ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-3 > Хөх зул – Боржигон Ванжал –" Арван хоёр ᠂ яс махны нэрсийн бүлэг 1-3 "
ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-3
ᠠᠯᠢᠪᠠ ᠬᠥᠮᠦᠨ ᠠᠮᠢᠲᠠᠨ ᠤ᠋ ᠠᠳᠠᠭ ᠲᠡᠭᠦᠰᠬᠡᠯ ᠰᠢᠪᠲᠤᠷᠠᠭ᠎ᠠ ᠶ᠋ᠢᠨ ᠶᠠᠰᠤ᠃
ᠠᠬᠤᠷ ᠰᠡᠭᠦᠯ
ᠠᠬᠤᠷ ᠰᠡᠭᠦᠯ
ᠠᠰᠠᠭᠤᠬᠤ ᠨᠢᠷᠤᠭᠤᠨ ᠠ᠋ᠴᠠ ᠵᠠᠯᠭᠠᠯᠳᠤᠨ ᠪᠣᠢ ᠰᠡᠭᠦᠯ ᠦ᠋ᠨ ᠤᠵᠠᠭᠤᠷ ᠃ ᠪᠠᠰᠠ ᠰᠡᠭᠦᠯ ᠦ᠋ᠨ ᠤᠭ ᠭᠡᠳᠡᠭ ᠃ ᠲᠠᠪᠤᠨ ᠬᠣᠰᠢᠭᠤ ᠮᠠᠯ ᠤ᠋ᠨ ᠰᠡᠭᠦᠯ ᠦ᠋ᠨ ᠶᠠᠰᠤ ᠬᠠᠮᠤᠭ ᠪᠠᠭ᠎ᠠ ᠳ᠋ᠠᠭᠠᠨ 9 ᠦᠶ᠎ᠡ ᠪᠠᠢᠳᠠᠭ ᠃ ᠭᠡᠬᠦ ᠳ᠋ᠦ᠍ ᠲᠡᠷᠡ ᠨᠢᠭᠡ ᠪᠦᠷᠢ ᠶ᠋ᠢᠨ ᠣᠨᠣᠭᠠᠭᠰᠠᠨ ᠨᠡᠷ᠎ᠡ ᠶ᠋ᠢ ᠣᠯᠤᠭ᠎ᠠ ᠦᠭᠡᠢ ᠪᠠᠢᠨ᠎ᠠ ᠃ ᠭᠡᠪᠡᠴᠦ ᠨᠢᠭᠡ ᠪᠦᠯᠦᠭ ᠰᠡᠭᠦᠯ ᠦ᠋ᠨ ᠨᠡᠷ᠎ᠡ ᠣᠯᠵᠠᠢ ᠃ ᠲᠡᠭᠦᠨ ᠢ᠋ ᠵᠢᠭᠰᠠᠭᠠᠪᠠᠯ : ᠭᠣᠳᠣᠩ ᠰᠡᠭᠦᠯ ᠂ ᠭᠤᠳᠤᠷ ᠰᠡᠭᠦᠯ ᠂ ᠭᠣᠳᠣᠢ ᠰᠡᠭᠦᠯ ᠂ ᠤᠭᠤᠷᠠᠭ ᠰᠡᠭᠦᠯ ( ᠬᠣᠨᠢᠨ ᠰᠡᠭᠦᠯ ᠦ᠋ᠨ ᠡᠷᠲᠡᠭᠡᠷ ᠦ᠋ᠨ ᠡᠮᠦᠨᠡᠬᠡᠨ ᠡᠴᠡ ᠬᠣᠢᠰᠢᠬᠢ ᠬᠡᠰᠡᠭ ) ᠂ ᠰᠢᠷᠪᠠᠩ ᠰᠡᠭᠦᠯ ( ᠰᠡᠭᠦᠯ ᠦ᠋ᠨ ᠦᠵᠦᠭᠦᠷ ᠦ᠋ᠨ ᠬᠤᠷᠤᠭᠤ ᠰᠢᠭ᠋ ᠲᠡᠭᠦᠰᠬᠡᠯ ᠰᠡᠭᠦᠯ ) ᠃
ᠬᠠᠪᠢᠷᠭᠠᠨ ᠶᠠᠰᠤ
ᠰᠡᠭᠡᠷ ᠡᠪᠴᠢᠭᠦᠦ ᠬᠣᠶᠠᠷ ᠤ᠋ᠨ ᠬᠣᠭᠣᠷᠣᠨᠳᠣᠬᠢ ᠬᠤᠯᠪᠣᠭᠠᠷᠢ ᠪᠣᠯᠤᠭᠰᠠᠨ ᠲᠠᠬᠢᠷ ᠨᠠᠷᠢᠨ ᠶᠠᠰᠤ ᠨᠤᠭᠤᠳ᠃ ᠦᠬᠡᠷ ᠲᠦ᠍ 24 - 26 ᠬᠠᠪᠢᠷᠭ᠎ᠠ ᠲᠠᠢ ᠃ ᠣᠷᠳᠣᠰ ᠲᠤ᠌ ᠬᠠᠪᠢᠷᠭ᠎ᠠ ᠶ᠋ᠢ ᠬᠠᠪᠢᠰᠤ ᠭᠡᠨ᠎ᠡ᠃
ᠬᠠᠪᠢᠷᠭᠠᠨ ᠲᠣᠯᠣᠭᠠᠢ
ᠬᠠᠪᠢᠷᠭᠠᠨ ᠤ᠋ ᠰᠡᠭᠡᠷ ᠦ᠋ᠨ ᠰᠢᠭᠠᠨᠴᠠᠭ ᠂ ᠬᠠᠳᠬᠤᠵᠤ ᠪᠠᠢᠭ᠎ᠠ ᠳᠣᠪᠣᠭᠣᠷ ᠲᠠᠢ ᠶᠠᠰᠤ ᠃ ᠪᠠᠰᠠ ᠪᠤᠷ᠎ᠠ ᠭᠡᠳᠡᠭ᠃ ᠠᠯᠲᠠᠨ ᠪᠤᠷ᠎ᠠ ᠴᠤ᠌ ᠭᠡᠳᠡᠭ᠃
ᠬᠠᠪᠢᠷᠭᠠᠨ ᠪᠡᠶ᠎ᠡ ᠬᠠᠪᠢᠷᠭᠠᠨ ᠤ᠋ ᠬᠠᠪᠲᠠᠭᠠᠢᠯᠢᠭ᠋ ᠤᠷᠲᠤ ᠶᠠᠰᠤ ᠃
ᠬᠠᠪᠢᠷᠭᠠᠨ ᠮᠥᠭᠡᠷᠰᠦᠯᠢᠭ ᠦᠵᠦᠭᠦᠷ
ᠬᠠᠪᠢᠷᠭᠠᠨ ᠤ᠋ ᠡᠪᠴᠢᠭᠦᠨ ᠳ᠋ᠦ᠍ ᠵᠠᠯᠭᠠᠯᠳᠤᠵᠤ ᠪᠠᠢᠭ᠎ᠠ ᠦᠵᠦᠭᠦᠷ ᠶᠠᠰᠤ᠃ ᠬᠠᠪᠢᠷᠭᠠᠨ ᠤ᠋ ᠮᠢᠬ᠎ᠠ ᠲᠠᠢ᠂ ᠮᠢᠬ᠎ᠠ ᠦᠭᠡᠢ ᠭᠠᠷᠳᠠᠭ ᠢ ᠦᠨᠳᠦᠰᠦᠯᠡᠵᠦ᠂ ᠠᠷᠤᠲᠠᠢ ᠬᠠᠪᠢᠷᠭ᠎ᠠ᠂ ᠠᠷᠤ ᠦᠭᠡᠢ ᠬᠠᠪᠢᠷᠭ᠎ᠠ ᠭᠡᠵᠦ ᠬᠣᠶᠠᠷ ᠬᠤᠪᠢᠶᠠᠳᠠᠭ ᠪᠥᠭᠡᠳ ᠪᠣᠭᠣᠨᠢ᠂ ᠠᠯᠳᠠᠷᠠᠭ᠎ᠠ᠂ ᠥᠨᠳᠥᠷ᠂ ᠰᠦᠪᠡᠷᠭᠡ ᠭᠡᠵᠦ ᠨᠡᠷᠡᠢᠳᠦᠯ ᠢ᠋ᠶ᠋ᠡᠷ ᠨᠢ ᠳᠥᠷᠪᠡ ᠬᠤᠪᠢᠶᠠᠳᠠᠭ᠃
ᠠᠷᠤ ᠦᠭᠡᠢ ᠬᠠᠪᠢᠷᠭ᠎ᠠ
ᠬᠠᠪᠢᠷᠭ᠎ᠠ ᠪᠠᠨ ᠰᠡᠭᠡᠷ ᠡᠴᠡ ᠬᠠᠳᠤᠵᠤ ᠠᠪᠤᠭᠰᠠᠨ ᠤ᠋ ᠳᠠᠷᠠᠭ᠎ᠠ ᠬᠠ ᠪᠠᠨ ᠰᠠᠯᠭᠠᠳᠠᠭ ᠃ ᠭᠡᠬᠦ ᠳ᠋ᠦ᠍ ᠳᠠᠯᠤ ᠨᠠᠭᠠᠯᠳᠤᠭᠰᠠᠨ ᠬᠡᠰᠡᠭ ᠦ᠋ᠨ ᠬᠠᠪᠢᠷᠭ᠎ᠠ ᠨᠢ ᠠᠷᠤ ᠮᠢᠬ᠎ᠠ ᠦᠭᠡᠢ ᠭᠠᠷᠳᠠᠭ ᠃ ᠡᠢᠨ ᠬᠦ᠌ ᠡᠭᠦᠨ ᠢ᠋ ᠠᠷᠤ ᠦᠭᠡᠢ ᠬᠠᠪᠢᠷᠭ᠎ᠠ ᠭᠡᠳᠡᠭ᠃
ᠠᠷᠤᠲᠠᠢ ᠬᠠᠪᠢᠷᠭ᠎ᠠ
ᠳᠠᠯᠤ ᠪᠠᠨ ᠬᠠᠪᠢᠷᠭ᠎ᠠ ᠠ᠋ᠴᠠ ᠰᠠᠯᠭᠠᠨ ᠠᠪᠤᠭᠰᠠᠨ 4 ᠥᠨᠳᠥᠷ ᠂ 3 ᠰᠦᠪᠡᠷᠭᠡ ᠂ ᠬᠠᠪᠢᠰᠤ ᠠᠷᠤ ᠳ᠋ᠠᠭᠠᠨ ᠪᠡᠶ᠎ᠡ ᠮᠢᠬ᠎ᠠ ᠠᠪᠴᠤ ᠡᠪᠳᠡᠭᠳᠡᠬᠦ ᠦᠭᠡᠢ ᠭᠠᠷᠳᠠᠭ ᠃ ᠡᠢᠨ ᠬᠦ᠌ ᠡᠭᠦᠨ ᠢ᠋ ᠠᠷᠤᠲᠠᠢ ᠬᠠᠪᠢᠷᠭ᠎ᠠ ᠭᠡᠳᠡᠭ᠃
ᠪᠣᠭᠣᠨᠢ ᠬᠠᠪᠢᠷᠭ᠎ᠠ
ᠡᠪᠴᠢᠭᠦᠨ ᠪᠦᠳᠦᠷᠬᠡᠢ ᠶ᠋ᠢᠨ ᠬᠣᠶᠠᠷ ᠬᠠᠵᠠᠭᠤ ᠳ᠋ᠤ᠌ ᠬᠠᠤᠠᠬᠤᠷᠯᠠᠵᠤ ᠪᠣᠢ ᠬᠠᠮᠤᠭ ᠠᠩᠬᠠᠨ ᠤ᠋ ᠣᠬᠣᠷ ᠬᠠᠪᠢᠷᠭ᠎ᠠ᠃ ᠪᠠᠰᠠ ᠥᠨᠥᠴᠢᠨ ᠬᠠᠪᠢᠷᠭ᠎ᠠ ᠴᠤ᠌ ᠭᠡᠳᠡᠭ᠃
ᠪᠤᠶᠠᠨ ᠬᠠᠪᠢᠷᠭ᠎ᠠ
ᠪᠣᠭᠣᠨᠢ ᠬᠠᠪᠢᠷᠭ᠎ᠠ ᠶ᠋ᠢᠨ ᠳᠠᠷᠠᠭᠠᠬᠢ ᠶ᠋ᠢᠨ ᠬᠠᠪᠢᠷᠭ᠎ᠠ ᠃ ᠪᠠᠰᠠ ᠠᠯᠳᠠᠷᠠᠭ᠎ᠠ ᠴᠤ᠌ ᠭᠡᠵᠦ ᠬᠡᠯᠡᠳᠡᠭ᠃
ᠳᠥᠷᠪᠡᠨ ᠥᠨᠳᠥᠷ
ᠠᠯᠳᠠᠷᠠᠭ᠎ᠠ ᠶ᠋ᠢᠨ ᠳᠠᠷᠠᠭ᠎ᠠ ᠪᠠᠢᠭ᠎ᠠ ᠠᠷᠤ ᠳ᠋ᠠᠭᠠᠨ ᠮᠢᠬ᠎ᠠ ᠲᠠᠢ ᠪᠥᠭᠡᠳ 4 ᠤᠷᠲᠤ ᠬᠠᠪᠢᠷᠭ᠎ᠠ᠃
ᠭᠤᠷᠪᠠᠨ ᠰᠦᠪᠡᠷᠭᠡ
4 ᠥᠨᠳᠥᠷ ᠦ᠋ᠨ ᠳᠠᠷᠠᠭ᠎ᠠ ᠪᠠᠢᠭ᠎ᠠ ᠬᠠᠪᠢᠷᠭᠠᠨ ᠤ᠋ ᠮᠥᠭᠡᠷᠰᠦᠯᠢᠭ ( ᠰᠦᠪᠡᠷᠭᠡ ) ᠲᠠᠯ᠎ᠠ ᠶ᠋ᠢᠨ ᠮᠥᠭᠡᠷᠰᠦ ᠨᠢ ᠤᠷᠲᠤ ᠪᠦᠬᠦᠢ ᠠᠬᠤᠷ ᠨᠠᠷᠢᠨ ᠬᠠᠪᠢᠷᠭ᠎ᠠ᠃
ᠰᠦᠪᠡᠷᠭᠡᠳᠡᠰᠦ
ᠢᠯᠡᠭᠦᠦ ᠰᠡᠭᠡᠷ ᠲᠡᠢ ᠦᠶ᠎ᠡ ᠳ᠋ᠦ᠍ ᠭᠠᠷᠬᠤ ᠢᠯᠡᠭᠦᠦ ᠬᠠᠪᠢᠷᠭ᠎ᠠ᠃ ᠡᠨᠡ ᠵᠠᠪᠠᠯ ᠰᠦᠪᠡᠷᠭᠡ ᠶ᠋ᠢᠨ ᠳᠠᠷᠠᠭ᠎ᠠ᠂ ᠥᠭᠡᠷ᠎ᠡ ᠪᠡᠷ ᠬᠡᠯᠡᠪᠡᠯ᠂ ᠬᠠᠪᠢᠷᠭ᠎ᠠ ᠶ᠋ᠢᠨ ᠡᠴᠦᠰ ᠲᠦ᠍ ᠤᠷᠭᠤᠨ᠎ᠠ᠃
ᠡᠪᠴᠢᠭᠦᠦ ᠶᠠᠰᠤ
ᠴᠡᠭᠡᠵᠢᠨ ᠪᠡᠶ᠎ᠡ ᠶ᠋ᠢᠨ ᠳᠣᠣᠷᠠᠲᠤ ᠬᠡᠰᠡᠭ ᠪᠦᠲᠦᠭᠡᠵᠦ ᠪᠠᠢᠭ᠎ᠠ ᠬᠣᠰᠢᠭᠤᠯᠵᠢᠨ ᠶᠠᠰᠤ᠃
ᠡᠪᠴᠢᠭᠦᠨ ᠪᠦᠳᠦᠷᠬᠡᠢ
ᠡᠪᠴᠢᠭᠦᠨ ᠦ᠌ ᠬᠠᠮᠤᠭ ᠡᠮᠦᠨᠡᠬᠢ ᠬᠣᠰᠢᠭᠤᠯᠵᠢᠨ ᠤ᠋ ᠦᠵᠦᠭᠦᠷ ᠶᠠᠰᠤ᠃ ᠬᠡᠷᠪᠡ ᠡᠪᠴᠢᠭᠦᠦ ᠳᠠᠪᠬᠠᠯᠠᠵᠤ ᠵᠣᠴᠢᠨ ᠳᠠᠢᠯᠠᠬᠤ ᠳ᠋ᠤ᠌ ᠬᠦᠷᠪᠡᠯ᠂ ᠡᠷᠬᠡᠪᠰᠢ ᠡᠨᠡ ᠬᠦ᠌ ᠪᠦᠳᠦᠷᠬᠡᠢ ᠶ᠋ᠢ ᠨᠢ ᠠᠪᠴᠤ ᠲᠠᠯᠪᠢᠳᠠᠭ ᠶᠣᠰᠣᠲᠠᠢ᠃
ᠡᠪᠴᠢᠭᠦᠨ ᠬᠤᠷᠤᠭᠤ
ᠡᠪᠴᠢᠭᠦᠨ ᠦ᠌ ᠡᠮᠦᠨᠡᠬᠢ ᠬᠡᠰᠡᠭ ᠦ᠋ᠨ ᠬᠣᠶᠠᠷ ᠲᠠᠯ᠎ᠠ ᠶ᠋ᠢᠨ ᠬᠠᠵᠠᠭᠤ ᠶ᠋ᠢᠨ ᠬᠠᠪᠢᠷᠭᠠᠨ ᠮᠥᠭᠡᠷᠰᠦᠨ ᠦ᠌ ᠦᠯᠡᠳᠡᠪᠦᠷᠢ ᠪᠣᠯᠬᠤ ᠬᠤᠷᠤᠭᠤᠨ ᠤ᠋ ᠨᠢᠭᠡ ᠦᠶ᠎ᠡ ᠮᠡᠲᠦ ᠲᠦᠭᠦᠷᠬᠡᠢ ᠶᠠᠰᠤ᠃
ᠡᠪᠴᠢᠭᠦᠨ ᠠᠶᠤᠮᠠᠬᠠᠢ
ᠡᠪᠴᠢᠭᠦᠨ ᠦ᠌ ᠬᠣᠷᠮᠣᠢ ᠲᠠᠯ᠎ᠠ ᠶ᠋ᠢᠨ ᠲᠥᠪ ᠳᠤᠮᠳᠠ ᠲᠣᠭᠣᠷᠢᠭ ᠬᠠᠯᠪᠠᠭ᠎ᠠ ᠰᠢᠭ᠋ ᠮᠥᠭᠡᠷᠰᠦ᠃
ᠡᠪᠴᠢᠭᠦᠨ ᠰᠦᠪᠡᠷᠭᠡᠳᠡᠰᠦ
ᠡᠪᠴᠢᠭᠦᠨ ᠦ᠌ ᠠᠶᠤᠮᠠᠬᠠᠢ ᠶ᠋ᠢᠨ ᠬᠣᠶᠠᠷ ᠲᠠᠯ᠎ᠠ ᠳ᠋ᠤ᠌ ᠰᠦᠪᠡᠷᠭᠡ ᠶ᠋ᠢᠨ ᠦᠯᠡᠳᠡᠪᠦᠷᠢ ᠤᠷᠲᠤ ᠮᠥᠭᠡᠷᠰᠦᠯᠢᠭ ᠬᠤᠷᠤᠭᠤ᠃
ᠬᠠ
ᠳᠠᠯᠤ ᠬᠠᠷᠢᠲᠤ ᠪᠣᠭᠲᠣᠭᠣᠰᠣ 10 ᠬᠠᠪᠢᠷᠭ᠎ᠠ ᠲᠠᠢ ᠪᠠᠢᠭ᠎ᠠ ᠬᠡᠰᠡᠭ ᠦ᠋ᠨ ᠨᠡᠷ᠎ᠡ᠃
ᠲᠠᠯᠤᠨ ᠶᠠᠰᠤ
ᠮᠠᠯ ᠤ᠋ᠨ ᠰᠡᠷᠪᠡᠭᠡ ᠶ᠋ᠢᠨ ᠬᠣᠶᠠᠷ ᠬᠠᠵᠠᠭᠤ ᠳ᠋ᠤ᠌ ᠨᠠᠭᠠᠯᠳᠤᠨ ᠪᠣᠢ ᠬᠠᠪᠲᠠᠭᠠᠢ ᠭᠤᠷᠪᠠᠯᠵᠢᠨᠳᠠᠭᠤ ᠶᠠᠰᠤ᠃
ᠲᠠᠯᠤᠨ ᠮᠠᠶᠠᠭ᠎ᠠ
ᠲᠠᠯᠤᠨ ᠶᠠᠰᠤᠨ ᠤ᠋ ᠨᠠᠷᠢᠨ ᠦᠵᠦᠭᠦᠷ ᠪᠣᠯᠬᠤ ᠡᠰᠢ ᠰᠢᠭ ᠶᠠᠰᠤ᠃ ᠪᠠᠰᠠ ᠲᠠᠯᠤᠨ ᠬᠦᠵᠦᠭᠦᠦ ᠭᠡᠳᠡᠭ᠃
ᠲᠠᠯᠤᠨ ᠤ᠋ ᠬᠠᠮᠠᠷ
ᠲᠠᠯᠤᠨ ᠤ᠋ ᠬᠠᠪᠲᠠᠭᠠᠢ ᠨᠢᠭᠡ ᠲᠠᠯ᠎ᠠ ᠳᠡᠭᠡᠷ᠎ᠡ ᠤᠷᠲᠤ ᠲᠡᠢᠰᠢ ᠪᠡᠨ ᠳᠠᠭᠠᠭᠰᠠᠨ ᠪᠣᠰᠤᠭ᠎ᠠ ᠶᠠᠰᠤ ᠃ ᠪᠠᠰᠠ ᠨᠢᠷᠤᠭᠤ ᠰᠠᠮᠰᠠ ᠭᠡᠳᠡᠭ᠃
ᠪᠠᠶᠠᠷ ᠮᠠᠩᠨᠠᠢ
ᠲᠠᠯᠤᠨ ᠬᠠᠮᠠᠷ ᠤ᠋ᠨ ᠳᠡᠭᠡᠳᠦ ᠢᠷᠮᠡᠭ ᠨᠢ ᠲᠠᠯᠤᠨ ᠬᠣᠲᠠ ᠤᠷᠤᠭᠤ ᠦᠯᠦ ᠮᠡᠳᠡᠭᠳᠡᠮ᠎ᠡ ᠬᠠᠨᠠᠨ ᠰᠠᠷᠠᠪᠴᠢᠯᠠᠵᠤ ᠥᠩᠭᠡᠢᠭᠰᠡᠨ ᠢ᠋ ᠪᠠᠶᠠᠷ ᠮᠠᠩᠨᠠᠢ ᠭᠡᠳᠡᠭ ᠂ ᠪᠠᠰᠠ ᠬᠡᠦᠬᠡᠳ ᠦ᠋ᠨ ᠲᠠᠪᠠᠭ ᠴᠤ᠌ ᠭᠡᠳᠡᠭ᠃
ᠲᠠᠯᠤᠨ ᠬᠣᠲᠠ
ᠳᠠᠯᠤ ᠶᠠᠰᠤᠨ ᠬᠠᠮᠠᠷ ᠤ᠋ᠨ ᠬᠠᠵᠠᠭᠤ ᠶ᠋ᠢᠨ ᠥᠷᠭᠡᠨ ᠬᠠᠪᠲᠠᠭᠠᠢ ᠶᠠᠰᠤ᠂ ᠪᠠᠰᠠ ᠭᠤᠷᠪᠠᠯᠵᠢᠨ ᠴᠠᠭᠠᠨ ᠬᠣᠲᠠ ᠭᠡᠳᠡᠭ᠃
ᠲᠠᠯᠤᠨ ᠮᠥᠭᠡᠷᠰᠦ
ᠲᠠᠯᠤᠨ ᠤ᠋ ᠬᠡᠯᠡ ᠶ᠋ᠢᠨ ᠲᠠᠯ᠎ᠠ ᠳ᠋ᠤ᠌ ᠵᠠᠯᠭᠠᠯᠳᠤᠨ ᠣᠷᠣᠰᠢᠬᠤ ᠮᠥᠭᠡᠷᠰᠦᠯᠢᠭ᠃
ᠲᠠᠯᠤᠨ ᠲᠣᠭᠣᠭ᠎ᠠ ᠲᠠᠯᠤᠨ ᠶᠠᠰᠤᠨ ᠤ᠋ ᠮᠠᠶᠠᠭ᠎ᠠ ᠶ᠋ᠢᠨ ᠬᠣᠩᠬᠣᠷ᠃
ᠲᠠᠯᠤᠨ ᠤ᠋ ᠡᠷᠡᠬᠡᠢ
ᠲᠣᠭᠣᠭ᠎ᠠ ᠶ᠋ᠢᠨ ᠬᠠᠵᠠᠭᠤ ᠳ᠋ᠠᠬᠢ ᠭᠦᠳᠦᠭᠦᠷ ᠶᠠᠰᠤ ᠶ᠋ᠢ ᠲᠠᠯᠤᠨ ᠤ᠋ ᠡᠷᠡᠬᠡᠢ ᠭᠡᠳᠡᠭ᠃
ᠲᠠᠯᠤᠨ ᠤ᠋ ᠭᠤᠤᠷ
ᠲᠠᠯᠤᠨ ᠤ᠋ ᠮᠠᠶᠠᠭ᠎ᠠ ᠳᠡᠭᠡᠷᠡᠬᠢ ᠨᠦᠬᠡ᠂ ᠪᠠᠰᠠ ᠰᠤᠳᠠᠯ ᠤ᠋ᠨ ᠠᠭᠤᠷᠬᠠᠢ ᠭᠡᠨ᠎ᠡ᠃
ᠲᠠᠯᠤᠨ ᠤ᠋ ᠬᠠᠷᠢ ᠲᠠᠯ᠎ᠠ
ᠦᠬᠡᠷ ᠦ᠋ᠨ ᠴᠤᠪᠤᠭ᠎ᠠ ᠲᠠᠯ᠎ᠠ ᠶ᠋ᠢ ᠬᠠᠷᠢ ᠲᠠᠯ᠎ᠠ ᠭᠡᠨ᠎ᠡ᠃ ᠪᠠᠰᠠ ᠬᠦᠢᠲᠡᠨ ᠲᠠᠯ᠎ᠠ ᠭᠡᠳᠡᠭ᠃
ᠲᠠᠯᠤᠨ ᠤ᠋ ᠬᠠᠯᠠᠭᠤᠨ ᠲᠠᠯ᠎ᠠ
ᠬᠦᠢᠲᠡᠨ ᠲᠠᠯ᠎ᠠ ᠶ᠋ᠢᠨ ᠡᠰᠡᠷᠭᠦ ᠭᠤᠷᠪᠠᠯᠵᠢᠨ ᠬᠣᠲᠠ ᠶ᠋ᠢᠨ ᠳᠣᠲᠣᠷ ᠬᠥᠪᠡᠭᠡ ᠬᠠᠮᠠᠷ ᠳᠣᠣᠭᠤᠷ ᠬᠡᠰᠡᠭ᠃
ᠲᠠᠯᠤᠨ ᠤ᠋ ᠳᠡᠭᠡᠳᠦ ᠥᠨᠴᠥᠭ ᠬᠠᠷᠢ ᠲᠠᠯ᠎ᠠ ᠶ᠋ᠢᠨ ᠳᠡᠭᠡᠳᠦ ᠦᠵᠦᠭᠦᠷ ᠬᠡᠰᠡᠭ᠃
ᠲᠠᠯᠤᠨ ᠤ᠋ ᠢᠷ
ᠲᠠᠯᠤᠨ ᠤ᠋ ᠰᠤᠭᠤ ( ᠵᠠᠪᠰᠠᠷ ) ᠲᠠᠯ᠎ᠠ ᠶ᠋ᠢᠨ ᠢᠷᠲᠡᠢ ᠢᠷᠮᠡᠭ ᠃ ᠪᠠᠰᠠ ᠳᠡᠭᠡᠳᠦ ᠦᠵᠦᠭᠦᠷ ᠢ᠋ ᠨᠢ ᠮᠠᠯ ᠤ᠋ᠨ ᠣᠮᠣᠭ ᠭᠡᠨ᠎ᠡ᠃
ᠲᠠᠯᠤᠨ ᠤ᠋ ᠰᠤᠭᠤ
ᠲᠠᠯᠤᠨ ᠶᠠᠰᠤᠨ ᠤ᠋ ᠬᠠᠮᠠᠷ ᠤ᠋ᠨ ᠬᠠᠵᠠᠭᠤ ᠶ᠋ᠢᠨ ᠨᠠᠷᠢᠨ ᠢᠪᠴᠤᠤ ᠬᠠᠪᠲᠠᠭᠠᠢ᠃ ᠪᠠᠰᠠ ᠠᠳᠤᠭᠤᠨ ᠤ᠋ ᠵᠠᠮ ᠭᠡᠳᠡᠭ᠃
ᠲᠠᠯᠤᠨ ᠤ᠋ ᠴᠤᠪᠤᠭ᠎ᠠ
ᠲᠠᠯᠤᠨ ᠤ᠋ ᠬᠣᠲᠠ ᠲᠠᠯ᠎ᠠ ᠶ᠋ᠢᠨ ᠬᠥᠪᠡᠭᠡ ᠶᠠᠰᠤᠨ ᠤ᠋ ᠢᠷᠮᠡᠭ ᠢ᠋ᠶ᠋ᠡᠷ ᠪᠣᠢ ᠭᠣᠪᠢᠯ ᠂ ᠦᠬᠡᠷ ᠦ᠋ᠨ ᠴᠤᠪᠤᠭ᠎ᠠ ᠴᠤ᠌ ᠭᠡᠳᠡᠭ᠃
ᠲᠠᠯᠤᠨ ᠤ᠋ ᠬᠠᠭᠤᠳᠠᠰᠤ ᠲᠠᠯᠤᠨ ᠤ᠋ ᠳᠣᠲᠣᠷ ᠲᠠᠯ᠎ᠠ ᠶ᠋ᠢᠨ ᠨᠢᠮᠭᠡᠨ ᠮᠢᠬ᠎ᠠ᠃
ᠲᠠᠯᠤᠨ ᠤ᠋ ᠣᠮᠣᠭ
ᠲᠠᠯᠤᠨ ᠤ᠋ ᠬᠠᠮᠠᠷ ᠤ᠋ᠨ ᠮᠡᠷᠭᠡᠨ ᠦᠵᠦᠭᠦᠷ᠂ ᠪᠠᠰᠠ ᠬᠥᠮᠦᠨ ᠦ᠌ ᠣᠮᠣᠭ ᠭᠡᠳᠡᠭ᠃
ᠲᠠᠯᠤᠨ ᠤ᠋ ᠬᠡᠯᠡ
ᠲᠠᠯᠤᠨ ᠤ᠋ ᠮᠥᠭᠡᠷᠰᠦ ᠤᠷᠭᠤᠳᠠᠭ ᠲᠠᠯ᠎ᠠ᠃ ᠪᠠᠰᠠ ᠣᠭᠲᠠᠷᠭᠤᠢ ᠶ᠋ᠢᠨ ᠲᠤᠢᠯ ᠪᠠ ᠳᠠᠯᠤ ᠶ᠋ᠢᠨ ᠬᠣᠷᠮᠣᠷ ᠭᠡᠳᠡᠭ᠃
ᠠᠳᠬᠤᠭᠠᠯ ᠴᠢᠮᠥᠭᠡ
ᠳᠠᠯᠤ ᠠ᠋ᠴᠠ ᠵᠠᠯᠭᠠᠯᠳᠤᠨ ᠪᠣᠢ ᠴᠢᠮᠥᠭᠡᠲᠦ ᠶᠠᠰᠤ᠃ ᠡᠭᠦᠨ ᠦ᠌ ᠨᠡᠷ᠎ᠡ ᠣᠯᠠᠨ᠃ 《ᠬᠠᠷᠢᠲᠤ ᠴᠢᠮᠥᠭᠡ 》᠂ 《ᠬᠠᠢᠨ ᠴᠢᠮᠥᠭᠡ 》ᠪᠠᠰᠠ 《ᠪᠤᠭᠤᠯᠤᠭ ᠴᠢᠮᠥᠭᠡ 》ᠴᠦ᠍ ᠭᠡᠳᠡᠭ᠃
ᠪᠣᠭᠲᠣ ᠴᠢᠮᠥᠭᠡ
ᠠᠳᠬᠤᠭᠠᠯ ᠴᠢᠮᠥᠭᠡ ᠡᠴᠡ ᠵᠠᠯᠭᠠᠯᠳᠤᠨ ᠪᠣᠢ᠂ ᠭᠤᠷᠪᠠᠳᠤᠭᠠᠷ ᠦᠶ᠎ᠡ ᠶ᠋ᠢᠨ ᠴᠢᠮᠥᠭᠡᠲᠦ ᠶᠠᠰᠤ᠃ ᠮᠠᠯ ᠳ᠋ᠤ᠌ ᠪᠣᠭᠲᠣᠭᠣᠰᠣ ( ᠪᠣᠭᠲᠣᠰ ) ᠭᠡᠳᠡᠭ᠃ ᠵᠢᠴᠢ ᠱᠤ᠌ ᠶᠠᠰᠤ ( ᠴᠢᠮᠥᠭᠡ ) ᠭᠡᠳᠡᠭ ᠃ ᠡᠨᠡ ᠨᠢ ᠪᠠᠷᠤᠭ ᠬᠥᠮᠦᠨ ᠳᠡᠭᠡᠷ᠎ᠡ ᠬᠡᠷᠡᠭᠯᠡᠳᠡᠭ ᠪᠠᠢᠵᠤ ᠮᠡᠳᠡᠨ᠎ᠡ᠃
ᠬᠠᠭᠳᠠ ᠦᠶ᠎ᠡ
ᠪᠣᠭᠲᠣᠭᠣᠰᠣ ᠪᠣᠯᠤᠨ ᠰᠢᠯᠪᠢᠨ ᠶᠠᠰᠤ ᠶ᠋ᠢᠨ ᠠᠩ ᠳ᠋ᠤ᠌ ᠣᠷᠣᠰᠢᠬᠤ ᠵᠢᠵᠢᠭ ᠵᠢᠵᠢᠭ ᠶᠠᠰᠤ᠃ ᠡᠭᠦᠨ ᠢ᠋ ᠪᠠᠰᠠ ᠬᠠᠭᠳᠠ ᠦᠶ᠎ᠡ ᠪᠤᠶᠤ ᠰᠢᠪᠡᠨᠦᠷ ᠶᠠᠰᠤ ᠭᠡᠳᠡᠭ᠃ ᠡᠢᠮᠦ ᠵᠢᠵᠢᠭ ᠶᠠᠰᠤ 5 ᠪᠠᠢᠳᠠᠭ᠃ ᠪᠠᠰᠠ ᠲᠠᠮᠤ ᠶ᠋ᠢᠨ 5 ᠶᠠᠰᠤ ᠭᠡᠳᠡᠭ᠃
ᠰᠢᠯᠪᠢ ᠬᠠᠭᠳᠠ ᠦᠶ᠎ᠡ ᠡᠴᠡ ᠵᠠᠯᠭᠠᠯᠳᠤᠵᠤ ᠪᠣᠢ ᠨᠠᠷᠢᠨ ᠤᠷᠲᠤ ᠶᠠᠰᠤ᠃
ᠪᠡᠷᠪᠡᠬᠡᠢ ᠶᠠᠰᠤ
ᠰᠢᠯᠪᠢᠨ ᠦ᠌ ᠳᠣᠣᠷᠠᠲᠤ ᠦᠵᠦᠭᠦᠷ ᠦ᠋ᠨ ᠠᠷᠤ ᠳ᠋ᠤ᠌ ᠵᠢᠵᠢᠭ ᠬᠣᠶᠠᠷ ᠬᠣᠭᠢᠰᠣ ᠤᠷᠭᠤᠳᠠᠭ ᠦᠶ᠎ᠡ ᠶ᠋ᠢᠨ ᠶᠠᠰᠤ᠃
ᠰᠠᠭᠯᠠᠭ᠎ᠠ ᠶᠠᠰᠤ
ᠪᠡᠷᠪᠡᠬᠡᠢ ᠡᠴᠡ ᠵᠠᠯᠭᠠᠵᠤ ᠪᠣᠢ ᠴᠥᠮᠴᠥᠭᠡ ᠶᠠᠰᠤ᠃ ᠪᠠᠰᠠ ᠴᠥᠮᠴᠥᠭᠡ ᠭᠡᠳᠡᠭ᠃
ᠳᠠᠭᠠᠯᠴᠠᠭ ᠶᠠᠰᠤ
ᠰᠠᠭᠯᠠᠭ᠎ᠠ ᠶᠠᠰᠤ ᠶ᠋ᠢ ᠵᠠᠯᠭᠠᠵᠤ ᠪᠣᠢ ᠲᠠᠪᠠᠭ ᠤ᠋ᠨ ᠵᠢᠵᠢᠭ ᠴᠥᠮᠴᠥᠭᠡ ᠶᠠᠰᠤ᠃
ᠬᠡᠦᠬᠡᠨ ᠬᠣᠭᠢᠰᠣ ᠶ᠋ᠢᠨ ᠶᠠᠰᠤ
ᠳᠠᠭᠠᠯᠴᠠᠭ ᠶᠠᠰᠤᠨ ᠳ᠋ᠤ᠌ ᠵᠠᠯᠭᠠᠵᠤ ᠪᠣᠢ ᠬᠣᠭᠢᠰᠣ ᠶ᠋ᠢᠨ ᠬᠠᠮᠤᠭ ᠰᠡᠭᠦᠯᠴᠢ ᠶᠠᠰᠤ᠃
ᠭᠤᠶ᠎ᠠ
ᠮᠠᠯ ᠤ᠋ᠨ ᠬᠣᠢᠲᠤ ᠬᠥᠯ ᠢ᠋ ᠭᠤᠶ᠎ᠠ ᠭᠡᠨ᠎ᠡ᠃ ᠰᠡᠭᠦᠵᠢ ᠳᠤᠮᠳᠠ ᠴᠢᠮᠥᠭᠡ ᠱᠠᠭᠠᠨᠲᠤ ᠪᠠᠭᠲᠠᠨ᠎ᠠ᠃
ᠰᠡᠭᠦᠵᠢᠨ ᠶᠠᠰᠤ
ᠰᠡᠭᠦᠵᠢᠨ ᠲᠣᠯᠣᠭᠠᠢ ᠨᠢ ᠳᠤᠤᠬᠠᠨ ᠨᠢᠷᠤᠭᠤ ᠲᠠᠢ ᠵᠠᠯᠭᠠᠯᠳᠤᠨ ᠪᠥᠭᠰᠡᠨ ᠦ᠌ ᠲᠡᠰᠢᠶ᠎ᠡ ᠪᠡᠶ᠎ᠡ ᠶ᠋ᠢ ᠪᠦᠲᠦᠭᠡᠭᠰᠡᠨ ᠨᠦᠬᠡᠲᠡᠢ ᠬᠠᠪᠲᠠᠭᠠᠢᠯᠢᠭ ᠶᠠᠰᠤ᠃
ᠰᠡᠭᠦᠵᠢᠨ ᠲᠣᠯᠣᠭᠠᠢ
ᠲᠤᠤᠬᠠᠨ ᠨᠢᠷᠤᠭᠤᠨ ᠳ᠋ᠤ᠌ ᠨᠠᠭᠠᠯᠳᠤᠨ ᠪᠣᠢ ᠬᠠᠮᠤᠭ ᠳᠡᠭᠡᠳᠦ ᠥᠨᠴᠥᠭ᠃
ᠰᠡᠭᠦᠵᠢᠨ ᠨᠦᠬᠡ ᠲᠤᠰ ᠶᠠᠰᠤᠨ ᠤ᠋ ᠳᠤᠮᠳᠠ ᠬᠡᠰᠡᠭ ᠲᠦ᠍ ᠪᠣᠢ ᠨᠦᠬᠡ᠃
ᠥᠭᠡᠵᠡᠭ ᠶᠠᠰᠤ
ᠰᠡᠭᠦᠯ ᠦ᠋ᠨ ᠤᠭ ᠤ᠋ᠨ ᠲᠡᠨᠳᠡ ᠴᠦᠨᠳᠦᠢᠭᠰᠡᠨ ᠰᠡᠭᠦᠵᠢᠨ ᠦ᠌ ᠬᠣᠢᠲᠤ ᠥᠨᠴᠥᠭ ᠶᠠᠰᠤ᠃ ᠪᠠᠰᠠ ᠰᠠᠭᠤᠳᠠᠯ ᠶᠠᠰᠤ ᠭᠡᠳᠡᠭ᠃
ᠳᠤᠮᠳᠠ ᠴᠢᠮᠥᠭᠡ
ᠰᠡᠭᠦᠵᠢᠨ ᠡᠴᠡ ᠵᠠᠯᠭᠠᠯᠳᠤᠨ ᠱᠠᠭᠠᠲᠤ ᠴᠢᠮᠥᠭᠡ ᠲᠡᠢ ᠵᠣᠯᠭᠠᠵᠤ ᠪᠣᠢ ᠶᠠᠰᠤ᠃
ᠴᠢᠮᠦᠭᠡᠨ ᠲᠣᠯᠣᠭᠠᠢ ᠵᠢᠩᠰᠡ ᠮᠡᠲᠦ ᠪᠥᠨᠲᠥᠭᠡᠷ ᠲᠣᠯᠣᠭᠠᠢ ᠲᠠᠢ ᠲᠠᠯ᠎ᠠ᠃
ᠴᠢᠮᠦᠭᠡᠨ ᠰᠢᠯᠪᠢ
ᠴᠢᠮᠦᠭᠡᠨ ᠬᠦᠵᠦᠭᠦᠦ ᠂ ᠴᠢᠮᠦᠭᠡᠨ ᠦ᠌ ᠳᠤᠮᠳᠠ ᠬᠡᠰᠡᠭ ᠭᠠᠩᠰᠠ ᠶ᠋ᠢᠨ ᠮᠣᠳᠣ ᠰᠢᠭ᠋ ᠤᠷᠲᠤ ᠴᠢᠮᠥᠭᠡᠲᠦ ᠶᠠᠰᠤ᠃
ᠴᠢᠮᠦᠭᠡᠨ ᠦ᠌ ᠰᠢᠯᠪᠢᠨ ᠨᠦᠬᠡ
ᠴᠢᠮᠦᠭᠡᠨ ᠦ᠌ ᠰᠢᠯᠪᠢᠨ ᠬᠡᠰᠡᠭ ᠲᠦ᠍ ᠨᠢᠭᠡᠨ ᠨᠦᠬᠡ ᠪᠠᠢᠳᠠᠭ᠃ ᠲᠣᠰᠣ ᠲᠦᠯᠬᠢᠭᠴᠢ ᠨᠦᠬᠡ ᠭᠡᠳᠡᠭ᠃
ᠱᠠᠭᠠᠨᠲᠤ ᠴᠢᠮᠥᠭᠡ
ᠳᠤᠮᠳᠠ ᠴᠢᠮᠦᠭᠡᠨ ᠡᠴᠡ ᠵᠠᠯᠭᠠᠯᠳᠤᠨ ᠪᠣᠢ ᠪᠥᠭᠡᠳ ᠨᠥᠭᠦᠭᠡ ᠦᠵᠦᠭᠦᠷ ᠲᠡᠭᠡᠨ ᠱᠠᠭ᠎ᠠ ᠶᠠᠰᠤ ᠪᠦᠬᠦᠢ ᠴᠢᠮᠥᠭᠡᠲᠦ ᠶᠠᠰᠤ᠃ ᠪᠠᠰᠠ ᠬᠣᠢᠲᠤ ᠴᠢᠮᠥᠭᠡ ᠭᠡᠳᠡᠭ᠃
ᠲᠣᠢᠭ ᠶᠠᠰᠤ
ᠳᠤᠮᠳᠠ ᠴᠢᠮᠥᠭᠡ ᠪᠣᠯᠤᠨ ᠱᠠᠭᠠᠲᠤ ᠴᠢᠮᠥᠭᠡ ᠬᠣᠶᠠᠷ ᠤ᠋ᠨ ᠠᠭᠤᠯᠵᠠᠵᠤ ᠪᠣᠢ ᠦᠶ᠎ᠡ ᠶ᠋ᠢᠨ ᠡᠮᠦᠨ᠎ᠡ ᠲᠠᠯ᠎ᠠ ᠳ᠋ᠤ᠌ ᠣᠷᠣᠰᠢᠬᠤ ᠲᠥᠪᠥᠭᠡᠷ ᠶᠠᠰᠤ᠃
ᠪᠣᠷᠪᠢ ᠶᠠᠰᠤ ᠱᠠᠭ᠎ᠠ ᠶᠠᠰᠤᠨ ᠤ᠋ ᠠᠷᠤ ᠳ᠋ᠤ᠌ ᠲᠠᠬᠢᠷᠯᠠᠵᠤ ᠪᠠᠢᠭ᠎ᠠ ᠶᠠᠰᠤ᠃
ᠵᠣᠪᠠᠯᠠᠩᠲᠤ ᠦᠶ᠎ᠡ
ᠱᠠᠭ᠎ᠠ ᠦᠶ᠎ᠡ ᠳ᠋ᠡᠬᠢ ᠣᠯᠠᠨ ᠦᠶᠡᠲᠦ ᠴᠥᠮᠴᠥᠭᠡ ᠶᠠᠰᠤ᠃ ᠱᠠᠭ᠎ᠠ ᠪᠣᠯᠤᠨ ᠰᠢᠯᠪᠢᠨ ᠶᠠᠰᠤᠨ ᠤ᠋ ᠵᠠᠪᠰᠠᠷ ᠲᠤ᠌ ᠣᠷᠣᠰᠢᠬᠤ ᠵᠢᠵᠢᠭ ᠵᠢᠵᠢᠭ 6 ᠶᠠᠰᠤ ᠪᠠᠢᠳᠠᠭ᠃ ᠡᠭᠦᠨ ᠢ᠋ ᠵᠣᠪᠠᠯᠠᠩᠲᠤ 6 ᠶᠠᠰᠤ ᠭᠡᠳᠡᠭ ᠃
ᠰᠢᠯᠪᠢ
ᠱᠠᠭᠠᠲᠤ ᠴᠢᠮᠥᠭᠡ ᠡᠴᠡ ᠵᠠᠯᠭᠠᠯᠳᠤᠨ ᠡᠭᠦᠰᠴᠦ ᠪᠡᠷᠪᠡᠬᠡᠢ ᠦᠶ᠎ᠡ ᠲᠡᠢ ᠵᠣᠯᠭᠠᠵᠤ ᠪᠣᠢ ᠨᠠᠷᠢᠨ ᠤᠷᠲᠤ ᠴᠢᠮᠥᠭᠡᠲᠦ ᠶᠠᠰᠤ᠃ ᠪᠠᠰᠠ ᠬᠠᠩᠭᠢᠷᠴᠠᠭᠳᠦ ᠰᠢᠯᠪᠢ᠃
ᠪᠡᠷᠪᠡᠬᠡᠢ ᠦᠶ᠎ᠡ ᠶ᠋ᠢᠨ ᠶᠠᠰᠤ ᠪᠡᠷᠪᠡᠬᠡᠢ ᠦᠶ᠎ᠡ ᠳ᠋ᠡᠬᠢ ᠵᠢᠵᠢᠭ ᠴᠥᠮᠴᠥᠭᠡ ᠶᠠᠰᠤ᠃
ᠴᠥᠮᠴᠥᠭᠡ ᠶᠠᠰᠤ ᠪᠡᠷᠪᠡᠬᠡᠢ ᠡᠴᠡ ᠳᠠᠭᠠᠯᠴᠠᠭ ᠶᠠᠰᠤ ᠬᠣᠶᠠᠷ ᠤ᠋ᠨ ᠳᠤᠮᠳᠠᠬᠢ ᠴᠥᠮᠴᠥᠭᠡ ᠶᠠᠰᠤ ᠃ ᠳᠠᠭᠠᠯᠴᠠᠭ ᠶᠠᠰᠤ
ᠰᠠᠭᠯᠠᠭ᠎ᠠ ( ᠴᠥᠮᠴᠥᠭᠡ ) ᠦᠶ᠎ᠡ ᠡᠴᠡ ᠵᠠᠯᠭᠠᠵᠤ ᠪᠣᠢ ᠣᠯᠠᠨ ᠴᠥᠮᠴᠥᠭᠡᠲᠦ ᠦᠶᠡᠲᠦ ᠶᠠᠰᠤ ᠃ ᠪᠠᠰᠠ ᠥᠰᠥᠭᠡᠢ ᠶᠠᠰᠤ ᠭᠡᠳᠡᠭ᠃
ᠬᠡᠦᠬᠡᠨ ᠬᠣᠭᠢᠰᠣ ᠳᠠᠭᠠᠯᠴᠠᠭ ᠤ᠋ᠨ ᠬᠠᠮᠤᠭ ᠦᠵᠦᠭᠦᠷ ᠦᠶ᠎ᠡ ᠶᠠᠰᠤ᠃
ᠬᠣᠭᠢᠰᠣ
ᠬᠡᠦᠬᠡᠨ ᠬᠣᠭᠢᠰᠣ ᠶ᠋ᠢᠨ ᠭᠠᠳᠠᠭᠤᠷᠬᠢ ᠡᠪᠡᠷ ᠲᠢᠲᠢᠮ ᠂ ᠮᠣᠷᠢᠨ ᠳ᠋ᠤ᠌ ᠲᠤᠭᠤᠷᠠᠢ ᠭᠡᠵᠦ ᠂ ᠲᠡᠮᠡᠭᠡᠨ ᠳ᠋ᠦ᠍ ᠲᠠᠪᠠᠭᠲᠤ ᠬᠢᠮᠤᠰᠤ ᠭᠡᠳᠡᠭ᠃
ᠠᠭᠠᠷᠴᠠᠭ ᠶᠠᠰᠤ ᠰᠡᠭᠦᠵᠢ ᠤᠮᠠᠳᠠᠭ ᠶᠠᠰᠤᠨ ᠤ᠋ ᠠᠭᠤᠯᠵᠠᠷ᠃
ᠤᠮᠠᠳᠠᠭ ᠶᠠᠰᠤ ᠠᠭᠠᠷᠴᠠᠭ ᠤ᠋ᠨ ᠠᠭᠤᠯᠵᠠᠷ ᠤ᠋ᠨ ᠳᠣᠣᠷᠠᠲᠤ ᠢᠷᠮᠡᠭ ᠶᠠᠰᠤ᠃
ᠮᠥᠴᠢ
ᠠᠯᠠᠭᠰᠠᠨ ᠤ᠋ ᠬᠣᠢᠨ᠎ᠠ ᠮᠠᠯ ᠤ᠋ᠨ ᠬᠥᠯ ᠨᠢᠭᠡ ᠪᠦᠷᠢ ᠶ᠋ᠢ ᠮᠥᠴᠢ ᠭᠡᠵᠦ ᠨᠡᠷᠡᠯᠡᠳᠡᠭ᠃
ᠮᠣᠵᠢ
ᠮᠥᠴᠢ ᠳ᠋ᠡᠬᠢ ᠲᠣᠮᠣ ᠦᠶ᠎ᠡ ᠨᠢᠭᠡ ᠪᠦᠷᠢ ᠶ᠋ᠢ ᠮᠣᠵᠢ ᠭᠡᠳᠡᠭ᠃ 《ᠳᠠᠯᠤ ᠬᠠᠷᠢᠲᠤ ᠲᠠᠢ ᠨᠢ ᠬᠣᠶᠠᠷ ᠮᠣᠵᠢ ᠶ᠋ᠢ ᠢᠳᠡᠴᠢᠬᠡᠯ᠎ᠡ᠃ ᠶᠠᠭᠠᠬᠢᠭᠰᠠᠨ ᠰᠦᠷᠡᠬᠡᠢ ᠶᠦ᠍ᠮ ? 》 ᠭᠡᠰᠡᠨ ᠦᠭᠡ ᠶ᠋ᠢ ᠰᠠᠨᠠᠮᠤ᠃ 《ᠳᠥᠷᠪᠡᠨ ᠮᠥᠴᠢ ᠠᠷᠪᠠᠨ ᠬᠣᠶᠠᠷ ᠮᠣᠵᠢ 》ᠭᠡᠳᠡᠭ ᠢ᠋ᠶ᠋ᠡᠷ ᠦᠵᠡᠪᠡᠯ ᠂ ᠮᠥᠴᠢ ᠳ᠋ᠦ᠍ ᠰᠢᠭᠢᠷ᠎ᠡ ᠣᠷᠣᠯᠴᠠᠳᠠᠭ ᠦᠭᠡᠢ ᠠᠵᠢ᠃ ᠣᠳᠣ ᠮᠣᠵᠢ ᠨᠢ ᠵᠠᠷᠢᠮ ᠭᠠᠵᠠᠷ ᠮᠥᠴᠢ ᠪᠡᠷ ᠬᠡᠷᠡᠭᠯᠡᠭᠳᠡᠭᠡᠳ 《ᠮᠣᠵᠢ 》ᠭᠡᠳᠡᠭ ᠮᠠᠨᠢ ᠣᠷᠬᠢᠭᠳᠠᠬᠤ ᠳᠡᠭᠡᠷ᠎ᠡ ᠬᠦᠷᠴᠦ ᠪᠣᠢ᠃ ᠶᠡᠷᠦ ᠨᠢ ᠣᠷᠬᠢᠭᠳᠠᠴᠢᠬᠠᠵᠠᠢ᠃ ᠣᠳᠣ ᠡᠨᠡ ᠦᠭᠡ ᠶ᠋ᠢᠨ ᠰᠢᠯᠵᠢᠭᠰᠡᠨ ᠤᠳᠬ᠎ᠠ ᠵᠠᠰᠠᠭ ᠵᠠᠬᠢᠷᠭᠠᠨ ᠳ᠋ᠤ᠌ ᠦᠯᠡᠳᠡᠨ ᠬᠣᠴᠣᠷᠴᠠᠢ᠃ ᠲᠤᠬᠠᠢᠯᠠᠪᠠᠯ ᠂ ᠬᠠᠷᠠᠮᠦ᠋ᠷᠡᠨ ᠮᠣᠵᠢ ᠂ ᠬᠢᠷᠢᠨ ᠮᠣᠵᠢ ᠭᠡᠬᠦ ᠮᠡᠲᠦ᠃
