ᠵᠢᠷᠦᠬᠡᠨ ᠳᠣᠮᠣᠭ- ᠪ·ᠤᠷᠠᠨᠵᠠᠶᠠᠭ᠎ᠠZürhen domog-B·UranzayaЗүрхэн домог-Б·Уранзаяа
ᠵᠢᠷᠦᠬᠡᠨ ᠳᠣᠮᠣᠭ
ᠦᠭᠡ᠄ ᠴ· ᠴᠠᠭᠨᠠᠭᠠᠳᠣᠷᠵᠢ
ᠠᠶ᠎ᠠ᠄ ᠲ· ᠨᠠᠢᠳᠠᠨᠵᠠᠪ/ ᠤᠭᠵᠠ
ᠳᠠᠭᠤᠴᠢᠨ᠄ ᠪ· ᠤᠷᠠᠨᠵᠠᠶᠠᠭ᠎ᠠ
ᠰᠢᠷᠭᠠᠯ ᠲᠣᠭᠣᠰᠣᠨ ᠳ᠋ᠤ᠌ ᠨᠠᠮᠢᠷᠠᠭᠰᠠᠨ
ᠠᠯᠴᠢᠭᠤᠷ ᠪᠣᠯᠤᠨ ᠴᠢᠮ᠎ᠠ ᠶ᠋ᠢ ᠬᠦᠯᠢᠶᠡᠵᠦ ᠳ᠋ᠧ
ᠱᠠᠨᠵᠠ ᠬᠥᠭᠵᠢᠮ ᠡᠴᠡ ᠳᠤᠰᠤᠯᠠᠨ ᠤᠷᠤᠰᠤᠭᠰᠠᠨ
ᠠᠶᠠᠯᠭᠤ ᠪᠣᠯᠤᠨ ᠴᠢᠮ᠎ᠠ ᠶ᠋ᠢ ᠤᠭᠲᠤᠵᠤ ᠳ᠋ᠠ
ᠮᠣᠩᠭᠣᠯ ᠡᠷᠲᠡᠨ ᠦ᠌ ᠨᠡᠭᠦᠳᠡᠯ ᠳᠤᠮᠳᠠ ᠠ᠋ᠴᠠ
ᠮᠣᠷᠢ ᠲᠠᠢ ᠪᠠᠨ ᠢᠷᠡᠭᠰᠡᠨ ᠠᠮᠠᠷᠠᠭ ᠮᠢᠨᠢ
ᠬᠠᠢᠷ᠎ᠠ ᠶ᠋ᠢᠨ ᠲᠤᠤᠯᠢ ᠪᠠᠨ ᠰᠤᠳᠤᠷ ᠪᠣᠯᠭᠠᠭᠠᠳ
ᠬᠠᠯᠠᠭᠤᠨ ᠵᠢᠷᠦᠬᠡᠨ ᠳ᠋ᠦ᠍ ᠮᠢᠨᠢ ᠰᠡᠢᠯᠦᠭᠡᠷᠡᠢ
ᠮᠣᠷᠢᠳ ᠤ᠋ᠨ ᠦᠦᠷᠰᠡᠭᠡᠨ ᠳ᠋ᠦ᠍ ᠴᠠᠬᠢᠯᠤᠭᠰᠠᠨ
ᠣᠳᠣᠳ ᠪᠣᠯᠤᠨ ᠴᠢᠮ᠎ᠠ ᠤᠷᠤᠭᠤ ᠬᠠᠷᠪᠤᠵᠤ ᠳ᠋ᠠ
ᠮᠣᠷᠢᠨ ᠬᠤᠭᠤᠷ ᠤ᠋ᠨ ᠴᠢᠪᠬᠠᠳᠠᠰᠤ ᠬᠥᠭᠯᠡᠭᠡᠳ
ᠴᠤᠤᠷᠢᠶ᠎ᠠ ᠪᠣᠯᠤᠨ ᠴᠢᠮ᠎ᠠ ᠤᠷᠤᠭᠤ ᠲᠡᠮᠡᠦᠯᠵᠦ ᠳ᠋ᠧ
ᠮᠣᠩᠭᠣᠯ ᠡᠷᠲᠡᠨ ᠦ᠌ ᠨᠡᠭᠦᠳᠡᠯ ᠳᠤᠮᠳᠠ ᠠ᠋ᠴᠠ
ᠮᠣᠷᠢ ᠲᠠᠢ ᠪᠠᠨ ᠢᠷᠡᠭᠰᠡᠨ ᠠᠮᠠᠷᠠᠭ ᠮᠢᠨᠢ
ᠬᠠᠢᠷ᠎ᠠ ᠶ᠋ᠢᠨ ᠲᠤᠤᠯᠢ ᠪᠠᠨ ᠰᠤᠳᠤᠷ ᠪᠣᠯᠭᠠᠭᠠᠳ
ᠬᠠᠯᠠᠭᠤᠨ ᠵᠢᠷᠦᠬᠡᠨ ᠳ᠋ᠦ᠍ ᠮᠢᠨᠢ ᠰᠡᠢᠯᠦᠭᠡᠷᠡᠢ
ᠢᠨᠠᠭ ᠤ᠋ᠨ ᠪᠢᠷ ᠢ᠋ᠶ᠋ᠡᠷ ᠪᠢᠴᠢᠭᠳᠡᠭᠰᠡᠨ
ᠰᠢᠯᠦᠭ ᠦ᠋ᠨ ᠮᠥᠷ ᠰᠢᠭ ᠴᠢᠮ᠎ᠠ ᠳ᠋ᠠᠭᠠᠨ ᠳᠤᠷᠠᠯᠠᠵᠤ ᠳᠠ
ᠶᠠᠲᠤᠭ᠎ᠠ ᠬᠥᠭᠵᠢᠮ ᠡᠴᠡ ᠨᠢᠰᠦᠨ ᠳᠡᠭᠦᠯᠢᠭᠰᠡᠨ
ᠡᠬᠡᠰᠢᠭ ᠪᠣᠯᠤᠨ ᠴᠢᠮ᠎ᠠ ᠪᠠᠷ ᠬᠠᠢᠷᠠᠯᠠᠭᠤᠯᠵᠤ ᠳ᠋ᠠ
ᠮᠣᠩᠭᠣᠯ ᠡᠷᠲᠡᠨ ᠦ᠌ ᠨᠡᠭᠦᠳᠡᠯ ᠳᠤᠮᠳᠠ ᠠ᠋ᠴᠠ
ᠮᠣᠷᠢ ᠲᠠᠢ ᠪᠠᠨ ᠢᠷᠡᠭᠰᠡᠨ ᠠᠮᠠᠷᠠᠭ ᠮᠢᠨᠢ
ᠬᠠᠢᠷ᠎ᠠ ᠶ᠋ᠢᠨ ᠲᠤᠤᠯᠢ ᠪᠠᠨ ᠰᠤᠳᠤᠷ ᠪᠣᠯᠭᠠᠭᠠᠳ
ᠬᠠᠯᠠᠭᠤᠨ ᠵᠢᠷᠦᠬᠡᠨ ᠳ᠋ᠦ᠍ ᠮᠢᠨᠢ ᠰᠡᠢᠯᠦᠭᠡᠷᠡᠢ
ᠬᠠᠯᠠᠭᠤᠨ ᠵᠢᠷᠦᠬᠡᠨ ᠳ᠋ᠦ᠍ ᠮᠢᠨᠢ ᠰᠡᠢᠯᠦᠭᠡᠷᠡᠢ
ᠠᠮᠢᠯᠠᠭᠤᠯᠤᠭᠴᠢ᠄ ᠣᠶᠤᠨᠭᠡᠷᠡᠯ
ᠦᠰᠦᠭ ᠬᠠᠲᠠᠭᠴᠢ᠄ ᠪᠦᠷᠢᠨᠵᠢᠷᠭᠠᠯ
ᠬᠢᠨᠠᠭᠴᠢ᠄ ᠣᠳᠬᠣᠩᠬᠤᠸᠠᠷ
ᠵᠥᠪ ᠪᠢᠴᠢᠯᠭᠡ ᠠᠷᠪᠠᠨ ᠳᠣᠯᠣᠳᠤᠭᠠᠷ ᠬᠣᠯᠪᠣᠭ᠎ᠠ᠃
