ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠨᠢᠭᠡ〕 Цаг төрийн үймээн – Д ᠂ Намдаг - Амьдралын зам ᠂ нэгдүгээр бүлэг - 11
ᠠᠩᠭᠢᠯᠠᠯ:ᠲᠤᠭᠤᠵᠢ ᠷᠣᠮᠠᠨТоож роман 2025-08-01
310
ᠬᠠᠯᠭᠤᠭᠠᠲᠤ ᠬᠠᠨᠢ ᠨᠠᠷᠢᠨ ᠨᠣᠣᠰᠣᠨ ᠬᠠᠷ᠎ᠠ ᠺᠣᠰᠲ᠋ᠢᠶᠣᠮ ᠪᠣᠷᠣ ᠢᠰᠡᠭᠡᠢ ᠮᠠᠯᠠᠭᠠᠢ᠂ ᠬᠦᠷᠡᠩ ᠠᠷᠠᠰᠤᠨ ᠱᠠᠬᠠᠢ ᠵᠡᠷᠭᠡ ᠶᠠᠭᠤᠮ᠎ᠠ ᠪᠦᠬᠦᠨ ᠢ᠋ᠶ᠋ᠡᠷ ᠭᠠᠳᠠᠭᠠᠳᠤᠴᠢᠯᠠᠭᠰᠠᠨ ᠭᠤᠴᠢᠨ ᠲᠠᠪᠤ ᠣᠷᠴᠢᠮ ᠨᠠᠰᠤᠨ ᠤ᠋ ᠳᠤᠭᠤᠢ ᠴᠠᠭᠠᠨ ᠴᠢᠷᠠᠢ ᠲᠠᠢ ᠰᠠᠢᠬᠠᠨ ᠡᠷ᠎ᠡ᠂ ᠪᠠᠶᠠᠷ ᠪᠠᠶᠠᠰᠬᠤᠯᠠᠩ ᠲᠠᠢ ᠪᠠᠷ ᠣᠷᠣᠵᠤ ᠢᠷᠡᠪᠡ᠃ ᠡᠨᠡ ᠬᠥᠮᠦᠨ ᠪᠣᠯ ᠤᠭ ᠨᠢ ᠱᠠᠩᠬᠠᠢ ᠬᠣᠲᠠ ᠶ᠋ᠢᠨ ᠨᠢᠭᠡᠨ ᠪᠠᠭᠠᠪᠲᠤᠷ ᠫᠦᠰᠡᠨ ᠦ᠌ ᠡᠵᠡᠨ ᠦ᠌ ᠬᠦᠦ᠂ ᠨᠡᠷ᠎ᠡ ᠸᠠᠩ ᠬᠠᠢ ᠲᠤᠤ᠃ ᠡ...