ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠮ ᠶᠢᠨ ᠠᠢᠮᠠᠭ 2>Монгол зүйр цэцэн үгийн гураван мянган дээж – Д᠂Заяабаатар эмхэтгэв <Мийн аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠮ ᠶᠢᠨ ᠠᠢᠮᠠᠭ 2>Монгол зүйр цэцэн үгийн гураван мянган дээж – Д᠂Заяабаатар эмхэтгэв <Мийн аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠮ ᠶᠢᠨ ᠠᠢᠮᠠᠭ 2>Монгол зүйр цэцэн үгийн гураван мянган дээж – Д᠂Заяабаатар эмхэтгэв <Мийн аймаг 2>

2024-08-28

621

ᠮ ‍(М) ᠶᠢᠨ ᠠᠢᠮᠠᠭ –2


      – ᠮ (М) –   

851 ᠮᠠᠭᠤ ᠬᠥᠮᠦᠨ ᠬᠡᠷᠡᠯᠳᠦᠬᠦ ᠦᠭᠡᠢ ᠬᠥᠮᠦᠨ ᠦᠭᠡᠢ 
       ᠬᠠᠷ᠎ᠠ ᠬᠡᠷᠢᠶ᠎ᠡ ᠰᠠᠭᠤᠬᠤ ᠦᠭᠡᠢ ᠮᠣᠳᠣ ᠦᠭᠡᠢ

852 ᠮᠠᠭᠤ ᠬᠥᠮᠦᠨ ᠴᠢᠯᠥᠭᠡᠨ ᠢ᠋ᠶ᠋ᠡᠷ 
       ᠴᠢᠨᠣ᠎ᠠ ᠪᠣᠷᠣᠭᠠᠨ ᠢ᠋ᠶ᠋ᠠᠷ

853 ᠮᠠᠭᠤ ᠬᠥᠮᠦᠨ ᠶᠠᠬᠢᠷ 
       ᠮᠠᠭᠤ ᠮᠣᠳᠣ ᠲᠠᠬᠢᠷ

854 ᠮᠠᠭᠤ ᠬᠥᠮᠦᠨ ᠳ᠋ᠦ᠍ ᠦᠭᠡ ᠬᠡᠯᠡᠭᠰᠡᠨ 
       ᠮᠠᠩᠬᠠᠨ ᠳ᠋ᠤ᠌ ᠤᠰᠤ ᠬᠢᠭᠰᠡᠨ ᠠᠳᠠᠯᠢ

855 ᠮᠠᠭᠤ ᠬᠥᠮᠦᠨ ᠳ᠋ᠦ᠍ ᠬᠦᠷᠭᠡᠭᠰᠡᠨ ᠲᠤᠰᠠ 
       ᠬᠤᠵᠢᠷ ᠲᠠᠢ ᠭᠠᠵᠠᠷ ᠲᠠᠷᠢᠭᠰᠠᠨ ᠲᠠᠷᠢᠶ᠎ᠠ ᠠᠳᠠᠯᠢ

856 ᠮᠠᠭᠤ ᠬᠥᠮᠦᠨ ᠦ᠌ ᠳᠠᠭᠤ ᠶᠡᠬᠡ 
       ᠮᠠᠭᠤ ᠢᠮᠠᠭᠠᠨ ᠤ᠋ ᠮᠠᠢᠯᠠᠬᠤ ᠨᠢ ᠶᠡᠬᠡ 

857 ᠮᠠᠭᠤ ᠬᠥᠮᠦᠨ ᠦ᠌ ᠦᠬᠦᠯ ᠪᠢᠮᠪᠠ ᠳ᠋ᠤ᠌  
       ᠮᠠᠭᠤ ᠨᠣᠬᠠᠢ ᠶ᠋ᠢᠨ ᠦᠬᠦᠯ ᠬᠠᠶᠠᠭᠠᠨ ᠳ᠋ᠤ᠌

858 ᠮᠠᠭᠤ ᠬᠥᠮᠦᠨ ᠢ᠋ ᠠᠷᠭ᠎ᠠ ᠪᠠᠷ 
       ᠮᠤᠬᠤᠷ ᠦᠬᠡᠷ ᠢ᠋ ᠲᠥᠷᠥ᠍ ᠪᠠᠷ  

859 ᠮᠠᠭᠤ ᠬᠥᠮᠦᠨ ᠢ᠋ ᠵᠠᠷᠤ 
       ᠵᠠᠷᠤᠭᠰᠠᠨ ᠬᠣᠢᠨ᠎ᠠ ᠪᠠᠨ ᠦᠷᠦ

860 ᠮᠠᠭᠤ ᠬᠥᠮᠦᠨ ᠢ᠋ ᠲᠡᠵᠢᠭᠡᠬᠦ ᠪᠡᠷ 
       ᠰᠠᠢᠨ ᠨᠣᠬᠠᠢ ᠶ᠋ᠢ ᠲᠡᠵᠢᠭᠡᠭᠰᠡᠨ ᠨᠢ ᠳᠡᠭᠡᠷ᠎ᠡ

861 ᠮᠠᠭᠤ ᠬᠥᠮᠦᠨ ᠢ᠋ ᠡᠨᠡᠷᠢᠪᠡᠯ 
       ᠮᠣᠭᠠᠢ ᠶ᠋ᠢ ᠡᠪᠦᠷᠯᠡᠭᠰᠡᠨ ᠲᠡᠢ ᠠᠳᠠᠯᠢ

862 ᠮᠠᠭᠤ ᠴᠦ᠍ ᠭᠡᠰᠡᠨ ᠨᠡᠷ᠎ᠡ ᠪᠡᠨ 
       ᠮᠠᠭᠤᠬᠠᠢ ᠴᠦ᠍ ᠭᠡᠰᠡᠨ ᠵᠢᠰᠦ ᠪᠡᠨ 

863 ᠮᠠᠭᠤ ᠴᠢᠨᠣ᠎ᠠ ᠬᠤᠷᠠᠭ᠎ᠠ ᠳᠠᠭᠠᠷᠢᠳᠠᠭ 
       ᠮᠠᠭᠤ ᠬᠤᠯᠠᠭᠠᠢᠴᠢ ᠬᠠᠶᠠᠭ᠎ᠠ ᠪᠠᠨ ᠬᠠᠳᠤᠷᠳᠠᠭ

864 ᠮᠠᠭᠤ ᠡᠮ᠎ᠡ ᠶ᠋ᠢᠨ ᠨᠢᠭᠤᠷ ᠬᠦ ᠲᠡᠢ 
       ᠮᠠᠭᠤ ᠪᠢᠴᠢᠭᠡᠴᠢ ᠶ᠋ᠢᠨ ᠭᠠᠷ ᠪᠡᠬᠡ ᠲᠡᠢ

865 ᠮᠠᠭᠤ ᠡᠮᠡᠭᠡᠯ ᠮᠣᠷᠢᠨ ᠤ᠋ ᠳᠠᠢᠰᠤᠨ 
       ᠮᠠᠭᠤ ᠡᠮ᠎ᠡ ᠡᠷ᠎ᠡ ᠶ᠋ᠢᠨ ᠳᠠᠢᠰᠤᠨ

866 ᠮᠠᠭᠤ ᠡᠷ᠎ᠡ ᠠᠢᠯᠴᠢ 
       ᠮᠠᠭᠤ ᠡᠮ᠎ᠡ ᠴᠡᠢᠴᠢ

867 ᠮᠠᠭᠤ ᠡᠷ᠎ᠡ ᠭᠡᠷ ᠲᠡᠭᠡᠨ 
       ᠡᠷᠯᠢᠭ ᠬᠠᠭᠠᠨ ᠤ᠋ ᠳᠦᠷᠢ ᠲᠡᠢ 
       ᠰᠢᠷ᠎ᠠ ᠰᠢᠪᠠᠭᠤ ᠡᠭᠦᠷ ᠲᠡᠭᠡᠨ 
       ᠬᠠᠨ ᠭᠠᠷᠤᠳᠢ ᠶ᠋ᠢᠨ ᠳᠦᠷᠢ ᠲᠡᠢ

868 ᠮᠠᠭᠤ ᠡᠷ᠎ᠡ ᠲᠡᠢᠨ ᠳ᠋ᠦ᠍ ᠬᠥᠭᠡᠷᠬᠦ 
       ᠮᠤᠩᠬᠠᠭ ᠬᠥᠮᠦᠨ ᠮᠠᠭᠲᠠᠭᠠᠯ ᠳ᠋ᠤ᠌ ᠬᠥᠭᠡᠷᠬᠦ

869 ᠮᠠᠭᠤ ᠡᠷ᠎ᠡ ᠮᠣᠳᠣ ᠴᠢᠯᠠᠭᠤ 
       ᠰᠠᠢᠨ ᠡᠷ᠎ᠡ ᠰᠠᠭᠠᠳᠠᠭ ᠨᠤᠮᠤ

870 ᠮᠠᠭᠤ ᠡᠷ᠎ᠡ ᠮᠢᠩᠭ᠎ᠠ ᠦᠬᠦᠨ᠎ᠡ 
       ᠰᠠᠢᠨ ᠡᠷ᠎ᠡ ᠭᠠᠭᠴᠠ ᠦᠬᠦᠨ᠎ᠡ

871 ᠮᠠᠭᠤ ᠡᠷ᠎ᠡ ᠶ᠋ᠢᠨ ᠠᠭᠤᠷ ᠭᠡᠷ ᠢ᠋ᠶ᠋ᠡᠷ ᠳᠦᠭᠦᠷᠡᠩ 
       ᠮᠠᠭᠤ ᠡᠮ᠎ᠡ ᠶ᠋ᠢᠨ ᠦᠰᠦ ᠣᠷᠣ ᠪᠠᠷ ᠳᠦᠭᠦᠷᠡᠩ

872 ᠮᠠᠭᠤ ᠡᠷᠢᠬᠦ ᠪᠡᠷ 
       ᠰᠠᠢᠨ ᠰᠤᠷᠠ( ᠯᠠᠪᠯᠠᠬᠤ)

873 ᠮᠠᠭᠤ ᠶᠠᠭᠤᠮ᠎ᠠ 
       ᠮᠣᠳᠣᠨ ᠤᠯᠠᠭ᠎ᠠ ᠲᠠᠢ

874 ᠮᠠᠭᠤ ᠶᠠᠭᠤᠮᠠᠨ ᠳ᠋ᠤ᠌ ᠡᠴᠦᠰ ᠪᠣᠢ  
       ᠰᠠᠢᠨ ᠶᠠᠭᠤᠮᠠᠨ ᠳ᠋ᠤ᠌ ᠦᠷ᠎ᠡ ᠪᠣᠢ

875 ᠮᠠᠭᠤ ᠶᠠᠪᠤᠬᠤ ᠳ᠋ᠤ᠌ ᠨᠥᠬᠥᠷ ᠬᠣᠯᠠ 
       ᠰᠠᠢᠨ ᠶᠠᠪᠤᠬᠤ ᠳ᠋ᠤ᠌ ᠰᠠᠳᠤᠨ ᠣᠢᠷ᠎ᠠ

876 ᠮᠠᠭᠤ ᠶᠠᠪᠤᠳᠠᠯ ᠳ᠋ᠤ᠌ ᠮᠡᠷᠭᠡᠨ 
       ᠰᠠᠢᠨ ᠶᠠᠪᠤᠳᠠᠯ ᠳ᠋ᠤ᠌ ᠰᠣᠬᠣᠷ  

877 ᠮᠠᠭᠤ ᠶ᠋ᠢ ᠪᠤᠤ ᠮᠠᠭᠲᠠ 
       ᠰᠠᠢᠨ ᠢ᠋ ᠪᠤᠤ ᠮᠠᠭᠤᠯᠠ

878 ᠮᠠᠭᠤ ᠶ᠋ᠢ ᠮᠠᠷᠲᠠ 
       ᠰᠠᠢᠨ ᠢ᠋ ᠰᠠᠨᠠ

879 ᠮᠠᠭᠤ ᠶ᠋ᠢ ᠪᠤᠤ ᠬᠥᠮᠦᠨ ᠡᠴᠡ ᠡᠷᠢ 
       ᠥᠪᠡᠷ ᠡᠴᠡ ᠪᠡᠨ ᠡᠷᠢ

880 ᠮᠠᠭᠤ ᠶ᠋ᠢᠨ ᠤᠬᠠᠭᠠᠨ 
       ᠬᠦ ᠡᠴᠡ ᠳᠣᠣᠷ᠎ᠠ

881 ᠮᠠᠭᠤ ᠳ᠋ᠤ᠌ ᠲᠤᠰᠠ ᠬᠦᠷᠭᠡᠪᠡᠯ ᠮᠡᠳᠡᠬᠦ ᠦᠭᠡᠢ 
       ᠰᠠᠢᠨ ᠳ᠋ᠤ᠌ ᠭᠡᠮ ᠬᠢᠪᠡᠯ ᠮᠠᠷᠲᠠᠬᠤ ᠦᠭᠡᠢ

882 ᠮᠠᠭᠤᠳᠠᠬᠤ ᠳ᠋ᠤ᠌ ᠨᠥᠬᠥᠷ ᠬᠣᠯᠠ 
       ᠦᠭᠡᠢᠷᠡᠬᠦ ᠳ᠋ᠦ᠍ ᠪᠤᠶᠠᠨ ᠬᠣᠯᠠ

883 ᠮᠠᠭᠤ ᠲᠠᠢ ᠪᠦᠦ ᠪᠣᠯᠵᠣᠭ᠎ᠠ ᠳᠡᠯᠪᠢ  
       ᠰᠠᠢᠨ ᠲᠠᠢ ᠪᠦᠦ ᠮᠡᠯᠵᠢᠶ᠎ᠡ ᠳᠡᠯᠪᠢ

884 ᠮᠠᠭᠤᠲᠠᠢ ᠨᠥᠬᠥᠷᠯᠡᠪᠡᠯ ᠮᠣᠭᠠᠢ ᠶ᠋ᠢᠨ ᠬᠣᠣᠷᠯᠠᠯ 
       ᠰᠠᠢᠨ ᠲᠠᠢ ᠨᠥᠬᠥᠷᠯᠡᠪᠡᠯ ᠰᠠᠷᠠᠨ ᠤ᠋ ᠭᠡᠷᠡᠯ

885 ᠮᠡᠳᠡᠨ᠎ᠡ ᠮᠡᠳᠡᠨ᠎ᠡ ᠭᠡᠳ 
       ᠮᠡᠯᠡᠬᠡᠢ ᠠᠯᠠᠵᠤ ᠭᠠᠨᠵᠤᠭᠠᠯᠠᠬᠤ

886 ᠮᠡᠳᠡᠭᠰᠡᠨ ᠨᠢ ᠶᠡᠬᠡᠲᠡᠭᠡᠳ 
       ᠮᠡᠷᠭᠡᠵᠢᠭᠰᠡᠨ ᠨᠢ ᠪᠠᠭᠠᠳᠠᠬᠤ

887 ᠮᠡᠳᠡᠵᠦ ᠠᠪᠤᠪᠠᠯ ᠡᠷᠳᠡᠮ 
       ᠮᠡᠨᠳᠦ ᠶᠠᠪᠤᠪᠠᠯ ᠵᠢᠷᠭᠠᠯ

 888 ᠮᠡᠳᠡᠬᠦ ᠦᠭᠡᠢ ᠪᠣᠯ ᠴᠢᠯᠠᠭᠤ ᠪᠦᠦ ᠪᠡᠷᠢ 
        ᠤᠩᠰᠢᠬᠤ ᠦᠭᠡᠢ ᠪᠣᠯ ᠨᠣᠮ ᠪᠦᠦ ᠪᠡᠷᠢ

889 ᠮᠡᠳᠡᠬᠦ ᠦᠭᠡᠢ ᠭᠠᠵᠠᠷ ᠲᠠᠮᠤ 
       ᠲᠠᠨᠢᠬᠤ ᠦᠭᠡᠢ ᠨᠣᠶᠠᠨ ᠪᠠᠷᠰ

890 ᠮᠡᠳᠡᠬᠦ ᠦᠭᠡᠢ ᠬᠥᠮᠦᠨ ᠮᠡᠯᠡᠬᠡᠢ ᠰᠢᠭ 
       ᠮᠡᠳᠡᠳᠡᠭ ᠬᠥᠮᠦᠨ ᠡᠷᠳᠡᠨᠢ ᠰᠢᠭ

891 ᠮᠡᠳᠡᠶ᠎ᠡ ᠭᠡᠪᠡᠯ ᠮᠡᠷᠡᠢ 
       ᠴᠢᠳᠠᠶ᠎ᠠ ᠭᠡᠪᠡᠯ ᠴᠢᠷᠮᠠᠢ

892 ᠮᠡᠯᠡᠬᠡᠢ ᠳᠡᠪᠬᠡᠷᠦᠭᠡᠳ 
       ᠨᠠᠮᠤᠭ ᠠ᠋ᠴᠠ ᠶᠡᠬᠡ ᠬᠣᠯᠠᠳᠠᠬᠤ ᠦᠭᠡᠢ 

893 ᠮᠡᠷᠭᠡᠳ ᠴᠤᠭᠯᠠᠪᠠᠯ ᠰᠣᠨᠣᠰᠬᠤᠯᠠᠩ ᠪᠣᠯᠬᠤ 
       ᠮᠤᠩᠬᠠᠭ ᠴᠤᠭᠯᠠᠪᠠᠯ ᠵᠣᠳᠣᠭᠠᠨ ᠪᠣᠯᠬᠤ 

894 ᠮᠡᠷᠭᠡᠳ ᠢ᠋ ᠬᠣᠷᠣᠰᠬᠠᠪᠠᠯ ᠡᠷᠳᠡᠮ ᠭᠠᠷᠬᠤ 
       ᠮᠤᠩᠬᠠᠭ ᠢ᠋ ᠬᠣᠷᠣᠰᠬᠠᠪᠠᠯ ᠪᠠᠯᠠᠭ ᠭᠠᠷᠬᠤ 

895 ᠮᠡᠷᠭᠡᠨ ᠵᠠᠩᠵᠤᠨ ᠲᠥᠷᠥ ᠳ᠋ᠦ᠍ ᠳᠦᠰᠢᠭ
       ᠮᠡᠰᠡ ᠵᠡᠪᠰᠡᠭ ᠡᠷ᠎ᠡ ᠳ᠋ᠦ᠍ ᠲᠦᠰᠢᠭ 

896 ᠮᠡᠷᠭᠡᠨ ᠨᠢ ᠬᠡᠲᠦᠷᠡᠪᠡᠯ  
       ᠲᠡᠨᠡᠭ ᠡᠴᠡ ᠳᠣᠣᠷ᠎ᠠ 

897 ᠮᠡᠷᠭᠡᠨ ᠲᠡᠨᠡᠭ ᠬᠣᠶᠠᠷ ᠲᠤ᠌ 
       ᠡᠮᠡᠭᠡ ᠭᠡᠵᠦ ᠪᠠᠢᠳᠠᠭ ᠦᠭᠡᠢ 

898 ᠮᠡᠷᠭᠡᠨ ᠬᠣᠪᠳᠣᠭ ᠭᠠᠷ ᠬᠠᠷᠠᠵᠤ 
       ᠮᠤᠩᠬᠠᠭ ᠬᠣᠪᠳᠣᠭ ᠲᠣᠭᠣᠭ᠎ᠠ ᠬᠠᠷᠠᠬᠤ    

899 ᠮᠡᠷᠭᠡᠨ ᠬᠥᠮᠦᠨ ᠮᠡᠳᠡᠵᠦ ᠲᠤᠰᠠᠯᠠᠬᠤ 
       ᠮᠤᠩᠬᠠᠭ ᠬᠥᠮᠦᠨ ᠠᠯᠪᠠᠳᠠᠵᠤ ᠲᠤᠰᠠᠯᠠᠬᠤ  

900 ᠮᠡᠷᠭᠡᠨ ᠬᠥᠮᠦᠨ ᠬᠣᠢᠴᠢ ᠪᠠᠨ ᠪᠣᠳᠣᠬᠤ 
       ᠮᠤᠩᠬᠠᠭ ᠬᠥᠮᠦᠨ ᠢᠳᠡᠬᠦ ᠪᠡᠨ ᠪᠣᠳᠣᠬᠤ 

901 ᠮᠡᠷᠭᠡᠨ ᠬᠥᠮᠦᠨ ᠳ᠋ᠦ᠍ ᠮᠡᠳᠡᠯᠭᠡ ᠡᠷᠬᠢᠮ 
       ᠮᠤᠩᠬᠠᠭ ᠬᠥᠮᠦᠨ ᠳ᠋ᠦ᠍ ᠡᠳ᠋ ᠡᠷᠬᠢᠮ  

902 ᠮᠡᠷᠭᠡᠨ ᠬᠥᠮᠦᠨ ᠴᠦ᠍ ᠨᠥᠬᠥᠷ ᠬᠡᠷᠡᠭ ᠲᠡᠢ 
       ᠮᠤᠢᠬᠤᠷ ᠬᠥᠮᠦᠨ ᠳ᠋ᠦ᠍ ᠴᠦ᠍ ᠲᠦᠰᠢᠭ ᠬᠡᠷᠡᠭ ᠲᠡᠢ

903 ᠮᠡᠷᠭᠡᠨ ᠶᠠᠳᠠᠪᠠᠴᠤ 
       ᠲᠡᠨᠡᠭ ᠦ᠋ᠨ ᠵᠠᠮ ᠢ᠋ᠶ᠋ᠠᠷ ᠶᠠᠪᠤᠬᠤ ᠦᠭᠡᠢ   

904 ᠮᠡᠷᠭᠡᠨ ᠦ᠌ ᠡᠷᠳᠡᠮ ᠳᠣᠲᠣᠷ᠎ᠠ ᠪᠠᠨ 
       ᠮᠤᠩᠬᠠᠭ ᠤ᠋ᠨ ᠡᠷᠳᠡᠮ ᠭᠠᠳᠠᠨ᠎ᠠ ᠪᠠᠨ 

905 ᠮᠡᠰᠡ ᠶ᠋ᠢᠨ ᠰᠢᠷᠬ᠎ᠠ ᠡᠳᠡᠭᠡᠷᠡᠬᠦ ᠳ᠋ᠦ᠍ ᠬᠢᠯᠪᠠᠷ 
       ᠦᠭᠡᠨ ᠦ᠌ ᠰᠢᠷᠬ᠎ᠠ ᠡᠳᠡᠭᠡᠷᠡᠬᠦ ᠳ᠋ᠦ᠍ ᠪᠡᠷᠬᠡ 

906 ᠮᠡᠬᠡ ᠭᠠᠷᠭᠠᠬᠤ ᠦᠭᠡᠢ ᠦᠨᠡᠭᠡ ᠭᠡᠵᠦ ᠦᠭᠡᠢ 
       ᠮᠢᠬ᠎ᠠ ᠢᠳᠡᠬᠦ ᠦᠭᠡᠢ ᠴᠢᠨᠣ᠎ᠠ ᠭᠡᠵᠦ ᠦᠭᠡᠢ  

907 ᠮᠡᠬᠡ ᠰᠤᠷᠬᠤ ᠶ᠋ᠢᠨ ᠣᠷᠣᠨ ᠳ᠋ᠤ᠌ 
       ᠮᠡᠷᠭᠡᠵᠢᠯ ᠰᠤᠷᠤᠭᠰᠠᠨ ᠨᠢ ᠳᠡᠭᠡᠷ᠎ᠡ 

908 ᠮᠡᠬᠡ ᠶ᠋ᠢᠨ ᠶᠡᠬᠡ ᠦᠨᠡᠭᠡᠨ ᠳ᠋ᠦ᠍ 
       ᠮᠡᠨᠳᠦ ᠶ᠋ᠢᠨ ᠶᠡᠬᠡ ᠪᠢᠯᠳᠠᠤᠴᠢ ᠳ᠋ᠤ᠌ 

909 ᠮᠡᠬᠡᠲᠦ ᠦᠨᠡᠭᠡ ᠰᠡᠭᠦᠯ ᠢ᠋ᠶ᠋ᠡᠷ ᠢ᠋ᠶ᠋ᠡᠨ ᠬᠠᠭᠤᠷᠬᠤ 
       ᠪᠠᠴᠢᠲᠤ ᠰᠡᠴᠡᠨ ᠦᠭᠡ ᠪᠡᠷ ᠢ᠋ᠶ᠋ᠡᠨ ᠬᠠᠭᠤᠷᠬᠤ  

910 ᠮᠡᠬᠡᠲᠦ ᠬᠥᠮᠦᠨ ᠬᠤᠳᠠᠯᠴᠢ 
       ᠬᠤᠳᠠᠯᠴᠢ ᠬᠥᠮᠦᠨ ᠬᠤᠯᠠᠭᠠᠢᠴᠢ 

911 ᠮᠡᠬᠡᠲᠦ ᠶ᠋ᠢᠨ ᠣᠯᠵᠠ ᠨᠢᠭᠡ 
       ᠮᠡᠷᠭᠡᠨ ᠦ᠌ ᠣᠯᠵᠠ ᠬᠣᠶᠠᠷ  

912 ᠮᠢᠩᠭᠠᠨ ᠠᠳᠤᠭᠤ ᠲᠠᠢ ᠶᠠᠪᠤᠭᠰᠠᠨ ᠠ᠋ᠴᠠ 
       ᠮᠢᠩᠭᠠᠨ ᠠᠬ᠎ᠠ ᠳᠡᠭᠦᠦ ᠲᠡᠢ ᠶᠠᠪᠤ 

913 ᠮᠢᠩᠭᠠᠨ ᠵᠢᠩ ᠪᠤᠳᠠᠭ᠎ᠠ ᠲᠠᠢ ᠬᠥᠮᠦᠨ ᠥᠯᠪᠡᠷᠴᠦ ᠦᠬᠦᠬᠦ ᠳ᠋ᠦ᠍  
       ᠮᠢᠩᠭᠠᠨ ᠠᠬ᠎ᠠ ᠳᠡᠭᠦᠦ ᠲᠡᠢ ᠬᠥᠮᠦᠨ ᠥᠯᠪᠡᠷᠴᠦ ᠦᠬᠦᠬᠦ ᠦᠭᠡᠢ  

914 ᠮᠢᠩᠭᠠᠨ ᠦᠭᠡᠨ ᠦ᠌ ᠭᠣᠭᠴᠣᠭ᠎ᠠ ᠨᠢ ᠨᠢᠭᠡ 
       ᠲᠦᠮᠡᠨ ᠦᠭᠡᠨ ᠦ᠌ ᠲᠣᠪᠴᠢᠶ᠎ᠠ ᠨᠢ ᠨᠢᠭᠡ  

        ᠦᠰᠦᠭ ᠠᠮᠢᠯᠠᠭᠤᠯᠤᠭᠴᠢ᠄  ᠣᠶᠤᠨᠪᠠᠲᠤ᠂ ᠰᠠᠷᠠᠨᠲᠤᠶᠠᠭ᠎ᠠ᠂ ᠪᠠᠳᠮᠠᠰᠡᠴᠡᠨ  
           ᠬᠢᠨᠠᠭᠴᠢ᠄ ᠪᠣᠯᠣᠳ᠂ ᠣᠳᠬᠣᠨᠴᠡᠴᠡᠭ᠂ ᠪᠠᠯ