ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 2-1 > Хөх зул – Боржигон Ванжал –" Арван хоёр ᠂ яс махны нэрсийн бүлэг 2-1 "
ᠮᠠᠯ ᠤ᠋ᠨ ᠡᠷᠬᠡᠲᠡᠨ ᠦ᠌ ᠨᠡᠷᠡᠢᠳᠦᠯ
ᠮᠠᠯ ᠤ᠋ᠨ ᠡᠷᠬᠡᠲᠡᠨ ᠦ᠌ ᠨᠡᠷᠡᠢᠳᠦᠯ ᠢ᠋ ᠶᠡᠷᠦᠩᠬᠡᠢ ᠳ᠋ᠦ᠍ᠨᠢ ᠭᠠᠳᠠᠷ ᠡᠷᠬᠡᠲᠡᠨ ᠪᠠ ᠳᠣᠲᠣᠷ ᠡᠷᠬᠡᠲᠡᠨ ᠭᠡᠵᠦ ᠬᠣᠶᠠᠷ ᠬᠤᠪᠢᠶᠠᠬᠤ ᠪᠥᠭᠡᠳ ᠭᠠᠳᠠᠷ ᠡᠷᠬᠡᠲᠡᠨ ᠢ᠋ ᠨᠢ ᠠᠮᠢᠳᠤ ᠪᠣᠰᠤᠭ᠎ᠠ ᠪᠣᠯᠤᠨ ᠠᠯᠠᠵᠤ ᠮᠥᠴᠢᠯᠡᠭᠰᠡᠨ ᠨᠡᠷᠡᠢᠳᠦᠯ ᠭᠡᠵᠦ ᠪᠠᠰᠠ ᠬᠣᠶᠠᠷ ᠬᠤᠪᠢᠶᠠᠳᠠᠭ᠃ ᠠᠮᠢᠳᠤ ᠪᠣᠰᠤᠭ᠎ᠠ ᠦᠶ᠎ᠡ ᠬᠣᠩᠰᠢᠶᠠᠷ ᠂ ᠬᠣᠰᠢᠭᠤ ᠂ ᠮᠤᠨᠳᠠᠭ᠎ᠠ ᠂ ᠰᠡᠷᠪᠡᠭᠡ ᠂ ᠵᠣ ᠂ ᠬᠣᠨᠳᠣᠯᠠᠢ ᠂ ᠲᠡᠰᠢᠶ᠎ᠡ ᠂ ᠵᠤᠷᠠᠭ᠎ᠠ ᠂ ᠰᠤᠭᠤ ᠂ ᠴᠠᠪᠢ ᠂ ᠬᠠᠰᠠ ᠂ ᠬᠦᠢᠯᠡᠭᠦᠷ ᠂ ᠰᠠᠮᠠᠢ ᠂ ᠥᠭᠡᠵᠡᠭ ᠭᠡᠬᠦ ᠮᠡᠲᠦ ᠶ᠋ᠢᠨ ᠨᠡᠷᠡᠢᠳᠦᠯ ᠪᠠᠢᠳᠠᠭ ᠴᠤ᠌ ᠠᠯᠠᠵᠤ ᠮᠥᠴᠢᠯᠡᠭᠰᠡᠨ ᠦ᠌ ᠳᠠᠷᠠᠭ᠎ᠠ ᠢᠩᠭᠢᠵᠦ ᠨᠡᠷᠡᠯᠡᠭᠳᠡᠬᠦ ᠪᠡᠨ ᠪᠣᠯᠢᠴᠢᠬᠠᠳᠠᠭ᠃ ᠵᠢᠱ᠌ᠢᠶᠡᠯᠡᠪᠡᠯ : ᠠᠮᠢᠳᠤ ᠳ᠋ᠠᠭᠠᠨ ᠬᠣᠰᠢᠭᠤ ᠬᠣᠩᠰᠢᠶᠠᠷ ᠭᠡᠵᠦ ᠪᠠᠢᠳᠠᠭ ᠴᠤ᠌ ᠮᠥᠴᠢᠯᠡᠭᠰᠡᠨ ᠦ᠌ ᠳᠠᠷᠠᠭ᠎ᠠ ᠲᠣᠯᠣᠭᠠᠢ ᠡᠷᠡᠦ ᠭᠡᠭᠰᠡᠭᠡᠷ ᠪᠣᠯᠴᠢᠬᠠᠨ᠎ᠠ᠃ ᠠᠮᠢᠳᠤ ᠦᠶ᠎ᠡ ᠵᠣ᠂ ᠬᠣᠨᠳᠣᠯᠠᠢ ᠬᠠᠷᠭᠠᠮ ᠭᠡᠵᠦ ᠪᠠᠢᠳᠠᠭ᠂ ᠮᠥᠴᠢᠯᠡᠭᠰᠡᠨ ᠦ᠌ ᠬᠣᠢᠨ᠎ᠠ ᠨᠢᠷᠤᠭᠤ᠂ ᠰᠡᠭᠦᠵᠢ ᠭᠡᠪᠡᠯ ᠪᠣᠯᠴᠢᠬᠠᠳᠠᠭ᠃ ᠠᠮᠢᠳᠤ ᠳ᠋ᠤ᠌ ᠰᠤᠭᠤ ᠂ ᠴᠠᠪᠢ ᠭᠡᠵᠦ ᠪᠣᠢ ᠂ ᠮᠥᠴᠢᠯᠡᠮᠡᠭᠴᠡ ᠰᠤᠭᠤ ᠶ᠋ᠢ ᠨᠢ ᠬᠠ ᠂ ᠡᠪᠴᠢᠭᠦᠦ ᠭᠡᠵᠦ ᠂ ᠴᠠᠪᠢ ᠶ᠋ᠢ ᠨᠢ ᠭᠤᠶ᠎ᠠ ᠂ ᠴᠣᠷᠣᠢᠯ ᠭᠡᠪᠡᠯ ᠪᠣᠯᠴᠢᠬᠠᠨ᠎ᠠ᠃
ᠡᠢᠨ ᠬᠦ᠌ ᠳᠣᠣᠷ᠎ᠠ ᠪᠢ ᠭᠠᠳᠠᠷ ᠡᠷᠬᠡᠲᠡᠨ ᠢ᠋ ᠶᠠᠷᠢᠬᠤ ᠶ᠋ᠢᠨ ᠬᠠᠮᠲᠤ ᠠᠮᠢᠳᠤ ᠪᠣᠰᠤᠭ᠎ᠠ ᠮᠠᠯ ᠤ᠋ᠨ ᠡᠷᠬᠡᠲᠡᠨ ᠢ᠋ᠶ᠋ᠡᠷ ᠭᠣᠣᠯᠯᠠᠵᠤ ᠶᠠᠷᠢᠶ᠎ᠠ᠃
ᠲᠣᠯᠣᠭᠠᠢ ᠶ᠋ᠢᠨ ᠬᠡᠰᠡᠭ
ᠲᠣᠯᠣᠭᠠᠢ
ᠠᠮᠢᠲᠠᠨ ᠤ᠋ ᠪᠡᠶ᠎ᠡ ᠶ᠋ᠢᠨ ᠬᠠᠮᠤᠭ ᠲᠦᠷᠦᠭᠦᠨᠡ ᠣᠷᠣᠰᠢᠬᠤ ᠨᠢᠭᠤᠷ ᠂ ᠭᠠᠪᠠᠯᠠ ᠂ ᠡᠷᠡᠦ ᠭᠤᠷᠪᠠ ᠠ᠋ᠴᠠ ᠪᠦᠲᠦᠭᠰᠡᠨ ᠮᠠᠯ ᠤ᠋ᠨ ᠲᠡᠷᠢᠭᠦᠨ᠃
ᠴᠣᠷᠪᠣ
ᠮᠣᠷᠢᠨ ᠤ᠋ ᠳᠡᠭᠡᠳᠦ ᠤᠷᠤᠭᠤᠯ ᠤ᠋ᠨ ᠦᠵᠦᠭᠦᠷ ᠲᠡᠬᠢ ᠤᠷᠠᠨ ᠤᠷᠤᠭᠤᠯ᠃
ᠤᠷᠤᠭᠤᠯ ᠳᠡᠭᠡᠳᠦ ᠳᠣᠣᠷᠠᠲᠤ ᠰᠢᠳᠦ ᠶ᠋ᠢ ᠪᠦᠷᠬᠦᠵᠦ ᠪᠠᠢᠭ᠎ᠠ ᠬᠡᠰᠡᠭ ᠠᠷᠠᠰᠤ᠃
ᠠᠮᠠ ᠠᠮᠢᠲᠠᠨ ᠤ᠋ ᠤᠷᠤᠭᠤᠯ ᠵᠠᠪᠰᠠᠷᠯᠠᠬᠤ ᠢᠳᠡᠵᠦ ᠤᠤᠭᠤᠬᠤ ᠡᠷᠬᠡᠲᠡᠨ᠃
ᠡᠷᠡᠦ ᠠᠮᠢᠲᠠᠨ ᠤ᠋ ᠠᠮᠠ ᠶ᠋ᠢᠨ ᠳᠣᠣᠷ᠎ᠠ ᠬᠡᠰᠡᠭ᠃
ᠵᠠᠪᠠᠵᠢ ᠠᠮᠠᠨ ᠤ᠋ ᠤᠵᠠᠭᠤᠷ ᠤ᠋ᠨ ᠬᠣᠶᠠᠷ ᠬᠠᠵᠠᠭᠤ ᠶ᠋ᠢᠨ ᠪᠦᠷᠬᠦᠭᠦᠯ ᠠᠷᠠᠰᠤ᠃ ᠪᠠᠰᠠ ᠤᠭᠤᠴᠢᠯᠠᠭᠤᠷ ᠭᠡᠳᠡᠭ ᠃ ᠤᠤᠭᠤᠵᠤ ᠰᠣᠷᠣᠬᠤ ᠳ᠋ᠤ᠌ ᠣᠷᠣᠯᠴᠠᠳᠠᠭ ᠡᠷᠬᠡᠲᠡᠨ᠃
ᠳᠥᠭᠥᠰᠢ ᠡᠷᠡᠦ ᠶ᠋ᠢᠨ ᠤᠵᠠᠭᠤᠷ ᠬᠡᠰᠡᠭ᠃
ᠰᠢᠨ᠎ᠠ ᠡᠷᠡᠦ ᠶ᠋ᠢᠨ ᠤᠬᠤᠷᠬᠠᠢ ᠳ᠋ᠤ᠌ ᠬᠠᠳᠬᠤᠷᠯᠠᠵᠤ ᠪᠣᠢ ᠦᠵᠦᠭᠦᠷ ᠦ᠋ᠨ ᠨᠠᠷᠢᠨ ᠬᠡᠰᠡᠭ᠃
ᠬᠠᠮᠠᠷ ᠠᠮᠢᠲᠠᠨ ᠤ᠋ ᠳᠡᠭᠡᠳᠦ ᠡᠷᠡᠦ ᠳ᠋ᠦ᠍ ᠦᠨᠦᠷᠯᠡᠬᠦ ᠡᠷᠬᠡᠲᠡᠨ᠃
ᠬᠣᠩᠰᠢᠶᠠᠷ ( ᠬᠣᠰᠢᠭᠤ )
ᠲᠣᠯᠣᠭᠠᠢ ᠶ᠋ᠢᠨ ᠡᠮᠦᠨ᠎ᠡ ᠬᠡᠰᠡᠭ ᠲᠡᠬᠢ ᠡᠷᠡᠦ ᠶ᠋ᠢᠨ ᠨᠠᠷᠢᠰᠤᠭᠰᠠᠨ ᠬᠡᠰᠡᠭ᠃
ᠨᠡᠷᠡᠮ ᠬᠣᠶᠠᠷ ᠨᠢᠳᠦᠨ ᠦ᠌ ᠱᠤᠭᠤᠮ ᠠ᠋ᠴᠠ ᠳᠣᠷᠣᠭᠰᠢᠬᠢ ᠬᠠᠮᠠᠷ ᠬᠦᠷᠲᠡᠯᠡᠬᠢ ᠬᠡᠰᠡᠭ᠃
ᠨᠢᠳᠦ ᠠᠮᠢᠲᠠᠨ ᠤ᠋ ᠲᠣᠯᠣᠭᠠᠢ ᠶ᠋ᠢᠨ ᠳᠤᠮᠳᠠ ᠬᠡᠰᠡᠭ ᠲᠦ᠍ ᠪᠠᠢᠬᠤ ᠦᠵᠡᠬᠦ ᠡᠷᠬᠡᠲᠡᠨ᠃
ᠤᠬᠤᠷᠬᠠᠢ
ᠨᠢᠳᠦᠨ ᠦ᠌ ᠬᠣᠩᠬᠣᠷ ᠪᠤᠶᠤ ᠨᠢᠳᠦᠨ ᠦ᠌ ᠲᠡᠭᠡᠭᠡᠨᠲᠡᠢ ᠬᠣᠩᠬᠣᠷ ᠢ᠋ ᠪᠠᠰᠠ ᠤᠬᠤᠷᠬᠠᠢ ᠭᠡᠨ᠎ᠡ᠃
ᠮᠠᠩᠨᠠᠢ (ᠳᠤᠬᠤ ) ᠬᠣᠶᠠᠷ ᠤᠬᠤᠷᠬᠠᠢ ᠶ᠋ᠢᠨ ᠲᠡᠭᠡᠭᠡᠨᠲᠡᠢ ᠪᠠᠢᠭ᠎ᠠ ᠬᠠᠪᠲᠠᠭᠠᠢ ᠬᠡᠰᠡᠭ᠃
ᠵᠤᠯᠠᠢ ᠮᠠᠩᠨᠠᠢ ᠶ᠋ᠢᠨ ᠲᠡᠭᠡᠭᠡᠨᠳᠡᠢ ᠬᠥᠪᠡᠭᠡ ᠲᠠᠷᠢᠬᠢᠨ ᠤ᠋ ᠨᠠᠷᠠᠪᠴᠢ᠃
ᠴᠣᠬᠣ ᠵᠤᠯᠠᠢ ᠶ᠋ᠢᠨ ᠲᠡᠭᠡᠭᠡᠨᠳᠡᠢ ᠣᠷᠣᠰᠢᠬᠤ ᠲᠣᠯᠣᠭᠠᠢ ᠶ᠋ᠢᠨ ᠳᠡᠭᠡᠳᠦ ᠣᠷᠣᠢ ᠶ᠋ᠢᠨ ᠬᠡᠰᠡᠭ᠃
ᠳᠠᠭᠵᠠ
ᠲᠣᠯᠣᠭᠠᠢ ᠶ᠋ᠢᠨ ᠠᠷᠤ ᠬᠡᠰᠡᠭ ᠂ ᠠᠮᠠᠨ ᠬᠦᠵᠦᠭᠦᠦ ᠲᠡᠢ ᠵᠠᠯᠭᠠᠯᠳᠤᠵᠤ ᠪᠣᠢ ᠶ᠋ᠢᠨ ᠳᠡᠭᠡᠳᠦ ᠲᠠᠯ᠎ᠠ ᠃
ᠴᠢᠮᠠᠷᠬᠠᠢ ᠳᠠᠭᠵᠠ ᠶ᠋ᠢᠨ ᠳᠣᠣᠷᠠᠲᠤ ᠲᠠᠯ᠎ᠠ ᠳ᠋ᠤ᠌ ᠰᠠᠭᠤᠷᠢ ᠪᠣᠯᠵᠤ ᠪᠠᠢᠭ᠎ᠠ ᠬᠡᠰᠡᠭ᠃
ᠭᠠᠪᠠᠯᠠ
ᠮᠠᠩᠨᠠᠢ ᠂ ᠵᠤᠯᠠᠢ ᠂ ᠴᠢᠮᠠᠷᠬᠠᠢ ᠂ ᠳᠠᠭᠵᠠ ᠂ ᠡᠷᠪᠡᠬᠡᠢ ᠂ ᠰᠠᠮᠠᠯᠳᠠᠭ ᠵᠡᠷᠭᠡ ᠶ᠋ᠢ ᠪᠠᠭᠲᠠᠭᠠᠭᠰᠠᠨ ᠬᠡᠰᠡᠭ ᠢ᠋ ᠭᠠᠪᠠᠯᠠ ᠭᠡᠳᠡᠭ᠃ ᠡᠭᠦᠨ ᠡᠴᠡ ᠣᠷᠣᠭᠰᠢ ᠦᠯᠡᠳᠡᠭᠰᠡᠨ ᠬᠡᠰᠡᠭ ᠨᠢ ᠨᠢᠭᠤᠷ ᠲᠤ᠌ ᠪᠠᠭᠲᠠᠭᠳᠠᠨ᠎ᠠ᠃ ᠲᠣᠯᠣᠭᠠᠢ ᠶ᠋ᠢᠨ ᠳᠡᠭᠡᠳᠦ ᠣᠷᠣᠢ ᠬᠡᠰᠡᠭ ᠃
ᠴᠢᠬᠢ ᠰᠣᠨᠣᠷ ᠤ᠋ᠨ ᠡᠷᠬᠡᠲᠡᠨ ᠃
ᠡᠪᠡᠷ
ᠦᠬᠡᠷ ᠂ ᠬᠣᠨᠢ ᠂ ᠢᠮᠠᠭᠠᠨ ᠤ᠋ ᠲᠣᠯᠣᠭᠠᠢ ᠳ᠋ᠤ᠌ ᠤᠷᠭᠤᠳᠠᠭ ᠂ ᠳᠣᠲᠣᠷ ᠤ᠋ᠨ ᠲᠤᠭᠤᠯᠮᠠᠢ ᠶᠠᠰᠤᠲᠠᠢ ᠬᠠᠲᠠᠭᠤ ᠵᠦᠢᠯ ᠃ ᠪᠡᠶ᠎ᠡ ᠪᠡᠨ ᠬᠠᠮᠠᠭᠠᠯᠠᠬᠤ ᠡᠷᠬᠡᠲᠡᠨ᠃
ᠬᠡᠯᠡ ᠠᠮᠠᠨ ᠤ᠋ ᠬᠥᠨᠳᠡᠢ ᠳ᠋ᠦ᠍ ᠪᠠᠢᠳᠠᠭ ᠠᠮᠲᠠ ᠮᠡᠳᠡᠷᠡᠬᠦ ᠡᠷᠬᠡᠲᠡᠨ᠃
ᠲᠠᠩᠨᠠᠢ
ᠠᠮᠠᠨ ᠬᠥᠨᠳᠡᠢ ᠶ᠋ᠢᠨ ᠳᠡᠭᠡᠳᠦ ᠬᠣᠩᠬᠣᠷ ᠲᠤ᠌ ᠦᠶᠡᠳᠡᠨ ᠲᠣᠭᠲᠠᠭᠰᠠᠨ ᠢᠳᠡᠵᠦ ᠠᠮᠢᠰᠬᠤᠯᠯᠠᠬᠤ ᠳ᠋ᠤ᠌ ᠲᠤᠰᠠᠯᠠᠯᠴᠠᠬᠤ ᠡᠷᠬᠡᠲᠡᠨ᠃
ᠰᠢᠳᠦ ᠢᠳᠡᠭᠡᠨ ᠢ᠋ ᠵᠠᠵᠢᠯᠵᠤ ᠬᠡᠪᠢᠬᠦ ᠡᠷᠬᠡᠲᠡᠨ᠃ ᠰᠢᠳᠦᠨ ᠳ᠋ᠦ᠍ ᠭᠤᠷᠪᠠᠨ ᠵᠦᠢᠯ ᠪᠣᠢ᠃
ᠡᠭᠦᠳᠡᠨ ᠰᠢᠳᠦ
ᠠᠮᠠᠨ ᠤ᠋ ᠡᠮᠦᠨᠡᠭᠦᠷ ᠤᠷᠭᠤᠭᠰᠠᠨ ᠭᠣᠣᠯ ᠰᠢᠳᠦ ᠨᠦ᠍ᠭᠦᠳ ᠪᠣᠯᠤᠨ᠎ᠠ᠃ ᠡᠨᠡ ᠰᠢᠲᠦ ᠬᠡᠪᠢᠯᠭᠡ ᠦᠭᠡᠢ ᠠᠮᠢᠲᠠᠨ ᠳ᠋ᠤ᠌ ᠨᠡᠩ ᠲᠣᠳᠣ᠃
ᠰᠣᠶᠣᠭ᠎ᠠ ᠰᠢᠳᠦ
ᠡᠭᠦᠳᠡᠨ ᠰᠢᠲᠦ ᠪᠠ ᠠᠷᠠᠭ᠎ᠠ ᠰᠢᠲᠦᠨ ᠦ᠌ ᠠᠩ ᠳ᠋ᠤ᠌ ᠭᠠᠭᠴᠠᠭᠠᠷ ᠤᠷᠭᠤᠳᠠᠭ ᠤᠷᠲᠤ ᠦᠵᠦᠭᠦᠷ ᠲᠡᠢ ᠮᠠᠬᠢᠷ ᠰᠢᠳᠦ᠃
ᠠᠷᠠᠭ᠎ᠠ
ᠰᠢᠳᠦ ᠡᠷᠡᠦ ᠶ᠋ᠢᠨ ᠤᠭ ᠲᠤ᠌ ᠤᠷᠭᠤᠳᠠᠭ ᠵᠠᠵᠢᠯᠵᠤ ᠬᠡᠪᠢᠬᠦ ᠳ᠋ᠦ᠍ ᠢᠳᠡᠪᠬᠢᠲᠡᠢ ᠲᠣᠮᠣ ᠰᠢᠲᠦ᠃
ᠨᠠᠮᠠᠯᠳᠠᠭ
ᠬᠠᠮᠠᠷ ᠤ᠋ᠨ ᠬᠥᠨᠳᠡᠢ ᠳ᠋ᠡᠬᠢ ᠣᠯᠠᠨ ᠰᠠᠷᠬᠢᠶᠠᠲᠠᠢ ᠮᠥᠭᠡᠷᠰᠦᠯᠢᠭ ᠠᠮᠢᠰᠬᠤᠯ ᠤ᠋ᠨ ᠡᠷᠬᠡᠲᠡᠨ᠃
ᠰᠠᠮᠠᠯᠳᠠᠭ
ᠨᠠᠮᠠᠯᠳᠠᠭ ᠤ᠋ᠨ ᠠᠷᠤᠳᠠᠬᠢ ᠰᠠᠷᠬᠢᠶᠠᠲᠤ ᠶᠠᠰᠤᠨ ᠤ᠋ ᠬᠡᠰᠡᠭ ᠲᠦ᠍ ᠣᠷᠣᠰᠢᠨ᠎ᠠ᠃
ᠪᠠᠭᠠᠯᠵᠤᠤᠷ
ᠲᠣᠯᠣᠭᠠᠢ ᠬᠦᠵᠦᠭᠦᠦ ᠶ᠋ᠢᠨ ᠵᠠᠯᠭᠠᠭᠳᠠᠵᠤ ᠪᠠᠢᠭ᠎ᠠ ᠡᠷᠡᠦ ᠶ᠋ᠢᠨ ᠤᠭ ᠤ᠋ᠨ ᠬᠡᠰᠡᠭ᠃ ᠬᠦᠵᠦᠭᠦᠦ ᠶ᠋ᠢᠨ ᠬᠡᠰᠡᠭ ᠃
ᠨᠠᠷᠢᠨ ᠬᠦᠵᠦᠭᠦᠦ
ᠪᠠᠭᠠᠯᠵᠤᠤᠷ ᠠ᠋ᠴᠠ ᠬᠦᠵᠦᠭᠦᠦ ᠶ᠋ᠢᠨ ᠳᠤᠮᠳᠠ ᠬᠡᠰᠡᠭ ᠬᠦᠷᠲᠡᠯᠡᠬᠢ ᠂ ᠠᠮᠠᠨ ᠬᠦᠵᠦᠭᠦᠦ ᠂ ᠠᠯᠲᠠᠨ ᠬᠦᠵᠦᠭᠦᠦ ᠂ ᠠᠬᠤᠷ ᠬᠦᠵᠦᠭᠦᠦ ᠶ᠋ᠢᠨ ᠬᠡᠰᠡᠭ᠃
ᠪᠦᠳᠦᠭᠦᠨ ᠬᠦᠵᠦᠭᠦᠦ
ᠬᠦᠵᠦᠭᠦᠨ ᠦ᠌ ᠳᠤᠮᠳᠠ ᠠ᠋ᠴᠠ ᠰᠡᠭᠡᠷ ᠬᠦᠷᠲᠡᠯᠡᠬᠢ ᠬᠦᠴᠦᠯ ᠬᠦᠵᠦᠭᠦᠦ ᠂ ᠳᠥᠰᠢ ᠬᠦᠵᠦᠭᠦᠦ ᠂ ᠮᠣᠬᠣᠭ᠎ᠠ ᠬᠦᠵᠦᠭᠦᠦ ᠶ᠋ᠢᠨ ᠬᠡᠰᠡᠭ᠃
ᠳᠠᠯᠠᠩ ᠲᠠᠷᠭᠤᠨ ᠠᠳᠤᠭᠤᠨ ᠤ᠋ ᠬᠦᠵᠦᠭᠦᠨ ᠳᠡᠭᠡᠷᠡᠬᠢ ᠥᠭᠡᠬᠦ᠃
ᠲᠤᠭᠤᠯᠭ᠎ᠠ ᠲᠠᠷᠭᠤᠨ ᠦᠬᠡᠷ ᠦ᠋ᠨ ᠬᠦᠵᠦᠭᠦᠨ ᠳᠡᠭᠡᠷᠡᠬᠢ ᠥᠭᠡᠬᠦ᠃
ᠭᠦᠷᠡᠭᠡ ᠬᠣᠭᠣᠯᠠᠢ ᠶ᠋ᠢᠨ ᠬᠣᠶᠠᠷ ᠬᠠᠵᠠᠭᠤ ᠶ᠋ᠢᠨ ᠪᠦᠳᠦᠭᠦᠨ ᠰᠤᠳᠠᠰᠤ᠃
ᠬᠣᠭᠣᠯᠠᠢ ᠬᠦᠵᠦᠭᠦᠨ ᠦ᠌ ᠳᠣᠣᠷᠠᠬᠢ ᠬᠡᠰᠡᠭ ᠲᠦ᠍ ᠪᠠᠢᠭ᠎ᠠ ᠶᠠᠭᠤᠮ᠎ᠠ ᠵᠠᠯᠭᠢᠬᠤ ᠮᠥᠷ᠃
ᠤᠯᠠᠭᠠᠨ ᠬᠣᠭᠣᠯᠢ ᠶᠠᠭᠤᠮ᠎ᠠ ᠵᠠᠯᠭᠢᠬᠤ ᠮᠥᠷ᠃
ᠴᠠᠭᠠᠨ ᠬᠣᠭᠣᠯᠠᠢ ᠠᠮᠢᠰᠬᠤᠯ ᠤ᠋ᠨ ᠮᠥᠷ ᠂ ᠪᠠᠰᠠ ᠮᠥᠭᠡᠷᠰᠦᠨ ᠬᠣᠭᠣᠯᠠᠢ ᠭᠡᠳᠡᠭ᠃
ᠤᠮᠤᠯᠤᠤᠷ ᠦᠬᠡᠷ ᠦ᠋ᠨ ᠬᠦᠵᠦᠭᠦᠨ ᠦ᠌ ᠳᠣᠣᠭᠤᠷ ᠪᠠᠢᠭ᠎ᠠ ᠨᠠᠪᠲᠠᠭᠠᠷ ᠠᠷᠠᠰᠤ᠃
ᠴᠡᠭᠡᠵᠢ ᠶ᠋ᠢᠨ ᠬᠡᠰᠡᠭ
ᠬᠠᠷ᠎ᠠ ᠴᠡᠭᠡᠵᠢ
ᠪᠦᠳᠦᠭᠦᠨ ᠬᠦᠵᠦᠭᠦᠨ ᠦ᠌ ᠲᠡᠭᠦᠰᠬᠡᠯ ᠬᠢᠭᠡᠳ ᠡᠭᠡᠮ ᠣᠮᠣᠷᠤᠤ ᠶ᠋ᠢᠨ ᠠᠭᠤᠯᠵᠠᠷ ᠬᠡᠰᠡᠭ᠃
ᠡᠭᠡᠮ
ᠮᠠᠯ ᠤ᠋ᠨ ᠥᠩᠭᠡᠯᠦᠦᠷ ᠦ᠋ᠨ ᠬᠣᠶᠠᠷ ᠬᠠᠵᠠᠭᠤ ᠶ᠋ᠢᠨ ᠬᠥᠨᠳᠡᠯᠡᠨ ᠶᠠᠰᠤᠨ ᠤ᠋ ᠬᠡᠰᠡᠭ᠃
ᠣᠮᠣᠷᠤᠤ
ᠬᠦᠵᠦᠭᠦᠨ ᠲᠡᠭᠦᠰᠬᠡᠯ ᠬᠢᠭᠡᠳ ᠡᠪᠴᠢᠭᠦᠨ ᠦᠵᠦᠭᠦᠷ ᠣᠷᠴᠢᠮ ᠤ᠋ᠨ ᠬᠡᠰᠡᠭ᠃
ᠪᠦᠳᠦᠷᠬᠡᠢ
ᠮᠠᠯ ᠤ᠋ᠨ ᠡᠪᠴᠢᠭᠦᠨ ᠦ᠌ ᠬᠣᠰᠢᠭᠤᠯᠵᠢᠨ ᠲᠠᠯ᠎ᠠ ᠶ᠋ᠢᠨ ᠱᠣᠪᠣᠢᠭᠰᠠᠨ ᠦᠵᠦᠭᠦᠷ ᠬᠡᠰᠡᠭ᠃
ᠡᠪᠴᠢᠭᠦᠦ
ᠮᠣᠷᠢ ᠮᠠᠯ ᠤ᠋ᠨ ᠴᠡᠭᠡᠵᠢᠨ ᠥᠪᠥᠷ ᠡᠲᠡᠭᠡᠳ ᠲᠦ᠍ ᠪᠠᠢᠭ᠎ᠠ ᠬᠠᠪᠢᠷᠭᠠᠨ ᠪᠥᠭᠰᠡᠨ ᠦ᠌ ᠮᠥᠭᠡᠷᠰᠦ ᠲᠡᠢ ᠵᠠᠯᠭᠠᠯᠳᠤᠭᠰᠠᠨ ᠤᠷᠲᠤ ᠭᠤᠷᠪᠠᠯᠵᠢᠨᠳᠠᠭᠤ ᠬᠠᠪᠲᠠᠭᠠᠢ ᠬᠡᠰᠡᠭ᠃
ᠡᠪᠴᠢᠭᠦᠨ ᠠᠶᠤᠮᠠᠬᠠᠢ
ᠡᠪᠴᠢᠭᠦᠨ ᠬᠣᠷᠮᠣᠢ ᠲᠠᠯ᠎ᠠ ᠳ᠋ᠠᠬᠢ ᠬᠠᠯᠪᠠᠭ᠎ᠠ ᠬᠡᠯᠪᠡᠷᠢᠲᠦ ᠮᠥᠭᠡᠷᠰᠦ᠃
ᠬᠠᠪᠢᠷᠭ᠎ᠠ ᠴᠡᠭᠡᠵᠢᠨ ᠬᠣᠶᠠᠷ ᠲᠠᠯ᠎ᠠ ᠶ᠋ᠢᠨ ᠬᠠᠨ᠎ᠠ ᠶ᠋ᠢ ᠪᠦᠲᠦᠭᠡᠭᠰᠡᠨ ᠤᠷᠲᠤ ᠶᠠᠰᠤ ᠨᠤᠭᠤᠳ᠃ ᠰᠦᠪᠡᠷᠭᠡ ᠬᠠᠪᠷᠭᠠᠨ ᠤ᠋ ᠡᠴᠦᠰ ᠦ᠋ᠨ ᠭᠤᠷᠪᠠᠨ ᠮᠥᠭᠡᠷᠰᠦ ᠲᠡᠢ ᠬᠠᠪᠢᠷᠭ᠎ᠠ᠃
ᠰᠡᠭᠡᠷ ᠴᠡᠭᠡᠵᠢᠨ ᠦ᠌ ᠳᠡᠭᠡᠳᠦ ᠡᠷᠬᠡᠲᠡᠨ ᠂ ᠮᠤᠨᠳᠠᠭ᠎ᠠ ᠰᠡᠷᠪᠡᠭᠡᠨ ᠦ᠌ ᠰᠠᠭᠤᠷᠢ ᠶᠠᠰᠤ᠃
ᠮᠤᠨᠳᠠᠭ᠎ᠠ
ᠮᠣᠷᠢᠨ ᠳ᠋ᠤ᠌ ᠠᠪᠴᠤ ᠬᠡᠯᠡᠪᠡᠯ ᠂ ᠬᠠᠮᠤᠭ ᠤ᠋ᠨ ᠥᠨᠳᠥᠷ ᠡᠷᠭᠦᠭᠳᠡᠭᠰᠡᠨ ᠰᠡᠭᠡᠷ ᠦ᠋ᠨ ᠰᠡᠷᠪᠡᠭᠡ᠃
ᠰᠡᠷᠪᠡᠭᠡ
ᠮᠣᠷᠢᠨ ᠠ᠋ᠴᠠ ᠪᠤᠰᠤᠳ ᠮᠠᠯ ᠤ᠋ᠨ ᠰᠡᠭᠡᠷ ᠦ᠋ᠨ ᠬᠠᠮᠤᠭ ᠥᠨᠳᠥᠷ ᠡᠷᠭᠦᠭᠳᠡᠭᠰᠡᠨ ᠬᠡᠰᠡᠭ᠃
ᠰᠤᠭᠤ ᠬᠠ ᠶ᠋ᠢᠨ ᠠᠷᠤ ᠶ᠋ᠢᠨ ᠳᠣᠲᠣᠷ ᠲᠠᠯ᠎ᠠ ᠶ᠋ᠢᠨ ᠵᠠᠪᠰᠠᠷ᠃
ᠨᠢᠷᠤᠭᠤ ᠶ᠋ᠢᠨ ᠬᠡᠰᠡᠭ
ᠨᠢᠷᠤᠭᠤ
ᠮᠤᠨᠳᠠᠭ᠎ᠠ ᠠ᠋ᠴᠠ ᠬᠣᠢᠰᠢ ᠬᠠᠷᠭᠠᠮ ᠬᠦᠷᠲᠡᠯᠡᠬᠢ ᠮᠣᠷᠢ ᠮᠠᠯ ᠤ᠋ᠨ ᠠᠷᠤ ᠭᠣᠣᠯ ᠳᠠᠭᠠᠤ ᠪᠠᠢᠭ᠎ᠠ ᠳᠣᠲᠣᠷ ᠢ᠋ᠶ᠋ᠠᠨ ᠨᠤᠭᠤᠰᠤ ᠪᠦᠬᠦᠢ ᠬᠡᠰᠡᠭ ᠬᠡᠰᠡᠭ ᠶᠠᠰᠤ᠃
ᠵᠣ
ᠮᠣᠷᠢ ᠮᠠᠯ ᠤ᠋ᠨ ᠨᠢᠷᠤᠭᠤᠨ ᠵᠢᠷᠤᠮ ᠢ᠋ᠶ᠋ᠠᠷ ᠪᠠ ᠨᠢᠷᠤᠭᠤᠨ ᠤ᠋ ᠬᠣᠶᠠᠷ ᠬᠠᠵᠠᠭᠤ ᠶ᠋ᠢᠨ ᠵᠤᠷᠠᠭ᠎ᠠ᠃
ᠬᠠᠷᠭᠠᠮ
ᠮᠣᠷᠢ ᠮᠠᠯ ᠤ᠋ᠨ ᠣᠯᠠᠨ ᠶᠠᠰᠤᠨ ᠤ᠋ ᠠᠭᠤᠯᠵᠠᠭᠤᠷ ᠪᠤᠶᠤ ᠲᠡᠭᠦᠨ ᠡᠴᠡ ᠡᠮᠦᠨᠡᠬᠡᠨ ᠬᠡᠰᠡᠭ ᠦ᠋ᠨ ᠳᠡᠭᠡᠭᠰᠢ ᠡᠷᠭᠦᠭᠳᠡᠭᠰᠡᠨ ᠭᠠᠵᠠᠷ᠃
ᠲᠡᠰᠢᠶ᠎ᠡ ᠮᠠᠯ ᠤ᠋ᠨ ᠰᠡᠭᠦᠵᠢᠨ ᠦ᠌ ᠳᠡᠭᠡᠳᠦ ᠲᠠᠯ᠎ᠠ ᠶ᠋ᠢᠨ ᠬᠠᠪᠲᠠᠭᠠᠢ ᠬᠡᠰᠡᠭ᠃
ᠬᠣᠨᠳᠣᠯᠠᠢ ᠮᠠᠯ ᠤ᠋ᠨ ᠪᠡᠶ᠎ᠡ ᠶ᠋ᠢᠨ ᠨᠢᠷᠤᠭᠤᠨ ᠤ᠋ ᠰᠢᠪᠲᠤᠷᠠᠬᠤ ᠠᠷᠤ ᠬᠡᠰᠡᠭ᠃
ᠰᠦᠪᠡᠭᠡ ᠰᠦᠪᠡᠭᠡ ᠂ ᠬᠠᠪᠢᠷᠭ᠎ᠠ ᠬᠢᠭᠡᠳ ᠰᠡᠭᠦᠵᠢᠨ ᠲᠣᠯᠣᠭᠠᠢ ᠬᠦᠷᠲᠡᠯᠡᠬᠢ ᠬᠡᠰᠡᠭ᠃
ᠠᠬᠤᠷ ᠰᠡᠭᠦᠯ ᠰᠡᠭᠦᠯ ᠦ᠋ᠨ ᠡᠬᠢᠨ ᠦ᠌ ᠨᠢᠭᠡᠳᠦᠭᠡᠷ ᠦᠶ᠎ᠡ ᠂ ᠰᠡᠭᠦᠯ ᠦ᠋ᠨ ᠤᠭ᠃
ᠰᠠᠮᠠᠢ
ᠠᠳᠤᠭᠤᠨ ᠤ᠋ ᠰᠡᠭᠦᠯ ᠦ᠋ᠨ ᠤᠭ ᠤᠵᠠᠭᠤᠷ ᠤ᠋ᠨ ᠠᠬᠤᠷ ᠳᠡᠯ᠃ ᠪᠠᠰᠠ ᠰᠠᠮᠪᠠᠢ ᠭᠡᠵᠦ ᠬᠡᠯᠡᠬᠦ ᠭᠠᠵᠠᠷ ᠪᠣᠢ᠃
ᠰᠡᠭᠦᠯ ① ᠠᠬᠤᠷ ᠰᠡᠭᠦᠯ ᠡᠴᠡ ᠰᠢᠷᠪᠠᠩ ᠰᠡᠭᠦᠯ ᠬᠦᠷᠲᠡᠯᠡᠬᠢ ᠶᠠᠰᠤᠨ ᠬᠡᠰᠡᠭ᠃
② ᠬᠢᠯᠭᠠᠰᠤ ᠪᠤᠶᠤ ᠥᠭᠡᠬᠦᠯᠢᠭ ᠰᠡᠭᠦᠯ᠃
ᠥᠭᠡᠵᠡᠭ ᠰᠡᠭᠦᠵᠢ ᠶ᠋ᠢᠨ ᠠᠷᠤ ᠥᠨᠴᠥᠭ ᠦ᠋ᠨ ᠲᠥᠪᠥᠭᠡᠷ᠃
ᠪᠦᠬᠦ ᠲᠡᠮᠡᠭᠡᠨ ᠦ᠌ ᠨᠢᠷᠤᠭᠤᠨ ᠳ᠋ᠠᠬᠢ ᠪᠣᠰᠤᠭ᠎ᠠ ᠬᠣᠶᠠᠷ ᠣᠪᠣᠭᠣᠷ᠃
ᠬᠣᠮ ᠲᠡᠮᠡᠭᠡᠨ ᠦ᠌ ᠬᠣᠶᠠᠷ ᠪᠦᠬᠦ ᠶ᠋ᠢᠨ ᠬᠣᠭᠣᠷᠣᠨᠳᠣᠬᠢ ᠨᠢᠷᠤᠭᠤᠨ ᠤ᠋ ᠥᠭᠡᠬᠦᠯᠢᠭ ᠮᠢᠬ᠎ᠠ᠃
