ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 2-2 > Хөх зул – Боржигон Ванжал –" Арван хоёр ᠂ яс махны нэрсийн бүлэг 2-2 "
ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 2-2
ᠬᠠ ᠶ᠋ᠢᠨ ᠬᠡᠰᠡᠭ
ᠬᠠ ᠮᠠᠯ ᠤ᠋ᠨ ᠡᠮᠦᠨ᠎ᠡ ᠬᠣᠶᠠᠷ ᠬᠥᠯ ᠃
ᠳᠠᠯᠤ ᠬᠠ ᠶ᠋ᠢᠨ ᠨᠢᠭᠡᠳᠦᠭᠡᠷ ᠦᠶ᠎ᠡ ᠶ᠋ᠢᠨ ᠭᠤᠷᠪᠠᠯᠵᠢᠨᠳᠠᠭᠤ ᠬᠠᠪᠲᠠᠭᠠᠢ ᠦᠶ᠎ᠡ᠃
ᠬᠠᠷᠢᠲᠤ
ᠬᠠ ᠶ᠋ᠢᠨ ᠬᠣᠶᠠᠳᠤᠭᠠᠷ ᠴᠢᠮᠥᠭᠡᠲᠦ ᠦᠶ᠎ᠡ ᠃ ᠪᠠᠰᠠ 《ᠠᠳᠬᠤᠭᠠᠯ ᠴᠢᠮᠥᠭᠡ 》᠂ 《ᠬᠠᠢᠨ ᠴᠢᠮᠥᠭᠡ 》᠂ 《ᠪᠤᠭᠤᠯᠤᠭ ᠴᠢᠮᠥᠭᠡ 》 ᠭᠡᠬᠦ ᠮᠡᠲᠦ ᠣᠯᠠᠨ ᠨᠡᠷᠡᠰ ᠪᠠᠢᠳᠠᠭ᠃
ᠪᠣᠭᠲᠣ ᠴᠢᠮᠥᠭᠡ
ᠬᠠ ᠶ᠋ᠢᠨ ᠭᠤᠷᠪᠠᠳᠤᠭᠠᠷ ᠴᠢᠮᠥᠭᠡᠲᠦ ᠦᠶ᠎ᠡ ᠃ ᠪᠠᠰᠠ 《ᠪᠣᠭᠲᠣᠰ 》᠂ 《ᠪᠣᠭᠲᠣᠭᠣᠰᠣ 》ᠭᠡᠳᠡᠭ᠃
ᠡᠪᠦᠳᠦᠭ
ᠪᠣᠭᠲᠣᠭᠣᠰᠣ ᠴᠢᠮᠥᠭᠡ ᠬᠢᠭᠡᠳ ᠰᠢᠯᠪᠢ ᠬᠣᠶᠠᠷ ᠤ᠋ᠨ ᠨᠡᠢᠯᠡᠭᠰᠡᠨ ᠦᠶ᠎ᠡ ᠳ᠋ᠡᠬᠢ ᠲᠥᠪᠥᠭᠡᠷ ᠃ ᠪᠠᠰᠠ ᠬᠠᠭᠳᠠ ᠦᠶ᠎ᠡ ᠭᠡᠳᠡᠭ᠃
ᠰᠢᠯᠪᠢ ᠬᠠ ᠶ᠋ᠢᠨ ᠳᠥᠷᠪᠡᠳᠦᠭᠡᠷ ᠴᠢᠮᠥᠭᠡᠲᠦ ᠦᠶ᠎ᠡ᠃
ᠪᠡᠷᠪᠡᠬᠡᠢ ᠰᠢᠯᠪᠢ ᠰᠢᠮᠰᠡᠭᠡ ᠬᠣᠶᠠᠷ ᠤ᠋ᠨ ᠨᠡᠢᠯᠡᠪᠦᠷᠢ ᠦᠶ᠎ᠡ ᠶ᠋ᠢᠨ ᠣᠯᠠᠨ ᠶᠠᠰᠤᠲᠤ ᠬᠡᠰᠡᠭ᠃
ᠰᠢᠮᠰᠡᠭᠡ ( ᠴᠥᠮᠥᠭᠡ )
ᠪᠡᠷᠪᠡᠬᠡᠢ ᠦᠶ᠎ᠡ ᠬᠢᠭᠡᠳ ᠲᠠᠪᠠᠭ ᠤ᠋ᠨ ᠳᠤᠮᠳᠠ ᠪᠠᠢᠭ᠎ᠠ ᠦᠶ᠎ᠡ᠃ ᠡᠭᠦᠨ ᠢ᠋ ᠵᠠᠷᠢᠮ ᠨᠢ 《ᠪᠡᠷᠪᠡᠬᠡᠢ 》᠂ ᠵᠠᠷᠢᠮ ᠨᠢ 《ᠳᠠᠭᠠᠯᠴᠠᠭ 》( ᠰᠠᠯᠪᠠᠭ ᠲᠭᠣᠷᠠᠢᠢᠲᠠᠨ ᠳ᠋ᠤ᠌ ᠬᠡᠯᠡᠬᠦ ) ᠴᠦ᠍ ᠭᠡᠵᠦ ᠶᠠᠩᠵᠤ ᠶᠠᠩᠵᠤ ᠪᠠᠷ ᠨᠡᠷᠡᠯᠡᠳᠡᠭ ᠃ ᠮᠠᠨ ᠤ᠋ ᠤᠷᠠᠳᠴᠤᠳ : 《ᠮᠣᠷᠢᠨ ᠤ᠋ ᠰᠢᠮᠰᠡᠭᠡ ᠨᠢ ᠠᠬᠤᠷ ᠪᠥᠭᠡᠳ ᠪᠣᠰᠤᠭ᠎ᠠ ᠨᠢ ᠰᠠᠢᠨ ᠂ ᠬᠣᠯᠠ ᠳᠠᠪᠬᠢᠬᠤ ᠳ᠋ᠤ᠌ ᠵᠣᠬᠢᠮᠵᠢᠲᠠᠢ ᠂ ᠬᠥᠯ ᠭᠡᠮᠲᠦᠬᠦ ᠦᠭᠡᠢ ᠵᠡᠷᠭᠡ ᠰᠠᠢᠨ ᠲᠠᠢ 》ᠭᠡᠳᠡᠭ᠃
ᠲᠤᠭᠤᠷᠠᠢ ᠮᠣᠷᠢᠨ ᠤ᠋ ᠬᠥᠯ ᠦ᠋ᠨ ᠡᠪᠡᠷᠯᠢᠭ ᠬᠡᠰᠡᠭ᠃
ᠬᠣᠭᠢᠰᠣ ᠦᠬᠡᠷ ᠂ ᠬᠣᠨᠢ ᠂ ᠢᠮᠠᠭᠠᠨ ᠤ᠋ ᠬᠥᠯ ᠦ᠋ᠨ ᠡᠪᠡᠷᠯᠢᠭ ᠬᠡᠰᠡᠭ᠃
ᠲᠠᠪᠠᠭ ᠪᠠᠰᠠ ᠲᠠᠪᠠᠬᠠᠢ ᠭᠡᠳᠡᠭ᠃ ᠲᠡᠮᠡᠭᠡᠨ ᠦ᠌ ᠭᠠᠵᠠᠷ ᠭᠢᠰᠬᠢᠳᠡᠭ ᠰᠠᠯᠪᠠᠭ ᠠᠯᠠᠭ᠎ᠠ᠃
ᠬᠢᠮᠤᠰᠤ
ᠲᠡᠮᠡᠭᠡᠨ ᠦ᠌ ᠲᠠᠪᠠᠭ ᠤ᠋ᠨ ᠡᠮᠦᠨ᠎ᠡ ᠦᠵᠦᠭᠦᠷ ᠲᠦ᠍ ᠪᠣᠢ ᠪᠢᠴᠢᠬᠠᠨ ᠡᠪᠡᠷᠯᠢᠭ ᠬᠢᠮᠤᠰᠤ᠃
ᠭᠠᠬᠠᠢ ᠲᠤᠭᠤᠷᠠᠢ ᠶ᠋ᠢᠨ ᠠᠯᠠᠭᠠᠨ ᠳ᠋ᠠᠬᠢ ᠭᠤᠷᠪᠠᠯᠵᠢᠨ ᠡᠪᠡᠷᠯᠢᠭ᠃
ᠭᠤᠶ᠎ᠠ ᠶ᠋ᠢᠨ ᠬᠡᠰᠡᠭ
ᠭᠤᠶ᠎ᠠ ᠮᠣᠷᠢ ᠮᠠᠯ ᠤ᠋ᠨ ᠬᠣᠢᠲᠤ ᠬᠣᠶᠠᠷ ᠬᠥᠯ ᠃
ᠰᠡᠭᠦᠵᠢ
ᠭᠤᠶ᠎ᠠ ᠶ᠋ᠢᠨ ᠨᠢᠭᠡᠳᠦᠭᠡᠷ ᠦᠶ᠎ᠡ ᠶ᠋ᠢᠨ ᠣᠯᠠᠨ ᠲᠠᠯᠠᠲᠤ ᠬᠠᠪᠲᠠᠭᠠᠢ ᠶᠠᠰᠤᠲᠤ ᠦᠶ᠎ᠡ᠃
ᠳᠤᠮᠳᠠ ᠴᠢᠮᠥᠭᠡ
ᠭᠤᠶ᠎ᠠ ᠶ᠋ᠢᠨ ᠬᠣᠶᠠᠳᠤᠭᠠᠷ ᠴᠢᠮᠥᠭᠡᠲᠦ ᠦᠶ᠎ᠡ ᠃ ᠪᠠᠰᠠ ᠵᠠᠷᠢᠮ ᠭᠠᠵᠠᠷ 《ᠬᠣᠩᠲᠣ ᠴᠢᠮᠥᠭᠡ 》ᠭᠡᠳᠡᠭ ᠃
ᠱᠠᠭᠠᠢᠲᠤ
ᠭᠤᠶ᠎ᠠ ᠶ᠋ᠢᠨ ᠭᠤᠷᠪᠠᠳᠤᠭᠠᠷ ᠴᠢᠮᠥᠭᠡᠲᠦ ᠦᠶ᠎ᠡ ᠃ ᠪᠠᠰᠠ ᠱᠠᠭᠠᠨᠲᠤ ᠭᠡᠳᠡᠭ᠃
ᠲᠣᠢᠭ
ᠱᠠᠭᠠᠨᠲᠤ ᠶ᠋ᠢᠨ ᠲᠣᠯᠣᠭᠠᠢ ᠬᠢᠭᠡᠳ ᠳᠤᠮᠳᠠ ᠴᠢᠮᠥᠭᠡ ᠶ᠋ᠢᠨ ᠨᠡᠢᠯᠡᠪᠦᠷᠢ ᠦᠶ᠎ᠡ ᠶ᠋ᠢᠨ ᠡᠮᠦᠨ᠎ᠡ ᠨᠢ ᠨᠠᠭᠠᠯᠳᠤᠭ᠎ᠠ ᠲᠥᠪᠥᠭᠡᠷ ᠶᠠᠰᠤ᠃
ᠪᠣᠷᠪᠢ
ᠱᠠᠭᠠᠲᠤ ᠪᠠ ᠰᠢᠯᠪᠢ ᠶ᠋ᠢᠨ ᠨᠡᠢᠯᠡᠪᠦᠷᠢ ᠦᠶ᠎ᠡ ᠶ᠋ᠢᠨ ᠬᠣᠢᠲᠤ ᠲᠠᠯ᠎ᠠ ᠳ᠋ᠤ᠌ ᠪᠠᠢᠭ᠎ᠠ ᠲᠠᠬᠢᠷᠯᠢᠭ ᠦᠶ᠎ᠡ᠃
ᠰᠢᠯᠪᠢ
ᠭᠤᠶ᠎ᠠ ᠶ᠋ᠢᠨ ᠳᠥᠷᠪᠡᠳᠦᠭᠡᠷ ᠴᠢᠮᠥᠭᠡᠲᠦ ᠦᠶ᠎ᠡ ᠶ᠋ᠢᠨ ᠬᠠᠩᠭᠢᠷᠴᠠᠭᠲᠤ ᠶᠠᠰᠤ᠃
ᠪᠡᠷᠪᠡᠬᠡᠢ
ᠰᠢᠯᠪᠢ ᠂ ᠰᠢᠮᠰᠡᠭᠡ ᠶ᠋ᠢᠨ ᠨᠡᠢᠯᠡᠪᠦᠷᠢ ᠦᠶ᠎ᠡ᠃ ᠮᠣᠷᠢᠨ ᠳ᠋ᠤ᠌ 《ᠰᠠᠭᠠᠭ 》ᠴᠤ᠌ ᠭᠡᠳᠡᠭ᠃
ᠰᠢᠮᠰᠡᠭᠡ ᠪᠡᠷᠪᠡᠬᠡᠢ ᠂ ᠲᠠᠪᠠᠬᠠᠢ ᠶ᠋ᠢᠨ ᠳᠤᠮᠳᠠ ᠳ᠋ᠤ᠌ ᠪᠠᠢᠭ᠎ᠠ ᠦᠶ᠎ᠡ᠃
ᠰᠥᠭᠡᠢ
ᠬᠥᠮᠦᠨ ᠳ᠋ᠦ᠍ ᠬᠡᠯᠡᠪᠡᠯ ᠥᠰᠥᠭᠡᠢ ᠪᠣᠯᠠᠢ᠃ ᠬᠥᠯ ᠲᠠᠪᠠᠭ ᠤ᠋ᠨ ᠬᠣᠢᠲᠤ ᠬᠡᠰᠡᠭ᠃
ᠲᠤᠭᠤᠷᠠᠢ
ᠲᠤᠭᠤᠷᠠᠢ - ᠠᠳᠤᠭᠤᠨ ᠤ᠋ ᠂
ᠬᠣᠭᠢᠰᠣ - ᠬᠣᠨᠢ ᠢᠮᠠᠭ᠎ᠠ ᠦᠬᠡᠷ ᠦ᠋ᠨ ᠂
ᠲᠠᠪᠠᠬᠠᠢ - ᠲᠡᠮᠡᠭᠡᠨ ᠦ᠌ ᠭᠠᠵᠠᠷ ᠭᠢᠰᠬᠢᠳᠡᠭ ᠡᠪᠡᠷᠯᠢᠭ ᠪᠤᠶᠤ ᠲᠠᠪᠠᠭ᠃
ᠵᠤᠷᠠᠭ᠎ᠠ
ᠠᠳᠤᠭᠤᠨ ᠤ᠋ ᠭᠤᠶ᠎ᠠ ᠶ᠋ᠢᠨ ᠠᠷᠤ ᠬᠡᠰᠡᠭ ᠢ᠋ᠶ᠋ᠡᠷ ᠪᠠᠢᠬᠤ᠂ ᠳᠣᠷᠣᠭᠰᠢ ᠵᠢᠷᠤᠭᠠᠰᠤᠯᠠᠨ ᠲᠣᠭᠲᠠᠭᠰᠠᠨ ᠨᠠᠷᠢᠨ ᠵᠢᠷᠤᠭᠠᠳᠠᠰᠤ ᠰᠢᠭ᠋ ᠭᠣᠪᠢᠯ᠃
ᠬᠠᠰᠠ
ᠬᠣᠶᠠᠷ ᠭᠤᠶ᠎ᠠ ᠶ᠋ᠢᠨ ᠳᠣᠲᠣᠷ ᠲᠠᠯ᠎ᠠ ᠶ᠋ᠢᠨ ᠳᠡᠭᠡᠷ᠎ᠡ ᠬᠡᠰᠡᠭ ᠦ᠋ᠨ ᠪᠣᠨᠲᠣᠭᠣᠷ ᠪᠤᠯᠴᠢᠩᠲᠤ ᠬᠡᠰᠡᠭ ᠃ ᠴᠠᠪᠢ
ᠬᠣᠶᠠᠷ ᠭᠤᠶ᠎ᠠ ᠶ᠋ᠢᠨ ᠭᠡᠳᠡᠰᠦ ᠲᠡᠢ ᠨᠡᠢᠯᠡᠵᠦ ᠪᠦᠬᠦᠢ ᠬᠡᠰᠡᠭ ᠦ᠋ᠨ ᠳᠣᠲᠣᠷ ᠵᠠᠪᠰᠠᠷ᠃
ᠰᠠᠯᠲᠠᠭ᠎ᠠ ᠬᠣᠶᠠᠷ ᠭᠤᠶ᠎ᠠ ᠶ᠋ᠢᠨ ᠠᠭᠤᠯᠵᠠᠷ ᠵᠠᠪᠰᠠᠷ᠃
ᠬᠦᠢᠯᠡᠭᠦᠷ ᠦ᠋ᠨ ᠬᠡᠰᠡᠭ
ᠬᠦᠢᠯᠡᠭᠦᠷ
ᠡᠪᠴᠢᠭᠦᠨ ᠦ᠌ ᠬᠣᠷᠮᠣᠢ ᠶ᠋ᠢᠨ ᠭᠣᠣᠯ ᠠ᠋ᠴᠠ ᠤᠮᠠᠳᠠᠭ ᠬᠦᠷᠲᠡᠯᠡᠬᠢ ᠨᠠᠷᠢᠨ ᠭᠦᠪᠡᠷᠡᠦᠲᠦᠭᠰᠡᠨ ᠣᠷᠣᠮ᠃ ᠡᠷ᠎ᠡ ᠬᠦᠢᠰᠦᠨ ᠦ᠌ ᠦᠬᠡᠷ ᠦ᠋ᠨ ᠬᠢ ᠬᠢᠷᠵᠠᠩ ᠪᠠᠢᠬᠤ ᠪᠣᠯᠬᠣᠷ ᠨᠡᠩ ᠲᠣᠳᠣᠷᠬᠠᠢ᠃
ᠦᠷᠦ ᠡᠪᠴᠢᠭᠦᠨ ᠦ᠌ ᠠᠶᠤᠮᠠᠬᠠᠢ ᠶ᠋ᠢᠨ ᠳᠣᠤᠭᠤᠬᠠᠨᠳᠠᠢ ᠲᠡᠭᠰᠢᠬᠡᠨ ᠬᠡᠰᠡᠭ ᠃
ᠬᠦᠢᠰᠦ
ᠮᠠᠯ ᠤ᠋ᠨ ᠡᠬᠡ ᠡᠴᠡ ᠲᠥᠷᠥᠬᠦ ᠳ᠋ᠡᠭᠡᠨ ᠡᠢ᠍ᠭᠡᠰ ᠲᠡᠢ ᠬᠣᠯᠪᠣᠭ᠎ᠠ ᠲᠠᠢ ᠭᠠᠷᠳᠠᠭ ᠰᠤᠳᠠᠯ ᠬᠦᠢ ᠃
ᠰᠤᠷ ᠡᠷ᠎ᠡ ᠪᠡᠯᠭᠡ ᠶ᠋ᠢᠨ ᠡᠷᠬᠡᠲᠡᠨ᠃ ᠪᠠᠰᠠ ᠬᠢᠷᠵᠠᠩ ᠭᠡᠳᠡᠭ᠃
ᠤᠮᠠᠳᠠᠭ ᠬᠡᠪᠡᠯᠢ ᠶ᠋ᠢᠨ ᠳᠣᠣᠷᠠᠲᠤ ᠬᠡᠰᠡᠭ ᠲᠦ᠍ ᠪᠠᠢᠭ᠎ᠠ ᠣᠪᠣᠭᠣᠷ ᠭᠠᠵᠠᠷ ᠃
ᠳᠠᠯᠠᠩ ᠡᠮ᠎ᠡ ᠬᠦᠢᠰᠦᠨ ᠦ᠌ ᠮᠠᠯ ᠤ᠋ᠨ ᠰᠦ ᠱᠦᠭᠦᠷᠡᠭᠦᠯᠬᠦ ᠡᠷᠬᠡᠲᠡᠨ᠃
ᠴᠢᠪᠢ ᠡᠷ᠎ᠡ ᠠᠳᠤᠭᠤᠨ ᠤ᠋ ᠪᠡᠯᠭᠡ ᠶ᠋ᠢᠨ ᠡᠷᠬᠡᠲᠡᠨ ᠃
ᠬᠤᠤᠬᠠᠨᠠᠭ ᠡᠷ᠎ᠡ ᠮᠠᠯ ᠤ᠋ᠨ ᠦᠷ᠎ᠡ ᠶ᠋ᠢᠨ ᠪᠤᠯᠴᠢᠷᠬᠠᠢ ᠶ᠋ᠢᠨ ᠤᠭᠤᠲᠠ᠃
ᠳᠡᠭᠡᠷᠡᠬᠢ ᠡᠷᠬᠡᠲᠡᠨ ᠦ᠌ ᠨᠡᠷ᠎ᠡ ᠡᠴᠡ ᠬᠣᠰᠢᠭᠤ ᠬᠣᠩᠰᠢᠶᠠᠷ ᠂ ᠮᠤᠨᠳᠠᠭ᠎ᠠ ᠂ ᠰᠡᠷᠪᠡᠭᠡ ᠂ ᠣᠮᠣᠷᠤᠤ ᠂ ᠡᠭᠡᠮ ᠂ ᠬᠠᠷᠭᠠᠮ ᠂ ᠬᠣᠨᠳᠣᠯᠠᠢ ᠂ ᠲᠡᠰᠢᠶ᠎ᠡ ᠂ ᠰᠠᠮᠠᠢ ᠂ ᠵᠤᠷᠠᠭ᠎ᠠ ᠂ ᠬᠠᠰᠠ ᠂ ᠰᠤᠭᠤ ᠂ ᠴᠠᠪᠢ ᠂ ᠰᠦᠪᠡᠭᠡ ᠂ ᠬᠦᠢᠯᠡᠭᠦᠷ ᠂ ᠡᠪᠡᠷ ᠂ ᠥᠷᠪᠡᠯᠭᠡ ᠂ ᠭᠠᠬᠠᠢ ᠂ ᠲᠤᠭᠤᠷᠠᠢ ᠂ ᠬᠢᠮᠤᠰᠤ ᠭᠡᠬᠦ ᠮᠡᠲᠦ ᠴᠥᠭᠡᠬᠡᠨ ᠨᠡᠷ᠎ᠡ ᠶ᠋ᠢ ᠬᠠᠰᠤᠵᠤ ᠦᠯᠡᠳᠡᠭᠰᠡᠨ ᠡᠷᠬᠡᠲᠡᠨ ᠦ᠌ ᠨᠡᠷ᠎ᠡ ᠳ᠋ᠦ᠍ 《ᠮᠢᠬ᠎ᠠ 》ᠭᠡᠰᠡᠨ ᠦᠭᠡ ᠨᠡᠮᠡᠪᠡᠯ ᠳᠠᠷᠤᠢ ᠮᠢᠬᠠᠨ ᠤ᠋ ᠨᠡᠷ᠎ᠡ ᠪᠣᠯᠬᠤ ᠶ᠋ᠢ ᠡᠨᠳᠡ ᠮᠡᠳᠡᠭᠳᠡᠶ᠎ᠡ᠃
