ᠬᠠᠢᠷᠠᠯᠠᠭᠠᠷᠠᠢ - ᠵᠢᠪᠬᠤᠯᠠᠩ ᠤ᠋ᠨ ᠡᠳᠦᠷᠡᠶ᠋ᠢᠨᠴᠣᠯᠮᠣᠨ Хайрлаарай-Жавхлангийн Өдрийнцолмон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷᠠᠯᠠᠭᠠᠷᠠᠢ - ᠵᠢᠪᠬᠤᠯᠠᠩ ᠤ᠋ᠨ ᠡᠳᠦᠷᠡᠶ᠋ᠢᠨᠴᠣᠯᠮᠣᠨ Хайрлаарай-Жавхлангийн Өдрийнцолмон

ᠬᠠᠢᠷᠠᠯᠠᠭᠠᠷᠠᠢ - ᠵᠢᠪᠬᠤᠯᠠᠩ ᠤ᠋ᠨ ᠡᠳᠦᠷᠡᠶ᠋ᠢᠨᠴᠣᠯᠮᠣᠨ Хайрлаарай-Жавхлангийн Өдрийнцолмон

ᠠᠩᠭᠢᠯᠠᠯ:ᠳᠠᠭᠤᠤ ᠬᠥᠭᠵᠢᠮ
2026-06-03

298

ᠬᠠᠢᠷᠠᠯᠠᠭᠠᠷᠠᠢ


         ᠰᠢᠯᠦᠭ᠄ ᠳ · ᠰᠢᠯᠭᠠᠷᠠᠪᠤᠤ  
         ᠠᠶᠠᠯᠭᠤ᠄ ᠪ᠊  · ᠮᠡᠷᠭᠡᠨᠪᠠᠭᠠᠲᠤᠷ  
         ᠳᠠᠭᠤᠴᠢᠨ᠄ ᠵᠢᠪᠬᠤᠯᠠᠩ ᠤ᠋ᠨ ᠡᠳᠦᠷᠡᠶ᠋ᠢᠨᠴᠣᠯᠮᠣᠨ  

ᠲᠡᠭᠡᠭᠡᠵᠦ ᠲᠥᠷᠥᠭᠦᠯᠦᠭᠰᠡᠨ ᠡᠵᠢ ᠪᠡᠨ ᠬᠠᠢᠷᠠᠯᠠᠬᠤ ᠰᠢᠭ᠋ 
ᠲᠣᠭᠯᠠᠭᠤᠯᠵᠤ ᠥᠰᠬᠡᠭᠰᠡᠨ ᠨᠤᠲᠤᠭ ᠢ᠋ᠶ᠋ᠠᠨ ᠬᠠᠢᠷᠠᠯᠠᠭᠠᠷᠠᠢ 
ᠲᠡᠪᠡᠷᠢᠵᠦ ᠰᠤᠷᠭᠠᠭᠰᠠᠨ ᠠᠪᠤ ᠪᠠᠨ ᠬᠠᠢᠷᠠᠯᠠᠬᠤ ᠰᠢᠭ᠋ 
ᠲᠤᠭᠤᠷᠭ᠎ᠠ ᠲᠤᠰᠠᠭᠠᠷ ᠮᠣᠩᠭᠣᠯ ᠢ᠋ᠶ᠋ᠠᠨ ᠬᠠᠢᠷᠠᠯᠠᠭᠠᠷᠠᠢ 

ᠬᠠᠮᠲᠤ ᠥᠰᠦᠭᠰᠡᠨ ᠠᠬ᠎ᠠ ᠡᠭᠡᠴᠢ ᠪᠡᠨ ᠬᠠᠢᠷᠠᠯᠠᠬᠤ ᠰᠢᠭ᠋ 
ᠬᠠᠯᠠᠮᠵᠢᠯᠠᠵᠤ ᠲᠦᠰᠢᠯᠴᠡᠭᠰᠡᠨ ᠨᠥᠬᠥᠳ ᠢ᠋ᠶ᠋ᠡᠨ ᠬᠠᠢᠷᠠᠯᠠᠭᠠᠷᠠᠢ
ᠬᠣᠷᠭᠣᠢ ᠮᠣᠩᠭᠣᠯ ᠳᠡᠪᠡᠯ ᠢ᠋ᠶ᠋ᠡᠨ ᠬᠠᠢᠷᠠᠯᠠᠬᠤ ᠰᠢᠭ᠋ 
ᠬᠠᠢᠷᠠᠲᠠᠢ ᠮᠣᠩᠭᠣᠯ ᠰᠣᠶᠣᠯ ᠢ᠋ᠶ᠋ᠠᠨ ᠬᠠᠢᠷᠠᠯᠠᠭᠠᠷᠠᠢ

ᠠᠭᠰᠤᠮ ᠵᠢᠷᠣᠭ᠎ᠠ ᠮᠣᠷᠢᠳ ᠢ᠋ᠶ᠋ᠠᠨ ᠬᠠᠢᠷᠠᠯᠠᠬᠤ ᠰᠢᠭ᠋ 
ᠠᠮᠢᠲᠠᠨ ᠵᠢᠷᠭᠤᠭᠠᠨ ᠵᠦᠢᠯᠡᠰ ᠢ᠋ ᠬᠠᠢᠷᠠᠯᠠᠭᠠᠷᠠᠢ
ᠥᠪᠡᠷ ᠦ᠋ᠨ ᠭᠡᠰᠡᠨ ᠠᠮᠢᠳᠤᠷᠠᠯ ᠢ᠋ᠶ᠋ᠠᠨ ᠬᠠᠢᠷᠠᠯᠠᠬᠤ ᠰᠢᠭ᠋ 
ᠡᠬᠡ ᠣᠷᠣᠨ ᠪᠠᠢᠭᠠᠯᠢ ᠪᠠᠨ ᠬᠠᠢᠷᠠᠯᠠᠭᠠᠷᠠᠢ

ᠲᠠᠪᠤᠨ ᠬᠣᠰᠢᠭᠤ ᠰᠦᠷᠦᠭ ᠢ᠋ᠶ᠋ᠡᠨ ᠬᠠᠢᠷᠠᠯᠠᠬᠤ ᠰᠢᠭ᠋ 
ᠲᠠᠪᠤᠨ ᠲᠢᠪ ᠦ᠋ᠨ ᠦᠷᠡᠰ ᠢ᠋ ᠬᠠᠢᠷᠠᠯᠠᠭᠠᠷᠠᠢ
ᠡᠮᠡᠭᠡ ᠡᠪᠦᠭᠡ ᠪᠤᠭᠤᠷᠤᠯ ᠤ᠋ᠳ ᠢ᠋ᠶ᠋ᠠᠨ ᠬᠠᠢᠷᠠᠯᠠᠬᠤ ᠰᠢᠭ᠋ 
ᠡᠩᠬᠦᠷᠡᠢ ᠮᠣᠩᠭᠣᠯ ᠣᠷᠣᠨ ᠢ᠋ᠶ᠋ᠠᠨ ᠬᠠᠢᠷᠠᠯᠠᠭᠠᠷᠠᠢ!
ᠡᠩᠬᠦᠷᠡᠢ ᠮᠣᠩᠭᠣᠯ ᠣᠷᠣᠨ ᠢ᠋ᠶ᠋ᠠᠨ ᠬᠠᠢᠷᠠᠯᠠᠭᠠᠷᠠᠢ!

ᠪᠢ ᠳᠡᠯᠡᠬᠡᠢ ᠳ᠋ᠡᠭᠡᠨ ᠬᠠᠢᠷᠠᠲᠠᠢ᠂ ᠳᠡᠭᠡᠷ᠎ᠡ ᠨᠢ ᠮᠣᠩᠭᠣᠯ ᠬᠡᠯᠡ ᠮᠢᠨᠢ ᠪᠠᠢᠳᠠᠭ!
ᠪᠢ ᠪᠥᠮᠪᠥᠷᠴᠡᠭ ᠲᠦ᠍ ᠪᠡᠨ ᠬᠠᠢᠷᠠᠲᠠᠢ᠂ ᠳᠡᠭᠡᠷ᠎ᠡ ᠨᠢ ᠮᠣᠩᠭᠣᠯ ᠨᠤᠲᠤᠭ ᠮᠢᠨᠢ ᠪᠠᠢᠳᠠᠭ!

       ᠦᠰᠦᠭ ᠠᠮᠢᠯᠠᠭᠤᠯᠤᠭᠴᠢ᠄ ᠰᠣᠨᠢᠨᠪᠠᠶᠠᠷ  
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ