ᠬᠦᠷᠦᠭᠡᠳ ᠢᠷᠡᠭᠡᠷᠡᠢ -ᠨᠠᠨᠳᠢᠨ-ᠮᠠᠨᠳᠤᠬᠤ ᠪᠠᠭᠰᠢ ᠶ᠋ᠢᠨ ᠤᠷᠠᠨ ᠪᠢᠴᠢᠯᠭᠡGörööd ireerei-NandinГөрөөд ирээрэй-Нандин
ᠬᠦᠷᠦᠭᠡᠳ ᠢᠷᠡᠭᠡᠷᠡᠢ
ᠦᠭᠡ᠂ ᠠᠶ᠎ᠠ᠄ ᠨᠠᠨᠳᠢᠨ
ᠳᠠᠭᠤᠴᠢᠨ ᠄ ᠨᠠᠨᠳᠢᠨ
ᠤᠳᠤᠮᠲᠤ ᠮᠣᠩᠭᠣᠯ ᠤ᠋ᠨ ᠠᠷᠢᠭᠤᠨ ᠵᠠᠩᠰᠢᠯ ᠢ᠋ᠶ᠋ᠠᠷ
ᠰᠠᠮᠪᠠᠢ ᠬᠠᠳᠠᠭ ᠢ᠋ᠶ᠋ᠠᠨ ᠳᠡᠯᠭᠡᠨ ᠤᠷᠢᠶ᠎ᠠ
ᠥᠯᠵᠡᠢ ᠪᠡᠯᠭᠡᠲᠦ ᠢᠷᠦᠭᠡᠯ ᠢ᠋ᠶ᠋ᠡᠨ ᠡᠪᠦᠷᠯᠡᠵᠦ
ᠰᠠᠷᠠᠨ ᠨᠠᠷᠠ ᠰᠢᠭ᠋ ᠬᠦᠷᠦᠭᠡᠳ ᠢᠷᠡᠭᠡᠷᠡᠢ᠃
ᠪᠠᠶᠠᠷ ᠵᠢᠷᠭᠠᠯ ᠤ᠋ᠨ ᠠᠶ᠎ᠠ ᠳᠠᠭᠤᠤ ᠲᠠᠢ
ᠪᠠᠳᠠᠷᠠᠭᠰᠠᠨ ᠰᠡᠳᠬᠢᠯ ᠢ᠋ᠶ᠋ᠡᠷ ᠬᠦᠷᠦᠭᠡᠳ ᠢᠷᠡᠭᠡᠷᠡᠢ
ᠵᠤᠯᠲᠤ ᠰᠠᠢᠬᠠᠨ ᠴᠠᠭ ᠮᠥᠴᠡ ᠳ᠋ᠦ᠍
ᠵᠤᠯᠠ ᠪᠣᠯᠵᠤ ᠬᠦᠷᠦᠭᠡᠳ ᠢᠷᠡᠭᠡᠷᠡᠢ᠃
ᠠᠵᠢᠯ ᠦᠢᠯᠡᠰ ᠦ᠋ᠨ ᠠᠮᠵᠢᠯᠲᠠ ᠪᠦᠲᠦᠭᠡᠯ ᠢ᠋ᠶ᠋ᠡᠷ
ᠪᠡᠯᠡᠭ ᠪᠣᠯᠭᠠᠨ ᠭᠡᠢᠴᠢᠨ ᠢ᠋ᠶ᠋ᠡᠨ ᠤᠭᠲᠤᠶ᠎ᠠ
ᠠᠯᠲᠠᠨ ᠳᠡᠯᠡᠬᠡᠢ ᠶ᠋ᠢᠨ ᠢᠪᠡᠭᠡᠯ ᠢ᠋ ᠡᠪᠦᠷᠯᠡᠨ
ᠪᠤᠶᠠᠨ ᠬᠤᠷᠠᠭᠰᠠᠨ ᠨᠠᠢᠷ ᠲᠤ᠌ ᠢᠷᠡᠭᠡᠷᠡᠢ᠃
ᠪᠠᠶᠠᠷ ᠵᠢᠷᠭᠠᠯ ᠤ᠋ᠨ ᠠᠶ᠎ᠠ ᠳᠠᠭᠤᠤ ᠲᠠᠢ
ᠪᠠᠳᠠᠷᠠᠭᠰᠠᠨ ᠰᠡᠳᠬᠢᠯ ᠢ᠋ᠶ᠋ᠡᠷ ᠬᠦᠷᠦᠭᠡᠳ ᠢᠷᠡᠭᠡᠷᠡᠢ
ᠵᠤᠯᠲᠤ ᠰᠠᠢᠬᠠᠨ ᠴᠠᠭ ᠮᠥᠴᠡ ᠳ᠋ᠦ᠍
ᠵᠤᠯᠠ ᠪᠣᠯᠵᠤ ᠬᠦᠷᠦᠭᠡᠳ ᠢᠷᠡᠭᠡᠷᠡᠢ᠃
ᠪᠡᠯᠭᠡᠲᠦ ᠡᠳᠦᠷ ᠦ᠋ᠨ ᠵᠢᠷᠭᠠᠯᠲᠤ ᠮᠥᠴᠡ ᠳ᠋ᠦ᠍
ᠪᠥᠵᠢᠭᠯᠡᠨ ᠴᠡᠩᠭᠡᠵᠦ ᠬᠠᠮᠲᠤ ᠪᠠᠷ ᠨᠠᠢᠷᠯᠠᠶ᠎ᠠ
ᠠᠷᠢᠬᠢ ᠰᠠᠷᠬᠤᠳ ᠤ᠋ᠨ ᠠᠷᠢᠭᠤᠨ ᠳᠡᠭᠡᠵᠢ ᠶ᠋ᠢ
ᠠᠮᠲᠠᠯᠠᠨ ᠳᠡᠭᠡᠵᠢᠯᠡᠬᠦ ᠪᠡᠷ ᠬᠦᠷᠦᠭᠡᠳ ᠢᠷᠡᠭᠡᠷᠡᠢ᠃
ᠪᠠᠶᠠᠷ ᠵᠢᠷᠭᠠᠯ ᠤ᠋ᠨ ᠠᠶ᠎ᠠ ᠳᠠᠭᠤᠤ ᠲᠠᠢ
ᠪᠠᠳᠠᠷᠠᠭᠰᠠᠨ ᠰᠡᠳᠬᠢᠯ ᠢ᠋ᠶ᠋ᠡᠷ ᠬᠦᠷᠦᠭᠡᠳ ᠢᠷᠡᠭᠡᠷᠡᠢ
ᠵᠣᠯᠲᠤ ᠰᠠᠢᠬᠠᠨ ᠴᠠᠭ ᠮᠥᠴᠡ ᠳ᠋ᠦ᠍
ᠵᠤᠯᠠ ᠪᠣᠯᠵᠤ ᠬᠦᠷᠦᠭᠡᠳ ᠢᠷᠡᠭᠡᠷᠡᠢ᠃
ᠪᠠᠶᠠᠷ ᠵᠢᠷᠭᠠᠯ ᠤ᠋ᠨ ᠠᠶ᠎ᠠ ᠳᠠᠭᠤᠤ ᠲᠠᠢ
ᠪᠠᠳᠠᠷᠠᠭᠰᠠᠨ ᠰᠡᠳᠬᠢᠯ ᠢ᠋ᠶ᠋ᠡᠷ ᠬᠦᠷᠦᠭᠡᠳ ᠢᠷᠡᠭᠡᠷᠡᠢ
ᠵᠤᠯᠲᠤ ᠰᠠᠢᠬᠠᠨ ᠴᠠᠭ ᠮᠥᠴᠡ ᠳ᠋ᠦ᠍
ᠵᠤᠯᠠ ᠪᠣᠯᠵᠤ ᠬᠦᠷᠦᠭᠡᠳ ᠢᠷᠡᠭᠡᠷᠡᠢ
ᠵᠤᠯᠠ ᠪᠣᠯᠵᠤ ᠬᠦᠷᠦᠭᠡᠳ ᠢᠷᠡᠭᠡᠷᠡᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
