ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 4 > Хөх зул – Боржигон Ванжал –" Арван хоёр ᠂ яс махны нэрсийн бүлэг 4 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 4 > Хөх зул – Боржигон Ванжал –" Арван хоёр ᠂ яс махны нэрсийн бүлэг 4 "

ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 4 > Хөх зул – Боржигон Ванжал –" Арван хоёр ᠂ яс махны нэрсийн бүлэг 4 "

ᠠᠩᠭᠢᠯᠠᠯ:ᠵᠠᠩ ᠦᠢᠯᠡ
2024-01-19

347

ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ - 4


                                  4. ᠪᠤᠰᠤᠳ ᠡᠷᠬᠡᠲᠡᠨ ᠦ᠌ ᠨᠡᠷᠡᠢᠳᠦᠯ 

                 ᠮᠢᠬ᠎ᠠ ᠶ᠋ᠢᠨ ᠵᠦᠢᠯ 
ᠮᠢᠬ᠎ᠠ    ᠮᠠᠯ ᠤ᠋ᠨ ᠶᠠᠰᠤ ᠠᠷᠠᠰᠤ ᠬᠣᠶᠠᠷ ᠤ᠋ᠨ ᠵᠠᠪᠰᠠᠷ ᠲᠠᠬᠢ ᠨᠡᠬᠡᠳᠡᠰᠦ᠃ 
ᠬᠠᠷ᠎ᠠ ᠮᠢᠬ᠎ᠠ    ᠥᠭᠡᠬᠦ ᠦᠭᠡᠢ ᠮᠢᠬ᠎ᠠ᠃ 
ᠠᠯᠠᠭ ᠮᠢᠬ᠎ᠠ    ᠬᠠᠷ᠎ᠠ ᠮᠢᠬ᠎ᠠ ᠬᠢᠭᠡᠳ ᠥᠭᠡᠬᠦ ᠨᠢ ᠬᠣᠯᠢᠯᠳᠤᠭᠰᠠᠨ ᠲᠡᠩᠴᠡᠭᠦᠦ ᠮᠢᠬ᠎ᠠ᠃ 
ᠲᠠᠷᠭᠤᠨ ᠮᠢᠬ᠎ᠠ    ᠥᠭᠡᠬᠦ ᠨᠢ ᠳᠡᠢᠯᠦᠩᠭᠦᠢ ᠮᠢᠬ᠎ᠠ᠃ 
ᠭᠣᠣᠯ ᠮᠢᠬ᠎ᠠ    ᠮᠠᠯ ᠤ᠋ᠨ ᠬᠡᠪᠡᠯᠢ ᠳ᠋ᠡᠬᠢ ᠨᠢᠷᠤᠭᠤ ᠳᠠᠭᠠᠤ ᠮᠢᠬ᠎ᠠ᠃ 
ᠴᠣᠷᠣᠢ ( ᠴᠤᠷᠤᠢᠯ )  
       ᠡᠪᠴᠢᠭᠦᠦ ᠡᠴᠡ ᠳᠣᠷᠣᠭᠰᠢ ᠭᠡᠳᠡᠰᠦ ᠶ᠋ᠢ ᠪᠦᠷᠬᠦᠵᠦ ᠪᠠᠢᠭ᠎ᠠ ᠣᠯᠠᠨ ᠳᠠᠪᠬᠤᠷᠭᠠᠲᠠᠢ ᠮᠢᠬ᠎ᠠ᠃ ᠪᠠᠰᠠ ᠡᠪᠴᠢᠭᠦᠨ ᠦ᠌ ᠬᠣᠷᠮᠣᠢ ᠭᠡᠳᠡᠭ᠃ 
ᠥᠷᠥᠴᠡ 
       ᠬᠡᠪᠡᠯᠢ ᠪᠠ ᠴᠡᠭᠡᠵᠢᠨ ᠬᠥᠨᠳᠡᠢ ᠶ᠋ᠢ ᠵᠠᠭᠠᠭᠯᠠᠭᠰᠠᠨ ᠨᠢᠮᠭᠡᠨ ᠮᠢᠬ᠎ᠠ᠃ ᠪᠠᠰᠠ ᠴᠠᠭᠠᠨ ᠴᠣᠷᠣᠢ ᠭᠡᠳᠡᠭ᠃ 
ᠲᠦᠭᠰᠢᠭᠦᠷᠢ  
       ᠮᠠᠯ ᠤ᠋ᠨ ᠡᠯᠢᠭᠡᠨ ᠲᠤᠰ ᠴᠣᠷᠣᠢᠯ ᠤ᠋ᠨ ᠭᠣᠣᠯ ᠳ᠋ᠠᠬᠢ ᠪᠢᠴᠢᠬᠠᠨ ᠮᠢᠬ᠎ᠠ᠃ 
ᠪᠤᠯᠴᠢᠩ ᠮᠢᠬ᠎ᠠ 
       ᠠᠭᠰᠢᠵᠤ ᠰᠣᠩᠬᠤ ᠴᠢᠳᠠᠪᠤᠷᠢᠲᠠᠢ ᠰᠢᠷᠪᠥᠰᠥ ᠲᠡᠢ ᠬᠣᠯᠢᠯᠳᠤᠭᠰᠠᠨ ᠪᠥᠭᠡᠮ ᠮᠢᠬ᠎ᠠ᠃ 

              ᠥᠭᠡᠬᠦᠯᠢᠭ ᠦ᠋ᠨ ᠵᠦᠢᠯ 
ᠥᠭᠡᠬᠦ  
       ᠮᠠᠯ ᠤ᠋ᠨ ᠪᠡᠶ᠎ᠡ ᠶ᠋ᠢᠨ ᠮᠢᠬ᠎ᠠ ᠲᠠᠢ ᠠᠯᠬᠠᠯᠠᠨ ᠪᠠᠢᠬᠤ ᠲᠣᠰᠣᠷᠬᠠᠭ ᠵᠥᠭᠡᠯᠡᠨ ᠴᠠᠭᠠᠨ ᠮᠢᠬ᠎ᠠ᠃ 
ᠭᠠᠳᠠᠷ ᠥᠭᠡᠬᠦ 
       ᠭᠠᠳᠠᠷ ᠮᠢᠬ᠎ᠠ ᠲᠠᠢ ᠠᠯᠬᠠᠭᠯᠠᠨ ᠲᠣᠭᠲᠠᠭᠰᠠᠨ ᠲᠣᠰᠣᠷᠬᠠᠭ ᠴᠠᠭᠠᠨ ᠮᠢᠬ᠎ᠠ ᠪᠠ ᠬᠣᠨᠢᠨ ᠰᠡᠭᠦᠯ ᠂ ᠲᠡᠮᠡᠭᠡᠨ ᠪᠦᠬᠦ ᠮᠡᠲᠦ ᠮᠢᠬ᠎ᠠ᠃ 
ᠳᠣᠲᠣᠷ ᠥᠭᠡᠬᠦ  
       ᠴᠡᠭᠡᠵᠢ ᠂ ᠬᠡᠪᠡᠯᠢ ᠳ᠋ᠦ᠍ ᠲᠣᠭᠲᠠᠭᠰᠠᠨ ᠥᠭᠡᠬᠦ ᠂ ᠰᠡᠮᠡᠵᠡ ᠂ ᠪᠥᠭᠡᠷᠡᠨ ᠥᠭᠡᠬᠦ᠃ 
ᠰᠡᠮᠡᠵᠡᠨ ᠥᠭᠡᠬᠦ 
       ᠬᠡᠪᠢᠯᠭᠡᠲᠦ ᠮᠠᠯ ᠤ᠋ᠨ ᠭᠡᠳᠡᠰᠦ ᠬᠣᠳᠣᠭᠣᠳᠣ ᠵᠡᠷᠭᠡ ᠶ᠋ᠢ ᠪᠦᠷᠬᠦᠵᠦ ᠪᠠᠢᠭ᠎ᠠ ᠨᠢᠮᠭᠡᠨ ᠥᠭᠡᠬᠦ᠃ 
ᠪᠥᠭᠡᠷ᠎ᠡ ᠶ᠋ᠢᠨ ᠥᠭᠡᠬᠦ 
       ᠪᠥᠭᠡᠷ᠎ᠡ ᠶ᠋ᠢ ᠪᠦᠷᠬᠦᠨ ᠪᠠᠢᠬᠤ ᠵᠤᠵᠠᠭᠠᠯᠢᠭ ᠥᠭᠡᠬᠦ᠃ 
ᠴᠢᠴᠠᠷᠬᠠᠢ ᠶ᠋ᠢᠨ ᠥᠭᠡᠬᠦ 
       ᠭᠡᠳᠡᠰᠦ ᠲᠡᠢ ᠬᠠᠮᠲᠤ ᠪᠠᠢᠭ᠎ᠠ ᠪᠥᠭᠡᠳ ᠭᠡᠳᠡᠰᠦ ᠶ᠋ᠢ ᠬᠣᠯᠪᠣᠵᠤ ᠪᠠᠢᠭ᠎ᠠ ᠥᠭᠡᠬᠦ᠃ ᠲᠣᠭᠣᠷᠢᠩᠬᠠᠢ ᠭᠡᠵᠦ ᠬᠡᠯᠡᠳᠡᠭ᠃ 
ᠦᠩᠬᠦᠯᠴᠡᠭ ᠦ᠋ᠨ ᠥᠭᠡᠬᠦ 
       ᠵᠢᠷᠦᠬᠡ ᠶ᠋ᠢ ᠪᠦᠷᠬᠦᠵᠦ ᠪᠠᠢᠭ᠎ᠠ ᠬᠠᠯᠢᠰᠤᠯᠢᠭ ᠥᠭᠡᠬᠦ᠃  

              ᠪᠤᠯᠴᠢᠷᠬᠠᠢ ᠶ᠋ᠢᠨ ᠵᠦᠢᠯ  
ᠪᠤᠯᠴᠢᠷᠬᠠᠢ  
       ᠪᠡᠶ᠎ᠡ ᠶ᠋ᠢᠨ ᠳᠣᠲᠣᠭᠠᠳᠤᠬᠢ ᠱᠦᠭᠦᠷᠡᠭᠦᠯᠬᠦ ᠴᠢᠳᠠᠪᠤᠷᠢᠲᠠᠢ ᠡᠳ᠋ ᠪᠤᠶᠤ ᠡᠷᠬᠡᠲᠡᠨ᠃  
ᠨᠣᠢᠷ    ᠮᠠᠯ ᠤ᠋ᠨ ᠪᠡᠶ᠎ᠡ ᠳ᠋ᠡᠬᠢ ᠨᠢᠭᠡᠨ ᠵᠦᠢᠯ ᠦ᠋ᠨ ᠡᠷᠬᠡᠲᠡᠨ᠃ 
ᠳᠠᠯᠠᠩ    ᠰᠦ ᠱᠦᠭᠦᠷᠡᠬᠦ ᠡᠷᠬᠡᠲᠡᠨ ᠪᠤᠶᠤ ᠬᠥᠬᠥ ᠶ᠋ᠢᠨ ᠪᠤᠯᠴᠢᠷᠬᠠᠢ᠃ 
ᠪᠥᠭᠡᠷ᠎ᠡ    ᠰᠢᠭᠡᠰᠦ ᠱᠦᠭᠦᠷᠡᠭᠦᠯᠬᠦ ᠡᠷᠬᠡᠲᠡᠨ᠃ 
ᠰᠢᠯᠦᠰᠦᠨ ᠪᠤᠯᠴᠢᠷᠬᠠᠢ    ᠰᠢᠯᠦᠰᠦ ᠱᠦᠭᠦᠷᠡᠭᠦᠯᠬᠦ ᠡᠷᠬᠡᠲᠡᠨ᠃ 
ᠵᠢᠵᠢᠭ ᠪᠤᠯᠴᠢᠷᠬᠠᠢ ᠨᠤᠭᠤᠳ  
       ᠥᠭᠡᠬᠦ ᠪᠤᠶᠤ ᠥᠭᠡᠬᠦᠯᠢᠭ ᠮᠢᠬᠠᠨ ᠳᠣᠲᠣᠷ᠎ᠠ ᠪᠤᠷᠴᠠᠭᠯᠠᠨ ᠪᠦᠲᠦᠭᠰᠡᠨ ᠨᠣᠢᠷᠯᠢᠭ ᠡᠳ᠋᠃ 

          ᠰᠢᠷᠪᠥᠰᠥᠯᠢᠭ ᠦ᠋ᠨ ᠵᠦᠢᠯ 
ᠰᠢᠯᠢ  
       ᠮᠠᠯ ᠤ᠋ᠨ ᠬᠦᠵᠦᠭᠦᠨ ᠦ᠌ ᠠᠷᠤ ᠳᠠᠭᠠᠤ ᠦᠷᠭᠦᠯᠵᠢᠯᠡᠵᠦ ᠰᠡᠭᠡᠷ ᠦ᠋ᠨ ᠨᠠᠷᠢᠨ ᠦᠵᠦᠭᠦᠷ ᠬᠦᠷᠲᠡᠯ᠎ᠡ ᠪᠠᠢᠬᠤ ᠰᠢᠷᠪᠥᠰᠥᠯᠢᠭ ᠡᠳ᠋᠃ 
ᠪᠦᠯᠡᠬᠡ  
       ᠦᠶ᠎ᠡ ᠪᠤᠶᠤ ᠪᠤᠯᠴᠢᠩ ᠤ᠋ᠨ ᠦᠵᠦᠭᠦᠷ ᠲᠦ᠍ ᠵᠠᠯᠭᠠᠯᠳᠤᠵᠤ ᠪᠠᠢᠭ᠎ᠠ ᠰᠢᠷᠪᠥᠰᠥᠯᠢᠭ ᠡᠳ᠋᠃ ᠭᠣᠣᠯ ᠰᠢᠷᠪᠥᠰᠥ ( ᠰᠢᠨᠳᠠᠰᠤ )   ᠨᠢᠷᠤᠭᠤ ᠳᠠᠭᠠᠤ ᠳ᠋ᠠᠬᠢ ᠳᠣᠲᠣᠷ ᠨᠠᠷᠢᠨ ᠰᠢᠷᠪᠥᠰᠥ᠃ 
ᠨᠠᠷᠢᠨ ᠰᠢᠷᠪᠥᠰᠥ ( ᠰᠢᠨᠳᠠᠰᠤ )  
       ᠳᠥᠷᠪᠡᠨ ᠮᠥᠴᠢᠨ ᠳ᠋ᠦ᠍ ᠪᠠᠢᠭ᠎ᠠ ᠨᠠᠷᠢᠨ ᠰᠢᠷᠪᠥᠰᠥ᠃ 
ᠪᠦᠳᠦᠭᠦᠨ ᠰᠢᠷᠪᠥᠰᠥ      ᠵᠠᠷᠢᠮ ᠭᠠᠵᠠᠷ ᠪᠦᠳᠦᠭᠦᠳᠬᠡ ᠭᠡᠳᠡᠭ᠃ 
ᠡᠷ᠎ᠡ ᠰᠢᠷᠪᠥᠰᠥ 
        ᠭᠤᠶ᠎ᠠ ᠶ᠋ᠢᠨ ᠠᠷᠤ ᠳ᠋ᠠᠬᠢ ᠪᠦᠳᠦᠭᠦᠨ ᠰᠢᠷᠪᠥᠰᠥ᠃ ᠵᠠᠷᠢᠮ ᠭᠠᠵᠠᠷ ᠪᠠᠰᠠ ᠬᠠᠯᠪᠠᠭᠠᠨᠲᠤ ᠭᠡᠵᠦ ᠪᠣᠢ᠃ 
ᠳᠥᠩᠭᠡ ᠪᠦᠯᠡᠬᠡ  
       ᠰᠡᠭᠦᠵᠢ ᠂ ᠳᠤᠮᠳᠠ ᠴᠢᠮᠥᠭᠡ ᠶ᠋ᠢ ᠬᠣᠯᠪᠣᠵᠤ ᠪᠠᠢᠭ᠎ᠠ ᠨᠠᠷᠢᠨ ᠰᠢᠷᠪᠥᠰᠥ ᠃ ᠵᠠᠷᠢᠮ ᠨᠢ 《ᠵᠢᠯᠠᠭ᠎ᠠ 》ᠭᠡᠳᠡᠭ᠃  

                  ᠮᠥᠭᠡᠷᠰᠦᠯᠢᠭ ᠦ᠋ᠨ ᠵᠦᠢᠯ 
ᠮᠥᠭᠡᠷᠰᠦ  
       ᠵᠥᠭᠡᠯᠡᠪᠲᠦᠷ ᠴᠠᠭᠠᠨ ᠶᠠᠰᠤᠯᠢᠭ ᠡᠳ᠋ ᠪᠠ ᠰᠢᠷᠪᠦᠰᠦᠵᠢᠭᠦᠦ ᠡᠳ᠋᠃ ᠮᠥᠭᠡᠷᠰᠦᠨ ᠬᠣᠭᠣᠯᠠᠢ ᠂ ᠦᠶᠡᠨ ᠦ᠌ ᠮᠥᠭᠡᠷᠰᠦ᠃ 
ᠮᠥᠭᠡᠷᠰᠦᠨ ᠬᠣᠭᠣᠯᠠᠢ    ᠠᠮᠢᠰᠬᠤᠯ ᠤ᠋ᠨ ᠡᠷᠬᠡᠲᠡᠨ᠃ 
ᠲᠥᠪᠥᠩᠬᠡᠢ  
       ᠮᠥᠭᠡᠷᠰᠦᠨ ᠬᠣᠭᠣᠯᠠᠢ ᠶ᠋ᠢᠨ ᠠᠮᠠ ᠂ ᠠᠮᠢᠰᠬᠤᠯ ᠤ᠋ᠨ ᠡᠷᠬᠡᠲᠡᠨ᠃ 
ᠲᠠᠯᠤᠨ ᠮᠥᠭᠡᠷᠰᠦ    ᠲᠠᠯᠤᠨ ᠬᠡᠯᠡ ᠳ᠋ᠦ᠍ ᠵᠠᠯᠭᠠᠯᠳᠤᠨ ᠤᠷᠭᠤᠭᠰᠠᠨ ᠬᠠᠲᠠᠭᠤᠯᠢᠭ ᠵᠦᠢᠯ᠃  
ᠠᠶᠤᠮᠠᠬᠠᠢ    ᠡᠪᠴᠢᠭᠦᠨ ᠦ᠌ ᠬᠣᠷᠮᠣᠢ ᠳ᠋ᠠᠬᠢ ᠬᠠᠯᠪᠠᠭ᠎ᠠ ᠬᠡᠯᠪᠡᠷᠢᠲᠦ ᠬᠠᠲᠠᠭᠤᠯᠢᠭ ᠡᠳ᠋ ᠃ 
ᠨᠠᠮᠠᠯᠳᠠᠭ    ᠬᠠᠮᠠᠷ ᠬᠥᠨᠳᠡᠢ ᠶ᠋ᠢᠨ ᠰᠠᠷᠬᠢᠶᠠᠲᠤ ᠮᠥᠭᠡᠷᠰᠦ᠃ 
ᠴᠢᠬᠢ    ᠰᠣᠨᠣᠷ ᠤ᠋ᠨ ᠡᠷᠬᠡᠲᠡᠨ ᠦ᠌ ᠮᠥᠭᠡᠷᠰᠦ᠃  

                 ᠮᠡᠳᠡᠷᠡᠯ ᠦ᠋ᠨ ᠵᠦᠢᠯ 
ᠮᠡᠳᠡᠷᠡᠯ    ᠬᠥᠮᠦᠨ ᠠᠮᠢᠲᠠᠨ ᠤ᠋ ᠰᠡᠷᠡᠬᠦᠢ ᠮᠡᠳᠡᠷᠡᠬᠦᠢ᠃ 
ᠲᠠᠷᠢᠬᠢ    ᠭᠠᠪᠠᠯᠠ ᠶ᠋ᠢᠨ ᠬᠥᠨᠳᠡᠢ ᠳ᠋ᠦ᠍ ᠪᠠᠢᠭ᠎ᠠ ᠮᠡᠳᠡᠷᠡᠯ ᠦ᠋ᠨ ᠲᠥᠪ᠃ 
ᠨᠤᠭᠤᠰᠤ    ᠨᠢᠷᠤᠭᠤᠨ ᠦᠶ᠎ᠡ ᠳ᠋ᠡᠬᠢ ᠮᠡᠳᠡᠷᠡᠯ ᠦ᠋ᠨ ᠭᠣᠣᠯ ᠡᠷᠬᠡᠲᠡᠨ᠃ 
ᠠᠷᠠᠰᠤ    ᠬᠦᠷᠦᠯᠴᠡᠬᠦ ᠰᠡᠷᠭᠡᠭ ᠮᠡᠳᠡᠷᠡᠯ᠃  

                 ᠪᠦᠷᠬᠦᠭᠦᠯ ᠦ᠋ᠨ ᠵᠦᠢᠯ 
ᠠᠷᠠᠰᠤ    ᠪᠡᠶ᠎ᠡ ᠶ᠋ᠢᠨ ᠭᠠᠳᠠᠭᠤᠷᠬᠢ ᠪᠦᠷᠬᠦᠭᠦᠯ᠃ 
ᠬᠥᠷᠥᠰᠥ    ᠠᠷᠠᠰᠤᠨ ᠤ᠋ ᠮᠢᠬᠠᠨ ᠲᠠᠯ᠎ᠠ᠃ 
ᠬᠠᠯᠢᠰᠤ 
        ᠳᠣᠲᠣᠷ ᠡᠷᠬᠡᠲᠡᠨ ᠢ᠋ ᠪᠦᠷᠬᠦᠵᠦ ᠪᠠᠢᠭ᠎ᠠ ᠪᠦᠷᠬᠦᠭᠦᠯ ᠪᠤᠶᠤ ᠪᠣᠭᠲᠣᠭᠣᠰᠣ ᠱᠠᠭᠠᠭᠲᠤ ᠶ᠋ᠢᠨ ᠭᠠᠳᠠᠭᠤᠷᠬᠢ ᠨᠢᠮᠭᠡᠨ ᠬᠠᠯᠢᠰᠤ᠃ 
ᠬᠠᠯᠢᠮ    ᠬᠣᠨᠢᠨ ᠰᠡᠭᠦᠯ ᠦ᠋ᠨ ᠭᠠᠳᠠᠭᠤᠷᠬᠢ ᠨᠢᠮᠭᠡᠨ ᠰᠢᠷ᠎ᠠ ᠬᠠᠯᠢᠰᠤ᠃ 
ᠰᠠᠯᠢᠰᠤᠲᠤ ᠪᠦᠷᠬᠦᠭᠦᠯ    ᠳᠣᠲᠣᠷ ᠡᠷᠬᠡᠲᠡᠨ ᠦ᠌ ᠥᠩᠭᠥᠷᠲᠦ ᠪᠦᠷᠬᠦᠭᠦᠯ᠃ 
ᠰᠡᠮᠡᠵᠡ   ᠭᠦᠵᠡᠭᠡ ᠭᠡᠳᠡᠰᠦ ᠶ᠋ᠢᠨ ᠪᠦᠷᠬᠦᠭᠦᠯ᠃  

                ᠴᠢᠰᠤ ᠰᠤᠳᠠᠯ ᠤ᠋ᠨ ᠵᠦᠢᠯ 
ᠴᠢᠰᠤ    ᠮᠠᠯ ᠤ᠋ᠨ ᠪᠡᠶ᠎ᠡ ᠳ᠋ᠡᠬᠢ ᠤᠯᠠᠭᠠᠨ ᠥᠩᠭᠡᠲᠦ ᠰᠢᠩᠭᠡᠨ ᠪᠣᠳᠠᠰ᠃ 
ᠭᠣᠣᠯ ᠤ᠋ᠨ ᠴᠢᠰᠤ    ᠵᠢᠷᠦᠬᠡᠨ ᠴᠢᠰᠤ᠃ 
ᠰᠤᠳᠠᠯ    ᠴᠢᠰᠤ ᠭᠦᠶᠦᠬᠦ ᠨᠠᠷᠢᠨ ᠬᠣᠭᠣᠯᠠᠢ᠃ 
ᠴᠢᠰᠤᠨ ᠰᠤᠳᠠᠯ    ᠴᠢᠰᠤ ᠭᠦᠶᠦᠯᠭᠡᠳᠡᠭ ᠰᠤᠳᠠᠯ᠃ 
ᠬᠢᠯᠭᠠᠰᠤᠨ ᠰᠤᠳᠠᠯ    ᠮᠠᠰᠢ ᠨᠠᠷᠢᠨ ᠰᠤᠳᠠᠰᠤ᠃ 
ᠸᠸᠨ᠎ᠠ ᠰᠤᠳᠠᠯ  
       ᠰᠢᠮ᠎ᠡ ᠲᠡᠵᠢᠭᠡᠯ ᠢ᠋ ᠲᠠᠷᠬᠠᠭᠠᠨ ᠪᠠᠷᠠᠵᠤ ᠵᠢᠷᠦᠬᠡᠨ ᠤᠷᠤᠭᠤ ᠪᠤᠴᠠᠬᠤ ᠴᠢᠰᠤ ᠶᠠᠪᠤᠬᠤ ᠴᠣᠬᠢᠯᠭ᠎ᠠ ᠦᠭᠡᠢ ᠰᠤᠳᠠᠯ᠃ 
ᠠᠷᠰᠲ᠋ᠸᠷᠢ ᠰᠤᠳᠠᠯ 
       ᠵᠢᠷᠦᠬᠡᠨ ᠡᠴᠡ ᠭᠠᠷᠤᠭᠰᠠᠨ ᠰᠢᠮ᠎ᠡ ᠲᠡᠵᠢᠭᠡᠯᠲᠦ ᠴᠢᠰᠤ ᠶ᠋ᠢ ᠪᠦᠬᠦ ᠪᠠᠶᠠᠨ᠎ᠠ ᠲᠠᠷᠬᠠᠭᠠᠳᠠᠭ ᠴᠣᠬᠢᠯᠭᠠᠲᠠᠢ ᠰᠤᠳᠠᠯ᠃  

                 ᠦᠷᠡᠵᠢᠯ ᠦ᠋ᠨ ᠡᠷᠬᠡᠲᠡᠨ ᠦ᠌ ᠵᠦᠢᠯ 
ᠡᠷ᠎ᠡ ᠪᠡᠯᠭᠡ    ᠡᠷ᠎ᠡ ᠴᠢᠨᠠᠷ ᠤ᠋ᠨ ᠪᠡᠯᠬᠡᠰ ᠪᠦᠬᠦᠢ᠃ 
ᠰᠤᠷ  
       ᠡᠷ᠎ᠡ ᠪᠡᠯᠬᠡᠰ ᠦ᠋ᠨ ᠡᠷᠬᠡᠲᠡᠨ᠂ ᠠᠳᠤᠭᠤᠨ ᠤ᠋ ᠬᠢ ᠶ᠋ᠢ ᠴᠢᠪᠢ ᠭᠡᠵᠦ ᠂ ᠪᠤᠰᠤᠳ ᠮᠠᠯ ᠤ᠋ᠨ ᠬᠢ ᠶ᠋ᠢ ᠬᠢᠷᠵᠠᠩ ᠭᠡᠳᠡᠭ᠃ 
ᠲᠥᠮᠥᠰᠥ 
       ᠭᠠᠳᠠᠷ ᠪᠥᠭᠡᠷ᠎ᠡ ᠃ ᠠᠳᠤᠭᠤᠨ ᠤ᠋ ᠲᠥᠮᠥᠰᠥ ᠶ᠋ᠢ ᠨᠢ ᠠᠪᠤᠭᠰᠠᠭᠠᠷ ᠰᠠᠶᠢ ᠠᠭᠲᠠ ( ᠮᠣᠷᠢ ) ᠪᠣᠯᠳᠠᠭ᠃ 
ᠰᠢᠮᠠᠷᠠᠬᠠᠢ    ᠠᠳᠤᠭᠤᠨ ᠤ᠋ ᠴᠢᠪᠢ ᠶ᠋ᠢᠨ ᠭᠠᠳᠠᠭᠤᠷᠬᠢ ᠤᠭᠤᠲᠠ᠃ 
ᠬᠤᠤᠬᠠᠨᠠᠭ  
       ᠭᠠᠳᠠᠷ ᠪᠥᠭᠡᠷ᠎ᠡ ᠶ᠋ᠢ ᠤᠭᠤᠲᠠᠯᠠᠵᠤ ᠪᠠᠢᠬᠤ ᠠᠷᠠᠰᠤᠨ ᠬᠠᠪᠲᠠᠭ᠎ᠠ ᠃ ᠪᠠᠰᠠ ᠤᠮᠠᠳᠠᠭ ᠭᠡᠵᠦ ᠬᠡᠯᠡᠳᠡᠭ᠃ 
ᠬᠣᠰᠬᠢᠨᠠᠭ    ᠮᠠᠯ ᠤ᠋ᠨ ᠭᠡᠳᠡᠰᠦᠨ ᠦ᠌ ᠲᠡᠭᠦᠰᠬᠡᠯ ᠬᠡᠰᠡᠭ᠃ 
ᠲᠡᠨᠡᠭ ᠲᠦᠷᠦᠭᠦᠦ    ᠡᠷ᠎ᠡ ᠮᠠᠯ ᠤ᠋ᠨ ᠬᠣᠰᠬᠢᠨᠠᠭ ᠤ᠋ᠨ ᠭᠠᠳᠠᠷ ᠠᠮᠠ ᠶ᠋ᠢ ᠬᠡᠯᠡᠳᠡᠭ᠃ 
ᠡᠮ᠎ᠡ ᠪᠡᠯᠭᠡ    ᠡᠮ᠎ᠡ ᠴᠢᠨᠠᠷ ᠤ᠋ᠨ ᠪᠡᠯᠬᠡᠰ ᠪᠦᠬᠦᠢ᠃ 
ᠰᠠᠪᠠ    ᠦᠷ᠎ᠡ ᠬᠥᠪᠦᠷᠡᠯ ᠦ᠋ᠨ ᠲᠣᠭᠲᠠᠬᠤ ᠭᠡᠷ᠃ 
ᠤᠮᠠᠢ    ᠡᠮ᠎ᠡ ᠪᠡᠯᠭᠡ ᠶ᠋ᠢᠨ ᠡᠷᠬᠡᠲᠡᠨ᠃ 
ᠪᠠᠶᠠᠨ ᠲᠦᠷᠦᠭᠦᠦ  
       ᠡᠮ᠎ᠡ ᠮᠠᠯ ᠤ᠋ᠨ ᠬᠣᠰᠬᠢᠨᠠᠭ ᠤ᠋ᠨ ᠭᠠᠳᠠᠷ ᠠᠮᠠ ᠶ᠋ᠢ ᠪᠠᠶᠠᠨ ᠲᠦᠷᠦᠭᠦᠦ ᠭᠡᠳᠡᠭ ᠃ ᠪᠠᠰᠠ ᠠᠯᠠᠭᠠᠨᠠᠭ ᠭᠡᠳᠡᠭ᠃  

                ᠦᠷ᠎ᠡ ᠬᠥᠪᠦᠷᠡᠯ ᠦ᠋ᠨ ᠵᠦᠢᠯ 
ᠦᠷ᠎ᠡ    ᠦᠷᠡᠰ ᠮᠠᠯ ᠤ᠋ᠨ ᠳᠤᠰᠤᠯ᠃ 
ᠬᠡᠭᠡᠯ    ᠦᠷ᠎ᠡ ᠬᠥᠪᠦᠷᠡᠯ ᠦ᠋ᠨ ᠪᠡᠶᠡᠯᠡᠯ ᠵᠤᠯᠴᠢ᠃ 
ᠵᠤᠯᠪᠤᠳᠠᠰᠤ    ᠳᠤᠲᠠᠭᠤ ᠲᠥᠷᠥᠭᠰᠡᠨ ᠲᠥᠯ᠃ 
ᠬᠠᠷᠪᠢᠰᠤ  
       ᠲᠥᠯ ᠦ᠋ᠨ ᠭᠡᠷ ᠂ ᠭᠡᠭᠡᠰᠢ ᠃ ᠪᠠᠰᠠ ᠬᠠᠭ ᠭᠡᠵᠦ ᠬᠡᠯᠡᠳᠡᠭ ᠃ ᠵᠷᠢᠮ ᠭᠠᠵᠠᠷ ᠰᠠᠯᠠᠢ ᠂ ᠬᠣᠷᠮᠣᠢ ᠭᠡᠵᠦ ᠬᠡᠯᠡᠳᠡᠭ᠃ 

                 ᠡᠪᠡᠷᠯᠢᠭ ᠦ᠋ᠨ ᠵᠦᠢᠯ  
ᠡᠪᠡᠷ  
       ᠦᠬᠡᠷ ᠂ ᠬᠣᠨᠢ ᠂ ᠢᠮᠠᠭᠠᠨ ᠤ᠋ ᠲᠣᠯᠣᠭᠠᠢ ᠳ᠋ᠤ᠌ ᠤᠷᠭᠤᠳᠠᠭ ᠲᠤᠭᠤᠯᠮᠠᠢᠲᠤ ᠬᠠᠲᠠᠭᠤ ᠡᠳ᠋ ᠃ 
ᠲᠤᠭᠤᠷᠠᠢ    ᠠᠳᠤᠭᠤᠨ ᠤ᠋ ᠬᠥᠯ ᠦ᠋ᠨ ᠦᠵᠦᠭᠦᠷ ᠲᠡᠬᠢ ᠡᠪᠡᠷᠯᠢᠭ᠃ 
ᠬᠣᠭᠢᠰᠣ 
       ᠦᠬᠡᠷ ᠂ ᠬᠣᠨᠢ ᠂ ᠢᠮᠠᠭᠠᠨ ᠤ᠋ ᠬᠥᠯ ᠦ᠋ᠨ ᠦᠵᠦᠭᠦᠷ ᠲᠡᠬᠢ ᠡᠪᠡᠷᠯᠢᠭ᠃ 
ᠬᠢᠮᠤᠰᠤ    ᠲᠡᠮᠡᠭᠡᠨ ᠲᠠᠪᠠᠬᠠᠢ ᠶ᠋ᠢᠨ ᠦᠵᠦᠭᠦᠷ ᠲᠡᠬᠢ ᠵᠢᠵᠢᠭ ᠡᠪᠡᠷᠯᠢᠭ᠃ 
ᠭᠢᠶᠡᠷᠬᠢ    ᠲᠤᠭᠤᠷᠠᠢ ᠶ᠋ᠢᠨ ᠭᠢᠯᠠᠭᠠᠷ ᠵᠢᠲᠡᠷ᠃ 
ᠡᠮᠡᠭᠡᠨ ᠲᠤᠭᠤᠷᠠᠢ 
       ᠮᠣᠷᠢ ᠂ ᠯᠠᠭᠤᠰᠠ ᠶ᠋ᠢᠨ ᠬᠠᠭᠳᠠ ᠦᠶ᠎ᠡ ᠪᠤᠶᠤ ᠪᠣᠷᠪᠢ ᠶ᠋ᠢᠨ ᠳᠣᠲᠣᠷ ᠲᠠᠯ᠎ᠠ ᠳ᠋ᠤ᠌ ᠤᠷᠭᠤᠳᠠᠭ ᠡᠪᠡᠷᠯᠢᠭ᠃ 
ᠰᠢᠪᠡᠷᠢ  
       ᠮᠠᠯ ᠤ᠋ᠨ ᠳᠠᠭᠠᠯᠴᠠᠭ ᠤ᠋ᠨ ᠵᠠᠪᠰᠠᠷ ᠪᠠᠢᠳᠠᠭ ᠵᠢᠵᠢᠭ ᠪᠥᠮᠪᠥᠭᠡᠯᠢᠭ ᠳᠣᠲᠣᠷ  ᠢ᠋ᠶ᠋ᠠᠨ ᠦᠰᠦᠯᠢᠭ ᠪᠤᠯᠴᠢᠷᠬᠠᠢ ᠰᠢᠭ᠋ ᠶᠠᠭᠤᠮ᠎ᠠ᠃ 
ᠲᠠᠪᠤᠨ 《ᠨᠠᠭ ( ᠊ᠨᠡᠭ ) 》 ᠰᠠᠷᠬᠢᠨᠠᠭ ᠂ ᠬᠡᠷᠬᠡᠨᠡᠭ ᠂ ᠠᠯᠭᠠᠨᠠᠭ ᠂ ᠬᠣᠰᠬᠢᠨᠠᠭ ᠂ ᠬᠠᠳᠬᠤᠨᠠᠭ ᠃ 
ᠬᠣᠷᠢᠨ ᠨᠢᠭᠡᠨ 《ᠬᠠᠢ ( ᠬᠡᠢ ) 》
       ᠤᠬᠤᠷᠬᠠᠢ ᠂ ᠨᠠᠮᠢᠯᠠᠬᠠᠢ ᠂ ᠴᠢᠮᠠᠷᠬᠠᠢ ᠂ ᠪᠦᠳᠦᠷᠬᠡᠢ ᠂ ᠠᠶᠤᠮᠠᠬᠠᠢ ᠂ ᠠᠶᠤᠤᠯᠢᠬᠠᠢ ᠂ ᠲᠥᠪᠥᠩᠬᠡᠢ ᠂ ᠥᠶᠥᠬᠡᠢ ᠂ ᠲᠠᠬᠠᠢ ᠂ ᠲᠠᠪᠠᠬᠠᠢ ᠂ ᠭᠠᠬᠠᠢ ᠂ ᠰᠥᠭᠡᠢ ᠂ ᠪᠡᠷᠪᠡᠬᠡᠢ ᠂ ᠲᠡᠭᠡᠷᠬᠡᠢ ᠂ ᠰᠢᠮᠠᠷᠠᠬᠠᠢ ᠂ ᠴᠢᠴᠠᠷᠬᠠᠢ ᠂ ᠬᠣᠲᠣᠷᠢᠩᠬᠠᠢ ᠂ ᠲᠣᠭᠣᠷᠢᠩᠬᠠᠢ ᠂ ᠪᠤᠯᠴᠢᠷᠬᠠᠢ ᠂ ᠬᠤᠵᠢᠷᠬᠠᠢ  ᠂ ᠤᠬᠢᠯᠠᠩᠬᠠᠢ᠃ 
ᠬᠣᠷᠢᠨ ᠬᠣᠶᠠᠷ ᠬᠥᠨᠳᠡᠢ 
       ᠠᠮᠠᠨ ᠤ᠋ ᠬᠥᠨᠳᠡᠢ᠂ ᠬᠠᠮᠠᠷ ᠤ᠋ᠨ ᠬᠥᠨᠳᠡᠢ᠂ ᠭᠠᠪᠠᠯᠠ ᠶ᠋ᠢᠨ ᠬᠥᠨᠳᠡᠢ᠂ ᠴᠡᠭᠡᠵᠢᠨ ᠦ᠌ ᠬᠥᠨᠳᠡᠢ᠂ ᠬᠡᠪᠡᠯᠢ ᠶ᠋ᠢᠨ ᠬᠥᠨᠳᠡᠢ᠂ ᠠᠭᠠᠷᠴᠠᠭ ᠤ᠋ᠨ ᠬᠥᠨᠳᠡᠢ᠂ ᠦᠶ᠎ᠡ ᠶ᠋ᠢᠨ ᠬᠥᠨᠳᠡᠢ᠂ ᠬᠣᠭᠣᠯᠠᠢ ᠶ᠋ᠢᠨ ᠬᠥᠨᠳᠡᠢ᠂ ᠪᠠᠭᠠᠯᠵᠠᠭᠤᠷ ᠤ᠋ᠨ ᠬᠥᠨᠳᠡᠢ᠂ ᠴᠣᠷᠣᠢ ᠶ᠋ᠢᠨ ᠬᠥᠨᠳᠡᠢ ( ᠬᠡᠪᠡᠯᠢ ᠶ᠋ᠢᠨ ᠬᠥᠨᠳᠡᠢ ) ᠂ ᠴᠡᠭᠡᠵᠢᠨ ᠬᠥᠨᠳᠡᠢ᠂ ᠰᠠᠪᠠ ᠶ᠋ᠢᠨ ᠬᠥᠨᠳᠡᠢ᠂ ᠰᠠᠷᠢᠰᠤᠲᠤ ᠬᠠᠯᠢᠰᠤᠨ ᠤ᠋ ᠬᠥᠨᠳᠡᠢ᠂ ᠲᠣᠭᠳᠣᠢ ᠬᠠᠯᠢᠰᠤᠨ ᠤ᠋ ᠬᠥᠨᠳᠡᠢ᠂ ᠠᠮᠠᠨ ᠤ᠋ ᠤᠭ ᠤ᠋ᠨ ᠬᠥᠨᠳᠡᠢ᠂ ᠬᠠᠲᠠᠭᠤ ᠬᠠᠯᠢᠰᠤᠨ ᠤ᠋ ᠭᠠᠳᠠᠭᠤᠷᠬᠢ ᠬᠥᠨᠳᠡᠢ᠂ ᠬᠥᠭᠡᠰᠦᠨ ᠬᠠᠯᠢᠰᠤᠨ ᠤ᠋ ᠳᠣᠣᠷᠠᠬᠢ ᠬᠥᠨᠳᠡᠢ᠂ ᠬᠠᠲᠠᠭᠤ ᠬᠠᠯᠢᠰᠤᠨ ᠤ᠋ ᠳᠣᠣᠷᠠᠬᠢ ᠬᠥᠨᠳᠡᠢ᠂ ᠦᠩᠬᠦᠯᠴᠡᠭ ᠦ᠋ᠨ ᠬᠥᠨᠳᠡᠢ᠂ ᠤᠷᠲᠤ ᠬᠥᠨᠳᠡᠢ᠂ ᠬᠣᠢᠲᠤ ᠬᠥᠨᠳᠡᠢ᠂ ᠬᠠᠮᠠᠷ ᠤ᠋ᠨ ᠤᠭ ᠤ᠋ᠨ ᠬᠥᠨᠳᠡᠢ᠃ ᠬᠥᠨᠳᠡᠢ ᠭᠡᠳᠡᠭ ᠪᠣᠯ ᠶᠠᠭᠤᠮᠠᠨ ᠤ᠋ ᠳᠣᠲᠣᠷᠠᠬᠢ ᠶ᠋ᠢᠨ ᠶᠡᠬᠡᠬᠡᠨ ᠵᠠᠢᠲᠠᠢ ᠬᠣᠭᠣᠰᠣᠪᠲᠤᠷ ᠪᠠᠢᠭ᠎ᠠ᠃ 
ᠠᠷᠪᠠᠨ ᠵᠢᠷᠭᠤᠭᠠᠨ ᠬᠣᠩᠭᠢᠯ  
       ᠬᠠᠮᠠᠷ ᠤ᠋ᠨ ᠤᠭ ᠤ᠋ᠨ ᠬᠣᠩᠭᠢᠯ ᠂ ᠮᠠᠩᠨᠠᠢ ᠶ᠋ᠢᠨ ᠬᠣᠩᠭᠢᠯ ᠂ ᠳᠡᠭᠡᠷ᠎ᠡ ᠡᠷᠡᠦ ᠶ᠋ᠢᠨ ᠬᠣᠩᠭᠢᠯ ᠂ ᠡᠷᠪᠡᠬᠡᠢ ᠶᠠᠰᠤᠨ ᠤ᠋ ᠬᠣᠩᠭᠢᠯ ᠂ ᠡᠷᠪᠡᠬᠡᠢ - ᠲᠠᠩᠨᠠᠢ ᠶ᠋ᠢᠨ ᠬᠣᠩᠭᠢᠯ ᠂ ᠰᠠᠮᠠᠯᠳᠠᠭ ᠤ᠋ᠨ ᠬᠣᠩᠭᠢᠯ ᠂ ᠠᠷᠠᠰᠤᠨ ᠤ᠋ ᠬᠣᠩᠭᠢᠯ ᠂ ᠲᠠᠩᠨᠠᠢ ᠶ᠋ᠢᠨ ᠬᠣᠩᠭᠢᠯ ᠂ ᠳᠠᠭᠵᠠ ᠶ᠋ᠢᠨ ᠬᠣᠩᠭᠢᠯ ᠂ ᠤᠬᠤᠷᠬᠠᠢ ᠶ᠋ᠢᠨ ᠬᠣᠩᠭᠢᠯ ᠂ ᠴᠠᠪᠢᠨ ᠤ᠋ ᠬᠣᠩᠭᠢᠯ ᠂ ᠳᠠᠢᠪᠤᠷᠢ ᠲᠥᠮᠦᠰᠦᠨ ᠦ᠌ ᠬᠣᠩᠭᠢᠯ ᠂ ᠦᠩᠬᠦᠯᠴᠡᠭ ᠦ᠋ᠨ ᠬᠣᠩᠭᠢᠯ ᠂ ᠰᠢᠯᠤᠭᠤᠨ ᠬᠣᠩᠭᠢᠯ᠂ ᠬᠥᠨᠳᠡᠯᠡᠨ ᠬᠣᠩᠭᠢᠯ ᠃  ᠬᠣᠩᠭᠢᠯ ᠭᠡᠭᠴᠢ ᠨᠢ ᠶᠠᠭᠤᠮᠠᠨ ᠤ᠋ ᠬᠥᠨᠳᠡᠢ ᠶ᠋ᠢᠨ ᠳᠠᠪᠴᠢᠭᠤ ᠵᠠᠢ ᠃ ᠬᠣᠩᠭᠢᠯ ᠤ᠋ᠨ ᠨᠦᠬᠡ ᠨᠢ ᠭᠤᠷᠪᠠᠨ ᠲᠠᠯ᠎ᠠ ᠵᠦᠭ ᠢ᠋ᠶ᠋ᠡᠨ ᠨᠡᠪᠲᠡᠷᠡᠳᠡᠭ ᠦᠭᠡᠢ᠃ 
ᠠᠷᠪᠠᠨ ᠨᠢᠭᠡᠨ ᠬᠣᠩᠭᠢᠰᠬ᠎ᠠ  
       ᠭᠦᠢᠯᠡᠰᠦᠨ ᠪᠤᠯᠴᠢᠷᠬᠠᠢ ᠶ᠋ᠢᠨ ᠬᠣᠩᠭᠢᠰᠬ᠎ᠠ᠂ ᠬᠣᠰᠬᠢᠨᠠᠭ ᠤ᠋ᠨ ᠰᠦᠪᠡ ᠶ᠋ᠢᠨ ᠬᠣᠩᠭᠢᠰᠬ᠎ᠠ᠂ ᠬᠣᠳᠣᠭᠣᠳᠣᠨ ᠨᠤᠭᠤᠯᠤᠭᠤᠷ ᠤ᠋ᠨ ᠬᠣᠩᠭᠢᠰᠬ᠎ᠠ᠂ ᠲᠠᠷᠢᠬᠢᠨ ᠤ᠋ ᠬᠠᠲᠠᠭᠤ ᠬᠠᠯᠢᠰᠤᠨ ᠤ᠋ ᠸᠸᠨ᠎ᠠ ᠶ᠋ᠢᠨ ᠬᠣᠩᠭᠢᠰᠬ᠎ᠠ᠂ ᠰᠡᠢᠮᠡᠬᠡᠢ ᠶ᠋ᠢᠨ ᠸᠸᠨ᠎ᠠ ᠶ᠋ᠢᠨ ᠬᠣᠩᠭᠢᠰᠬ᠎ᠠ᠂ ᠰᠡᠢᠮᠡᠬᠡᠢ ᠶ᠋ᠢᠨ ᠵᠠᠪᠰᠠᠷ ᠤ᠋ᠨ ᠸᠸᠨ᠎ᠠ ᠶ᠋ᠢᠨ ᠬᠣᠩᠭᠢᠰᠬ᠎ᠠ᠂ ᠦᠶ᠎ᠡ ᠶ᠋ᠢᠨ ᠭᠣᠣᠯᠲᠤ ᠬᠣᠩᠭᠢᠰᠬ᠎ᠠ᠂ ᠨᠢᠷᠤᠭᠤᠨ ᠤ᠋ ᠭᠣᠣᠯᠲᠤ ᠬᠣᠩᠭᠢᠰᠬ᠎ᠠ᠂ ᠸᠸᠨ᠎ᠠ ᠰᠤᠳᠠᠯ ᠤ᠋ᠨ ᠬᠣᠩᠭᠢᠰᠬ᠎ᠠ ᠂ ᠭᠦᠷᠡᠭᠡᠨ  ᠠᠷᠲ᠋ᠧᠷᠢ ᠶ᠋ᠢᠨ ᠬᠣᠩᠭᠢᠰᠬ᠎ᠠ᠂ ᠭᠣᠣᠯ ᠠᠷᠲ᠋ᠧᠷᠢ ᠶ᠋ᠢᠨ ᠬᠣᠩᠭᠢᠰᠬ᠎ᠠ᠃ ᠬᠣᠩᠭᠢᠰᠬ᠎ᠠ ᠭᠡᠭᠴᠢ ᠨᠢ ᠶᠠᠭᠤᠮᠠᠨ ᠤ᠋ ᠬᠥᠨᠳᠡᠢ ᠶ᠋ᠢᠨ ᠨᠠᠷᠢᠨ ᠵᠠᠢ ᠃ ᠬᠣᠩᠭᠢᠰᠬ᠎ᠠ ᠶ᠋ᠢᠨ ᠨᠦᠬᠡ ᠨᠢ ᠨᠡᠪᠲᠡᠷᠬᠡᠢ ( ᠰᠤᠮᠤᠨ ᠤ᠋ ᠬᠣᠩᠭᠢᠰᠬ᠎ᠠ ᠠ᠋ᠴᠠ ᠪᠤᠰᠤ ) ᠃ ᠬᠣᠩᠭᠢᠰᠬ᠎ᠠ ᠪᠣᠯ ᠬᠣᠩᠬᠢᠶ᠎ᠠ ᠠ᠋ᠴᠠ ᠪᠠᠰᠠ ᠨᠠᠷᠢᠪᠲᠤᠷ ᠬᠣᠭᠣᠯᠠᠢ ᠪᠣᠯᠤᠨ᠎ᠠ᠃  

ᠭᠣᠣᠯᠳᠠᠭᠤ ᠠᠰᠢᠭᠯᠠᠭᠰᠠᠨ ᠨᠣᠮ  ᠤ᠋ᠳ 
① 《ᠮᠣᠩᠭᠣᠯ ᠬᠡᠯᠡᠨ ᠦ᠌ ᠲᠣᠪᠴᠢ ᠲᠠᠢᠯᠪᠤᠷᠢ ᠲᠣᠯᠢ 》ᠶ ᠂ ᠴᠸᠪᠠᠯ ᠵᠣᠬᠢᠶᠠᠪᠠ ᠂ ᠤᠯᠠᠭᠠᠪᠠᠭᠠᠳᠤᠷ ᠳᠠᠬᠢ ᠤᠯᠤᠰ ᠤ᠋ᠨ ᠬᠡᠪᠯᠡᠯ ᠦ᠋ᠨ ᠬᠡᠷᠡᠭ ᠡᠷᠬᠢᠯᠡᠬᠦ ᠬᠣᠷᠢᠶ᠎ᠠ ᠂1966 ᠣᠨ ᠳ᠋ᠤ᠌ ᠬᠡᠪᠯᠡᠪᠡ ᠃ 
② 《ᠮᠣᠩᠭᠣᠯ ᠤ᠋ᠨ ᠬᠤᠷᠳᠤᠨ ᠮᠣᠷᠢ 》 ᠨᠠᠮᠨᠠᠳᠣᠷᠵᠢ ᠵᠣᠬᠢᠶᠠᠪᠠ ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠂ 1958 ᠣᠨ ᠤ᠋ 4 ᠳ᠋ᠦ᠍ᠭᠡᠷ ᠰᠠᠷ᠎ᠠ ᠳ᠋ᠤ᠌ ᠬᠡᠪᠯᠡᠪᠡ ᠃ 
③ 《ᠮᠣᠷᠢᠨ ᠤ᠋ ᠰᠢᠨᠵᠢ 》ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠸᠭ᠋ᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ ᠂ 1985 ᠣᠨ ᠤ᠋ 10 ᠳ᠋ᠤᠭᠠᠷ ᠰᠠᠷ᠎ᠠ ᠳ᠋ᠤ᠌ ᠬᠡᠪᠯᠡᠪᠡ ᠃ 
④ 《ᠮᠣᠩᠭᠣᠯ ᠦᠨᠳᠦᠰᠦᠲᠡᠨ ᠦ᠌ ᠲᠥᠷᠥᠯ ᠰᠠᠳᠤᠨ ᠤ᠋ ᠳᠠᠭᠤᠳᠠᠯᠭ᠎ᠠ ᠶ᠋ᠢᠨ ᠲᠤᠬᠠᠢ 》᠂ ᠨᠠᠮᠼᠠᠷᠠᠢ ᠪᠢᠴᠢᠪᠡ ᠂ 《ᠮᠣᠩᠭᠣᠯ ᠬᠡᠯᠡ ᠪᠢᠴᠢᠭ 》ᠰᠡᠳᠬᠦᠯ ᠂ 1987 ᠣᠨ ᠤ᠋ 9 ᠳ᠋ᠦ᠍ᠭᠡᠷ ᠬᠤᠭᠤᠴᠠᠭ᠎ᠠ  
⑤ 《ᠮᠣᠩᠭᠣᠯ ᠤ᠋ᠨ ᠢᠳᠡᠭᠡᠨ ᠲᠣᠪᠴᠢᠶ᠎ᠠ 》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ ᠂1987 ᠣᠨ ᠤ᠋ 3 ᠳ᠋ᠤᠭᠠᠷ ᠰᠠᠷ᠎ᠠ ᠳ᠋ᠤ᠌ ᠬᠡᠪᠯᠡᠪᠡ ᠃ 
⑥ 《ᠲᠠᠪᠤᠨ ᠬᠣᠰᠢᠭᠤ ᠮᠠᠯ ᠤ᠋ᠨ ᠨᠡᠷᠡᠢᠳᠦᠯ ᠦ᠋ᠨ ᠲᠤᠬᠠᠢ 》ᠳ ᠂ ᡀᠮᠤᠰᠥ᠋ᠷᠦᠩ ᠪᠢᠴᠢᠪᠡ ᠂ 《ᠮᠣᠩᠭᠣᠯ ᠬᠡᠯᠡ ᠤᠳᠬ᠎ᠠ ᠵᠣᠬᠢᠶᠠᠯ 》ᠰᠡᠳᠬᠦᠯ ᠂1986 ᠣᠨ ᠤ᠋ 4 ᠳ᠋ᠦ᠍ᠭᠡᠷ ᠬᠤᠭᠤᠴᠠᠭ᠎ᠠ ᠃ 
⑦  《ᠲᠠᠪᠤᠨ ᠬᠣᠰᠢᠭᠤ ᠮᠠᠯ ᠤ᠋ᠨ ᠨᠠᠰᠤ ᠰᠢᠲᠦ ᠥᠩᠭᠡ ᠵᠢᠰᠦᠮ ᠢ᠋ ᠨᠡᠷᠡᠯᠡᠬᠦ ᠦᠭᠡ ᠶ᠋ᠢᠨ ᠲᠤᠬᠠᠢ 》ᠷᠠᠰᠢᠴᠢᠷᠢᠨ ᠪᠢᠴᠢᠪᠡ ᠂  《ᠮᠣᠩᠭᠣᠯ ᠬᠡᠯᠡ ᠪᠢᠴᠢᠭ 》ᠰᠡᠳᠬᠦᠯ ᠂1982 ᠣᠨ ᠤ᠋ 2 ᠳ᠋ᠤᠭᠠᠷ ᠬᠤᠭᠤᠴᠠᠭ᠎ᠠ᠃ 
⑧  《ᠮᠠᠯ ᠤ᠋ᠨ ᠠᠨᠠᠲ᠋ᠣᠮᠢ 》( ᠪᠦᠬᠦ ᠤᠯᠤᠰ ᠤ᠋ᠨ ᠲᠠᠷᠢᠶᠠᠯᠠᠩ ᠤ᠋ᠨ ᠰᠤᠷᠭᠠᠭᠤᠯᠢ ᠨᠤᠭᠤᠳ ᠲᠤ᠌ ᠲᠤᠷᠰᠢᠨ ᠬᠡᠷᠡᠭᠯᠡᠬᠦ ᠵᠢᠭᠠᠬᠤ ᠮᠠᠲ᠋ᠧᠷᠢᠶᠠᠯ ) ᠂ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠂ 1983 ᠣᠨ ᠳ᠋ᠤ᠌ ᠬᠡᠪᠯᠡᠭᠳᠡᠪᠡ᠃ 
⑨  《ᠮᠡᠷᠭᠡᠳ ᠭᠠᠷᠬᠤ ᠶ᠋ᠢᠨ ᠣᠷᠣᠨ 》ᠷᠢᠨᠴᠢᠨᠺᠸᠨ ᠰᠡᠴᠡᠨᠴᠣᠭᠲᠤ ᠲᠣᠪᠴᠢᠯᠠᠨ ᠡᠮᠬᠢᠳᠬᠡᠪᠡ᠃

      ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠂
      1983 ᠣᠨ ᠤ᠋ 1 ᠳ᠋ᠦᠬᠡᠷ ᠰᠠᠷ᠎ᠠ ᠳ᠋ᠤ᠌ ᠬᠡᠪᠯᠡᠪᠡ ᠃   
            ᠬᠥᠬᠡ ᠵᠤᠯᠠ      ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ  
                   ᠪᠣᠷᠵᠢᠭᠢᠨ ᠵᠠᠩᠵᠢᠯ        ᠨᠠᠢᠷᠠᠭᠤᠯᠤᠨ ᠵᠣᠬᠢᠶᠠᠪᠠ   
                        ᠪᠠᠰᠤᠳ ᠮ ᠂ ᠮᠥᠩᠬᠡᠳᠡᠯᠡᠢ ᠡᠷᠬᠢᠯᠡᠨ ᠨᠠᠢᠷᠠᠭᠤᠯᠪᠠ 

         * ᠥᠪᠥᠷ ᠮᠣᠩᠭᠣᠯ ᠤ᠋ᠨ ᠬᠡᠪᠯᠡᠯ ᠦ᠋ᠨ ᠪᠦᠯᠦᠭᠯᠡᠯ ᠦ᠋ᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ 
            ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠲᠠᠷᠬᠠᠭᠠᠪᠠ 
            ᠬᠥᠬᠡᠬᠣᠲᠠ ᠶ᠋ᠢᠨ ᠪᠠᠶᠠᠨ ᠬᠡᠪᠯᠡᠯ ᠣᠨ ᠬᠢᠵᠠᠭᠠᠷᠲᠤ ᠺᠣᠮᠫᠠᠨᠢ ᠬᠡᠪᠯᠡᠪᠡ 
            ᠬᠠᠷᠢᠭᠤᠴᠠᠭᠰᠠᠨ ᠨᠠᠢᠷᠠᠭᠤᠯᠤᠭᠴᠢ ᠄ ᠬᠥᠪᠴᠢ 
            ᠬᠠᠪᠢᠰᠤ ᠶ᠋ᠢ ᠤᠷᠠᠯᠠᠨ ᠴᠢᠮᠡᠭᠴᠢ ᠮᠥᠩᠬᠡᠳᠠᠯᠠᠢ 
            2010 ᠣᠨ ᠤ᠋ 10 ᠳ᠋ᠤᠭᠠᠷ ᠰᠠᠷ᠎ᠠ ᠳ᠋ᠤ᠌ ᠠᠩᠬᠠᠳᠤᠭᠠᠷ ᠬᠡᠪ  ᠢ᠋ ᠬᠢᠪᠡ 
            2010 ᠣᠨ ᠤ᠋ 10 ᠳ᠋ᠤᠭᠠᠷ ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ 
            ᠬᠡᠪᠯᠡᠭᠦᠯᠦᠭᠰᠡᠨ ᠲᠣᠭ᠎ᠠ : 1 - 1000 ᠳᠡᠪᠲᠡᠷ 
            ISBN 978 - 7- 80675 - 809 - 0 /K ·127 
                    ᠦᠨ᠎ᠡ : 48.00 ᠲᠥᠭᠥᠷᠢᠭ