ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 2-1 > Хөх зул – Боржигон Ванжал –" Арван хоёр ᠂ яс махны нэрсийн бүлэг 2-1 "
ᠠᠩᠭᠢᠯᠠᠯ:ᠵᠠᠩ ᠦᠢᠯᠡЖан үйл 2024-01-16
287
ᠮᠠᠯ ᠤ᠋ᠨ ᠡᠷᠬᠡᠲᠡᠨ ᠦ᠌ ᠨᠡᠷᠡᠢᠳᠦᠯ ᠮᠠᠯ ᠤ᠋ᠨ ᠡᠷᠬᠡᠲᠡᠨ ᠦ᠌ ᠨᠡᠷᠡᠢᠳᠦᠯ ᠢ᠋ ᠶᠡᠷᠦᠩᠬᠡᠢ ᠳ᠋ᠦ᠍ᠨᠢ ᠭᠠᠳᠠᠷ ᠡᠷᠬᠡᠲᠡᠨ ᠪᠠ ᠳᠣᠲᠣᠷ ᠡᠷᠬᠡᠲᠡᠨ ᠭᠡᠵᠦ ᠬᠣᠶᠠᠷ ᠬᠤᠪᠢᠶᠠᠬᠤ ᠪᠥᠭᠡᠳ ᠭᠠᠳᠠᠷ ᠡᠷᠬᠡᠲᠡᠨ ᠢ᠋ ᠨᠢ ᠠᠮᠢᠳᠤ ᠪᠣᠰᠤᠭ᠎ᠠ ᠪᠣᠯᠤᠨ ᠠᠯᠠᠵᠤ ᠮᠥᠴᠢᠯᠡᠭᠰᠡᠨ ᠨᠡᠷᠡᠢᠳᠦᠯ ᠭᠡᠵᠦ ᠪᠠᠰᠠ ᠬᠣᠶᠠᠷ ᠬᠤᠪᠢᠶᠠᠳᠠᠭ᠃ ᠠᠮᠢᠳᠤ ᠪᠣᠰᠤᠭ᠎ᠠ ᠦᠶ᠎ᠡ ᠬᠣᠩᠰᠢᠶᠠᠷ ᠂ ᠬᠣᠰᠢᠭᠤ ᠂ ᠮᠤᠨᠳᠠᠭ᠎ᠠ ᠂ ᠰᠡᠷᠪᠡᠭᠡ ᠂ ᠵᠣ ᠂ ᠬᠣᠨᠳᠣᠯᠠᠢ ᠂ ᠲᠡᠰᠢᠶ᠎ᠡ ᠂ ᠵ...