ᠨᠠᠭᠠᠳᠤᠮᠠᠷ ᠪᠠᠢᠨ᠎ᠠ ᠬᠥᠭᠡᠷᠦᠮᠡᠷ ᠪᠠᠢᠨ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡNaadmaar baina khöörmöör bainaНаадмаар байна хөөрмөөр байна
ᠨᠠᠭᠠᠳᠤᠮᠠᠷ ᠪᠠᠢᠨ᠎ᠠ ᠬᠥᠭᠡᠷᠦᠮᠡᠷ ᠪᠠᠢᠨ᠎ᠠ
ᠦᠭᠡ᠄ ᠳᠣᠷᠵᠢᠰᠡᠷᠡᠩ
ᠠᠶ᠎ᠠ᠄ ᠶ᠋ᠢᠨ ᠬᠠᠢ
ᠬᠠᠢ ᠬᠠᠢ ᠨᠠᠭᠠᠳᠤᠮᠠᠷ ᠪᠠᠢᠨ᠎ᠠ
ᠬᠦᠢ ᠬᠦᠢ ᠬᠥᠭᠡᠷᠦᠮᠡᠷ ᠪᠠᠢᠨ᠎ᠠ
ᠬᠠᠢ ᠬᠠᠢ ᠨᠠᠭᠠᠳᠤᠮᠠᠷ ᠪᠠᠢᠨ᠎ᠠ
ᠬᠦᠢ ᠬᠦᠢ ᠬᠥᠭᠡᠷᠦᠮᠡᠷ ᠪᠠᠢᠨ᠎ᠠ᠃
ᠵᠢᠷᠦᠬᠡᠨ ᠳ᠋ᠦ᠍ ᠠᠮᠢᠯᠠᠭᠰᠠᠨ ᠪᠠᠭᠰᠢ ᠨᠠᠷ ᠤ᠋ᠨ ᠰᠤᠷᠭᠠᠯ
ᠵᠢᠩ ᠦ᠋ᠨ ᠬᠣᠩᠬᠣᠨ ᠤ᠋ ᠡᠬᠡᠰᠢᠭ ᠰᠢᠭ
ᠴᠢᠬᠢᠨ ᠰᠣᠨᠣᠷ ᠢ᠋ ᠲᠠᠪᠠᠲᠠᠢ ᠮᠢᠯᠢᠶᠠᠵᠤ
ᠴᠢᠩ ᠰᠡᠳᠬᠢᠯ ᠢ᠋ ᠣᠪᠣᠯᠵᠠᠭᠤᠯᠤᠭᠠᠳ ᠪᠠᠢᠬᠤᠯᠠᠷ᠃
ᠴᠤᠭᠯᠠᠵᠤ ᠰᠠᠭᠤᠭᠠᠳ ᠵᠣᠭᠣᠭᠳᠠᠮᠠᠷ ᠪᠠᠢᠨ᠎ᠠ
ᠴᠣᠬᠣᠮ ᠰᠠᠢᠬᠠᠨ ᠨᠠᠭᠠᠳᠤᠮᠠᠷ ᠪᠠᠢᠨ᠎ᠠ
ᠬᠡᠯᠡᠯᠴᠡᠵᠦ ᠶᠠᠷᠢᠯᠴᠠᠭᠠᠳ ᠢᠨᠢᠶᠡᠯᠴᠡᠮᠡᠷ ᠪᠠᠢᠨ᠎ᠠ
ᠬᠡᠭᠡᠨᠴᠢᠷ ᠰᠠᠢᠬᠠᠨ ᠬᠥᠭᠡᠷᠦᠮᠡᠷ ᠪᠠᠢᠨ᠎ᠠ᠃
ᠬᠤᠷᠳᠤᠨ ᠬᠤᠷᠳᠤᠨ ᠢᠷᠡᠭᠡᠷᠡᠢ
ᠬᠤᠨᠳᠠᠭ᠎ᠠ ᠲᠠᠢ ᠠᠷᠢᠬᠢ ᠮᠡᠯᠮᠡᠯᠵᠡᠭᠡᠳ ᠪᠠᠢᠨ᠎ᠠ
ᠲᠦᠷᠭᠡᠨ ᠲᠦᠷᠭᠡᠨ ᠢᠷᠡᠭᠡᠷᠡᠢ
ᠲᠥᠯᠥᠭᠡᠨ ᠦ᠌ ᠰᠢᠭᠦᠰᠦ ᠬᠠᠯᠠᠭᠤᠨ ᠢ᠋ᠶ᠋ᠠᠷ ᠢ᠋ᠶ᠋ᠠᠨ ᠪᠠᠢᠨ᠎ᠠ᠃
ᠵᠡᠭᠦᠳᠦᠨ ᠳ᠋ᠦ᠍ ᠢᠯᠡᠷᠡᠭᠰᠡᠨ ᠨᠠᠢᠵᠢᠳ ᠤ᠋ᠨ ᠳᠦᠷᠢ
ᠵᠢᠷᠭᠤᠭᠠᠨ ᠰᠠᠷ᠎ᠠ ᠶ᠋ᠢᠨ ᠴᠡᠴᠡᠭ ᠰᠢᠭ
ᠬᠠᠷᠠᠭᠠᠨ ᠰᠠᠷᠠᠯ ᠢ᠋ ᠲᠠᠭᠠᠲᠠᠢ ᠴᠢᠮᠡᠵᠦ
ᠬᠠᠢᠷ᠎ᠠ ᠰᠡᠳᠬᠢᠯ ᠢ᠋ ᠭᠡᠵᠢᠭᠡᠯᠡᠭᠡᠳ ᠪᠠᠢᠬᠤᠯᠠᠷ᠃
ᠴᠤᠭᠯᠠᠵᠤ ᠰᠠᠭᠤᠭᠠᠳ ᠵᠣᠭᠣᠭᠳᠠᠮᠠᠷ ᠪᠠᠢᠨ᠎ᠠ
ᠴᠣᠬᠣᠮ ᠰᠠᠢᠬᠠᠨ ᠨᠠᠭᠠᠳᠤᠮᠠᠷ ᠪᠠᠢᠨ᠎ᠠ
ᠬᠡᠯᠡᠯᠴᠡᠵᠦ ᠶᠠᠷᠢᠯᠴᠠᠭᠠᠳ ᠢᠨᠢᠶᠡᠯᠴᠡᠮᠡᠷ ᠪᠠᠢᠨ᠎ᠠ
ᠬᠡᠭᠡᠨᠴᠢᠷ ᠰᠠᠢᠬᠠᠨ ᠬᠥᠭᠡᠷᠦᠮᠡᠷ ᠪᠠᠢᠨ᠎ᠠ᠃
ᠬᠤᠷᠳᠤᠨ ᠬᠤᠷᠳᠤᠨ ᠢᠷᠡᠭᠡᠷᠡᠢ
ᠬᠤᠨᠳᠠᠭ᠎ᠠ ᠲᠠᠢ ᠠᠷᠢᠬᠢ ᠮᠡᠯᠮᠡᠯᠵᠡᠭᠡᠳ ᠪᠠᠢᠨ᠎ᠠ
ᠲᠦᠷᠭᠡᠨ ᠲᠦᠷᠭᠡᠨ ᠢᠷᠡᠭᠡᠷᠡᠢ
ᠲᠥᠯᠥᠭᠡᠨ ᠦ᠌ ᠰᠢᠭᠦᠰᠦ ᠬᠠᠯᠠᠭᠤᠨ ᠢ᠋ᠶ᠋ᠠᠷ ᠢ᠋ᠶ᠋ᠠᠨ ᠪᠠᠢᠨ᠎ᠠ᠃
ᠵᠢᠷᠦᠬᠡᠨ ᠳ᠋ᠦ᠍ ᠠᠮᠢᠯᠠᠭᠰᠠᠨ ᠪᠠᠭᠰᠢ ᠨᠠᠷ ᠤ᠋ᠨ ᠰᠤᠷᠭᠠᠯ
ᠵᠢᠩ ᠦ᠋ᠨ ᠬᠣᠩᠬᠣᠨ ᠤ᠋ ᠡᠬᠡᠰᠢᠭ ᠰᠢᠭ
ᠴᠢᠬᠢᠨ ᠰᠣᠨᠣᠷ ᠢ᠋ ᠲᠠᠪᠠᠲᠠᠢ ᠮᠢᠯᠢᠶᠠᠵᠤ
ᠴᠢᠩ ᠰᠡᠳᠬᠢᠯ ᠢ᠋ ᠣᠪᠣᠯᠵᠠᠭᠤᠯᠤᠭᠠᠳ ᠪᠠᠢᠬᠤᠯᠠᠷ᠃
ᠴᠤᠭᠯᠠᠵᠤ ᠰᠠᠭᠤᠭᠠᠳ ᠵᠣᠭᠣᠭᠳᠠᠮᠠᠷ ᠪᠠᠢᠨ᠎ᠠ
ᠴᠣᠬᠣᠮ ᠰᠠᠢᠬᠠᠨ ᠨᠠᠭᠠᠳᠤᠮᠠᠷ ᠪᠠᠢᠨ᠎ᠠ
ᠬᠡᠯᠡᠯᠴᠡᠵᠦ ᠶᠠᠷᠢᠯᠴᠠᠭᠠᠳ ᠢᠨᠢᠶᠡᠯᠴᠡᠮᠡᠷ ᠪᠠᠢᠨ᠎ᠠ
ᠬᠡᠭᠡᠨᠴᠢᠷ ᠰᠠᠢᠬᠠᠨ ᠬᠥᠭᠡᠷᠦᠮᠡᠷ ᠪᠠᠢᠨ᠎ᠠ᠃
ᠬᠤᠷᠳᠤᠨ ᠬᠤᠷᠳᠤᠨ ᠢᠷᠡᠭᠡᠷᠡᠢ
ᠬᠤᠨᠳᠠᠭ᠎ᠠ ᠲᠠᠢ ᠠᠷᠢᠬᠢ ᠮᠡᠯᠮᠡᠯᠵᠡᠭᠡᠳ ᠪᠠᠢᠨ᠎ᠠ
ᠲᠦᠷᠭᠡᠨ ᠲᠦᠷᠭᠡᠨ ᠢᠷᠡᠭᠡᠷᠡᠢ
ᠲᠥᠯᠥᠭᠡᠨ ᠦ᠌ ᠰᠢᠭᠦᠰᠦ ᠬᠠᠯᠠᠭᠤᠨ ᠢ᠋ᠶ᠋ᠠᠷ ᠢ᠋ᠶ᠋ᠠᠨ ᠪᠠᠢᠨ᠎ᠠ᠃
ᠬᠠᠢ ᠬᠠᠢ ᠨᠠᠭᠠᠳᠤᠮᠠᠷ ᠪᠠᠢᠨ᠎ᠠ
ᠬᠦᠢ ᠬᠦᠢ ᠬᠥᠭᠡᠷᠦᠮᠡᠷ ᠪᠠᠢᠨ᠎ᠠ
ᠬᠠᠢ ᠬᠠᠢ ᠨᠠᠭᠠᠳᠤᠮᠠᠷ ᠪᠠᠢᠨ᠎ᠠ
ᠬᠦᠢ ᠬᠦᠢ ᠬᠥᠭᠡᠷᠦᠮᠡᠷ ᠪᠠᠢᠨ᠎ᠠ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
