ᠡᠷᠲᠡ ᠪᠤᠴᠠᠭᠰᠠᠨ ᠭᠠᠩᠭᠠᠨᠠᠭ᠎ᠠ-ᠯ ∙ ᠪᠣᠯᠣᠳᠪᠠᠭᠠᠲᠤᠷErt butssan ganganaa-L.Boldbaatar Эрт буцсан ганганаа-Л.Болдбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠲᠡ ᠪᠤᠴᠠᠭᠰᠠᠨ ᠭᠠᠩᠭᠠᠨᠠᠭ᠎ᠠ-ᠯ ∙ ᠪᠣᠯᠣᠳᠪᠠᠭᠠᠲᠤᠷErt butssan ganganaa-L.Boldbaatar Эрт буцсан ганганаа-Л.Болдбаатар

ᠡᠷᠲᠡ ᠪᠤᠴᠠᠭᠰᠠᠨ ᠭᠠᠩᠭᠠᠨᠠᠭ᠎ᠠ-ᠯ ∙ ᠪᠣᠯᠣᠳᠪᠠᠭᠠᠲᠤᠷErt butssan ganganaa-L.Boldbaatar Эрт буцсан ганганаа-Л.Болдбаатар

ᠠᠩᠭᠢᠯᠠᠯ:ᠳᠠᠭᠤᠤ ᠬᠥᠭᠵᠢᠮ
2026-02-15

282

ᠡᠷᠲᠡ ᠪᠤᠴᠠᠭᠰᠠᠨ ᠭᠠᠩᠭᠠᠨᠠᠭ᠎ᠠ


  ᠦᠭᠡ᠄ ᠨ · ᠶᠤᠩᠳᠤᠨ 
  ᠠᠶ᠎ᠠ᠄ ᠪ᠊ · ᠪᠢᠮᠪᠠᠪᠠᠶᠠᠷ  
  ᠳᠠᠭᠤᠴᠢᠨ᠄ ᠯ· ᠪᠣᠯᠣᠳᠪᠠᠭᠠᠲᠤᠷ 

ᠬᠠᠪᠤᠷ ᠢ᠋ᠶ᠋ᠠᠷ ᠢᠷᠡᠭᠰᠡᠨ ᠳᠠᠭᠤᠴᠢᠨ ᠭᠠᠩᠭᠠᠨᠠᠭ᠎ᠠ 
ᠬᠠᠢᠯᠭᠠᠨ ᠴᠠᠭ ᠢ᠋ᠶ᠋ᠠᠷ ᠪᠤᠴᠠᠯ᠎ᠠ ᠭᠡᠵᠦ ᠤᠤ ᠳᠠ   
ᠢᠷᠭᠣᠶ᠋ᠢᠳᠤ ᠵᠤᠨ ᠢ᠋ᠶ᠋ᠠᠷ ᠨᠠᠭᠤᠷ ᠢ᠋ᠶ᠋ᠠᠨ ᠴᠢᠮᠡᠳᠡᠭ ᠰᠠᠨ 
ᠶᠠᠭᠠᠬᠢᠭᠰᠠᠨ ᠴᠤ᠌ ᠡᠷᠲᠡ ᠪᠤᠴᠠᠪᠠ ᠳᠠ 
ᠰᠡᠳᠬᠢᠯ ᠡᠴᠡ ᠴᠣᠢᠯᠠᠭᠰᠠᠨ ᠥᠨᠥᠴᠢᠨ ᠭᠠᠩᠭᠠᠨᠠᠭ᠎ᠠ 
ᠰᠡᠮᠡᠷᠡᠭᠦᠯᠦᠨ ᠰᠡᠮᠡᠷᠡᠭᠦᠯᠦᠨ ᠪᠤᠴᠠᠯ᠎ᠠ ᠭᠡᠵᠦ ᠤᠤ ᠳᠠ 
ᠠᠷᠭᠠᠳᠠᠩᠬᠠᠨ ᠠᠷᠭᠠᠳᠠᠩᠬᠠᠨ ᠭᠤᠶᠤᠭᠰᠠᠨ ᠯᠠ ᠶᠤᠮᠰᠠᠨ ᠳᠠ 
ᠠᠷᠠᠢ ᠯᠠ ᠡᠷᠲᠡ ᠪᠤᠴᠠᠯ᠎ᠠ ᠳᠠ ᠲᠠᠪᠢᠯᠠᠩ ᠴᠤ᠌ ᠶᠤᠮ ᠤᠤ ᠳᠠ 

ᠤᠷᠢᠨ ᠢ᠋ᠶ᠋ᠠᠷ ᠢᠷᠡᠭᠰᠡᠨ ᠤᠶᠠᠬᠠᠨ ᠭᠠᠩᠭᠠᠨᠠᠭ᠎ᠠ
ᠤᠬᠢᠯᠠᠭᠤᠯᠵᠤ ᠬᠠᠢᠯᠤᠭᠤᠯᠵᠤ ᠪᠤᠴᠠᠯ᠎ᠠ ᠭᠡᠵᠦ ᠤᠤ ᠳᠠ
ᠳᠡᠯᠭᠡᠷᠬᠡᠨ  ᠵᠤᠨ ᠢ᠋ᠶ᠋ᠠᠷ ᠳᠡᠨᠵᠢ ᠪᠡᠨ ᠭᠣᠶᠣᠳᠠᠭ ᠰᠠᠨ
ᠳᠡᠩᠳᠡᠭᠦᠦ ᠡᠷᠲᠡ ᠪᠤᠴᠠᠪᠠ ᠳᠠ
ᠰᠡᠳᠬᠢᠯ ᠡᠴᠡ ᠴᠣᠢᠯᠠᠭᠰᠠᠨ ᠥᠨᠥᠴᠢᠨ ᠭᠠᠩᠭᠠᠨᠠᠭ᠎ᠠ
ᠰᠡᠮᠡᠷᠡᠭᠦᠯᠦᠨ ᠰᠡᠮᠡᠷᠡᠭᠦᠯᠦᠨ ᠪᠤᠴᠠᠯ᠎ᠠ ᠭᠡᠵᠦ ᠤᠤ ᠳᠠ
ᠠᠷᠭᠠᠳᠠᠩᠬᠠᠨ ᠠᠷᠭᠠᠳᠠᠩᠬᠠᠨ ᠭᠤᠶᠤᠭᠰᠠᠨ ᠯᠠ ᠶᠤᠮᠰᠠᠨ ᠳᠠ
ᠠᠷᠠᠢ ᠯᠠ ᠡᠷᠲᠡ ᠪᠤᠴᠠᠯ᠎ᠠ ᠳᠠ ᠬᠦᠰᠡᠯᠡᠩ ᠴᠦ᠍ ᠶᠤᠮ ᠤᠤ ᠳᠠ

ᠵᠦᠩ ᠢ᠋ᠶ᠋ᠡᠷ ᠢᠷᠡᠭᠰᠡᠨ ᠠᠶ᠋ᠢᠯᠬᠠᠨ ᠭᠠᠩᠭᠠᠨᠠᠭ᠎ᠠ
ᠵᠢᠷᠦᠬᠡᠨ ᠬᠣᠪᠳᠣᠯ ᠠ᠋ᠴᠠ ᠨᠢᠰᠦᠯ᠎ᠡ ᠭᠡᠵᠦ ᠤᠤ ᠳᠠ
ᠰᠡᠳᠬᠢᠯ ᠳ᠋ᠦ᠍ ᠮᠢᠨᠢ ᠬᠦᠷᠦᠭᠰᠡᠨ ᠠᠶᠠᠯᠭᠤ ᠨᠢ ᠪᠠᠢᠭᠰᠠᠨ ᠰᠠᠨ
ᠰᠡᠮᠡᠬᠡᠨ ᠢᠩᠭᠢᠭᠡᠳ ᠪᠤᠴᠠᠯ᠎ᠠ ᠳᠠ
ᠰᠡᠮᠡᠷᠡᠭᠦᠯᠦᠨ ᠰᠡᠮᠡᠷᠡᠭᠦᠯᠦᠨ ᠪᠤᠴᠠᠯ᠎ᠠ ᠭᠡᠵᠦ ᠤᠤ ᠳᠠ
ᠠᠷᠭᠠᠳᠠᠩᠬᠠᠨ ᠠᠷᠭᠠᠳᠠᠩᠬᠠᠨ ᠭᠤᠶᠤᠭᠰᠠᠨ ᠯᠠ ᠶᠤᠮᠰᠠᠨ ᠳᠠ
ᠠᠷᠠᠢ ᠯᠠ ᠡᠷᠲᠡ ᠪᠤᠴᠠᠯ᠎ᠠ ᠳᠠ ᠵᠢᠷᠭᠠᠯ ᠴᠤ᠌ ᠶᠤᠮ ᠤᠤ ᠳᠠ
ᠰᠡᠮᠡᠷᠡᠭᠦᠯᠦᠨ ᠰᠡᠮᠡᠷᠡᠭᠦᠯᠦᠨ ᠪᠤᠴᠠᠯ᠎ᠠ ᠭᠡᠵᠦ ᠤᠤ ᠳᠠ
ᠠᠷᠭᠠᠳᠠᠩᠬᠠᠨ ᠠᠷᠭᠠᠳᠠᠩᠬᠠᠨ ᠭᠤᠶᠤᠭᠰᠠᠨ ᠯᠠ ᠶᠤᠮᠰᠠᠨ ᠳᠠ
ᠠᠷᠠᠢ ᠯᠠ ᠡᠷᠲᠡ ᠪᠤᠴᠠᠯ᠎ᠠ ᠳᠠ ᠵᠢᠷᠭᠠᠯ ᠴᠤ᠌ ᠶᠤᠮ ᠤᠤ ᠳᠠ
ᠠᠷᠠᠢ ᠯᠠ ᠡᠷᠲᠡ ᠪᠤᠴᠠᠯ᠎ᠠ ᠳᠠ ᠵᠢᠷᠭᠠᠯ ᠴᠤ᠌ ᠶᠤᠮ ᠤᠤ ᠳᠠ

  ᠦᠰᠦᠭ ᠠᠮᠢᠯᠠᠭᠤᠯᠤᠭᠴᠢ᠄ ᠪᠠᠢ ᠰᠠᠷᠠᠨ᠎ᠠ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ᠄ ᠰᠣᠨᠢᠨᠪᠠᠶᠠᠷ