠨᠢ ᠤᠨᠠᠭᠠᠨ ᠤ᠋ ᠴᠢᠨᠠᠭᠰᠠᠨ ᠮᠢᠬ᠎ᠠ ᠶ᠋ᠢ ᠢᠳᠡᠵᠦ ᠷᠶᠡᠽᠡᠨ ᠦ᠌ ᠸᠠᠩ ᠤ᠋ᠨ ᠵᠣᠭᠣᠷᠢᠨ ᠠ᠋ᠴᠠ ᠣᠯᠳᠠᠭᠰᠠᠨ ᠠᠷᠢᠬᠢ ᠶ᠋ᠢ ᠤᠤᠭᠤᠵᠠᠭᠠᠵᠤ᠂ ᠡᠩ ᠦ᠋ᠨ ᠴᠡᠷᠢᠭ ᠦ᠋ᠳ ᠦᠬᠡᠷ ᠦ᠋ᠨ ᠥᠭᠡᠬᠦ᠂ ᠭᠤᠯᠢᠷ ᠢ᠋ᠶ᠋ᠠᠷ ᠬᠢᠯᠴᠡᠭᠰᠡᠨ ᠶᠣᠣᠲᠠᠩ ᠲᠠᠢ ᠴᠠᠢ ᠤᠤᠭᠤᠬᠤ ᠶ᠋ᠢᠨ ᠢᠯᠳᠠᠮ ᠳ᠋ᠤ᠌ ᠰᠢᠪᠡᠨᠡᠨ ᠶᠠᠷᠢᠯᠴᠠᠨ᠎ᠠ ᠃
— ᠬᠥᠶᠢ᠂ ᠬᠥᠶᠢ᠂ ᠬᠡᠷᠪᠡ ᠬᠣᠲᠠ ᠪᠦᠷᠢ ᠶ᠋ᠢ ᠳᠠᠭᠠᠷᠢᠨ ᠳᠣᠪᠲᠣᠯᠬᠤ ᠳ᠋ᠤ᠌ ᠡᠳᠦᠢᠴᠢᠨᠡᠭᠡᠨ ᠣᠯᠠᠨ ᠴᠡᠷᠢᠭ ᠦ᠋ᠳ ᠦᠬᠦᠬᠦ ᠶᠤᠮ ᠪᠣᠯ ᠬᠢᠷᠢ ᠣᠯᠠᠨ ᠪᠠᠭᠠᠲᠤᠷ ᠤ᠋ᠳ ᠨᠤᠲᠤᠭ ᠲᠠᠭᠠᠨ ᠪᠤᠴᠠᠵᠤ ᠣᠴᠢᠬᠤ ᠪᠣᠯ ᠳ᠋ᠠ?

᠁ ᠮᠡᠳᠡᠭᠡᠷᠡᠢ᠂ ᠵᠠ᠂ ᠮᠠᠷᠭᠠᠰᠢ ᠶ᠋ᠢᠨ ᠡᠳᠦᠷ ᠦ᠋ᠨ ᠲᠤᠬᠠᠢ ᠪᠣᠳᠣᠬᠤ ᠪᠠᠨ ᠪᠣᠯᠢᠶ᠎ᠠ᠂ ᠥᠨᠥᠳᠥᠷ ᠴᠡᠩᠭᠡᠵᠡᠭᠡᠶ᠎ᠡ᠂ ᠤᠤᠭᠤᠵᠠᠭᠠᠶ᠎ᠠ᠂ ᠴᠠᠳᠲᠠᠯ᠎ᠠ ᠪᠠᠨ ᠢᠳᠡᠵᠡᠭᠡᠶ᠎ᠡ᠁

  ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠡᠴᠡᠭ᠂ ᠬᠡᠷᠡᠢᠳ· ᠮᠥᠩᠬᠡᠨᠠᠰᠤᠨ᠂ ᠵᠢᠩᠯᠢᠬᠤᠸᠠᠷ· ᠮᠡᠷᠭᠡᠨᠭᠣᠣ᠎ᠠ
  ᠬᠢᠨᠠᠭᠴᠢ᠄ ᠪᠠᠯ᠂ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ᠂ ᠪᠠᠶᠠᠨᠴᠡᠴᠡᠭ ᠂ ᠮᠡᠷᠭᠡᠨᠭᠣᠣ᠎ᠠ