ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠭᠤᠷᠪᠠ᠂ ᠺᠠᠷᠯᠤᠭ ᠤ᠋ᠨ ᠲᠣᠪᠴᠢ ᠲᠡᠦᠬᠡ> Долоон усны түүх – [орос] Бартулд <3᠂ Карлогийн товч түүх>
ᠠᠩᠭᠢᠯᠠᠯ:ᠲᠡᠦᠬᠡ ᠰᠣᠶᠣᠯТүүх соёл 2026-01-21
220
ᠭᠤᠷᠪᠠ᠂ ᠺᠠᠷᠯᠤᠭ ᠤ᠋ᠨ ᠲᠣᠪᠴᠢ ᠲᠡᠦᠬᠡ ① ᠳᠤᠮᠳᠠᠳᠤ ᠤᠯᠤᠰ ᠤ᠋ᠨ᠂ ᠠᠷᠠᠪ ᠤ᠋ᠨ ᠪᠠ ᠫᠧᠷᠰ ᠦ᠋ᠨ ᠲᠡᠦᠬᠡᠨ ᠮᠠᠲ᠋ᠧᠷᠢᠶᠠᠯ ᠤ᠋ᠨ ᠢᠷᠡᠯᠲᠡ ᠶ᠋ᠢ ᠦᠨᠳᠦᠰᠦᠯᠡᠨ᠂ ᠪᠢᠳᠡ ᠪᠠᠷᠠᠭᠤᠨ ᠲᠥᠷᠥᠭ ᠮᠥᠬᠥᠭᠰᠡᠨ ᠦ᠌ ᠳᠠᠷᠠᠭ᠎ᠠ᠂ ᠲᠥᠷᠥᠭ ᠦ᠋ᠨ ᠠᠢᠮᠠᠭ ᠪᠦᠯᠦᠭ ᠦ᠋ᠳ ᠦ᠋ᠨ ᠳᠠᠬᠢᠨ ᠵᠣᠬᠢᠶᠠᠨ ᠪᠠᠢᠭᠤᠯᠤᠯᠴᠠᠭᠰᠠᠨ ᠲᠤᠬᠠᠢ ᠬᠠᠷᠢᠴᠠᠩᠭᠤᠢ ᠪᠠᠷ ᠲᠣᠳᠣ ᠲᠣᠳᠣᠷᠠᠭᠠᠳ ᠨᠢᠭᠡ ᠵᠢᠷᠤᠭ ᠢ᠋ ᠵᠢᠷᠤᠨ ᠭᠠᠷᠭᠠᠵᠤ ᠪᠣᠯᠤᠨ᠎ᠠ᠃ ᠵᠡᠭᠦᠨᠰᠢᠬᠢ ᠨᠢ ᠴᠦ᠍ ᠲᠡᠷᠡ᠂ ᠪ...