ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-2 > Хөх зул – Боржигон Ванжал –" Арван хоёр ᠂ яс махны нэрсийн бүлэг 1-2 "
ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-2
ᠠᠰᠠᠭᠤᠬᠤ ᠨᠢᠷᠤᠭᠤ ᠵᠢᠴᠢ ᠢᠷᠦᠭᠡᠯ
ᠠᠰᠠᠭᠤᠬᠤ ᠨᠢᠷᠤᠭᠤ
ᠨᠢᠷᠤᠭᠤᠨ ᠶᠠᠰᠤᠨ ᠤ᠋ ᠬᠠᠮᠤᠭ ᠡᠴᠦᠰ ᠦ᠋ᠨ ᠨᠢᠷᠤᠭᠤ ᠪᠣᠯᠤᠨ᠎ᠠ᠃ ᠠᠰᠠᠭᠤᠬᠤ ᠨᠢᠷᠤᠭᠤᠨ ᠤ᠋ ᠦᠶ᠎ᠡ ᠨᠡᠯᠢᠶᠡᠳ ᠪᠠᠲᠤ ᠪᠡᠬᠢ ᠵᠠᠯᠭᠠᠯᠳᠤᠵᠤ ᠦᠶᠡᠯᠡᠵᠦ ᠰᠠᠯᠭᠠᠬᠤ ᠳ᠋ᠤ᠌ ᠳᠥᠭᠥᠮ ᠦᠭᠡᠢ ᠪᠣᠯᠬᠣᠷ ᠡᠨᠡ ᠨᠢᠷᠤᠭᠤ ᠶ᠋ᠢ ᠦᠶᠡᠯᠡᠬᠦ ᠭᠡᠪᠡᠯ᠂ ᠡᠷᠬᠡᠪᠰᠢ ᠬᠠᠵᠠᠭᠤ ᠶ᠋ᠢᠨ ᠬᠥᠮᠦᠨ ᠡᠴᠡ《ᠦᠶᠡᠯᠡᠬᠦ ᠤᠤ ?》 ᠭᠡᠵᠦ ᠠᠰᠠᠭᠤᠳᠠᠭ᠃ ᠠᠰᠠᠭᠤᠭᠳᠠᠭᠰᠠᠨ ᠬᠥᠮᠦᠨ ᠠᠰᠠᠭᠤᠬᠤ ᠨᠢᠷᠤᠭᠤᠨ ᠤ᠋《 ᠢᠷᠦᠭᠡᠯ》 ᠮᠡᠳᠡᠪᠡᠯ 《ᠦᠶᠡᠯᠡ !》 ᠭᠡᠵᠦ ᠬᠡᠯᠡᠨ᠎ᠡ᠃ ᠬᠡᠷᠪᠡ ᠢᠷᠦᠭᠡᠯ ᠢ᠋ ᠨᠢ ᠮᠡᠳᠡᠬᠦ ᠦᠭᠡᠢ ᠪᠣᠯ ᠳᠠᠭᠤ ᠦᠭᠡᠢ ᠪᠠᠢᠳᠠᠭ᠃ ᠲᠡᠭᠡᠪᠡᠯ ᠲᠡᠷᠡ ᠬᠥᠮᠦᠨ ᠴᠦ᠍ ᠡᠨᠡ ᠦᠶ᠎ᠡ ᠶ᠋ᠢ ᠦᠶᠡᠯᠡᠬᠦ ᠦᠭᠡᠢ ᠥᠩᠭᠡᠷᠡᠳᠡᠭ ᠠᠵᠢ᠃ ᠬᠡᠷᠪᠡ ᠬᠠᠵᠠᠭᠤ ᠶ᠋ᠢᠨ ᠬᠥᠮᠦᠨ《ᠦᠶᠡᠯᠡ ! 》ᠭᠡᠰᠡᠨ ᠪᠣᠯ᠂ ᠲᠡᠷᠡ ᠠᠰᠠᠭᠤᠭᠰᠠᠨ ᠬᠥᠮᠦᠨ ᠨᠢᠷᠤᠭᠤ ᠪᠠᠨ ᠦᠶᠡᠯᠡᠴᠢᠬᠡᠭᠡᠳ ᠢᠷᠡᠵᠦ 《ᠨᠢᠷᠤᠭᠤ 》 ᠪᠠᠨ ᠳᠡᠭᠡᠭᠰᠢ ᠳᠣᠷᠣᠭᠰᠢ᠂ ᠬᠥᠨᠳᠡᠯᠡᠨ ᠭᠣᠣᠯᠲᠤ ᠪᠠᠷ ᠪᠠᠷᠢᠨ《ᠡᠨᠡ ᠶᠠᠭᠤᠨ ᠤ᠋ ᠰᠢᠨᠵᠢᠲᠡᠢ ? 》 ᠭᠡᠵᠦ ᠠᠰᠠᠭᠤᠨ᠎ᠠ᠃ ᠠᠰᠠᠭᠤᠭᠳᠠᠭᠰᠠᠨ ᠬᠥᠮᠦᠨ ᠲᠡᠷᠡ ᠪᠦᠬᠦᠨ ᠢ᠋ ᠬᠡᠯᠡᠵᠦ ᠭᠠᠷᠪᠠᠯ ᠰᠠᠢ ᠪᠣᠯᠤᠨ᠎ᠠ᠃ ᠬᠡᠯᠡᠵᠦ ᠭᠠᠷᠬᠤ ᠦᠭᠡᠢ ᠪᠣᠯ ᠲᠣᠷᠭᠣᠭᠳᠠᠨᠠ᠃
ᠲᠡᠷᠡ ᠬᠦ᠌ ᠢᠷᠦᠭᠡᠯ ᠡᠴᠡ ᠨᠢᠭᠡ ᠶ᠋ᠢ ᠡᠨᠳᠡ ᠰᠡᠢᠷᠡᠭᠦᠯᠪᠡᠯ :
ᠠ : ᠡᠨᠡ ᠶᠠᠭᠤᠨ ᠤ᠋ ᠰᠢᠨᠵᠢᠲᠡᠢ ?
ᠠ᠋ ᠄ ᠰᠦᠮᠪᠦᠷ ᠠᠭᠤᠯᠠ ᠶ᠋ᠢᠨ ᠰᠢᠨᠵᠢᠲᠡᠢ᠃
ᠠ ᠄ ᠶᠠᠭᠠᠬᠢᠭᠠᠳ ?
ᠠ᠋ ᠄ ᠳᠥᠷᠪᠡᠨ ᠲᠢᠪ ᠲᠡᠢ ᠃
ᠠ : ᠡᠨᠡ ᠶᠠᠭᠤᠨ ᠤ᠋ ᠰᠢᠨᠵᠢᠲᠡᠢ ?
ᠠ᠋ ᠄ ᠬᠥᠨᠳᠡᠢ ᠶ᠋ᠢᠨ ᠬᠥᠬᠡ ᠭᠣᠣᠯ ᠰᠢᠨᠵᠢᠲᠡᠢ᠃
ᠠ : ᠶᠠᠭᠠᠬᠢᠭᠠᠳ ?
ᠠ᠋ ᠄ ᠮᠢᠩᠭᠠᠨ ᠴᠡᠷᠢᠭ ᠢ᠋ ᠮᠢᠲᠠᠭᠠᠬᠤ ᠦᠭᠡᠢ ᠂
ᠲᠦᠮᠡᠨ ᠴᠡᠷᠢᠭ ᠢ᠋ ᠲᠦᠳᠡᠭᠡᠬᠦ ᠦᠭᠡᠢ ᠃
ᠠ : ᠡᠨᠡ ᠶᠠᠮᠠᠷ ᠰᠢᠨᠵᠢᠲᠡᠢ ᠪᠣᠢ ?
ᠠ᠋ : ᠰᠠᠢᠨ ᠡᠷ᠎ᠡ ᠶ᠋ᠢᠨ ᠮᠠᠩᠨᠠᠢ ᠰᠢᠨᠵᠢᠲᠡᠢ ᠃
ᠠ᠄ ᠶᠠᠭᠠᠬᠢᠭᠠᠳ ?
ᠠ᠋ ᠄ ᠢᠷᠡᠭᠰᠡᠨ ᠳᠠᠢᠰᠤᠨ ᠢ᠋ ᠰᠥᠷᠦᠨ ᠳᠠᠷᠤᠵᠤ ᠂
ᠰᠥᠷᠦᠭᠰᠡᠨ ᠳᠠᠢᠰᠤᠨ ᠢ᠋ ᠳᠠᠭᠠᠷᠢᠨ ᠳᠠᠷᠤᠭᠰᠠᠨ᠃
ᠠ : ᠡᠨᠡ ᠶᠠᠭᠤᠨ ᠰᠢᠨᠵᠢᠲᠡᠢ ?
ᠠ᠋ ᠄ ᠠᠯᠲᠠᠨ ᠬᠠᠩᠭᠠᠢ ᠰᠢᠭ᠋᠃
ᠠ ᠄ ᠶᠠᠭᠠᠬᠢᠭᠠᠳ ?
ᠠ᠋ ᠄ ᠥᠯᠥᠬᠡᠨ ᠳ᠋ᠦ᠍ᠨᠢ ᠥᠷᠥᠮ᠎ᠡ ᠴᠥᠷᠮ᠎ᠡ ᠳᠦᠭᠦᠷᠡᠩ ᠂
ᠠᠷᠤ ᠳ᠋ᠤᠨᠢ ᠠᠢᠷᠠᠭ ᠲᠠᠷᠠᠭ ᠳᠦᠭᠦᠷᠡᠩ ᠃
ᠠ : ᠡᠨᠡ ᠶᠠᠭᠤᠨ ᠰᠢᠨᠵᠢᠲᠡᠢ ?
ᠠ᠋ ᠄ ᠬᠡᠢᠲᠦ ᠪᠤᠭᠤ ᠶ᠋ᠢᠨ ᠡᠪᠡᠷ ᠰᠢᠨᠵᠢᠲᠡᠢ ᠃
ᠠ : ᠶᠠᠭᠠᠬᠢᠭᠠᠳ ?
ᠠ᠋ ᠄ ᠡᠳᠦᠷ ᠦ᠋ᠨ ᠭᠠᠵᠠᠷ ᠦᠨᠦᠷ ᠠᠪᠴᠤ
ᠬᠣᠨᠣᠭ ᠤ᠋ᠨ ᠭᠠᠵᠠᠷ ᠠᠨᠢᠷ ᠠᠪᠳᠠᠭ᠃
ᠠ ᠄ ᠡᠨᠡ ᠶᠠᠭᠤᠨ ᠰᠢᠨᠵᠢᠲᠡᠢ ?
ᠠ᠋ ᠄ ᠬᠠᠨ ᠭᠠᠷᠤᠳᠢ ᠶ᠋ᠢᠨ ᠵᠢᠭᠦᠷ ᠰᠢᠨᠵᠢᠲᠡᠢ᠃
ᠠ ᠄ ᠶᠠᠭᠠᠬᠢᠭᠠᠳ ?
ᠠ᠋ ᠄ ᠰᠠᠯᠬᠢᠨ ᠳ᠋ᠤ᠌ ᠰᠠᠵᠢᠬᠤ ᠦᠭᠡᠢ᠂
ᠬᠤᠷ᠎ᠠ ᠳ᠋ᠤ᠌ ᠬᠤᠮᠢᠬᠤ ᠦᠭᠡᠢ᠃
ᠠ : ᠡᠨᠡ ᠶᠠᠭᠤᠨ ᠰᠢᠨᠵᠢᠲᠡᠢ ?
ᠠ᠋ ᠄ ᠤᠷᠠᠨ ᠬᠥᠮᠦᠨ ᠦ᠌ ᠬᠣᠮᠣᠬᠠᠢ ᠰᠢᠨᠵᠢᠲᠡᠢ᠃
ᠠ ᠄ ᠶᠭᠠᠬᠢᠭᠠᠳ ?
ᠠ᠋ ᠄ ᠤᠨᠲᠠᠭ᠎ᠠ ᠬᠥᠮᠦᠨ ᠦ᠌ ᠤᠬᠤᠷᠬᠠᠢ ᠲᠣᠣᠷᠯᠠᠵᠤ ᠂
ᠬᠡᠪᠲᠡᠭᠡ ᠬᠥᠮᠦᠨ ᠦ᠌ ᠬᠡᠯᠡ ᠲᠣᠣᠷᠯᠠᠳᠠᠭ᠃
ᠠ : ᠡᠨᠡ ᠶᠠᠭᠤᠨ ᠰᠢᠨᠵᠢᠲᠡᠢ ?
ᠠ᠋ ᠄ ᠠᠯᠲᠠᠨ ᠡᠮᠡᠭᠡᠯ ᠦ᠋ᠨ ᠪᠦᠭᠦᠷᠭᠡ ᠰᠢᠨᠵᠢᠲᠡᠢ᠃
ᠠ : ᠶᠠᠭᠠᠬᠢᠭᠠᠳ ?
ᠠ᠋ : ᠪᠦᠭᠦᠷᠭᠡ ᠳᠤᠮᠳᠠ ᠪᠠᠨ ᠰᠠᠷ᠎ᠠ ᠲᠠᠢ᠂
ᠰᠠᠷᠠᠨ ᠭᠠᠳᠠᠭᠤᠷ ᠢ᠋ᠶ᠋ᠠᠨ ᠬᠣᠲᠠ ᠲᠠᠢ᠂
ᠬᠥᠪᠡᠭᠡ ᠪᠡᠷ ᠢ᠋ᠶ᠋ᠡᠨ ᠣᠳᠣᠨ ᠲᠠᠢ᠂
ᠬᠥᠬᠡ ᠲᠡᠭᠷᠢ ᠶ᠋ᠢᠨ ᠰᠢᠨᠵᠢᠲᠦ ᠲᠠᠯᠪᠢᠲᠠᠢ᠃
ᠠ : ᠡᠨᠡ ᠶᠠᠭᠤᠨ ᠲᠠᠢ ᠠᠳᠠᠯᠢ ᠪᠣᠢ ?
ᠠ᠋ : ᠰᠠᠢᠨ ᠡᠬᠡᠨᠡᠷ ᠦ᠋ᠨ ᠰᠢᠨᠵᠢᠲᠡᠢ᠃
ᠠ : ᠶᠠᠭᠠᠬᠢᠭᠠᠳ ?
ᠠ᠋ ᠄ ᠬᠠᠷᠢ ᠳᠠᠭᠠᠬᠤ ᠬᠡᠦᠬᠡᠨ ᠲᠡᠢ᠂
ᠬᠠᠯᠠ ᠳᠠᠭᠠᠭᠠᠬᠤ ᠬᠥᠪᠡᠭᠦᠨ ᠲᠡᠢ᠃
ᠠ : ᠡᠨᠡ ᠶᠠᠭᠤᠨ ᠰᠢᠨᠵᠢᠲᠡᠢ ?
ᠠ᠋ : ᠰᠠᠢᠨ ᠠᠭᠲᠠ ᠶ᠋ᠢᠨ ᠰᠣᠶᠣᠭ᠎ᠠ ᠰᠢᠨᠵᠢᠲᠡᠢ᠃
ᠠ : ᠶᠠᠭᠠᠬᠢᠭᠠᠳ ?
ᠠ᠋ ᠄ ᠣᠯᠣᠩ ᠦᠭᠡᠢ ᠣᠭᠣᠨᠣ ᠭᠦᠢᠴᠡᠬᠦ᠂
ᠬᠤᠳᠠᠷᠭ᠎ᠠ ᠦᠭᠡᠢ ᠬᠤᠯᠠᠨ ᠭᠦᠢᠴᠡᠬᠦ᠃
ᠠ : ᠡᠨᠡ ᠶᠠᠭᠤᠨ ᠰᠢᠨᠵᠢᠲᠡᠢ ?
ᠠ᠋ ᠄ ᠬᠠᠷ᠎ᠠ ᠬᠡᠷᠢᠶ᠎ᠡ ᠶ᠋ᠢᠨ ᠬᠣᠩᠰᠢᠶᠠᠷ ᠰᠢᠨᠵᠢᠲᠡᠢ᠃
ᠠ : ᠶᠠᠭᠠᠬᠢᠭᠠᠳ ?
ᠠ᠋ ᠄ ᠠᠭᠤᠯᠠ ᠰᠢᠪᠲᠤ ᠤᠯᠠᠢ ᠦᠵᠡᠬᠦ᠂
ᠳᠠᠪᠠᠭ᠎ᠠ ᠰᠢᠪᠲᠤ ᠲᠠᠭᠠᠷᠢ ᠦᠵᠡᠬᠦ᠃
ᠠ : ᠡᠨᠡ ᠶᠠᠭᠤᠨ ᠰᠢᠨᠵᠢᠲᠡᠢ ?
ᠠ᠋ ᠄ ᠭᠠᠭᠴᠠ ᠭᠦᠯᠳᠡᠢ ᠲᠠᠢᠷᠠᠩ ᠰᠢᠨᠵᠢᠲᠡᠢ᠃
ᠠ ᠄ ᠶᠠᠭᠠᠬᠢᠭᠠᠳ ?
ᠠ᠋ : ᠭᠠᠯ ᠤ᠋ᠨ ᠬᠠᠵᠠᠭᠤ ᠳ᠋ᠤ᠌ ᠰᠡᠭᠦᠳᠡᠷ ᠦᠭᠡᠢ᠂
ᠭᠠᠵᠠᠷ ᠤᠯᠠᠯᠠᠬᠤ ᠬᠥᠯ ᠦᠭᠡᠢ᠃
ᠠ : ᠡᠨᠡ ᠶᠠᠭᠤᠨ ᠰᠢᠨᠵᠢᠲᠡᠢ ?
ᠠ᠋ ᠄ ᠰᠠᠢᠨ ᠬᠣᠲᠠᠴᠢ ᠶ᠋ᠢᠨ ᠰᠢᠨᠵᠢᠲᠡᠢ᠃
ᠠ : ᠶᠠᠭᠠᠬᠢᠭᠠᠳ?
ᠠ᠋ ᠄ ᠶᠠᠷ ᠶᠠᠷ ᠬᠤᠴᠠᠵᠤ᠂
ᠶᠠᠰᠤ ᠬᠦᠰᠦ ᠢᠳᠡᠵᠦ᠂
ᠬᠥᠷ ᠬᠥᠷ ᠬᠤᠴᠠᠵᠤ ᠂
ᠬᠦᠷᠢᠶ᠎ᠡ ᠬᠣᠲᠠ ᠮᠠᠨᠠᠳᠠᠭ᠃
ᠬᠠᠮᠤᠭ ᠰᠡᠭᠦᠯ ᠳ᠋ᠦ᠍ᠨᠢ ᠨᠢᠷᠤᠭᠤᠨ ᠭᠣᠣᠯ ᠳ᠋ᠤᠨᠢ ᠥᠭᠡᠬᠦ ᠲᠦᠷᠬᠢᠵᠦ ᠭᠠᠯ ᠳ᠋ᠤ᠌ ᠡᠷᠭᠦᠬᠦ ᠳ᠋ᠡᠭᠡᠨ ᠬᠠᠷᠠᠴᠤ ᠬᠥᠮᠦᠨ ᠦ᠌ ᠬᠣᠭᠣᠯᠠ ᠪᠣᠯᠬᠤ ᠂ ᠬᠠᠭᠠᠨ ᠬᠥᠮᠦᠨ ᠦ᠌ ᠵᠣᠭᠣᠭ ᠪᠣᠯᠬᠤ ᠬᠠᠰᠠᠭᠤᠬᠤ ( ᠠᠰᠠᠭᠤᠬᠤ ) ᠨᠢᠷᠤᠭᠤ ᠴᠢᠮᠠᠶ᠋ᠢ ᠬᠠᠷ᠎ᠠ ᠨᠣᠬᠠᠢ ᠶ᠋ᠢᠨ ᠠᠮᠠᠨ ᠠ᠋ᠴᠠ ᠭᠠᠷᠭᠠᠨ᠎ᠠ ᠭᠡᠳ ᠭᠠᠯ ᠳ᠋ᠤ᠌ ᠡᠷᠭᠥᠴᠡᠳᠡᠭ᠃
( ᠬᠥᠬᠡᠨᠠᠭᠤᠷ ᠤ᠋ᠨ ᠬᠠᠭᠤᠴᠢᠨ ᠳᠠᠢᠵᠢᠨᠠᠷ ᠬᠤᠰᠢᠭᠤᠨ ᠨᠠᠮᠳᠠᠭ ᠡᠪᠦᠭᠡᠨ ᠢᠷᠦᠭᠡᠪᠡ )
