ᠴᠠᠭᠠᠨ ᠰᠠᠷ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡTsagaan sarЦагаан сар ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡTsagaan sarЦагаан сар

ᠴᠠᠭᠠᠨ ᠰᠠᠷ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡTsagaan sarЦагаан сар

ᠠᠩᠭᠢᠯᠠᠯ:ᠤᠷᠠᠨ ᠪᠢᠴᠢᠯᠭᠡ
2026-02-17

122

ᠴᠠᠭᠠᠨ ᠰᠠᠷ᠎ᠠ

    
      ᠳᠠᠭᠤᠴᠢᠨ᠄ ᠮᠦ᠊• ᠪᠠᠲᠤᠪᠥ᠋ᠬᠡ   

ᠳᠡᠯᠭᠡᠷ ᠰᠠᠢᠬᠠᠨ ᠨᠤᠲᠤᠭ ᠤ᠋ᠨ ᠮᠢᠨᠢ ᠳᠡᠨᠵᠢ ᠭᠤᠶᠤᠭᠰᠠᠨ ᠴᠠᠭᠠᠨ ᠰᠠᠷ᠎ᠠ    
ᠳᠡᠪᠡᠯ ᠲᠡᠢ ᠮᠣᠩᠭᠣᠯ ᠲᠤᠭᠤᠷᠭᠠᠲᠠᠨ ᠤ᠋ ᠮᠢᠨᠢ ᠳᠡᠭᠡᠵᠢ ᠪᠡᠨ ᠡᠷᠭᠦᠭᠰᠡᠨ ᠴᠠᠭᠠᠨ ᠰᠠᠷ᠎ᠠ   
ᠠᠯᠲᠠ ᠲᠣᠷᠭᠠᠨ ᠬᠠᠳᠠᠭ ᠤ᠋ᠨ ᠮᠢᠨᠢ ᠠᠮᠠ ᠨᠢ ᠨᠡᠭᠡᠭᠡᠷᠡᠭᠰᠡᠨ ᠴᠠᠭᠠᠨ ᠰᠠᠷ᠎ᠠ    
ᠠᠮᠤᠷ ᠮᠡᠨᠳᠦ ᠡᠩᠬᠡ ᠶ᠋ᠢᠨ ᠮᠢᠨᠢ ᠢᠷᠦᠭᠡᠯ ᠨᠢ ᠲᠣᠭᠲᠠᠭᠰᠠᠨ ᠴᠠᠭᠠᠨ ᠰᠠᠷ᠎ᠠ᠃  

ᠤᠰᠤᠨ ᠵᠢᠷᠣᠭ᠎ᠠ ᠮᠣᠷᠢᠳ ᠤ᠋ᠨ ᠮᠢᠨᠢ ᠤᠶᠠᠭ᠎ᠠ ᠴᠢᠮᠡᠭᠰᠡᠨ ᠴᠠᠭᠠᠨ ᠰᠠᠷ᠎ᠠ
ᠤᠬᠠᠭᠠᠨᠲᠤ ᠡᠯᠢᠭᠡᠨ ᠪᠦᠭᠦᠳᠡ ᠶ᠋ᠢᠨ ᠮᠢᠨᠢ ᠬᠡᠢᠮᠣᠷᠢ ᠰᠡᠷᠭᠦᠭᠰᠡᠨ ᠴᠠᠭᠠᠨ ᠰᠠᠷ᠎ᠠ
ᠪᠤᠶᠠᠨᠲᠤ ᠰᠦᠷᠦᠭ ᠦ᠋ᠨ ᠬᠣᠲᠠᠨ ᠳ᠋ᠤ᠌ ᠮᠢᠨᠢ ᠬᠡᠰᠢᠭ ᠬᠤᠷᠠᠭᠰᠠᠨ ᠴᠠᠭᠠᠨ ᠰᠠᠷ᠎ᠠ
ᠪᠤᠭᠤᠷᠤᠯ ᠭᠣᠯᠣᠮᠲᠠ ᠶ᠋ᠢᠨ ᠬᠣᠢᠮᠣᠷ  ᠲᠤ᠌ ᠮᠢᠨᠢ ᠠᠮᠤᠭᠤᠯᠠᠩ ᠰᠠᠭᠠᠲᠠᠭᠰᠠᠨ ᠴᠠᠭᠠᠨ ᠰᠠᠷ᠎ᠠ᠃

ᠲᠣᠭᠣᠨᠣ ᠮᠢᠯᠢᠶᠠᠭᠰᠠᠨ ᠪᠠᠭᠤᠴᠠᠨ ᠳ᠋ᠤᠨᠢ ᠨᠠᠢᠷ ᠴᠠᠯᠭᠢᠭᠰᠠᠨ ᠴᠠᠭᠠᠨ ᠰᠠᠷ᠎ᠠ
ᠲᠣᠲᠣᠭᠣ ᠮᠦᠰᠢᠶᠡᠭᠰᠡᠨ ᠥᠷᠥᠴᠡᠨ ᠳ᠋ᠦ᠍ᠨᠢ ᠬᠠᠢᠷ᠎ᠠ ᠬᠠᠯᠭᠢᠭᠰᠠᠨ ᠴᠠᠭᠠᠨ ᠰᠠᠷ᠎ᠠ
ᠤᠴᠠᠷᠠᠯ ᠪᠠᠶᠠᠰᠤᠯ ᠬᠣᠣᠰᠯᠠᠭᠰᠠᠨ ᠪᠠᠶᠠᠷ ᠪᠢᠯᠬᠠᠭᠰᠠᠨ ᠴᠠᠭᠠᠨ ᠰᠠᠷ᠎ᠠ
ᠥᠯᠵᠡᠢ ᠬᠤᠲᠤᠭ ᠳᠡᠭᠡᠳᠦᠯᠡᠭᠰᠡᠨ ᠪᠤᠶᠠᠨ ᠳᠡᠯᠭᠡᠷᠡᠭᠰᠡᠨ ᠴᠠᠭᠠᠨ ᠰᠠᠷ᠎ᠠ᠃

ᠲᠠᠪᠤᠨ ᠡᠷᠳᠡᠨᠢ ᠪᠡᠷ ᠳᠦᠭᠦᠷᠡᠩ ᠲᠠᠩᠰᠤᠭ ᠪᠠᠶᠠᠨ ᠴᠠᠭᠠᠨ ᠰᠠᠷ᠎ᠠ
ᠲᠠᠪᠢᠯᠠᠩ ᠵᠠᠶᠠᠭ᠎ᠠ ᠲᠡᠭᠰᠢᠷᠡᠭᠰᠡᠨ ᠲᠠᠢᠪᠤᠩ ᠴᠡᠩᠭᠡᠭᠦᠨ ᠴᠠᠭᠠᠨ ᠰᠠᠷ᠎ᠠ
ᠤᠳᠤᠮ ᠤ᠋ᠨ ᠠᠯᠲᠠᠨ ᠰᠠᠯᠠᠭ᠎ᠠ ᠨᠠᠮᠠᠭᠠᠯᠠᠭᠰᠠᠨ ᠤᠭᠰᠠᠭ᠎ᠠ ᠪᠦᠲᠦᠨ ᠴᠠᠭᠠᠨ ᠰᠠᠷ᠎ᠠ
ᠤᠷᠤᠭ ᠤ᠋ᠨ ᠤᠷᠤᠭ  ᠲᠤ᠌ ᠵᠢᠷᠭᠠᠨ ᠵᠢᠷᠭᠠᠬᠤ ᠠᠭᠤᠵᠢᠮ ᠳᠡᠯᠭᠡᠷ ᠴᠠᠭᠠᠨ ᠰᠠᠷ᠎ᠠ
ᠠᠭᠤᠵᠢᠮ ᠳᠡᠯᠭᠡᠷ ᠴᠠᠭᠠᠨ ᠰᠠᠷ᠎ᠠ ᠃

       ᠦᠰᠦᠭ ᠠᠮᠢᠯᠠᠭᠤᠯᠤᠭᠴᠢ᠄ ᠨᠠᠷᠠᠨᠲᠣᠭᠣᠰ
        ᠬᠢᠨᠠᠭᠴᠢ᠄ ᠤᠤᠭᠠᠨᠵᠢᠳ