ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 3 > Хөх зул – Боржигон Ванжал –" Арван хоёр ᠂ яс махны нэрсийн бүлэг 3 "
3 . ᠳᠣᠲᠣᠷ ᠡᠷᠬᠡᠲᠡᠨ ᠦ᠌ ᠨᠡᠷᠡᠢᠳᠦᠯ
ᠲᠠᠪᠤᠨ ᠴᠤᠯᠤ
ᠵᠢᠷᠦᠬᠡ ᠴᠢᠰᠤᠨ ᠡᠷᠭᠢᠯᠲᠡ ᠶ᠋ᠢᠨ ᠭᠣᠣᠯ ᠡᠷᠬᠡᠲᠡᠨ᠃
ᠡᠯᠢᠭᠡ ᠴᠢᠰᠤᠨ ᠤ᠋ ᠬᠥᠮᠥᠷᠭᠡ ᠂ ᠴᠢᠰᠤ ᠬᠠᠩᠭᠠᠬᠤ ᠡᠷᠬᠡᠲᠡᠨ᠃
ᠠᠭᠤᠰᠬᠢ ᠠᠮᠢᠰᠬᠤᠯ ᠤ᠋ᠨ ᠡᠷᠬᠡᠲᠡᠨ᠃
ᠪᠥᠭᠡᠷ᠎ᠡ ᠢᠯᠭᠠᠬᠤ ᠡᠷᠬᠡᠲᠡᠨ᠃
ᠳᠡᠯᠢᠭᠦᠦ ᠰᠢᠩᠭᠡᠭᠡᠯᠲᠡ ᠶ᠋ᠢᠨ ᠡᠷᠬᠡᠲᠡᠨ᠃
ᠰᠢᠩᠭᠡᠭᠡᠯᠲᠡ ᠶ᠋ᠢᠨ ᠰᠢᠰᠲ᠋ᠧᠮ
ᠬᠡᠯᠡ ᠠᠮᠲᠠᠯᠠᠬᠤ ᠡᠷᠬᠡᠲᠡᠨ᠃
ᠪᠠᠭᠠᠯᠵᠠᠭᠤᠷ ᠵᠠᠯᠭᠢᠬᠤ ᠡᠷᠬᠡᠲᠡᠨ᠃
ᠤᠯᠠᠭᠠᠨ ᠬᠣᠭᠣᠯᠠᠢ ᠢᠳᠡᠰᠢ ᠤᠤᠭᠤᠰᠢ ᠳᠠᠮᠵᠢᠭᠤᠯᠬᠤ ᠡᠷᠬᠡᠲᠡᠨ᠃
ᠭᠦᠵᠡᠭᠡ ᠬᠡᠪᠢᠭᠴᠢ ᠠᠮᠢᠲᠠᠨ ᠤ᠋ ᠨᠢᠭᠡᠳᠦᠭᠡᠷ ᠲᠣᠮᠣ ᠬᠣᠳᠣᠭᠣᠳᠣ᠃
ᠭᠦᠵᠡᠭᠡᠨ ᠦ᠌ ᠦᠰᠦ ᠭᠦᠵᠡᠭᠡᠨ ᠦ᠌ ᠳᠣᠲᠣᠷᠠᠬᠢ ᠦᠰᠦ ᠰᠢᠭ ᠪᠤᠷᠵᠢᠭᠢᠷ ᠮᠢᠬ᠎ᠠ᠃
ᠭᠦᠵᠡᠭᠡᠨ ᠦ᠌ ᠬᠤᠵᠢᠷᠬᠠᠢ ᠭᠦᠵᠡᠭᠡᠨ ᠦ᠌ ᠨᠤᠭᠤᠯᠤᠭ᠎ᠠ ᠬᠡᠰᠡᠭ᠃
ᠤᠮᠤᠰᠤ ᠠᠳᠤᠭᠤᠨ ᠤ᠋ ᠨᠢᠭᠡᠳᠦᠭᠡᠷ ᠲᠣᠮᠣ ᠬᠣᠳᠣᠭᠣᠳᠣ᠃
ᠬᠡᠷᠬᠡᠨᠡᠭ
ᠰᠠᠢᠨ ᠰᠠᠷᠬᠢᠨᠠᠭ ᠂ ᠭᠦᠵᠡᠭᠡ ᠡᠴᠡ ᠵᠠᠯᠭᠠᠵᠤ ᠪᠠᠢᠭ᠎ᠠ ᠬᠡᠪᠢᠭᠴᠢ ᠮᠠᠯ ᠤ᠋ᠨ ᠬᠣᠶᠠᠳᠤᠭᠠᠷ ᠪᠣᠯᠬᠤ ᠵᠢᠵᠢᠭ ᠬᠣᠳᠣᠭᠣᠳᠣ᠃
ᠬᠡᠷᠬᠡᠨᠲᠡᠢ ᠬᠡᠷᠬᠡᠨᠡᠭ ᠦ᠋ᠨ ᠥᠭᠡᠷ᠎ᠡ ᠨᠢᠭᠡ ᠬᠡᠯᠡᠯᠭᠡ᠃
ᠬᠣᠷᠬᠣᠨᠳᠠᠢ
ᠠᠳᠤᠭᠤᠨ ᠤ᠋ ᠬᠣᠶᠠᠳᠤᠭᠠᠷ ᠵᠢᠵᠢᠭ ᠬᠣᠳᠣᠭᠣᠳᠣ᠃ ᠬᠡᠷᠬᠡᠨᠳᠡᠢ ᠶ᠋ᠢᠨ ᠥᠭᠡᠷ᠎ᠡ ᠬᠡᠯᠡᠯᠭᠡ᠃
ᠰᠠᠷᠬᠢᠨᠠᠭ
ᠮᠠᠭᠤ ᠰᠠᠷᠬᠢᠨᠠᠭ᠃ ᠬᠡᠷᠬᠡᠨᠡᠭ ᠡᠴᠡ ᠵᠠᠯᠭᠠᠵᠤ ᠪᠠᠢᠭ᠎ᠠ ᠬᠡᠪᠢᠭᠴᠢ ᠮᠠᠯ ᠤ᠋ᠨ ᠭᠤᠷᠪᠠᠳᠤᠭᠠᠷ ᠵᠢᠵᠢᠭ ᠬᠣᠳᠣᠭᠣᠳᠣ᠃
ᠵᠢᠷᠠᠨ ᠴᠦᠩᠬᠦᠷᠦᠭ
ᠲᠡᠮᠡᠭᠡᠨ ᠦ᠌ ᠮᠠᠭᠤ ᠰᠠᠷᠬᠢᠨᠠᠭ ᠃ ᠪᠠᠰᠠ ᠳᠠᠯᠠᠨ ᠳᠠᠩᠰᠠ ᠭᠡᠳᠡᠭ ᠴᠦ᠍ ᠪᠣᠢ᠃
ᠬᠣᠳᠣᠭᠣᠳᠣ
ᠬᠡᠪᠢᠭᠴᠢ ᠮᠠᠯ ᠤ᠋ᠨ ᠳᠥᠷᠪᠡᠨ ᠬᠣᠳᠣᠭᠣᠳᠣ ᠶ᠋ᠢᠨ ᠳᠥᠷᠪᠡᠳᠦᠭᠡᠷ ᠪᠣᠯᠬᠤ ᠵᠢᠩᠬᠢᠨᠢ ᠬᠣᠳᠣᠭᠣᠳᠣ ᠃
ᠨᠠᠷᠢᠨ ᠭᠡᠳᠡᠰᠦ
ᠬᠣᠳᠣᠭᠣᠳᠣᠨ ᠤ᠋ ᠳᠣᠣᠷ᠎ᠠ ᠠᠮᠠᠰᠠᠷ ᠠ᠋ᠴᠠ ᠵᠠᠯᠭᠠᠯᠳᠤᠨ ᠮᠤᠬᠤᠷ ᠣᠯᠣᠭᠠᠢ ᠬᠦᠷᠲᠡᠯᠡᠬᠢ ᠭᠡᠳᠡᠰᠦ ᠃ ᠡᠭᠦᠨ ᠢ᠋ ᠳᠣᠲᠣᠷ᠎ᠠ ᠨᠢ ᠠᠷᠪᠠᠨ ᠬᠣᠶᠠᠷ ᠬᠤᠷᠤᠭᠤ ᠭᠡᠳᠡᠰᠦ ᠂ ᠥᠯᠥᠨ ᠭᠡᠳᠡᠰᠦ ᠂ ᠲᠡᠰᠢᠶ᠎ᠡ ᠭᠡᠳᠡᠰᠦ ᠭᠡᠵᠦ ᠬᠡᠳᠦ ᠬᠤᠪᠢᠶᠠᠨ᠎ᠠ᠃
ᠬᠠᠲᠤᠨ ᠭᠡᠳᠡᠰᠦ ᠠᠳᠤᠭᠤᠨ ᠤ᠋ ᠨᠠᠷᠢᠨ ᠭᠡᠳᠡᠰᠦ ᠶ᠋ᠢ ᠬᠡᠯᠡᠨ᠎ᠡ᠃
ᠠᠷᠪᠠᠨ ᠬᠣᠶᠠᠷ ᠬᠤᠷᠤᠭᠤ ᠭᠡᠳᠡᠰᠦ
ᠵᠢᠩᠬᠢᠨᠢ ᠬᠣᠳᠣᠭᠣᠳᠣᠨ ᠤ᠋ ᠳᠣᠣᠷ᠎ᠠ ᠠᠮᠠ ᠠ᠋ᠴᠠ ᠡᠬᠢᠯᠡᠵᠦ ᠡᠯᠢᠭᠡᠨ ᠬᠠᠪᠢ ᠬᠦᠷᠬᠦ ᠭᠡᠳᠡᠰᠦᠨ ᠦ᠌ ᠬᠡᠰᠡᠭ᠃ ᠮᠣᠩᠭᠣᠯ ᠢ᠋ᠶ᠋ᠠᠷ ᠨᠤᠭᠤᠯᠤᠭᠤᠷ ᠭᠡᠳᠡᠰᠦ ᠭᠡᠳᠡᠭ᠃
ᠥᠯᠥᠨ ᠭᠡᠳᠡᠰᠦ
ᠠᠷᠪᠠᠨ ᠬᠣᠶᠠᠷ ᠬᠤᠷᠤᠭᠤ ᠭᠡᠳᠡᠰᠦᠨ ᠡᠴᠡ ᠵᠠᠯᠭᠠᠨ ᠡᠭᠦᠰᠦᠭᠰᠡ 25 - 30 ᠮᠧᠲ᠋ᠷ ᠤᠷᠲᠤ ᠭᠡᠳᠡᠰᠦ᠃
ᠲᠡᠰᠢᠶ᠎ᠡ ( ᠰᠢᠪᠲᠤᠷᠠᠭ᠎ᠠ ) ᠭᠡᠳᠡᠰᠦ
ᠥᠯᠥᠨ ᠭᠡᠳᠡᠰᠦᠨ ᠡᠴᠡ ᠵᠠᠯᠭᠠᠨ ᠡᠭᠦᠰᠴᠦ ᠂ ᠣᠯᠣᠭᠠᠢ ᠳ᠋ᠤ᠌ ᠨᠡᠢᠯᠡᠬᠦ 30 - 50 ᠮᠧᠲ᠋ᠷ ᠦ᠋ᠨ ᠤᠷᠲᠤ ᠭᠡᠳᠡᠰᠦ᠃
ᠣᠯᠣᠭᠠᠢ
ᠨᠠᠷᠢᠨ ᠂ ᠪᠦᠳᠦᠭᠦᠨ ᠭᠡᠳᠡᠰᠦᠨ ᠦ᠌ ᠵᠠᠪᠰᠠᠷ ᠲᠤ᠌ ᠪᠠᠢᠭ᠎ᠠ ᠬᠡᠪᠢᠭᠴᠢ ᠮᠠᠯ ᠤ᠋ᠨ ᠲᠠᠪᠤᠳᠤᠭᠠᠷ ᠬᠣᠳᠣᠭᠣᠳᠣ᠃
ᠪᠦᠳᠦᠭᠦᠨ ᠭᠡᠳᠡᠰᠦ
ᠣᠯᠣᠭᠠᠢ ᠠ᠋ᠴᠠ ᠵᠠᠯᠭᠠᠨ ᠡᠭᠦᠰᠦᠭᠰᠡᠨ 15 ᠮᠧᠲ᠋ᠷ ᠤᠷᠲᠤ ᠬᠣᠰᠬᠢᠨᠠᠭ ᠬᠦᠷᠲᠡᠯᠡᠬᠢ ᠭᠡᠳᠡᠰᠦ ᠃ ᠪᠠᠰᠠ ᠵᠠᠷᠢᠮ ᠨᠢ ᠬᠠᠷ᠎ᠠ ᠭᠡᠳᠡᠰᠦ ᠴᠦ᠍ ᠭᠡᠳᠡᠭ ᠃ ᠡᠨᠡ ᠭᠡᠳᠡᠰᠦ ᠶ᠋ᠢ ᠳᠣᠲᠣᠷ᠎ᠠ ᠨᠢ ᠮᠤᠬᠤᠷ ᠣᠯᠣᠭᠠᠢ ᠂ ᠬᠣᠲᠣᠷᠢᠩᠬᠠᠢ ( ᠴᠠᠭᠠᠷᠢᠭ ) ᠭᠡᠳᠡᠰᠦ ᠂ ᠴᠢᠴᠠᠷᠬᠠᠢ ( ᠳᠠᠪᠬᠤᠷ ) ᠭᠡᠳᠡᠰᠦ ᠂ ᠰᠢᠯᠤᠭᠤᠨ ( ᠬᠣᠰᠬᠢᠨᠠᠭ ) ᠭᠡᠳᠡᠰᠦ ᠭᠡᠵᠦ ᠬᠤᠪᠢᠶᠠᠨ᠎ᠠ᠃
ᠬᠢᠲᠠᠢ
ᠠᠳᠤᠭᠤᠨ ᠤ᠋ ᠪᠦᠳᠦᠭᠦᠨ ᠭᠡᠳᠡᠰᠦᠨ ᠦ᠌ ᠨᠡᠷ᠎ᠡ ᠃ ᠮᠥᠨ ᠪᠦᠳᠦᠭᠦᠨ ᠭᠡᠳᠡᠰᠦᠨ ᠦ᠌ ᠥᠭᠡᠷ᠎ᠡ ᠨᠢᠭᠡ ᠬᠡᠯᠡᠯᠭᠡ᠃
ᠬᠣᠲᠣᠷᠢᠩᠬᠠᠢ
ᠲᠠᠰᠢᠶ᠎ᠠ ᠭᠡᠳᠡᠰᠦ ᠪᠣᠯᠤᠨ ᠣᠯᠣᠭᠠᠢ ᠶ᠋ᠢᠨ ᠠᠭᠤᠯᠵᠠᠷ ᠠᠮᠠ ᠠ᠋ᠴᠠ ᠵᠠᠯᠭᠠᠯᠳᠤᠨ ᠡᠭᠦᠰᠴᠦ ᠴᠠᠭᠠᠷᠢᠭᠯᠠᠨ ᠲᠣᠭᠲᠠᠭᠰᠠᠨ ᠭᠡᠳᠡᠰᠦ᠃ ᠪᠠᠰᠠ ᠴᠠᠭᠠᠷᠢᠭ ᠭᠡᠳᠡᠰᠦ ᠴᠦ᠍ ᠭᠡᠳᠡᠭ᠃
ᠴᠢᠴᠠᠷᠬᠠᠢ
ᠬᠣᠲᠣᠷᠢᠩᠬᠠᠢ ᠶ᠋ᠢᠨ ᠴᠠᠭᠠᠷᠢᠭ ᠠ᠋ᠴᠠ ᠵᠠᠯᠭᠠᠯᠳᠤᠨ ᠨᠠᠭᠠᠰᠢ ᠴᠠᠭᠠᠰᠢ ᠡᠪᠬᠡᠷᠡᠵᠦ ᠡᠷᠭᠢᠨ ᠲᠣᠭᠲᠠᠭᠰᠠᠨ ᠭᠡᠳᠡᠰᠦ᠃ ᠪᠠᠰᠠ ᠳᠠᠪᠬᠤᠷ ᠭᠡᠳᠡᠰᠦ ᠭᠡᠵᠦ ᠬᠡᠯᠡᠳᠡᠭ᠃ ᠵᠠᠷᠢᠮ ᠨᠢ ᠴᠢᠴᠠᠷᠬᠠᠢ ᠶ᠋ᠢ ᠭᠡᠳᠡᠰᠦᠨ ᠦ᠌ ᠨᠠᠭᠠᠯᠳᠤᠭᠤᠷ ᠥᠭᠡᠬᠦ ᠶ᠋ᠢ ᠬᠡᠯᠡᠨ᠎ᠡ ᠭᠡᠳᠡᠭ᠃ ᠭᠡᠲᠡᠯ᠎ᠡ 《ᠮᠠᠯ ᠤ᠋ᠨ ᠠᠨᠠᠲ᠋ᠣᠮᠢ 》ᠬᠢᠭᠡᠳ ᠴᠸᠪᠠᠯ ᠤ᠋ᠨ ᠲᠣᠯᠢ ᠳ᠋ᠤ᠌ :《ᠥᠭᠡᠬᠦ ᠲᠡᠢ ᠨᠠᠷᠢᠨ ᠭᠡᠳᠡᠰᠦ 》ᠭᠡᠵᠦ ᠪᠣᠢ᠃ ᠤᠷᠠᠳᠴᠤᠳ ᠡᠭᠦᠨ ᠢ᠋ ᠳᠠᠪᠬᠤᠷ ᠭᠡᠳᠡᠰᠦ ᠭᠡᠨ᠎ᠡ᠃ ᠳ᠂ ᡀᠮᠤᠰᠥ᠋ᠷᠦᠩ ᠴᠦ᠍ ᠬᠡᠪᠢᠯᠬᠡᠲᠡᠢ ᠮᠠᠯ ᠤ᠋ᠨ ᠰᠡᠭᠦᠯᠴᠢ ᠨᠠᠷᠢᠨ ᠭᠡᠳᠡᠰᠦ ᠭᠡᠵᠡᠢ᠃
ᠲᠣᠭᠣᠷᠢᠩᠬᠠᠢ
ᠲᠣᠭᠣᠷᠢᠩᠬᠠᠢ ᠭᠡᠳᠡᠰᠦ ᠶ᠋ᠢ ᠥᠩᠭᠡᠷᠡᠭᠰᠡᠨ ᠦ᠌ ᠲᠣᠯᠢ ᠪᠦᠷᠢ ᠳ᠋ᠦ᠍ :《ᠭᠠᠬᠠᠢ ᠶ᠋ᠢᠨ ᠨᠠᠷᠢᠨ ᠭᠡᠳᠡᠰᠦ 》ᠭᠡᠵᠦ ᠲᠠᠢᠯᠵᠤ᠂ ᠮᠠᠯ ᠳᠡᠭᠡᠷ᠎ᠡ ᠶᠡᠷᠦ ᠳᠤᠷᠠᠳᠤᠭᠰᠠᠨ ᠦᠭᠡᠢ ᠃ ᠮᠢᠨᠦ ᠦᠵᠡᠬᠦ ᠪᠡᠷ ᠡᠨᠡ ᠨᠢ ᠮᠠᠯ ᠳᠡᠭᠡᠷ᠎ᠡ ᠬᠡᠯᠡᠪᠡᠯ : 《ᠪᠦᠳᠦᠭᠦᠨ ᠭᠡᠳᠡᠰᠦᠨ ᠦ᠌ ᠥᠭᠡᠬᠦᠨ ᠳᠣᠲᠣᠷ᠎ᠠ ᠳᠠᠭᠤᠳᠠ ᠪᠠᠢᠳᠠᠭ ᠵᠠᠷᠢᠮ ᠭᠠᠵᠠᠷ ᠲᠠᠭᠠᠨ ᠪᠠᠭᠠᠰᠤᠲᠠᠢ ᠬᠣᠷᠭᠣᠯ ᠲᠠᠢ ᠭᠡᠳᠡᠰᠦ ᠰᠢᠤᠬᠠᠨ ᠶᠠᠭᠤᠮ᠎ᠠ 》 ᠶ᠋ᠢ ᠬᠡᠯᠡᠳᠡᠭ ᠰᠢᠭ᠃ ᠶᠠᠭᠤ ᠭᠡᠪᠡᠯ ᠡᠨᠡ ᠥᠭᠡᠬᠦᠨ ᠳ᠋ᠦ᠍ ᠣᠯᠠᠨ ᠪᠤᠯᠴᠢᠷᠬᠠᠢ ᠲᠠᠢ ᠭᠡᠳᠡᠰᠦ ᠰᠢᠭ ᠮᠠᠭᠤᠬᠠᠢ ᠶᠠᠭᠤᠮ᠎ᠠ ᠪᠠᠢᠳᠠᠭ ᠢ᠋ᠶ᠋ᠠᠷ ᠥᠩᠭᠡᠷᠡᠭᠰᠡᠨ ᠳ᠋ᠦ᠍ ᠪᠦᠷ ᠰᠢᠷᠠᠵᠤ ᠢᠳᠡᠳᠡᠭ᠃ ᠶᠡᠷᠦ ᠨᠢ ᠬᠠᠷᠠᠴᠤ ᠡᠭᠡᠯ ᠬᠥᠮᠦᠰ ᠦ᠋ᠨ ᠬᠣᠭᠣᠯᠠ ᠪᠠᠢᠯ᠎ᠠ᠃
ᠪᠠᠭᠠᠷᠢᠨ ᠳ᠋ᠤ᠌ ᠡᠢᠮᠦ ᠨᠢᠭᠡ ᠳᠣᠮᠣᠭ ᠰᠢᠭ᠋ ᠦᠯᠢᠭᠡᠷ ᠪᠠᠢᠳᠠᠭ᠃ ᠨᠢᠭᠡ ᠡᠬᠡᠨᠡᠷ ᠡᠴᠡ ᠪᠡᠨ ᠠᠶᠤᠭᠰᠠᠨ ᠨᠣᠶᠠᠨ ᠲᠠᠢ ᠠᠯᠪᠠᠲᠤ ᠪᠠᠢᠵᠤ ᠭᠡᠨ᠎ᠡ᠃ ᠲᠡᠭᠡᠭᠡᠳ ᠠᠯᠪᠠᠲᠤ ᠨᠢ ᠨᠣᠶᠠᠨ ᠳ᠋ᠠᠭᠠᠨ ᠬᠣᠨᠢ ᠠᠯᠠᠵᠤ ᠥᠭᠭᠦᠭᠰᠡᠨ ᠳ᠋ᠦ᠍ ᠨᠣᠶᠠᠨ ᠨᠢ ᠠᠯᠪᠠᠲᠤ ᠳ᠋ᠠᠭᠠᠨ ᠲᠣᠭᠣᠷᠢᠩᠬᠠᠢ ᠠᠪᠴᠤ ᠥᠭᠴᠦ ᠭᠡᠨ᠎ᠡ᠃ ᠠᠯᠪᠠᠲᠤ ᠨᠢ ᠲᠣᠭᠣᠷᠢᠩᠬᠠᠢ ᠪᠠᠨ ᠲᠤᠯᠭᠠᠨ ᠭᠠᠯ ᠳ᠋ᠤ᠌ ᠬᠢᠵᠦ ᠰᠢᠷᠠᠵᠤ ᠪᠠᠢᠲᠠᠯ᠎ᠠ ᠬᠠᠲᠤᠨ ᠨᠢ ᠣᠷᠣᠭᠠᠳ ᠢᠷᠡᠵᠦ ᠭᠡᠨ᠎ᠡ ᠃ ᠢᠩᠭᠢᠬᠦᠯᠡᠷ ᠨᠣᠶᠠᠨ ᠨᠢ 《ᠬᠠᠲᠤᠨ !》 ᠭᠡᠵᠦ ᠰᠣᠴᠢᠮᠠᠬᠠᠢ ᠬᠡᠯᠡᠬᠦ ᠳ᠋ᠦ᠍᠂ ᠠᠯᠪᠠᠲᠤ ᠨᠢ ᠰᠠᠨᠳᠤᠷᠤᠭᠠᠳ ᠰᠢᠷᠠᠵᠤ ᠪᠠᠢᠭᠰᠠᠨ ᠲᠣᠭᠣᠷᠢᠩᠬᠠᠢ ᠪᠠᠨ ᠠᠪᠤᠭᠠᠳ ᠡᠪᠦᠷᠲᠦᠯᠡᠭᠰᠡᠨ ᠴᠢᠨᠢ ᠬᠠᠯᠠᠭᠠᠳ ᠲᠡᠰᠬᠦ ᠪᠡᠨ ᠪᠠᠢᠵᠠᠢ ᠭᠡᠨ᠎ᠡ᠃ ᠢᠩᠭᠢᠬᠦᠯᠡᠷ ᠨᠣᠶᠠᠨ ᠨᠢ ᠠᠯᠪᠠᠲᠤ ᠪᠠᠨ : 《ᠭᠠᠷ ! ᠲᠡᠭᠷᠢ ᠪᠡᠨ ᠦᠵᠡᠭᠡᠳ ᠢᠷ᠎ᠡ ! 》 ᠭᠡᠵᠦ ᠭᠡᠨ᠎ᠡ᠃ ᠲᠡᠢᠨ ᠬᠦ᠌ ᠠᠯᠪᠠᠲᠤ ᠨᠢ ᠭᠠᠷᠴᠤ ᠲᠣᠭᠣᠷᠢᠩᠬᠠᠢ ᠪᠠᠨ ᠢᠳᠡᠴᠢᠭᠡᠳ ᠣᠷᠣᠵᠤ ᠢᠷᠡᠬᠦ ᠳ᠋ᠦ᠍ ᠨᠣᠶᠠᠨ ᠨᠢ 《ᠲᠡᠭᠷᠢ ᠶ᠋ᠢᠨ ᠴᠢᠷᠠᠢ ᠶᠠᠮᠠᠷ ? 》 ᠭᠡᠵᠦ ᠠᠰᠠᠭᠤᠬᠤ ᠳ᠋ᠤ᠌ ᠂ ᠠᠯᠪᠠᠲᠤ ᠨᠢ 《ᠮᠡᠷᠭᠡᠨ ᠭᠡᠵᠦ ᠠ᠋ ! ᠨᠣᠶᠠᠨ᠂ ᠮᠡᠯᠴᠡᠢᠨᠡ ᠭᠡᠵᠦ ᠠ᠋ ! ᠲᠡᠭᠷᠢ᠂ ᠬᠠᠯᠠ ᠲᠠᠢ ᠭᠡᠵᠦ ᠠ᠋ ! ᠬᠠᠲᠤᠨ᠂ ᠬᠠᠯᠠᠭᠤᠨ ᠭᠡᠵᠦ ᠠ᠋ ! ᠲᠣᠭᠣᠷᠢᠩᠬᠠᠢ ! 》ᠭᠡᠵᠦ ᠬᠠᠷᠢᠭᠤᠯᠤᠭᠰᠠᠨ ᠭᠡᠨ᠎ᠡ᠃ ᠡᠭᠦᠨ ᠡᠴᠡ ᠦᠵᠡᠪᠡᠯ᠂ ᠮᠠᠭᠤᠬᠠᠢ ᠪᠣᠯᠬᠣᠷ ᠠᠯᠪᠠᠲᠤ ᠬᠠᠷᠠᠴᠤ ᠰᠢᠷᠠᠵᠤ ᠢᠳᠡᠳᠡᠭ ᠃ ᠵᠢᠴᠢ ᠡᠨᠡ ᠦᠯᠢᠭᠡᠷ ᠦ᠋ᠨ ᠰᠢᠷᠠᠭᠰᠠᠨ ᠲᠣᠭᠣᠷᠢᠩᠬᠠᠢ᠂ ᠪᠠᠭᠠᠷᠢᠨᠴᠤᠳ ᠤ᠋ᠨ ᠬᠡᠯᠡᠳᠡᠭ 《ᠭᠡᠳᠡᠰᠦᠨ ᠦ᠌ ᠲᠣᠭᠣᠷᠢᠩᠬᠠᠢ 》 ᠭᠡᠳᠡᠭ ᠵᠡᠷᠭᠡ ᠨᠢ ᠶᠣᠰᠣᠲᠠᠢ ᠬᠥᠪᠦᠭᠰᠡᠨ ᠭᠡᠳᠡᠰᠦᠨ ᠡᠴᠡ ᠬᠣᠴᠣᠷᠳᠠᠭ ᠥᠭᠡᠬᠦ ᠲᠡᠢ ᠭᠡᠳᠡᠰᠦ ᠰᠢᠭ ᠦ᠋ᠨ ᠤᠨᠤᠭᠠᠳᠠᠢ ᠨᠡᠷ᠎ᠡ ᠨᠢ ᠪᠤᠶᠤ ᠭᠡᠵᠦ ᠡᠨᠳᠡ ᠲᠡᠮᠳᠡᠭᠯᠡᠪᠡ᠃ ᠤᠷᠠᠳ ᠲᠤ᠌ ᠭᠡᠳᠡᠰᠦᠨ ᠦ᠌ ᠥᠭᠡᠬᠦ ᠶ᠋ᠢ ᠴᠢᠴᠠᠷᠠᠬᠠᠢ ᠭᠡᠨ᠎ᠡ᠃
ᠰᠢᠯᠤᠭᠤᠨ ᠭᠡᠳᠡᠰᠦ
ᠴᠢᠴᠠᠷᠬᠠᠢ ( ᠳᠠᠪᠬᠤᠷ ) ᠭᠡᠳᠡᠰᠦᠨ ᠡᠴᠡ ᠵᠠᠯᠭᠠᠵᠤ ᠪᠣᠢ᠂ ᠪᠦᠳᠦᠭᠦᠨ ᠭᠡᠳᠡᠰᠦᠨ ᠦ᠌ ᠬᠠᠮᠤᠭ ᠰᠡᠭᠦᠯᠴᠢ ᠶ᠋ᠢᠨ ᠬᠡᠰᠡᠭ ᠃ ᠪᠠᠰᠠ ᠬᠣᠰᠬᠢᠨᠠᠭ ᠴᠤ᠌ ᠭᠡᠳᠡᠭ᠃ ᠴᠠᠭᠠᠨ ᠮᠢᠬ᠎ᠠ ᠭᠡᠳᠡᠭ ᠭᠠᠵᠠᠷ ᠴᠤ᠌ ᠪᠣᠢ ᠃
ᠰᠥᠰᠥ ᠢᠯᠭᠠᠷᠠᠭᠤᠯᠵᠤ ᠱᠦᠭᠦᠷᠡᠭᠦᠯᠬᠦ ᠡᠷᠬᠡᠲᠡᠨ᠃
ᠳᠠᠪᠤᠰᠠᠩ ᠰᠢᠭᠡᠰᠦ ᠢᠯᠭᠠᠷᠠᠭᠤᠯᠬᠤ ᠡᠷᠬᠡᠲᠡᠨ᠃
