ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠨ ᠶᠢᠨ ᠠᠢᠮᠠᠭ 1>Монгол зүйр цэцэн үгийн гураван мянган дээж – Д᠂Заяабаатар эмхэтгэв <Нгийн аймаг 1>
ᠨ (Н) ᠶᠢᠨ ᠠᠢᠮᠠᠭ -1
915 ᠨᠠᠭᠠᠳᠤᠮ ᠶᠡᠬᠡᠳᠡᠪᠡᠯ ᠨᠠᠰᠤ ᠣᠬᠣᠷᠰᠤᠨᠠ
ᠨᠠᠮᠤᠷ ᠤ᠋ᠨ ᠬᠤᠷ᠎ᠠ ᠶᠡᠬᠡᠳᠡᠪᠡᠯ ᠦᠶᠡᠷ ᠪᠣᠯᠤᠨ᠎ᠠ
916 ᠨᠠᠭᠠᠳᠤᠮ ᠤ᠋ᠨ ᠶᠡᠬᠡ ᠨᠢ ᠠᠵᠢᠯ ᠳ᠋ᠤ᠌ ᠰᠠᠭᠠᠳ
ᠨᠠᠢᠷ ᠤ᠋ᠨ ᠤᠷᠲᠤ ᠨᠢ ᠨᠣᠢᠷᠣᠨ ᠳ᠋ᠤ᠌ ᠰᠠᠭᠠᠳ
917 ᠨᠠᠰᠢ(ᠨᠠᠭᠠᠰᠢ) ᠪᠠᠨ ᠬᠠᠷᠠᠵᠤ ᠢᠨᠢᠶᠡᠵᠦ
ᠴᠠᠰᠢ (ᠴᠠᠭᠠᠰᠢ)ᠪᠠᠨ ᠬᠠᠷᠠᠵᠤ ᠤᠬᠢᠯᠠᠬᠤ
918 ᠨᠠᠪᠴᠢ ᠴᠡᠴᠡᠭ ᠨᠠᠷᠠᠨ ᠠ᠋ᠴᠠ
ᠨᠠᠰᠤᠨ ᠤ᠋ ᠵᠢᠷᠭᠠᠯ ᠠᠢᠯ ᠠ᠋ᠴᠠ
919 ᠨᠠᠪᠴᠢ ᠰᠢᠷᠠᠯᠠᠪᠠᠯ ᠨᠠᠮᠤᠷᠰᠢᠨ᠎ᠠ
ᠨᠠᠭᠠᠳᠤᠮ ᠶᠡᠬᠡᠳᠡᠪᠡᠯ ᠭᠡᠷᠡᠯᠲᠦᠨ᠎ᠡ
920 ᠨᠠᠢᠯᠵᠠᠭᠤᠷ ᠢ᠋ ᠵᠠᠰᠠᠵᠤ ᠨᠢᠷᠤᠭᠤ ᠪᠣᠯᠭᠠᠬᠤ
ᠨᠢᠯᠬ᠎ᠠ ᠶ᠋ᠢ ᠥᠰᠬᠡᠵᠦ ᠡᠷ᠎ᠡ ᠪᠣᠯᠭᠠᠬᠤ
921 ᠮᠠᠢᠮᠠᠢ ᠨᠠᠮ ᠲᠠᠢ᠂ ᠥᠨᠳᠥᠷ ᠲᠡᠢ
ᠨᠠᠰᠤ ᠵᠠᠯᠠᠭᠤ ᠲᠠᠢ᠂ ᠬᠥᠭᠰᠢᠨ ᠲᠡᠢ
922 ᠨᠠᠢ᠍ᠮᠠᠨ ᠰᠠᠷ᠎ᠠ ᠶ᠋ᠢᠨ ᠭᠠᠩ ᠬᠡᠴᠡᠭᠦᠦ
ᠨᠠᠶᠠ ᠬᠦᠷᠦᠭᠡᠳ ᠬᠣᠭᠣᠰᠣᠷᠠᠬᠤ ᠬᠡᠴᠡᠭᠦᠦ
923 ᠨᠠᠢᠷ ᠠᠬ᠎ᠠ ᠠ᠋ᠴᠠ ᠪᠠᠨ
ᠨᠠᠭᠠᠳᠤᠮ ᠳᠡᠭᠦᠦ ᠡᠴᠡ ᠪᠡᠨ
924 ᠨᠠᠢᠷ ᠤ᠋ᠨ ᠪᠣᠭᠣᠨᠢ ᠨᠢ ᠰᠠᠢᠨ
ᠨᠠᠰᠤᠨ ᠤ᠋ ᠤᠷᠲᠤ ᠨᠢ ᠰᠠᠢᠨ
925 ᠨᠠᠮᠤᠭ ᠭᠠᠵᠠᠷ ᠵᠤᠰᠠᠵᠤ
ᠡᠭᠡᠪᠦᠷ ᠭᠠᠵᠠᠷ ᠡᠪᠦᠯᠵᠢ
926 ᠨᠠᠮᠤᠷ ᠡᠪᠡᠰᠦ ᠣᠪᠣᠭᠠᠯᠠᠬᠤ ᠦᠭᠡᠢ ᠪᠣᠯ
ᠬᠠᠪᠤᠷ ᠦᠬᠦᠳᠡᠯ ᠣᠪᠣᠭᠠᠯᠠᠨ᠎ᠠ
927 ᠨᠠᠮᠤᠷ ᠲᠣᠰᠣ ᠪᠠᠨ ᠭᠦᠵᠡᠭᠡᠯᠡᠪᠡᠯ
ᠬᠠᠪᠤᠷ ᠲᠤᠭᠤᠯ ᠢ᠋ᠶ᠋ᠠᠨ ᠭᠦᠵᠡᠭᠡᠯᠡᠨᠡ
928 ᠨᠠᠮᠤᠷᠵᠢᠨ ᠨᠠᠷᠭᠢᠪᠠᠯ
ᠡᠪᠦᠯᠵᠢᠨ ᠦᠷᠴᠢᠢᠨᠡ
929 ᠨᠠᠮᠤᠷ ᠲᠠᠭᠠᠨ ᠳᠡᠯᠪᠡᠷᠡᠲᠡᠯ᠎ᠡ ᠪᠡᠨ ᠢᠳᠡᠵᠦ
ᠬᠠᠪᠤᠷ ᠲᠠᠭᠠᠨ ᠬᠠᠲᠠᠩᠭᠢᠷᠠᠲᠠᠯᠠ ᠪᠠᠨ ᠥᠯᠥᠰᠬᠦ
930 ᠨᠠᠮᠤᠷ ᠲᠠᠭᠠᠨ ᠲᠠᠷᠭᠤ ᠦᠭᠡᠢ ᠮᠠᠯ
ᠡᠪᠦᠯ ᠳ᠋ᠡᠭᠡᠨ ᠡᠴᠡᠩᠭᠢ
931 ᠨᠠᠮᠤᠷ ᠤ᠋ᠨ ᠮᠠᠭᠤ ᠪᠣᠷᠣᠭ᠎ᠠ ᠲᠠᠢ
ᠬᠠᠪᠤᠷ ᠤ᠋ᠨ ᠮᠠᠭᠤ ᠰᠠᠯᠬᠢ ᠲᠠᠢ
932 ᠨᠠᠮᠤᠷ ᠤ᠋ᠨ ᠡᠪᠡᠰᠦ ᠶ᠋ᠢ ᠪᠦᠷᠢᠯᠵᠦ ᠢᠳᠡᠭᠦᠯ
ᠬᠠᠪᠤᠷ ᠤ᠋ᠨ ᠡᠪᠡᠰᠦ ᠶ᠋ᠢ ᠬᠠᠮᠤᠵᠤ ᠢᠳᠡᠭᠦᠯ
933 ᠨᠠᠷᠠ ᠭᠠᠷᠬᠤ ᠪᠠᠷ ᠪᠠᠢᠭᠠᠯᠢ ᠰᠡᠷᠭᠦᠳᠡᠭ
ᠨᠣᠮ ᠤᠩᠰᠢᠬᠤ ᠪᠠᠷ ᠲᠠᠷᠢᠬᠢ ᠰᠡᠷᠭᠦᠳᠡᠭ
934 ᠨᠠᠷᠠ ᠭᠠᠷᠪᠠᠯ ᠳᠤᠯᠠᠭᠠᠷᠠᠨᠠ
ᠨᠠᠰᠤ ᠠᠬᠢᠪᠠᠯ ᠬᠡᠷᠰᠡᠦᠵᠢᠨᠡ
935 ᠨᠠᠷᠠ ᠰᠠᠷ᠎ᠠ ᠡᠭᠡᠯᠵᠢᠯᠡᠨ᠎ᠡ
ᠨᠠᠰᠤ ᠵᠢᠯ ᠥᠩᠭᠡᠷᠡᠨ᠎ᠡ
936 ᠨᠠᠷᠠ ᠬᠤᠷ᠎ᠠ ᠲᠡᠩᠴᠡᠪᠡᠯ
ᠨᠠᠪᠴᠢ ᠴᠡᠴᠡᠭ ᠳᠡᠯᠭᠡᠷᠡᠬᠦ
937 ᠨᠠᠷᠠ ᠬᠦᠷᠢᠶᠡᠯᠡᠪᠡᠯ ᠵᠤᠳᠯᠠᠬᠤ
ᠰᠠᠷ᠎ᠠ ᠬᠦᠷᠢᠶᠡᠯᠡᠪᠡᠯ ᠰᠠᠯᠬᠢᠯᠠᠬᠤ
938 ᠨᠠᠷᠠ ᠰᠢᠩᠭᠡᠪᠡᠯ ᠰᠠᠷ᠎ᠠ ᠵᠠᠯᠭᠠᠵᠤ
ᠨᠠᠰᠤ ᠠᠬᠢᠪᠠᠯ ᠦᠷ᠎ᠡ ᠵᠠᠯᠭᠠᠬᠤ
939 ᠨᠠᠷᠠᠨ ᠳ᠋ᠤ᠌ ᠤᠨᠲᠠᠵᠤ
ᠰᠠᠷᠠᠨ ᠳ᠋ᠤ᠌ ᠪᠥᠭᠡᠰᠦ ᠪᠡᠨ ᠲᠡᠭᠦᠬᠦ
940 ᠨᠠᠷᠭᠢᠶᠠᠨ— ᠵᠠᠯᠠᠭᠤ ᠨᠠᠰᠤᠨ ᠤ᠋ ᠣᠬᠢ
ᠨᠠᠮᠤᠷ ᠴᠠᠭ— ᠤᠯᠠᠷᠢᠯ ᠤ᠋ᠨ ᠣᠬᠢ
941 ᠨᠠᠷᠠᠨ ᠠ᠋ᠴᠠ ᠢᠯᠡᠭᠦᠦ ᠭᠡᠷᠡᠯ ᠲᠡᠢ ᠶᠠᠭᠤᠮ᠎ᠠ ᠦᠭᠡᠢ
ᠨᠠᠮᠤᠷ ᠠ᠋ᠴᠠ ᠢᠯᠡᠭᠦᠦ ᠪᠠᠶᠠᠨ ᠤᠯᠠᠷᠢᠯ ᠦᠭᠡᠢ
942 ᠨᠠᠷᠠᠨ ᠠ᠋ᠴᠠ ᠬᠣᠷᠭᠣᠳᠠᠵᠤ ᠪᠣᠯᠳᠠᠭ
ᠨᠠᠰᠤ ᠪᠠᠷᠠᠬᠤ ᠠ᠋ᠴᠠ ᠬᠣᠷᠭᠣᠳᠠᠵᠤ ᠪᠣᠯᠳᠠᠭ ᠦᠭᠡᠢ
943 ᠨᠠᠷᠠᠨ ᠤ᠋ ᠭᠡᠷᠡᠯ ᠬᠦᠷᠪᠡᠯ ᠳ᠋ᠦ᠍ ᠬᠠᠷᠰᠢ
ᠡᠷᠳᠡᠮ ᠦ᠋ᠨ ᠭᠡᠷᠡᠯ ᠲᠡᠨᠡᠭ ᠲᠦ᠍ ᠬᠠᠷᠰᠢ
944 ᠨᠠᠷᠠᠨ ᠤ᠋ ᠭᠡᠷᠡᠯ ᠢᠯᠴᠢ ᠲᠡᠢ
ᠨᠠᠭᠠᠴᠤ ᠬᠥᠮᠦᠨ ᠬᠦᠨᠳᠦ ᠲᠡᠢ
945 ᠨᠠᠷᠠᠨ ᠤ᠋ ᠭᠡᠷᠡᠯ
ᠡᠭᠦᠯᠡ ᠦᠭᠡᠢ ᠪᠣᠯ ᠨᠡᠩ ᠰᠠᠢᠨ
ᠨᠠᠰᠤᠨ ᠤ᠋ ᠪᠠᠭ᠎ᠠ ᠳ᠋ᠤ᠌ ᠡᠷᠳᠡᠮ ᠰᠤᠷᠬᠤ ᠳ᠋ᠤ᠌
ᠵᠠᠯᠬᠠᠭᠤ ᠦᠭᠡᠢ ᠪᠣᠯ ᠳᠠᠩᠴᠤ ᠰᠠᠢᠨ
946 ᠨᠠᠷᠠ ᠲᠠᠢ ᠪᠣᠯ ᠲᠠᠭᠠᠷᠠᠬᠤ ᠦᠭᠡᠢ
ᠨᠠᠢᠷ ᠲᠠᠢ ᠪᠣᠯ ᠥᠯᠥᠰᠬᠦ ᠦᠭᠡᠢ
947 ᠨᠠᠷᠠ ᠲᠠᠢ ᠭᠠᠵᠠᠷ ᠭᠡᠷ ᠢ᠋ᠶ᠋ᠡᠨ ᠪᠠᠷᠢᠵᠤ
ᠨᠣᠭᠣᠭ᠎ᠠ ᠲᠠᠢ ᠭᠠᠵᠠᠷ ᠮᠠᠯ ᠢ᠋ᠶ᠋ᠠᠨ ᠪᠡᠯᠴᠢᠭᠡ
948 ᠨᠠᠰᠤᠨ ᠳ᠋ᠤ᠌ ᠬᠣᠨᠣᠭ ᠨᠡᠮᠡᠵᠦ
ᠴᠠᠰᠤᠨ ᠳ᠋ᠤ᠌ ᠬᠢᠷᠠᠭᠤ ᠨᠡᠮᠡᠬᠦ
949 ᠨᠠᠰᠤᠲᠠᠢ ᠬᠥᠮᠦᠨ ᠶᠠᠪᠤᠭᠰᠠᠨ ᠢ᠋ᠶ᠋ᠠᠨ
ᠨᠢᠯᠬ᠎ᠠ ᠬᠡᠦᠬᠡᠳ ᠦᠵᠡᠭᠰᠡᠨ ᠢ᠋ᠶ᠋ᠡᠨ
950 ᠨᠠᠰᠤᠲᠠᠨ ᠤ᠋ ᠰᠤᠷᠭᠠᠯ
ᠨᠠᠷᠠᠨ ᠤ᠋ ᠭᠡᠷᠡᠯ
951 ᠨᠣᠶᠠᠳ ᠭᠡᠳᠡᠢᠵᠦ
ᠠᠷᠠᠳ ᠪᠥᠬᠥᠢᠬᠦ
952 ᠨᠣᠶᠠᠳ ᠦᠭᠡᠢᠷᠡᠪᠡᠯ ᠳᠡᠭᠡᠷᠡᠮ ᠪᠣᠯᠤᠨ᠎ᠠ
ᠪᠠᠶᠠᠳ ᠦᠭᠡᠢᠷᠡᠪᠡᠯ ᠬᠤᠯᠠᠭᠠᠢ ᠪᠣᠯᠤᠨ᠎ᠠ
953 ᠨᠣᠶᠠᠳ ᠭᠡᠷᠡᠯᠲᠦᠭᠰᠡᠨ ᠭᠠᠵᠠᠷ ᠪᠠᠯᠠᠭ ᠲᠠᠢ
ᠨᠣᠬᠠᠢ ᠬᠡᠮᠬᠢᠯᠳᠦᠭᠰᠡᠨ ᠭᠠᠵᠠᠷ ᠤᠯᠠᠢ ᠲᠠᠢ
954 ᠨᠣᠶᠠᠳ ᠲᠤ᠌ ᠢᠲᠡᠭᠡᠭᠰᠡᠨ ᠡᠴᠡ
ᠨᠣᠬᠠᠢ ᠳ᠋ᠠᠭᠠᠨ ᠢᠳᠡᠭᠡ
955 ᠨᠣᠶᠠᠳ ᠢ᠋ ᠳᠠᠭᠠᠵᠤ ᠶᠠᠪᠤᠭᠰᠠᠨ ᠢ᠋ᠶ᠋ᠠᠷ ᠨᠣᠬᠠᠢ ᠪᠣᠯᠬᠤ
ᠪᠠᠶᠠᠳ ᠢ᠋ ᠳᠠᠭᠠᠵᠤ ᠶᠠᠪᠤᠭᠰᠠᠨ ᠢ᠋ᠶ᠋ᠠᠷ ᠪᠣᠭᠣᠯ ᠪᠣᠯᠬᠤ
956 ᠨᠣᠶᠠᠳ ᠪᠦᠬᠦᠨ ᠠᠷᠢᠭᠤᠨ ᠡᠰᠡ ᠶᠠᠪᠤᠪᠠᠯ
ᠪᠠᠭᠤᠷᠠᠭᠰᠠᠨ ᠬᠣᠢᠨ᠎ᠠ ᠪᠠᠨ ᠭᠡᠮᠰᠢᠨ᠎ᠡ
ᠪᠠᠶᠠᠨ ᠪᠦᠬᠦᠨ ᠡᠰᠡ ᠡᠳ᠋ᠯᠡᠪᠡᠯ
ᠦᠭᠡᠢᠷᠡᠭᠰᠡᠨ ᠬᠣᠢᠨ᠎ᠠ ᠪᠠᠨ ᠭᠡᠮᠰᠢᠨ᠎ᠡ
957 ᠨᠣᠶᠠᠨ ᠭᠡᠵᠦ ᠳᠤᠯᠳᠤᠢᠳᠬᠤ ᠬᠡᠷᠡᠭ ᠦᠭᠡᠢ
ᠨᠣᠬᠠᠢ ᠭᠡᠵᠦ ᠳᠣᠷᠣᠮᠵᠢᠯᠠᠬᠤ ᠬᠡᠷᠡᠭ ᠦᠭᠡᠢ
958 ᠨᠣᠶᠠᠨ ᠨᠣᠶᠠᠨ ᠳ᠋ᠠᠭᠠᠨ ᠡᠭᠡᠯᠢ ᠲᠡᠢ
ᠨᠣᠬᠠᠢ ᠭᠥᠯᠦᠭᠡᠨ ᠳ᠋ᠡᠭᠡᠨ ᠬᠠᠢᠷ᠎ᠠ ᠲᠠᠢ
959 ᠨᠣᠶᠠᠨ ᠰᠠᠭᠤᠪᠠᠯ ᠠᠯᠪᠠᠲᠤ ᠪᠠᠨ ᠮᠡᠳᠡ
ᠨᠣᠬᠠᠢ ᠲᠠᠢ ᠪᠣᠯ ᠬᠣᠭᠣᠯᠠ ᠶ᠋ᠢ ᠨᠢ ᠮᠡᠳᠡ
960 ᠨᠣᠶᠠᠨ ᠤᠷᠪᠠᠭᠠᠴᠢ
ᠨᠣᠬᠠᠢ ᠰᠢᠷᠪᠠᠭᠠᠴᠢ
961 ᠨᠣᠶᠠᠨ᠂ ᠠᠪᠬᠤ ᠪᠣᠯᠬᠤ ᠪᠠᠷ ᠠᠵᠢᠷᠭ᠎ᠠ ᠰᠢᠭ᠋
ᠥᠭᠬᠦ ᠪᠣᠯᠬᠤ ᠪᠠᠷ ᠨᠣᠬᠠᠢ ᠰᠢᠭ᠋
962 ᠨᠣᠶᠠᠨ ᠪᠣᠯᠤᠶ᠎ᠠ ᠭᠡᠪᠡᠯ
ᠵᠠᠷᠤᠴᠠ ᠪᠠᠨ ᠰᠠᠢᠨ ᠲᠣᠷᠳᠠ
963 ᠨᠣᠶᠠᠨ ᠬᠥᠮᠦᠨ ᠨᠤᠲᠤᠭ ᠲᠠᠭᠠᠨ ᠬᠦᠨᠳᠦ ᠲᠡᠢ
ᠨᠣᠮ ᠲᠠᠢ ᠬᠥᠮᠦᠨ ᠭᠠᠵᠠᠷ ᠪᠣᠯᠭᠠᠨ ᠳ᠋ᠤ᠌ ᠬᠦᠨᠳᠦ ᠲᠡᠢ
964 ᠨᠣᠶᠠᠨ ᠬᠥᠮᠦᠨ ᠴᠠᠭᠠᠨ ᠪᠣᠯᠪᠠᠴᠤ ᠰᠡᠵᠢᠭ ᠲᠡᠢ
ᠨᠣᠮ ᠤ᠋ᠨ ᠦᠰᠦᠭ ᠬᠠᠷ᠎ᠠ ᠪᠣᠯᠪᠠᠴᠤ ᠰᠢᠮ᠎ᠡ ᠲᠡᠢ
965 ᠨᠣᠶᠠᠨ ᠬᠥᠮᠦᠨ ᠢ᠋ ᠢᠲᠡᠭᠡᠵᠦ ᠪᠣᠯᠬᠤ ᠦᠭᠡᠢ
ᠨᠣᠢᠲᠠᠨ ᠮᠣᠳᠣ ᠶ᠋ᠢ ᠲᠦᠰᠢᠵᠦ ᠪᠣᠯᠬᠤ ᠦᠭᠡᠢ
966 ᠨᠣᠶᠠᠨ ᠠ᠋ᠴᠠ ᠠᠶᠤᠪᠠᠯ ᠵᠠᠷᠭᠤ ᠪᠤᠤ ᠬᠢ
ᠨᠣᠬᠠᠢ ᠠ᠋ᠴᠠ ᠠᠶᠤᠪᠠᠯ ᠪᠠᠳᠢᠷᠴᠢᠨ ᠪᠤᠤ ᠪᠣᠯ
967 ᠨᠣᠶᠠᠨ ᠤ᠋ ᠪᠠᠶᠠᠨ
ᠨᠣᠬᠠᠢ ᠶ᠋ᠢᠨ ᠲᠠᠷᠭᠤᠨ ᠬᠣᠶᠠᠷ ᠠᠳᠠᠯᠢ
968 ᠨᠣᠶᠠᠨ ᠤ᠋ ᠮᠠᠭᠤ ᠪᠠᠷ ᠠᠯᠪᠠᠲᠤ ᠲᠠᠷᠠᠳᠠᠭ
ᠨᠣᠬᠠᠢ ᠶ᠋ᠢᠨ ᠮᠠᠭᠤ ᠪᠠᠷ ᠬᠣᠲᠠ ᠲᠠᠷᠠᠳᠠᠭ
969 ᠨᠣᠶᠠᠨ ᠤ᠋ ᠬᠠᠢᠷ᠎ᠠ
ᠨᠣᠬᠠᠢ ᠶ᠋ᠢᠨ ᠨᠢᠷᠤᠭᠤᠨ ᠳᠡᠭᠡᠷᠡᠬᠢ ᠴᠠᠰᠤ ᠲᠠᠢ ᠠᠳᠠᠯᠢ
970 ᠨᠣᠢᠷᠮᠤᠭᠯᠠᠵᠤ ᠰᠠᠭᠤᠬᠤ ᠪᠠᠷ
ᠨᠣᠮ ᠭᠠᠷᠴᠠᠭᠯᠠᠨ
971 ᠨᠣᠢᠷᠣᠨ ᠠ᠋ᠴᠠ ᠮᠣᠷᠢ ᠪᠠᠨ
ᠴᠢᠮᠦᠭᠡᠨ ᠡᠴᠡ ᠬᠢᠲᠤᠭ᠎ᠠ ᠪᠠᠨ
972 ᠨᠣᠢᠷ ᠲᠠᠢ ᠬᠣᠨᠣᠶ᠎ᠠ ᠭᠡᠪᠡᠯ
ᠨᠣᠬᠠᠢ ᠪᠠᠨ ᠰᠠᠢᠨ ᠲᠣᠷᠳᠠ
973 ᠨᠣᠢᠷ ᠲᠠᠢ ᠬᠥᠮᠦᠨ ᠢ᠋ ᠰᠡᠷᠡᠭᠡᠬᠦ ᠳ᠋ᠦ᠍ ᠪᠡᠷᠬᠡ
ᠵᠠᠯᠬᠠᠭᠤ ᠬᠥᠮᠦᠨ ᠢ᠋ ᠵᠠᠷᠤᠬᠤ ᠳ᠋ᠤ᠌ ᠪᠡᠷᠬᠡ
974 ᠨᠤᠤᠷᠠᠭᠰᠠᠨ ᠬᠠᠳᠠᠭ
ᠪᠡᠯᠡᠭ ᠲᠤ ᠶᠠᠪᠤᠳᠠᠭ ᠦᠭᠡᠢ
ᠨᠣᠶᠠᠨ ᠦᠭᠡᠢ ᠠᠯᠪᠠᠲᠤ ᠠ᠋ᠴᠠ
ᠱᠤᠤᠭᠢᠶᠠᠨ ᠲᠠᠰᠤᠷᠠᠳᠠᠭ ᠦᠭᠡᠢ
975 ᠨᠣᠣᠰᠣ ᠦᠭᠡᠢ ᠲᠡᠮᠡᠭᠡ ᠪᠣᠷᠣᠭᠠᠨ ᠳ᠋ᠤ᠌ ᠴᠡᠴᠡᠷᠡᠳᠡᠭ
ᠨᠣᠮ ᠦᠭᠡᠢ ᠪᠠᠨᠳᠢ ᠬᠤᠷᠠᠯ ᠳ᠋ᠤ᠌ ᠴᠡᠴᠡᠷᠡᠳᠡᠭ
976 ᠨᠣᠮ ᠤᠩᠰᠢᠬᠤ ᠦᠭᠡᠢ ᠪᠣᠯ ᠤᠬᠠᠭᠠᠨ ᠠᠲᠠᠷᠰᠢᠨᠠ
ᠨᠣᠭᠣᠭ᠎ᠠ ᠤᠷᠭᠤᠬᠤ ᠦᠭᠡᠢ ᠪᠣᠯ ᠬᠥᠷᠥᠰᠥ ᠠᠲᠠᠷᠰᠢᠨᠠ
977 ᠨᠣᠮ ᠤᠳᠬ᠎ᠠ ᠲᠠᠢ
ᠨᠠᠰᠤ ᠲᠣᠭ᠎ᠠ ᠲᠠᠢ
978 ᠨᠣᠮ ᠳ᠋ᠤ᠌ ᠲᠤᠢᠯ ᠦᠭᠡᠢ
ᠣᠶᠤᠨ ᠳ᠋ᠤ᠌ ᠣᠷᠣᠢ ᠦᠭᠡᠢ
979 ᠨᠣᠮ ᠠ᠋ᠴᠠ ᠢᠯᠡᠭᠦᠦ ᠡᠷᠳᠡᠮ ᠦᠭᠡᠢ ᠪᠣᠯᠪᠠᠴᠤ
ᠰᠤᠷᠤᠭᠠᠳ ᠣᠮᠣᠭ ᠪᠤᠤ ᠡᠭᠦᠰᠭᠡ
980 ᠨᠣᠮ ᠠ᠋ᠴᠠ ᠰᠠᠯᠬᠤ ᠦᠭᠡᠢ ᠬᠥᠮᠦᠨ ᠦ᠌ ᠮᠡᠳᠡᠯᠭᠡ ᠶᠡᠬᠡ
ᠨᠣᠢᠷ ᠠ᠋ᠴᠠ ᠰᠠᠯᠬᠤ ᠦᠭᠡᠢ ᠬᠥᠮᠦᠨ ᠦ᠌ ᠵᠡᠭᠦᠳᠦ ᠶᠡᠬᠡ
981 ᠨᠣᠮᠣᠬᠠᠨ ᠠᠷᠠᠳ ᠢ᠋ ᠳᠠᠷᠤᠯᠠᠵᠤ
ᠨᠣᠶᠠᠳ ᠤ᠋ᠨ ᠪᠥᠭᠰᠡ ᠶ᠋ᠢ ᠳᠣᠯᠢᠶᠠᠬᠤ
982 ᠨᠣᠮᠣᠬᠠᠨ ᠮᠣᠷᠢᠨ ᠳ᠋ᠤ᠌ ᠨᠣᠭᠲᠣ ᠣᠯᠠᠨ
ᠳᠣᠭᠰᠢᠨ ᠮᠣᠷᠢᠨ ᠳ᠋ᠤ᠌ ᠲᠠᠰᠢᠭᠤᠷ ᠣᠯᠠᠨ
983 ᠨᠣᠮ ᠢ᠋ ᠨᠢ ᠰᠤᠷᠬᠤ ᠦᠭᠡᠢ ᠴᠤ᠌
ᠨᠣᠮᠣᠬᠠᠨ ᠢ᠋ ᠨᠢ ᠰᠤᠷ
984 ᠨᠣᠮ ᠢ᠋ ᠦᠵᠡᠵᠦ ᠪᠠᠷᠠᠳᠠᠭ ᠦᠭᠡᠢ
ᠠᠵᠢᠯ ᠢ᠋ ᠰᠤᠷᠴᠤ ᠭᠦᠢᠴᠡᠳᠡᠭ ᠦᠭᠡᠢ
985 ᠨᠣᠮ ᠤ᠋ᠨ ᠬᠥᠮᠦᠨ ᠨᠣᠮᠣᠬᠠᠨ ᠳᠠᠷᠤᠤ
ᠲᠥᠷᠥ ᠶ᠋ᠢᠨ ᠬᠥᠮᠦᠨ ᠲᠥᠯᠥᠪ ᠲᠦᠪᠰᠢᠨ
986 ᠨᠣᠮ ᠤ᠋ᠨ ᠬᠡᠯᠬᠢᠶ᠎ᠡ ᠡᠷᠳᠡᠮ
ᠨᠣᠶᠠᠨ ᠤ᠋ ᠬᠡᠯᠬᠢᠶ᠎ᠡ ᠵᠠᠰᠠᠭ
987 ᠨᠣᠬᠠᠳ ᠶᠠᠰᠤ ᠪᠤᠯᠢᠶᠠᠯᠳᠤᠳᠠᠭ
ᠨᠣᠶᠠᠳ ᠬᠡᠭᠡᠯᠢ ᠪᠤᠯᠢᠶᠠᠯᠳᠤᠳᠠᠭ
988 ᠨᠣᠬᠠᠢ ᠠᠯᠢ ᠲᠠᠭᠠᠷᠠᠯᠳᠤᠭᠰᠠᠨ ᠢ᠋ᠶ᠋ᠠᠨ ᠵᠠᠭᠤᠨ᠎ᠠ
ᠨᠣᠶᠠᠳ ᠠᠯᠢ ᠰᠢᠳᠤᠷᠭᠤ ᠪᠠᠨ ᠳᠠᠷᠤᠯᠠᠨᠠ
989 ᠨᠣᠬᠠᠢ ᠪᠠᠭᠠᠰᠤᠨ ᠳ᠋ᠤ᠌ ᠴᠠᠳᠬᠤ ᠦᠭᠡᠢ
ᠨᠣᠶᠠᠳ ᠬᠡᠭᠡᠯᠢ ᠳ᠋ᠦ᠍ ᠴᠠᠳᠬᠤ ᠦᠭᠡᠢ
990 ᠨᠣᠬᠠᠢ ᠰᠠᠢᠲᠤ ᠶ᠋ᠢᠨ ᠬᠣᠲᠠ ᠲᠠᠢᠪᠤᠩ
ᠨᠣᠶᠠᠳ ᠰᠠᠢᠲᠤ ᠶ᠋ᠢᠨ ᠠᠯᠪᠠᠲᠤ ᠪᠠᠷᠳᠠᠮ
991 ᠨᠣᠬᠠᠢ ᠰᠡᠭᠦᠯ ᠢ᠋ᠶ᠋ᠡᠨ
ᠰᠡᠭᠦᠯ ᠬᠣᠩᠭᠣᠷᠴᠠᠭ ᠢ᠋ᠶ᠋ᠠᠨ
992 ᠨᠣᠬᠠᠢ ᠬᠠᠮᠠᠷ ᠲᠠᠭᠠᠨ ᠬᠦᠷᠬᠦ ᠪᠡᠷ ᠤᠰᠤᠴᠢ
ᠬᠥᠮᠦᠨ ᠠᠮᠢᠨ ᠳ᠋ᠠᠭᠠᠨ ᠬᠦᠷᠬᠦ ᠪᠡᠷ ᠠᠷᠭᠠᠴᠢ
993 ᠨᠣᠬᠠᠢ ᠬᠣᠲᠠ ᠪᠠᠨ ᠮᠠᠨᠠᠳᠠᠭ
ᠨᠣᠶᠠᠨ ᠬᠣᠲᠠ ᠪᠠᠨ ᠮᠥᠯᠵᠢᠳᠡᠭ
994 ᠨᠣᠬᠠᠢ ᠬᠡᠨ ᠦ᠌ ᠬᠣᠭᠣᠯᠠ ᠶ᠋ᠢ ᠢᠳᠡᠪᠡᠯ
ᠲᠡᠭᠦᠨ ᠦ᠌ ᠬᠣᠲᠠ ᠶ᠋ᠢ ᠰᠠᠬᠢᠳᠠᠭ᠃
995 ᠨᠣᠬᠠᠢ ᠰᠢᠭ᠋ ᠬᠡᠷᠡᠭᠦᠯᠴᠢ
ᠵᠠᠷᠠᠭ᠎ᠠ ᠰᠢᠭ᠋ ᠬᠠᠷᠢᠶᠠᠯᠴᠢ
996 ᠨᠣᠬᠠᠢ ᠶᠠᠪᠠᠭᠠᠨ
ᠭᠠᠬᠠᠢ ᠨᠢᠴᠦᠭᠦᠨ
997 ᠨᠣᠬᠠᠢ ᠪᠠᠨ ᠥᠮᠥᠭᠡᠷᠡᠬᠦ ᠬᠥᠮᠦᠨ
ᠠᠢᠯ ᠲᠠᠢ ᠲᠠᠭᠠᠷᠠᠬᠤ ᠦᠭᠡᠢ
ᠬᠡᠦᠬᠡᠳ ᠢ᠋ᠶ᠋ᠡᠨ ᠥᠮᠥᠭᠡᠷᠡᠬᠦ ᠬᠥᠮᠦᠨ
ᠬᠥᠮᠦᠨ ᠲᠡᠢ ᠲᠠᠭᠠᠷᠠᠬᠤ ᠦᠭᠡᠢ
998 ᠨᠣᠬᠠᠢ ᠦᠭᠡᠢ ᠬᠣᠲᠠ ᠳᠦᠯᠡᠢ
ᠨᠣᠮ ᠦᠭᠡᠢ ᠬᠥᠮᠦᠨ ᠪᠠᠯᠠᠢ
999 ᠨᠣᠬᠠᠢ ᠳ᠋ᠤ᠌ ᠵᠢᠰᠤᠷ ᠦᠭᠡᠢ
ᠨᠣᠶᠠᠨ ᠳ᠋ᠤ᠌ ᠨᠢᠭᠤᠷ ᠦᠭᠡᠢ
1000 ᠨᠣᠬᠠᠢ ᠶ᠋ᠢᠨ ᠠᠮᠠ ᠨᠣᠭᠣᠭᠠᠨ ᠳ᠋ᠤ᠌ ᠡᠪ ᠦᠭᠡᠢ
ᠨᠣᠶᠠᠨ ᠤ᠋ ᠠᠮᠠ ᠶᠣᠰᠣᠨ ᠳ᠋ᠤ᠌ ᠡᠪ ᠦᠭᠡᠢ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠰᠠᠷᠠᠨᠲᠤᠶᠠᠭ᠎ᠠ᠂ ᠣᠶᠤᠨᠪᠠᠲᠤ ᠂ ᠡᠷᠳᠡᠨᠢᠭᠤᠸ᠎ᠠ
ᠬᠢᠨᠠᠭᠴᠢ᠄ ᠠᠯᠲᠠᠨᠱᠠ᠂ ᠣᠳᠬᠣᠨᠴᠡᠴᠡᠭ ᠂ ᠪᠠᠯ
