ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 2>Монгол зүйр цэцэн үгийн гураван мянган дээж – Д᠂Заяабаатар эмхэтгэв <Аийн аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 2>Монгол зүйр цэцэн үгийн гураван мянган дээж – Д᠂Заяабаатар эмхэтгэв <Аийн аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 2>Монгол зүйр цэцэн үгийн гураван мянган дээж – Д᠂Заяабаатар эмхэтгэв <Аийн аймаг 2>

2024-08-18

1175

ᠠ‍ ᠶᠢᠨ ᠠᠢᠮᠠᠭ – 2


       ᠠ‍ (А) ᠶᠢᠨ ᠠᠢᠮᠠᠭ

76  ᠠᠢᠷᠠᠭ ᠴᠠᠭᠠᠨ ᠪᠣᠯᠪᠠᠴᠤ ᠠᠷᠢᠬᠢ ᠨᠢ ᠬᠠᠷ᠎ᠠ 
      ᠴᠠᠰᠤ ᠴᠠᠭᠠᠨ ᠪᠣᠯᠪᠠᠴᠤ ᠤᠰᠤ ᠨᠢ ᠬᠠᠷ᠎ᠠ

77 ᠠᠶᠤᠭᠰᠠᠨ ᠬᠥᠮᠦᠨ ᠠᠳᠤᠭᠤ ᠦᠷᠭᠦᠭᠡᠬᠦ 
     ᠢᠴᠢᠭᠰᠡᠨ ᠬᠥᠮᠦᠨ ᠬᠥᠮᠦᠨ ᠠᠯᠠᠬᠤ

78 ᠠᠶᠤᠭᠰᠠᠨ ᠬᠥᠮᠦᠨ ᠳ᠋ᠦ᠍ 
     ᠠᠷᠭᠠᠯ ᠬᠥᠳᠡᠯᠬᠦ

79 ᠠᠶᠤᠬᠤ ᠪᠠᠨ ᠠᠷᠠᠰᠤᠨ ᠳ᠋ᠤ᠌ ᠪᠣᠭᠣᠵᠤ 
     ᠢᠴᠢᠬᠦ ᠪᠡᠨ ᠢᠰᠡᠭᠡᠢ ᠳ᠋ᠦ᠍ ᠪᠣᠭᠣᠬᠤ

80 ᠠᠯᠪᠠ ᠢᠳᠡᠳᠡᠭ ᠨᠣᠶᠠᠨ 
     ᠠᠮᠢᠳᠤ ᠪᠠᠷ ᠢᠳᠡᠳᠡᠭ ᠥᠳᠥ

81 ᠠᠯᠪᠠ ᠮᠡᠳᠡᠬᠦ ᠦᠭᠡᠢ ᠨᠣᠶᠠᠨ ᠤᠯᠤᠰ ᠤ᠋ᠨ ᠴᠢᠳᠬᠥᠷ 
     ᠠᠭᠠᠰᠢ ᠮᠠᠭᠤᠲᠠᠢ ᠬᠥᠮᠦᠨ ᠣᠯᠠᠨ ᠤ᠋ ᠴᠢᠳᠬᠥᠷ

82 ᠠᠯᠠᠭ᠎ᠠ ᠶ᠋ᠢᠨ ᠴᠢᠨᠡᠭᠡ ᠭᠠᠵᠠᠷ ᠠ᠋ᠴᠠ 
     ᠠᠷᠪᠠᠨ ᠪᠤᠬᠠᠯ ᠠᠪᠬᠤ 
     ᠬᠣᠷᠮᠣᠢ ᠶ᠋ᠢᠨ ᠴᠢᠨᠡᠭᠡ ᠭᠠᠵᠠᠷ ᠠ᠋ᠴᠠ 
     ᠬᠣᠷᠢᠨ ᠪᠤᠬᠠᠯ ᠠᠪᠬᠤ

83 ᠠᠯᠲᠠ ᠪᠡᠶ᠎ᠡ ᠳ᠋ᠦ᠍ ᠠᠮᠠ ᠭᠡᠷᠡᠴᠢ 
     ᠠᠯᠪᠠᠨ ᠪᠢᠴᠢᠭ ᠲᠦ᠍ ᠲᠠᠮᠠᠭ᠎ᠠ ᠭᠡᠷᠡᠴᠢ

84 ᠠᠯᠳᠠᠭ᠎ᠠ ᠪᠠᠨ ᠪᠦᠦ ᠠᠭᠤᠴᠢᠯᠠ 
     ᠠᠮᠵᠢᠯᠲᠠ ᠪᠠᠨ ᠪᠦᠦ ᠳᠠᠷᠤ

85 ᠠᠯᠳᠠᠭᠰᠠᠨ ᠬᠥᠮᠦᠨ ᠠᠷᠪᠠᠨ ᠨᠢᠭᠦᠯ ᠲᠡᠢ 
     ᠠᠪᠤᠭᠰᠠᠨ ᠬᠥᠮᠦᠨ ᠨᠢᠭᠡ ᠨᠢᠭᠦᠯ ᠲᠡᠢ

86 ᠠᠯᠲᠠ ᠶ᠋ᠢ ᠨᠢ ᠠᠪᠤᠭᠠᠳ ᠳᠡᠯᠢᠮ ᠳᠡᠭᠡᠷ᠎ᠡ 
     ᠠᠳᠬᠤ ᠶ᠋ᠢ ᠨᠢ ᠠᠪᠤᠭᠠᠳ ᠴᠢᠮᠬᠢ ᠳᠡᠭᠡᠷ᠎ᠡ

87 ᠠᠯᠢᠶ᠎ᠠ ᠬᠥᠮᠦᠨ ᠠᠪᠤᠷᠢ ᠦᠭᠡᠢ 
     ᠠᠭᠰᠤᠮ ᠮᠣᠷᠢ ᠵᠢᠷᠣᠭ᠎ᠠ ᠦᠭᠡᠢ

88 ᠠᠯᠢᠶ᠎ᠠ ᠬᠥᠮᠦᠨ ᠬᠠᠤᠯᠢ ᠳ᠋ᠤ᠌ ᠬᠠᠷᠰᠢ  
     ᠠᠷᠢᠬᠢᠴᠢᠨ ᠬᠥᠮᠦᠨ ᠮᠥᠩᠭᠥᠨ ᠳ᠋ᠦ᠍ ᠬᠠᠷᠰᠢ

89 ᠠᠯᠮᠠᠰ ᠡᠷᠳᠡᠨᠢ ᠵᠦᠯᠭᠦᠬᠦ ᠳᠣᠳᠣᠮ ᠥᠩᠭᠡ ᠣᠷᠣᠵᠤ 
     ᠠᠪᠤ ᠶ᠋ᠢᠨ ᠬᠦᠦ ᠶᠠᠪᠤᠬᠤ ᠳᠣᠳᠣᠮ ᠤᠬᠠᠭᠠᠨ ᠰᠠᠭᠤᠳᠠᠭ

90 ᠠᠯᠤᠰ ᠵᠠᠮ ᠢ᠋ ᠬᠥᠭᠡᠭᠡᠪᠡᠯ ᠠᠭᠲᠠ ᠮᠣᠷᠢ ᠪᠠᠨ ᠭᠠᠮᠨᠠ 
     ᠠᠮᠢ ᠪᠡᠶ᠎ᠡ ᠪᠡᠨ ᠪᠣᠳᠣᠪᠠᠯ ᠠᠭᠠᠰᠢ ᠵᠠᠩ ᠢ᠋ᠶ᠋ᠠᠨ ᠵᠠᠰᠠ

91 ᠠᠯᠤᠰ ᠶᠠᠪᠤᠬᠤ ᠳ᠋ᠤ᠌ ᠰᠡᠳᠬᠢᠯ ᠰᠡᠷᠭᠦᠨ᠎ᠡ  
     ᠠᠵᠢᠯ ᠬᠢᠬᠦ ᠳ᠋ᠦ᠍ ᠵᠢᠳᠬᠦᠯ ᠰᠡᠷᠭᠦᠨ᠎ᠡ

92 ᠠᠯᠠᠭᠰᠠᠨ ᠪᠠᠭᠠᠪᠠᠭᠠᠢ ᠶ᠋ᠢᠨ ᠠᠮᠠᠨ ᠳ᠋ᠤ᠌ 
     ᠬᠤᠷᠤᠭᠤ ᠪᠠᠨ ᠬᠢᠭᠴᠢ ᠣᠯᠠᠨ

93 ᠠᠯᠠᠭᠰᠠᠨ ᠤ᠋ ᠨᠢᠭᠦᠯ ᠶᠡᠬᠡ
     ᠠᠪᠤᠷᠠᠭᠰᠠᠨ ᠤ᠋ ᠪᠤᠶᠠᠨ ᠶᠡᠬᠡ

94 ᠠᠯᠤᠰ ᠢ᠋ ᠬᠠᠷᠠᠪᠠᠯ ᠠᠮᠢᠨ ᠳ᠋ᠤ᠌ ᠲᠤᠰᠠᠲᠠᠢ 
     ᠬᠣᠯᠠ ᠶ᠋ᠢ ᠪᠣᠳᠣᠪᠠᠯ ᠬᠣᠵᠢᠮ ᠲᠤᠰᠠᠲᠠᠢ

95 ᠠᠯᠤᠰ ᠤ᠋ᠨ ᠠᠯᠲᠠᠨ ᠮᠠᠯᠠᠭᠠᠢ ᠠ᠋ᠴᠠ 
     ᠥᠪᠡᠷ ᠦ᠋ᠨ ᠡᠪᠡᠰᠦᠨ ᠮᠠᠯᠠᠭᠠᠢ ᠶ᠋ᠢ

96 ᠠᠯᠲᠠ ᠭᠠᠵᠠᠷ ᠠ᠋ᠴᠠ 
     ᠠᠯᠳᠠᠷ ᠨᠣᠮ ᠠ᠋ᠴᠠ

97 ᠠᠯᠲᠠ ᠶᠡᠬᠡᠲᠦ ᠶ᠋ᠢᠨ ᠠᠪᠤᠷᠢ ᠮᠠᠭᠤᠬᠠᠢ 
     ᠬᠣᠭᠰᠢᠯ ᠶᠡᠬᠡᠲᠦ ᠶ᠋ᠢᠨ ᠵᠡᠭᠦᠳᠦ ᠮᠠᠭᠤᠬᠠᠢ

98 ᠠᠯᠲᠠ ᠮᠥᠩᠭᠥ ᠶ᠋ᠢ ᠡᠷᠢᠭᠡᠳ ᠣᠯᠳᠠᠨ᠎ᠠ 
     ᠠᠪᠤ ᠡᠵᠢ ᠶ᠋ᠢ ᠡᠷᠢᠭᠡᠳ ᠣᠯᠳᠠᠬᠤ ᠦᠭᠡᠢ

99 ᠠᠯᠲᠠ ᠨᠢ ᠪᠠᠢᠪᠠᠯ 
     ᠠᠪᠬᠤ ᠶᠠᠭᠤᠮ᠎ᠠ ᠣᠯᠠᠳᠬᠤ

100 ᠠᠯᠲᠠ ᠬᠡᠳᠦᠢ ᠤᠳᠠᠭᠰᠠᠨ ᠴᠦ᠍ ᠥᠩᠭᠡ ᠨᠢ ᠬᠤᠪᠢᠷᠠᠬᠤ ᠦᠭᠡᠢ 
       ᠠᠯᠳᠠᠷᠲᠠᠨ ᠬᠡᠳᠦᠢ ᠦᠬᠦᠭᠰᠡᠨ ᠴᠦ᠍ ᠨᠡᠷ᠎ᠡ ᠨᠢ ᠮᠠᠷᠲᠠᠭᠳᠠᠬᠤ ᠦᠭᠡᠢ

101 ᠠᠯᠲᠠ ᠰᠢᠷᠣᠢ ᠳ᠋ᠤ᠌ ᠳᠠᠷᠤᠭᠳᠠᠳᠠᠭ 
       ᠠᠯᠳᠠᠷ ᠮᠥᠩᠬᠡᠳᠡ ᠳᠠᠷᠤᠭᠳᠠᠳᠠᠭ ᠦᠭᠡᠢ

102 ᠠᠯᠲᠠ ᠪᠠᠷ ᠰᠣᠯᠢᠬᠤ ᠦᠭᠡᠢ ᠴᠠᠭ ᠡᠷᠳᠡᠨᠢ 
       ᠠᠬᠢᠭᠠᠳ ᠣᠯᠳᠠᠬᠤ ᠦᠭᠡᠢ ᠨᠠᠰᠤ ᠡᠷᠳᠡᠨᠢ

103 ᠠᠯᠲᠠᠨ ᠳᠡᠯᠡᠬᠡᠢ ᠶ᠋ᠢ ᠨᠠᠷᠠ ᠭᠡᠢᠭᠦᠯᠳᠡᠭ 
       ᠠᠷᠠᠳ ᠣᠯᠠᠨ ᠢ᠋ ᠡᠷᠳᠡᠮ ᠭᠡᠢᠭᠦᠯᠳᠡᠭ

104 ᠠᠯᠲᠠᠨ ᠨᠠᠷᠠ ᠤᠨᠲᠠᠷᠠᠬᠤ ᠦᠭᠡᠢ 
       ᠠᠷᠠᠳ ᠣᠯᠠᠨ ᠨᠤᠭᠤᠷᠠᠬᠤ ᠦᠭᠡᠢ

105 ᠠᠯᠲᠠᠨ ᠤ᠋ ᠳᠡᠷᠭᠡᠳᠡ ᠭᠠᠤᠯᠢ ᠰᠢᠷᠠᠯᠠᠨ᠎ᠠ 
       ᠰᠠᠢᠨ ᠤ᠋ ᠳᠡᠷᠭᠡᠳᠡ ᠮᠠᠭᠤ ᠰᠠᠢᠵᠢᠷᠠᠨ᠎ᠠ

106 ᠠᠯᠲᠠ ᠶ᠋ᠢ ᠨᠢ ᠠᠪᠤᠭᠠᠳ 
       ᠠᠪᠳᠠᠷ᠎ᠠ ᠶ᠋ᠢ ᠨᠢ ᠬᠠᠶᠠᠬᠤ  
       ᠦᠷ᠎ᠡ ᠶ᠋ᠢ ᠨᠢ ᠠᠪᠤᠭᠠᠳ 
       ᠡᠬᠡ ᠶ᠋ᠢ ᠨᠢ ᠬᠠᠶᠠᠬᠤ

107 ᠠᠮᠠ ᠶᠡᠬᠡᠲᠦ ᠶ᠋ᠢ ᠠᠩᠭᠠᠢᠬᠤ ᠳ᠋ᠤ᠌ 
       ᠪᠤᠶᠠᠨ ᠶᠡᠬᠡᠲᠦ ᠪᠤᠯᠢᠶᠠᠨ᠎ᠠ

108 ᠠᠮᠠ ᠨᠡᠭᠡᠭᠡᠬᠦ ᠪᠡᠷ 
       ᠠᠭᠤᠰᠬᠢ ᠨᠡᠬᠡᠭᠡ

109 ᠠᠮᠠ ᠨᠢ ᠢᠳᠡᠵᠦ 
       ᠰᠡᠭᠦᠯ ᠨᠢ ᠲᠠᠷᠭᠤᠯᠠᠨ᠎ᠠ

110 ᠠᠪᠤ ᠨᠢ ᠬᠡᠯᠡᠵᠦ 
       ᠬᠦᠦ ᠨᠢ ᠳᠠᠭᠠᠨ᠎ᠠ   

111 ᠠᠮᠠ ᠨᠢ ᠴᠠᠭᠠᠨ 
       ᠠᠵᠢᠯ ᠨᠢ ᠪᠠᠷᠠᠭᠠᠨ

112 ᠠᠮᠠ ᠬᠡᠯᠡ ᠲᠠᠤᠯᠠᠢ ᠠ᠋ᠴᠠ ᠬᠤᠷᠳᠤᠨ 
       ᠠᠲᠠᠭ᠎ᠠ ᠲᠠᠩᠭᠠᠷᠢᠭ ᠬᠢᠲᠤᠭᠠᠨ ᠠ᠋ᠴᠠ ᠬᠤᠷᠴᠠ

113 ᠠᠮᠠ ᠬᠡᠯᠡ ᠬᠤᠳᠠᠯᠴᠢ 
       ᠠᠯᠠᠭ ᠲᠡᠦᠬᠡ ᠦᠨᠡᠨᠴᠢ

114 ᠠᠮᠠ ᠪᠠᠨ ᠬᠢᠴᠢᠶᠡᠬᠦ ᠦᠭᠡᠢ ᠪᠣᠯ ᠭᠠᠢ ᠲᠠᠲᠠᠬᠤ 
       ᠭᠠᠯ ᠢ᠋ᠶ᠋ᠠᠨ ᠬᠢᠴᠢᠶᠡᠬᠦ ᠦᠭᠡᠢ ᠪᠣᠯ ᠭᠠᠮᠰᠢᠭ ᠪᠣᠯᠬᠤ

115 ᠠᠮᠠ ᠪᠠᠷ ᠢ᠋ᠶ᠋ᠠᠨ ᠭᠡᠢᠭᠦᠯᠦᠭᠴᠢ ᠲᠦᠮᠡᠨ ᠬᠥᠩᠭᠡᠨ ᠡᠴᠡ 
       ᠠᠵᠢᠯ ᠢ᠋ᠶ᠋ᠠᠷ ᠢ᠋ᠶ᠋ᠠᠨ ᠪᠦᠲᠦᠭᠡᠭᠴᠢ ᠨᠢᠭᠡ ᠳᠠᠷᠤᠤ ᠡᠷᠳᠡᠨᠢ

116 ᠠᠮᠠᠨ ᠳᠡᠭᠡᠷ᠎ᠡ ᠪᠡᠨ ᠠᠴᠢᠲᠤ ᠪᠤᠷᠬᠠᠨ 
       ᠠᠴᠢᠷ ᠳᠡᠭᠡᠷ᠎ᠡ ᠪᠡᠨ ᠬᠣᠣᠷᠲᠤ ᠮᠣᠭᠠᠢ

117 ᠠᠮᠠᠨ ᠳᠡᠭᠡᠷ᠎ᠡ ᠪᠡᠨ ᠪᠠᠯ 
       ᠠᠯᠤᠰ ᠴᠠᠭᠠᠨ᠎ᠠ ᠪᠠᠨ ᠵᠢᠳᠠ

118 ᠠᠮᠠᠨ ᠳᠡᠭᠡᠷ᠎ᠡ ᠪᠡᠨ ᠵᠠ ᠭᠡᠵᠦ 
       ᠠᠷᠤ ᠬᠣᠢᠨ᠎ᠠ ᠨᠢ ᠲᠦᠢ ᠭᠡᠬᠦ

119 ᠠᠮᠠᠨ ᠳ᠋ᠤ᠌ ᠣᠷᠣᠭᠰᠠᠨ ᠣᠯᠵᠠ ᠶ᠋ᠢ 
       ᠬᠡᠯᠡ ᠪᠡᠷ ᠢ᠋ᠶ᠋ᠡᠨ ᠲᠦᠯᠬᠢᠬᠦ

120 ᠠᠮᠠᠨ ᠳ᠋ᠤ᠌ ᠴᠦ᠍ ᠦᠭᠡᠢ 
       ᠬᠠᠮᠠᠷ ᠲᠤ᠌ ᠴᠦ᠍ ᠦᠭᠡᠢ

121 ᠠᠮᠢ ᠪᠠᠨ ᠪᠣᠳᠣᠭᠰᠠᠨ ᠬᠥᠮᠦᠨ 
       ᠠᠢᠯ ᠲᠠᠢ ᠪᠠᠨ ᠲᠠᠭᠠᠷᠠᠬᠤ ᠦᠭᠡᠢ

122 ᠠᠮᠢ ᠪᠠᠨ ᠪᠣᠷᠣᠯᠠᠭᠤᠯᠵᠤ  
       ᠳᠣᠪᠣ ᠪᠠᠨ ᠰᠢᠷᠠᠯᠠᠭᠤᠯᠬᠤ

123 ᠠᠮᠢᠨ ᠬᠤᠪᠢ ᠶ᠋ᠢᠨ ᠠᠰᠢᠭ ᠡᠪᠡᠰᠦᠨ ᠦ᠌ ᠰᠢᠭᠦᠳᠡᠷᠢ ᠲᠡᠢ ᠠᠳᠠᠯᠢ 
       ᠠᠷᠠᠳ ᠣᠯᠠᠨ ᠤ᠋ ᠠᠰᠢᠭ ᠥᠨᠳᠥᠷ ᠠᠭᠤᠯᠠ ᠲᠠᠢ ᠠᠳᠠᠯᠢ

124 ᠠᠮᠠᠨ ᠠ᠋ᠴᠠ ᠭᠠᠷᠤᠭᠰᠠᠨ ᠦᠭᠡ 
       ᠠᠯᠲᠠ ᠳᠡᠯᠢᠮ ᠰᠣᠨᠳᠠᠭ

125 ᠠᠮᠠᠨ ᠤ᠋ ᠪᠡᠯᠭᠡ ᠡᠴᠡ 
       ᠠᠰᠢᠳᠠ ᠶ᠋ᠢᠨ ᠵᠢᠷᠭᠠᠯ

126 ᠠᠮᠠᠨ ᠤ᠋ ᠬᠡᠰᠢᠭ ᠨᠢ 
       ᠠᠷᠤ ᠳ᠋ᠠᠭᠠᠨ ᠭᠠᠷᠬᠤ

127 ᠠᠮᠤᠷ ᠢ᠋ᠶ᠋ᠠᠨ ᠬᠠᠷᠠᠪᠠᠯ 
       ᠠᠮᠠ ᠬᠣᠭᠣᠰᠣᠨ

128 ᠠᠮᠠᠰᠠᠷ ᠮᠠᠭᠤ ᠲᠠᠢ ᠰᠠᠪᠠᠨ ᠳ᠋ᠤ᠌ ᠶᠠᠭᠤᠮ᠎ᠠ ᠪᠤᠤ ᠬᠢ 
       ᠠᠮᠠ ᠰᠤᠯᠠ ᠲᠠᠢ ᠬᠥᠮᠦᠨ ᠳ᠋ᠦ᠍ ᠦᠭᠡ ᠪᠤᠤ ᠬᠡᠯᠡ

129 ᠠᠮᠠ ᠲᠠᠢ ᠬᠡᠦᠬᠡᠨ ᠢ᠋ 
       ᠠᠪᠳᠠᠷ᠎ᠠ ᠳ᠋ᠤ᠌ ᠬᠢᠪᠡᠴᠦ ᠳᠠᠷᠤᠭᠳᠠᠬᠤ ᠦᠭᠡᠢ

130 ᠠᠮᠲᠠᠲᠤ ᠦᠭᠡ ᠴᠢᠬᠢᠨ ᠳ᠋ᠦ᠍ ᠲᠠᠭᠠᠲᠠᠢ ᠪᠣᠯᠪᠠᠴᠤ 
       ᠠᠯᠤᠰ ᠴᠠᠭᠠᠨ᠎ᠠ ᠪᠠᠨ ᠬᠣᠣᠷᠲᠠᠢ ᠪᠠᠢᠳᠠᠭ

131 ᠠᠮᠲᠠᠲᠤ ᠰᠢᠬᠢᠷ ᠢ᠋ᠶ᠋ᠡᠷ ᠬᠠᠢᠷᠠᠯᠠᠬᠤ ᠪᠠᠷ 
       ᠠᠷᠢᠭᠤᠨ ᠰᠤᠷᠭᠠᠯ ᠢ᠋ᠶ᠋ᠠᠷ ᠬᠠᠢᠷᠠᠯᠠ

132 ᠠᠮᠲᠠᠰᠢᠭᠰᠠᠨ ᠬᠡᠷᠢᠶ᠎ᠡ 
       ᠠᠷᠪᠠᠨ ᠭᠤᠷᠪᠠ ᠡᠷᠭᠢᠬᠦ

133 ᠠᠮᠢ ᠮᠢᠩᠭᠠᠨ ᠯᠠᠩ 
       ᠠᠯᠳᠠᠷ ᠲᠦᠮᠡᠨ ᠯᠠᠩ

134 ᠠᠮᠢᠳᠤ ᠠᠮᠢᠲᠠᠨ ᠠᠷᠭ᠎ᠠ ᠪᠠᠨ ᠣᠯᠳᠠᠭ 
       ᠠᠯᠲᠠᠨ ᠬᠠᠷᠢᠶᠠᠴᠠᠢ ᠡᠭᠦᠷ ᠢ᠋ᠶ᠋ᠡᠨ ᠵᠠᠰᠠᠳᠠᠭ

135 ᠠᠮᠢᠳᠤ ᠬᠥᠮᠦᠨ ᠠᠷᠭ᠎ᠠ ᠲᠠᠢ 
       ᠠᠷᠭᠠᠯ ᠤ᠋ᠨ ᠭᠠᠯ ᠴᠣᠭ ᠲᠠᠢ 

136 ᠠᠮᠢᠳᠤ ᠬᠥᠮᠦᠨ ᠦ᠌ ᠭᠡᠷᠡᠴᠢ ᠪᠣᠯᠬᠤ ᠪᠠᠷ 
       ᠦᠬᠦᠭᠰᠡᠨ ᠬᠥᠮᠦᠨ ᠦ᠌ ᠳᠡᠷ᠎ᠡ ᠪᠣᠯ 

137 ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ  
       ᠮᠡᠨᠳᠦ ᠶᠠᠪᠤᠪᠠᠯ ᠮᠥᠩᠭᠥᠨ ᠠᠶᠠᠭᠠᠨ ᠠ᠋ᠴᠠ ᠤᠰᠤ ᠤᠤᠭᠤᠨ᠎ᠠ

138 ᠠᠮᠢᠳᠤᠷᠠᠯ ᠠᠯᠠᠭ ᠲᠠᠢ ᠴᠣᠭᠣᠭ ᠲᠠᠢ 
       ᠠᠵᠢᠯ ᠠᠯᠳᠠᠭ᠎ᠠ ᠲᠠᠢ ᠤᠨᠤᠭ᠎ᠠ ᠲᠠᠢ

139 ᠠᠮᠢᠲᠠᠨ ᠤ᠋ ᠡᠬᠢ ᠨᠢ ᠵᠢᠭᠠᠰᠤ 
       ᠤᠷᠭᠤᠮᠠᠯ ᠤ᠋ᠨ ᠡᠬᠢ ᠨᠢ ᠬᠤᠯᠤᠰᠤ

140 ᠠᠩᠭᠢᠷ ᠤᠭᠤᠷᠠᠭ ᠢ᠋ ᠡᠵᠢ ᠡᠴᠡ ᠪᠡᠨ 
      《ᠠ》 ᠦᠰᠦᠭ ᠢ᠋ ᠪᠠᠭᠰᠢ ᠠ᠋ᠴᠠ ᠪᠠᠨ

141 ᠠᠨᠳᠠ ᠪᠣᠯᠤᠯᠴᠠᠬᠤ ᠳ᠋ᠤ᠌ ᠨᠥᠬᠥᠷ ᠰᠠᠢᠬᠠᠨ 
       ᠠᠮᠲᠠᠯᠠᠵᠤ ᠤᠤᠭᠤᠬᠤ ᠳ᠋ᠤ᠌ ᠠᠢᠷᠠᠭ ᠰᠠᠢᠬᠠᠨ

142 ᠠᠩᠴᠢᠨ ᠬᠥᠪᠴᠢ ᠶ᠋ᠢᠨ ᠠᠶ᠎ᠠ ᠪᠠᠷ  
       ᠠᠷᠢᠬᠢᠴᠢᠨ ᠠᠢᠯ ᠤ᠋ᠨ ᠠᠶ᠎ᠠ ᠪᠠᠷ

143 ᠠᠷᠢᠶᠠᠲᠠᠨ ᠠᠮᠢᠲᠠᠨ ᠤ᠋ ᠦᠰᠦ ᠵᠥᠭᠡᠯᠡᠨ 
       ᠠᠶ᠎ᠠ ᠮᠠᠭᠤᠲᠤ ᠶ᠋ᠢᠨ ᠠᠪᠤᠷᠢ ᠵᠥᠭᠡᠯᠡᠨ

144 ᠠᠷᠢᠶᠠᠲᠠᠨ ᠣᠯᠠᠨ ᠪᠣᠯᠪᠠᠴᠤ 
       ᠠᠷᠰᠯᠠᠨ ᠤ᠋ ᠬᠦᠴᠦᠲᠡᠢ ᠨᠢ ᠴᠥᠭᠡᠨ

145 ᠠᠷᠢᠶᠠᠲᠠᠨ ᠢ᠋ ᠠᠷᠭ᠎ᠠ ᠪᠠᠷ 
       ᠠᠳᠤᠭᠤ ᠶ᠋ᠢ ᠤᠷᠭ᠎ᠠ ᠪᠠᠷ

146 ᠠᠷᠪᠠᠢ ᠶ᠋ᠢᠨ ᠭᠤᠯᠢᠷ ᠤᠰᠤ ᠳᠠᠭᠠᠭᠠᠳᠠᠭ 
       ᠠᠪᠤ ᠶ᠋ᠢᠨ ᠬᠦᠦ ᠦᠭᠡ ᠳᠠᠭᠠᠭᠠᠳᠠᠭ

147 ᠠᠷᠪᠠᠨ ᠲᠠᠪᠤᠨ ᠤ᠋ ᠰᠠᠷᠠ ᠰᠢᠭ᠋ 
       ᠠᠲᠠᠷ ᠭᠠᠵᠠᠷ ᠤ᠋ᠨ ᠴᠡᠴᠡᠭ ᠰᠢᠭ

148 ᠠᠷᠪᠠᠨ ᠦᠭᠡᠨ ᠡᠴᠡ ᠨᠢᠭᠡ ᠶ᠋ᠢ ᠲᠣᠭᠲᠠᠭ᠎ᠠ 
       ᠠᠷᠪᠠᠨ ᠬᠥᠮᠦᠨ ᠡᠴᠡ ᠨᠢᠭᠡ ᠶ᠋ᠢ ᠲᠠᠨᠢ

149 ᠠᠷᠭ᠎ᠠ ᠪᠢᠯᠢᠭ ᠢ᠋ ᠡᠰᠡ ᠤᠬᠠᠪᠠᠯ 
       ᠠᠯᠠᠭᠠᠨ ᠳ᠋ᠠᠭᠠᠨ ᠪᠢᠴᠢᠭᠰᠡᠨ ᠢ᠋ ᠲᠣᠭᠲᠠᠭᠠᠬᠤ ᠳ᠋ᠤ᠌ ᠪᠡᠷᠬᠡ

150 ᠠᠷᠭ᠎ᠠ ᠨᠢ ᠪᠠᠷᠠᠭᠳᠠᠭᠰᠠᠨ ᠬᠥᠮᠦᠨ 
       ᠠᠪᠠᠭᠠᠢ ᠶ᠋ᠢᠨ ᠢ᠋ᠶ᠋ᠡᠨ ᠲᠣᠯᠣᠭᠠᠢ ᠶ᠋ᠢ ᠮᠠᠭᠠᠵᠢᠬᠤ  

        ᠦᠰᠦᠭ ᠠᠮᠢᠯᠠᠭᠤᠯᠤᠭᠴᠢ᠄ ᠣᠳᠬᠣᠨᠴᠡᠴᠡᠭ᠂ ᠪᠣᠯᠣᠳ᠂ ᠪᠠᠳᠮᠠᠰᠡᠴᠡᠨ᠂ ᠡᠷᠳᠡᠨᠢᠭᠣᠸ᠎ᠠ᠂ ᠣᠶᠤᠨᠪᠠᠲᠤ 
           ᠬᠢᠨᠠᠭᠴᠢ᠄ ᠪᠠᠯ᠂ ᠠᠯᠲᠠᠨᠱᠠ᠂ ᠣᠳᠬᠣᠨᠴᠡᠴᠡᠭ ᠂  ᠤᠢᠭᠤᠷᠵᠢᠨ ᠣᠳᠬᠤᠨ