ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠶᠢᠰᠦ〕 Цаг төрийн үймээн – Д ᠂ Намдаг - Амьдралын зам ᠂ нэгдүгээр бүлэг - 9
ᠵᠠᠩᠴᠢᠬᠦᠦ ① ᠬᠣᠲᠠ
ᠨᠢᠭᠡ ᠮᠡᠳᠡᠬᠦ ᠳ᠋ᠦ᠍ ᠠᠯᠢ ᠥᠷᠯᠥᠭᠡ ᠡᠴᠡ ᠠᠪᠤᠭᠠᠳ ᠬᠥᠨᠳᠡᠯᠢᠳᠦᠭᠰᠡᠨ ᠶᠡᠬᠡ ᠨᠢᠷᠤᠭᠤ ᠦᠭᠡᠢ ᠪᠣᠯᠵᠤ᠂ ᠬᠥᠬᠡ ᠮᠥᠩᠭᠥᠨ ᠲᠩᠷᠢ ᠮᠡᠯᠡᠰᠬᠢᠪᠡ᠃ ᠵᠠᠩᠴᠢᠬᠦᠦ ᠶ᠋ᠢᠨ ᠳᠠᠪᠠᠭᠠᠨ ᠳᠡᠭᠡᠷ᠎ᠡ ᠭᠠᠷᠴᠤ ᠪᠠᠢᠭ᠎ᠠ ᠨᠢ ᠡᠨᠡ ᠠᠵᠢ᠃ ᠬᠦᠷᠡᠯ ᠲᠦᠷᠦᠭᠦᠴᠢ ᠶ᠋ᠢᠨ ᠢ᠋ᠶ᠋ᠡᠨ ᠲᠡᠮᠡᠭᠡ ᠲᠡᠢ ᠳᠣᠷᠣᠭᠰᠢ ᠲᠣᠩᠭᠣᠢᠨ ᠣᠷᠣᠪᠠ᠃ ᠬᠣᠢᠨ᠎ᠠ ᠠ᠋ᠴᠠ ᠨᠢ ᠴᠤᠪᠤᠭᠰᠠᠨ ᠲᠡᠮᠡᠭᠡ ᠨᠦ᠍ᠭᠦᠳ ᠬᠥᠯ ᠬᠠᠯᠲᠤᠷᠢᠬᠤ ᠠ᠋ᠴᠠ ᠪᠣᠯᠭᠣᠮᠵᠢᠯᠠᠨ ᠡᠪᠦᠳᠦᠭ ᠴᠡᠴᠡᠷᠡᠭᠦᠯᠦᠨ ᠠᠷᠠᠢ ᠶᠠᠳᠠᠨ ᠠᠯᠬᠤᠯᠠᠨ᠎ᠠ᠃ ᠲᠡᠷᠡᠭᠦᠬᠡᠨ ᠵᠡᠭᠦᠨ ᠳᠣᠣᠷ᠎ᠠ ᠵᠡᠭᠦᠨ ᠤᠷᠤᠭᠰᠢ ᠬᠠᠷᠠᠭᠰᠠᠨ ᠬᠠᠪᠴᠢᠯ ᠠᠮᠠ ᠶ᠋ᠢᠨ ᠳᠠᠭᠠᠤ ᠤᠲᠤᠭ᠎ᠠ ᠤᠨᠢᠶᠠᠷ ᠲᠠᠲᠠᠭᠤᠯᠤᠭᠰᠠᠨ ᠣᠷᠣᠨ ᠪᠠᠢᠰᠢᠩ ᠤ᠋ᠳ ᠪᠠᠷᠤᠢᠨ ᠦᠵᠡᠭᠳᠡᠨ᠎ᠡ᠃ ᠡᠨᠡ ᠪᠣᠯ ᠵᠠᠩᠴᠢᠬᠦᠦ᠂ ᠳ᠋ᠠᠨᠽᠠᠨ ᠵᠠᠩᠴᠢᠬᠦᠦ ᠬᠣᠲᠠᠨ᠎ᠠ ᠬᠦᠷᠦᠯᠴᠡᠨ ᠢᠷᠡᠵᠦ ᠪᠠᠢᠭ᠎ᠠ ᠪᠠᠨ ᠲᠠᠭᠠᠪᠤᠷᠢᠯᠠᠨ ᠶᠠᠭᠤᠮ᠎ᠠ ᠪᠦᠷᠢ ᠶ᠋ᠢ ᠰᠣᠨᠢᠷᠬᠠᠨ ᠠᠵᠢᠭᠯᠠᠬᠤ ᠶ᠋ᠢ ᠬᠢᠴᠢᠶᠡᠨ᠎ᠡ᠃ ᠭᠠᠵᠠᠷ ᠤ᠋ᠨ ᠤᠷᠤᠭᠤ ᠶᠠᠪᠤᠭ᠎ᠠ ᠵᠢᠩ ᠦ᠋ᠨ ᠴᠤᠪᠤᠭ᠎ᠠ ᠪᠡᠶ᠎ᠡ ᠪᠡᠶ᠎ᠡ ᠪᠡᠨ ᠲᠦᠷᠢᠨ ᠴᠢᠬᠢᠯᠳᠦᠵᠦ ᠰᠠᠨᠠᠭ᠎ᠠ ᠰᠡᠳᠬᠢᠯ ᠢ᠋ ᠦᠢᠮᠡᠭᠦᠯᠦᠭᠰᠡᠨ ᠪᠥᠭᠡᠳ ᠲᠡᠭᠦᠨ ᠢ᠋ ᠰᠢᠷᠳᠡᠨ《ᠬᠠ᠂ ᠬᠥᠭ》 ᠬᠠᠰᠬᠢᠷᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠬᠣᠶᠠᠷ ᠨᠥᠬᠥᠳ ᠨᠢ ᠮᠥᠨ ᠲᠠᠰᠤᠷᠠᠯᠲᠠ ᠦᠭᠡᠢ ᠳᠠᠭᠤ ᠲᠠᠯᠪᠢᠨ ᠶᠠᠪᠤᠨ᠎ᠠ᠃
ᠬᠦᠷᠡᠯ ᠭᠠᠵᠠᠷ ᠤ᠋ᠨ ᠨᠠᠮ ᠳ᠋ᠤ᠌ ᠪᠠᠭᠤᠭᠰᠠᠨ ᠠ᠋ᠴᠠ ᠬᠣᠢᠰᠢ ᠥᠭᠡᠷ᠎ᠡ ᠶᠠᠭᠤᠮᠠᠨ ᠳ᠋ᠤ᠌ ᠥᠭᠡᠷ᠎ᠡ ᠬᠣᠭᠣᠯᠠᠢ ᠪᠠᠷ ᠬᠠᠰᠬᠢᠷᠤᠨ ᠤᠷᠲᠤ ᠰᠤᠷ ᠲᠠᠢ ᠲᠠᠰᠢᠭᠤᠷ ᠢ᠋ᠶ᠋ᠠᠨ ᠵᠡᠭᠦᠨ ᠪᠠᠷᠠᠭᠤᠨ ᠢ᠋ ᠰᠡᠯᠭᠦᠯᠡᠨ ᠰᠢᠪᠬᠠᠷᠠᠳᠠᠬᠤ ᠪᠣᠯᠪᠠ᠃ ᠵᠢᠩ ᠦ᠋ᠨ ᠢ᠋ᠶ᠋ᠡᠨ ᠳᠤᠮᠳᠠ ᠶ᠋ᠢ ᠪᠠᠷᠢᠨ ᠶᠠᠪᠤᠭᠴᠢ ᠬᠡᠨᠡᠭ ᠦᠭᠡᠢ ᠡᠷ᠎ᠡ ᠳᠣᠷᠵᠢ ᠨᠢ ᠪᠠᠰᠠ ᠰᠠᠨᠳᠤᠷᠤᠨ ᠤᠨᠤᠭ᠎ᠠ ᠲᠡᠮᠡᠭᠡ ᠨᠠᠭᠠᠰᠢ ᠴᠠᠭᠠᠰᠢ ᠭᠦᠶᠦᠯᠭᠡᠬᠦ ᠪᠣᠯᠪᠠ᠃ ᠳ᠋ᠠᠨᠽᠠᠨ ᠨᠥᠬᠥᠳ ᠢ᠋ᠶ᠋ᠡᠨ ᠶᠠᠭᠤ ᠭᠡᠭᠴᠢ ᠲᠡᠢ ᠳᠠᠭᠠᠷᠢᠯᠳᠤᠭᠰᠠᠨ ᠠ᠋ᠴᠠ ᠲᠡᠢᠨ ᠬᠦ᠌ ᠦᠢᠮᠡᠨ ᠪᠠᠴᠢᠮᠳᠠᠭᠰᠠᠨ ᠢ᠋ ᠭᠠᠢᠬᠠᠪᠠ᠃ ᠲᠡᠮᠡᠭᠡᠨ ᠳᠣᠣᠭᠤᠷ ᠬᠠᠷ᠎ᠠ ᠬᠠᠷ᠎ᠠ ᠶᠠᠭᠤᠮᠠᠰ ᠪᠥᠷᠲᠥᠭᠢᠨᠡᠨ ᠭᠦᠶᠦᠬᠦ ᠶ᠋ᠢ ᠦᠵᠡᠯ᠎ᠡ᠃ ᠲᠡᠷᠡ ᠪᠣᠯ ᠬᠡᠦᠬᠡᠳ ᠦ᠋ᠳ᠂ ᠶᠣᠰᠣᠲᠠᠢ ᠵᠠᠭᠤᠨ ᠵᠠᠳᠠᠭᠠᠢ᠂ ᠵᠢᠷᠠᠨ ᠬᠠᠭᠠᠷᠬᠠᠢ ᠬᠠᠨᠴᠤᠢ ᠲᠠᠢ ᠬᠠᠨᠴᠤᠢ ᠦᠭᠡᠢ ᠶᠠᠭᠤᠮ᠎ᠠ ᠴᠡᠭᠡᠵᠢᠨ ᠳ᠋ᠡᠭᠡᠨ ᠤᠭᠯᠠᠭᠰᠠᠨ ᠪᠠᠭᠠᠴᠤᠳ᠂ ᠴᠦᠨᠳᠦᠭᠡᠷ ᠪᠣᠷᠣ ᠭᠡᠳᠡᠰᠦ ᠲᠡᠢ ᠪᠥᠭᠡᠳ ᠪᠣᠷᠣ ᠪᠤᠷᠭᠠᠰᠤ ᠰᠢᠭ᠋ ᠨᠠᠷᠢᠬᠠᠨ ᠰᠢᠯᠪᠢ ᠪᠡᠨ ᠭᠢᠯᠠᠯᠵᠠᠭᠤᠯᠤᠨ ᠠᠴᠢᠶ᠎ᠠ ᠲᠠᠢ ᠨᠣᠣᠰᠣ ᠠ᠋ᠴᠠ ᠵᠤᠯᠭᠠᠭᠠᠨ᠎ᠠ᠃ ᠵᠠᠷᠢᠮ ᠨᠢ ᠠᠴᠢᠶᠠᠨ ᠳ᠋ᠤ᠌ ᠨᠢᠷᠤᠭᠤ ᠦᠯᠦ ᠬᠦᠷᠬᠦ ᠲᠤᠯᠠ ᠲᠡᠮᠡᠭᠡᠨ ᠦ᠌ ᠡᠪᠦᠳᠦᠭ ᠦ᠋ᠨ ᠵᠣᠭᠳᠣᠷ ᠠ᠋ᠴᠠ ᠵᠤᠯᠭᠠᠭᠠᠨ᠎ᠠ᠃ ᠤᠭ ᠠ᠋ᠴᠠ ᠨᠣᠮᠣᠬᠠᠨ ᠪᠠᠰᠠ ᠣᠯᠠᠨ ᠬᠣᠨᠣᠭ ᠤ᠋ᠨ ᠶᠠᠪᠤᠳᠠᠯ ᠳ᠋ᠤ᠌ ᠶᠠᠳᠠᠷᠠᠭᠰᠠᠨ ᠲᠡᠮᠡᠭᠡᠳ ᠳᠡᠮᠡᠢ ᠬᠠᠪ ᠬᠥᠪ ᠳᠤᠤᠭᠠᠷᠬᠤ ᠠ᠋ᠴᠠ ᠥᠭᠡᠷ᠎ᠡ ᠬᠠᠷᠢᠭᠤ ᠬᠢᠬᠦ ᠦᠭᠡᠢ ᠠᠵᠢ᠃
ᠳ᠋ᠠᠨᠽᠠᠨ ᠮᠥᠨ ᠯᠡ ᠨᠥᠬᠥᠳ ᠦ᠋ᠨ ᠢ᠋ᠶ᠋ᠡᠨ ᠠᠳᠠᠯᠢ ᠬᠠᠢ ᠬᠥᠶᠢ ᠬᠠᠰᠬᠢᠷᠤᠨ ᠰᠠᠨᠳᠤᠷᠤᠯᠠ᠃ ᠤᠷᠤᠭᠰᠢ ᠶᠠᠪᠤᠬᠤ ᠳᠣᠳᠣᠮ ᠬᠡᠦᠬᠡᠳ ᠦ᠋ᠳ ᠣᠯᠠᠰᠢᠷᠠᠵᠤ ᠵᠠᠢᠯᠠᠨ ᠵᠢᠭᠤᠲᠠᠬᠤ ᠶ᠋ᠢᠨ ᠣᠷᠣᠨ ᠳ᠋ᠤ᠌ ᠶᠠᠰᠤᠨ ᠬᠡᠯᠬᠢᠶ᠎ᠡ ᠪᠣᠯᠤᠭᠰᠠᠨ ᠭᠠᠷ ᠢ᠋ᠶ᠋ᠠᠨ ᠲᠣᠰᠣᠨ ᠶᠠᠭᠤᠮ᠎ᠠ ᠭᠤᠶᠤᠨ᠎ᠠ᠃ ᠡᠭᠦᠨ ᠢ᠋ᠶ᠋ᠡᠷ ᠢ᠋ᠶ᠋ᠡᠨ ᠲᠡᠳᠡ ᠥᠪᠡᠷᠰᠡᠳ ᠦ᠋ᠨ ᠢ᠋ᠶ᠋ᠡᠨ ᠦᠭᠡᠢᠭᠦᠦ ᠬᠣᠭᠣᠰᠣᠨ ᠢ᠋ᠶ᠋ᠠᠨ ᠢᠯᠡᠴᠢᠯᠡᠬᠦ ᠪᠥᠭᠡᠳ ᠳ᠋ᠠᠨᠽᠠᠨ ᠳ᠋ᠤ᠌ ᠲᠡᠳᠡᠨ ᠳ᠋ᠦ᠍ ᠥᠭᠬᠦ ᠶᠠᠭᠤᠮ᠎ᠠ ᠶᠠᠭᠤ ᠪᠠᠢᠬᠤ ᠪᠢᠯᠡ᠃ ᠭᠡᠪᠡᠴᠦ ᠪᠠᠰᠠ ᠵᠤᠷᠭᠠᠨ ᠳ᠋ᠤᠨᠢ ᠲᠠᠯᠪᠢᠵᠤ ᠪᠣᠯᠬᠤ ᠦᠭᠡᠢ ᠪᠠᠢᠯ᠎ᠠ᠃ ᠭᠡᠨᠡᠳᠲᠡ ᠬᠢᠲᠠᠳ ᠬᠥᠮᠦᠨ ᠦ᠌ ᠬᠠᠰᠬᠢᠷᠬᠤ ᠰᠣᠨᠣᠰᠳᠠᠪᠠ᠃ ᠠᠳᠬᠤ ᠴᠢᠮᠬᠢ ᠨᠣᠣᠰᠣ ᠣᠯᠤᠭᠰᠠᠨ ᠵᠡᠭᠡᠷ᠎ᠡ ᠶ᠋ᠢᠨ ᠰᠢᠯᠪᠢ ᠲᠡᠢ ᠬᠡᠦᠬᠡᠳ ᠦ᠋ᠳ ᠵᠦᠭ ᠪᠦᠷᠢ ᠪᠤᠲᠠᠷᠠᠨ ᠵᠠᠢᠯᠠᠪᠠ᠃
ᠳ᠋ᠠᠨᠽᠠᠨ ᠤ᠋ ᠰᠡᠳᠬᠢᠯ ᠠᠮᠠᠷᠠᠨ ᠣᠷᠴᠢᠨ ᠲᠣᠭᠣᠷᠢᠨ ᠢ᠋ ᠠᠵᠢᠬᠤ ᠳ᠋ᠤ᠌ ᠬᠣᠲᠠ ᠶ᠋ᠢᠨ ᠵᠠᠬ᠎ᠠ ᠳ᠋ᠤ᠌ ᠬᠦᠷᠦᠯᠴᠡᠨ ᠶᠠᠪᠤᠵᠤ ᠪᠠᠢᠯ᠎ᠠ᠃ ᠲᠦᠷᠦᠭᠦᠴᠢ ᠶ᠋ᠢᠨ ᠲᠡᠮᠡᠭᠡ ᠨᠠᠪᠲᠠᠭᠠᠷ ᠰᠢᠪᠡᠷ ᠪᠠᠢᠰᠢᠩ ᠤ᠋ᠳ ᠲᠠᠢ ᠨᠠᠷᠢᠨ ᠭᠤᠳᠤᠮᠵᠢ ᠤᠷᠤᠭᠤ ᠴᠢᠬᠢᠭᠦᠯᠵᠦ ᠪᠠᠢᠭ᠎ᠠ ᠶᠤᠮ ᠰᠢᠭ᠋ ᠵᠢᠳᠬᠦᠨ ᠣᠷᠣᠪᠠ᠃ ᠳ᠋ᠠᠨᠽᠠᠨ ᠤ᠋ ᠬᠠᠵᠠᠭᠤ ᠳ᠋ᠤ᠌ ᠤᠷᠲᠤ ᠮᠣᠳᠣ ᠪᠠᠷᠢᠭᠰᠠᠨ ᠬᠢᠲᠠᠳ ᠬᠥᠮᠦᠨ ᠶᠠᠪᠤᠬᠤ ᠨᠢ ᠵᠢᠩᠴᠢᠳ ᠢ᠋ ᠤᠭᠲᠤᠭᠰᠠᠳ ᠤ᠋ᠨ ᠨᠢᠭᠡ ᠪᠠᠢᠪᠠ᠃
— ᠠᠢ ᠲᠦᠩᠱ᠌ᠢ ᠰᠠᠢᠨ ᠶᠠᠪᠤᠵᠤ ᠢᠷᠡᠪᠡ ᠤᠤ ᠭᠡᠵᠦ ᠲᠡᠷᠡ ᠬᠥᠮᠦᠨ ᠮᠡᠬᠦᠯᠵᠡᠨ ᠠᠮᠤᠷ ᠡᠷᠢᠪᠡ᠃《ᠲᠦᠩᠱ᠌ᠢ》 ᠭᠡᠳᠡᠭ ᠪᠣᠯ ᠮᠠᠰᠢ ᠳᠣᠲᠣᠨᠣ ᠶ᠋ᠢᠨ ᠦᠭᠡ᠂ ᠤᠷᠢᠳ ᠡᠮᠦᠨ᠎ᠡ ᠳ᠋ᠠᠨᠽᠠᠨ ᠡᠢᠮᠦ ᠦᠭᠡ ᠪᠡᠷ ᠶᠡᠷᠦ ᠳᠠᠭᠤᠳᠠᠭᠤᠯᠵᠤ ᠦᠵᠡᠭᠡ ᠦᠭᠡᠢ ᠪᠥᠭᠡᠳ ᠰᠡᠳᠬᠢᠯ ᠰᠡᠷᠭᠦᠨ ᠪᠠᠶᠠᠷᠯᠠᠨ᠎ᠠ᠃
— ᠰᠠᠢᠨ ᠶᠠᠪᠤᠵᠤ ᠢᠷᠡᠯ᠎ᠡ᠃ ᠳᠠᠩᠵᠢᠶᠠᠳ ᠭᠤᠸᠠᠢ ᠰᠠᠢᠨ ᠰᠠᠭᠤᠵᠤ ᠪᠠᠢᠨ᠎ᠠ ᠤᠤ? ᠭᠡᠵᠦ ᠬᠣᠭᠣᠯᠠᠢ ᠵᠠᠰᠠᠨ ᠪᠠᠷᠭᠢᠯ ᠪᠦᠲᠦᠭᠡᠨ ᠠᠪᠢᠶ᠎ᠠ ᠭᠠᠷᠭᠠᠨ ᠬᠠᠷᠢᠭᠤ ᠲᠠᠯᠪᠢᠪᠠ᠃ ᠳᠠᠩᠵᠢᠶᠠᠳ ᠭᠤᠸᠠᠢ ᠭᠡᠰᠡᠨ ᠦᠭᠡ᠂ ᠥᠨᠥᠬᠢ ᠬᠢᠲᠠᠳ ᠬᠥᠮᠦᠨ ᠦ᠌ ᠴᠢᠬᠢᠨ ᠳ᠋ᠦ᠍ ᠮᠥᠨ ᠠᠶᠠᠲᠠᠢ ᠰᠣᠨᠣᠰᠤᠭᠳᠠᠬᠤ ᠠᠵᠢ᠃ ᠨᠢᠭᠤᠷ ᠲᠤᠨᠢ ᠢᠨᠢᠶᠡᠮᠰᠦᠭᠯᠡᠯ ᠲᠣᠳᠣᠷᠠᠨ᠄
— ᠰᠠᠢᠨ᠃ ᠮᠠᠨ ᠤ᠋ ᠳᠠᠩᠵᠢᠶᠠᠳ ᠲᠠᠨ ᠤ᠋ ᠬᠥᠮᠦᠨ ᠢᠷᠡᠭᠰᠡᠨ᠃ ᠮᠠᠨ ᠤ᠋ ᠬᠥᠮᠦᠨ ᠢ᠋ ᠶᠠᠪᠤᠭᠤᠯᠤᠭᠰᠠᠨ ᠪᠢᠰᠢ ᠤᠤ᠃ ᠲᠠᠨ ᠤ᠋ ᠬᠥᠮᠦᠨ ᠶᠠᠭᠠᠬᠢᠭᠰᠠᠨ ᠰᠠᠢᠨ᠃ ᠲᠡᠷᠡ ᠨᠢᠭᠡ ᠣᠯᠠᠨ ᠬᠡᠦᠬᠡᠳ ᠢ᠋ ᠵᠣᠳᠣᠬᠤ ᠦᠭᠡᠢ ᠶᠠᠭᠠᠬᠢᠭᠰᠠᠨ? ᠭᠡᠬᠦ ᠮᠡᠲᠦ ᠪᠡᠷ ᠬᠣᠯᠢᠭᠠᠳ ᠪᠠᠨᠳᠠᠨ ᠬᠤᠳᠬᠤᠯᠳᠤᠭᠤᠯᠤᠨ ᠶᠠᠷᠢᠨ᠎ᠠ᠃ ᠳ᠋ᠠᠨᠽᠠᠨ ᠴᠣᠬᠣᠮ ᠶᠠᠭᠤ ᠬᠡᠯᠡᠵᠦ ᠪᠠᠢᠭ᠎ᠠ ᠶ᠋ᠢ ᠣᠢᠯᠠᠭᠠᠬᠤ ᠭᠡᠵᠦ ᠬᠠᠮᠤᠭ ᠠᠩᠬᠠᠷᠤᠯ ᠢ᠋ᠶ᠋ᠠᠨ ᠲᠠᠯᠪᠢᠯ᠎ᠠ᠃
— ᠰᠠᠶᠢ ᠶ᠋ᠢᠨ ᠣᠯᠠᠨ ᠬᠡᠦᠬᠡᠳ ᠶᠠᠭᠤᠨ ᠤ᠋ ᠬᠡᠦᠬᠡᠳ ᠪᠣᠢ?
— ᠠᠶ᠎ᠠ᠂ ᠡᠳᠡ ᠪᠣᠯ ᠭᠤᠢᠯᠭᠠᠴᠢᠨ ᠬᠥᠮᠦᠨ ᠦ᠌ ᠬᠡᠦᠬᠡᠳ ᠰᠢᠦ ᠭᠡᠵᠦ ᠦᠵᠡᠨ ᠶᠠᠳᠠᠬᠤ ᠪᠠᠢᠳᠠᠯ ᠲᠠᠢ ᠪᠠᠷ ᠬᠡᠯᠡᠪᠡ᠃
ᠳ᠋ᠠᠨᠽᠠᠨ ᠥᠪᠡᠷ ᠢ᠋ᠶ᠋ᠡᠨ ᠶᠠᠳᠠᠭᠤᠰ ᠤ᠋ᠨ ᠨᠢᠭᠡᠨ ᠪᠣᠯᠬᠤ ᠲᠤᠯᠠ ᠲᠡᠷᠡ ᠬᠥᠮᠦᠨ ᠳ᠋ᠦ᠍ ᠳᠤᠷ᠎ᠠ ᠦᠭᠡᠢ ᠭᠦᠷᠦᠨ ᠳᠠᠬᠢᠨ ᠳᠤᠤᠭᠠᠷᠬᠤ ᠬᠦᠰᠡᠯ ᠦᠭᠡᠢ ᠪᠣᠯᠪᠠ᠃ ᠲᠡᠮᠡᠭᠡᠨ ᠳᠡᠭᠡᠷ᠎ᠡ ᠪᠡᠨ ᠥᠨᠳᠡᠢᠵᠦ᠂ ᠤᠷᠳᠤᠬᠢ ᠨᠥᠬᠥᠳ ᠢ᠋ᠶ᠋ᠡᠨ ᠬᠠᠷᠠᠪᠠᠯ ᠲᠡᠳᠡ ᠨᠢ ᠮᠥᠨ ᠨᠢᠭᠡ ᠨᠢᠭᠡᠨ ᠬᠢᠲᠠᠳ ᠬᠥᠮᠦᠨ ᠲᠡᠢ ᠶᠠᠷᠢᠯᠴᠠᠨ ᠶᠠᠪᠤᠨ᠎ᠠ᠃ ᠭᠤᠳᠤᠮᠵᠢᠨ ᠤ᠋ ᠪᠠᠢᠳᠠᠯ ᠥᠭᠡᠷᠡᠴᠢᠯᠡᠭᠳᠡᠵᠦ ᠬᠣᠶᠠᠷ ᠠᠴᠢᠶᠠᠲᠦ ᠲᠡᠮᠡᠭᠡ ᠵᠥᠷᠢᠵᠦ ᠪᠣᠯᠬᠤᠢᠴᠠ ᠥᠷᠭᠡᠨ ᠪᠣᠯᠪᠠ᠃ ᠶᠠᠩᠵᠤ ᠪᠦᠷᠢ ᠶ᠋ᠢᠨ ᠴᠢᠷᠠᠢ ᠵᠢᠰᠦ ᠲᠡᠢ ᠶᠡᠬᠡ ᠪᠠᠭ᠎ᠠ ᠬᠥᠮᠦᠰ ᠵᠠᠢ ᠵᠠᠪᠰᠠᠷ ᠦᠭᠡᠢ ᠰᠦᠯᠵᠢᠯᠳᠦᠨ ᠥᠪᠡᠷᠰᠡᠳ ᠦ᠋ᠨ ᠢ᠋ᠶ᠋ᠡᠨ ᠬᠡᠯᠡ ᠪᠡᠷ ᠬᠡᠯᠡᠯᠴᠡᠬᠦ ᠨᠢ ᠳ᠋ᠠᠨᠽᠠᠨ ᠳ᠋ᠤ᠌ ᠤᠴᠢᠷ ᠳᠦᠷᠰᠦ ᠪᠡᠨ ᠠᠯᠳᠠᠭᠰᠠᠨ ᠶᠡᠬᠡ ᠱᠤᠤᠭᠢᠶᠠᠨ ᠰᠢᠭ᠋ ᠰᠣᠨᠣᠰᠳᠠᠨ᠎ᠠ᠃ ᠨᠢᠳᠦ ᠨᠢ ᠪᠠᠰᠠ ᠲᠡᠷᠡ ᠪᠦᠷᠢ ᠶ᠋ᠢ ᠬᠠᠷᠠᠵᠤ ᠭᠦᠢᠴᠡᠬᠦ ᠪᠡᠨ ᠪᠣᠯᠢᠯ᠎ᠠ᠃ ᠭᠡᠪᠡᠴᠦ ᠴᠢᠭ ᠥᠭᠡᠳᠡ ᠡᠴᠡ ᠪᠡᠨ ᠠᠢᠰᠤᠢ ᠶᠠᠪᠤᠭ᠎ᠠ ᠬᠥᠮᠦᠨ ᠦ᠌ ᠬᠥᠯ ᠢ᠋ ᠣᠯᠵᠤ ᠬᠠᠷᠠᠯ᠎ᠠ᠃ ᠬᠡᠨ ᠳ᠋ᠦ᠍ ᠴᠦ᠍ ᠪᠠᠢᠵᠤ ᠪᠣᠯᠣᠰᠢ ᠦᠭᠡᠢ ᠬᠡᠲᠦᠷᠬᠡᠢ ᠪᠢᠴᠢᠬᠠᠨ ᠬᠥᠯ ᠠᠵᠢ᠃ ᠳ᠋ᠠᠨᠽᠠᠨ《ᠦᠭᠡᠢ ᠡᠨᠡ ᠴᠢᠨᠢ ᠶᠠᠭᠤ ᠪᠢᠯᠡ?》 ᠭᠡᠵᠦ ᠨᠢᠭᠡ ᠦᠶ᠎ᠡ ᠰᠢᠷᠳᠡᠭᠰᠡᠨ ᠢ᠋ᠶ᠋ᠡᠨ ᠬᠦᠷᠡᠯ ᠡᠴᠡ᠄
— ᠬᠢᠲᠠᠳ ᠠᠪᠠᠭᠠᠢ ᠨᠠᠷ ᠤ᠋ᠨ ᠬᠥᠯ ᠪᠢᠴᠢᠬᠠᠨ ᠪᠠᠢᠳᠠᠭ᠂ ᠲᠡᠭᠦᠨ ᠢ᠋ ᠰᠢᠪᠠᠭᠤᠨ ᠬᠥᠯ ᠭᠡᠳᠡᠭ ᠶᠦᠮ ᠭᠡᠵᠦ ᠶᠠᠷᠢᠵᠤ ᠪᠠᠢᠭᠰᠠᠨ ᠢ᠋ ᠰᠠᠨᠠᠪᠠ᠃ ᠲᠡᠭᠡᠭᠡᠳ ᠲᠡᠷᠡ ᠰᠢᠪᠠᠭᠤᠨ ᠬᠥᠯᠲᠡᠨ ᠢ᠋ ᠣᠯᠠᠨ ᠠ᠋ᠴᠠ ᠣᠨᠴᠠᠯᠠᠨ ᠵᠣᠷᠢᠭᠤᠳᠠ ᠠᠵᠢᠭᠯᠠᠬᠤ ᠳ᠋ᠠᠭᠠᠨ᠄ ᠪᠣᠭᠣᠨᠢᠬᠠᠨ ᠥᠷᠭᠡᠨ ᠬᠠᠨᠴᠤᠢ ᠲᠠᠢ ᠨᠠᠷᠢᠬᠠᠨ ᠳᠡᠪᠡᠯ ᠡᠮᠦᠰᠴᠦ ᠲᠣᠯᠣᠭᠠᠢ ᠶ᠋ᠢᠨ ᠢ᠋ᠶ᠋ᠡᠨ ᠪᠦᠬᠦ ᠦᠰᠦ ᠶ᠋ᠢ ᠠᠷᠤ ᠲᠠᠭᠵᠠᠨ ᠳᠡᠭᠡᠷ᠎ᠡ ᠪᠡᠨ ᠮᠤᠰᠬᠢᠷᠠᠯᠳᠤᠭᠤᠯᠤᠨ ᠲᠣᠭᠲᠠᠭᠠᠵᠤ ᠪᠠᠷᠠᠭᠤᠨ ᠭᠠᠷ ᠤ᠋ᠨ ᠢ᠋ᠶ᠋ᠠᠨ ᠪᠠᠭᠤᠤ ᠳ᠋ᠤ᠌ ᠮᠥᠩᠭᠥᠨ ᠪᠠᠭᠤᠪᠴᠢ ᠵᠡᠭᠦᠵᠦ᠂ ᠥᠨᠥᠬᠢ ᠪᠢᠴᠢᠬᠠᠨ ᠬᠥᠯ ᠳ᠋ᠡᠭᠡᠨ ᠮᠣᠷᠢᠨ ᠲᠤᠭᠤᠷᠠᠢ ᠠᠳᠠᠯᠢ ᠬᠢᠯᠢᠩ ᠬᠠᠷ᠎ᠠ ᠱᠠᠬᠠᠢ ᠡᠮᠦᠰᠦᠭᠰᠡᠨ ᠵᠡᠷᠭᠡ ᠶ᠋ᠢ ᠨᠢᠭᠡᠳ ᠨᠢᠭᠡ ᠦᠭᠡᠢ ᠣᠯᠵᠤ ᠬᠠᠷᠠᠭᠰᠠᠨ ᠪᠥᠭᠡᠳ ᠬᠠᠵᠠᠭᠤ ᠪᠠᠷ ᠭᠠᠷᠤᠨ ᠥᠩᠭᠡᠷᠡᠭᠰᠡᠨ ᠬᠣᠢᠨ᠎ᠠ ᠨᠢ ᠪᠡᠶ᠎ᠡ ᠪᠡᠨ ᠰᠠᠯᠬᠢᠨ ᠳ᠋ᠤ᠌ ᠭᠠᠩᠬᠤᠭᠤᠯᠬᠤ ᠮᠡᠲᠦ ᠨᠠᠢᠭᠤᠨ ᠣᠢᠷᠠᠬᠠᠨ ᠣᠢᠷᠠᠬᠠᠨ ᠭᠢᠰᠬᠢᠯᠡᠨ ᠶᠠᠪᠤᠬᠤ ᠶ᠋ᠢ ᠨᠢ ᠮᠥᠨ ᠠᠵᠢᠭᠯᠠᠪᠠ᠃ ᠲᠡᠭᠡᠭᠡᠳ ᠳ᠋ᠠᠨᠽᠠᠨ《ᠬᠥᠮᠦᠨ ᠡᠢᠮᠦ ᠬᠥᠯ ᠢ᠋ᠶ᠋ᠡᠷ ᠶᠠᠭᠤ ᠬᠢᠬᠦ ᠪᠢᠯᠡ! ᠬᠦᠨᠳᠦ ᠶᠠᠭᠤᠮ᠎ᠠ ᠡᠷᠭᠦᠬᠦ ᠬᠡᠷᠡᠭ ᠭᠠᠷᠪᠠᠯ ᠶᠠᠭᠠᠬᠢᠨ᠎ᠠ? ᠭᠦᠶᠦᠵᠦ ᠶᠠᠭᠠᠬᠢᠭᠰᠠᠨ ᠴᠦ᠍ ᠴᠢᠳᠠᠬᠤ ᠦᠭᠡᠢ ᠪᠣᠢ?》 ᠭᠡᠬᠦ ᠮᠡᠲᠦᠴᠢᠯᠡᠨ ᠣᠯᠠᠨ ᠢ᠋ ᠪᠣᠳᠣᠨ ᠲᠣᠯᠣᠭᠠᠢ ᠰᠡᠭᠰᠦᠷᠪᠡ᠃ ᠭᠡᠲᠡᠯ᠎ᠡ ᠲᠡᠷᠡ ᠭᠤᠳᠤᠮᠵᠢ ᠪᠠᠷ ᠲᠡᠢᠮᠦ ᠬᠥᠯ ᠲᠡᠢ ᠡᠮᠡᠭᠲᠡᠢ ᠬᠥᠮᠦᠨ ᠨᠢᠭᠡ ᠶᠠᠪᠤᠭ᠎ᠠ ᠪᠢᠰᠢ᠂ ᠨᠢᠭᠡ ᠬᠡᠰᠡᠭ ᠴᠦ᠍ ᠪᠢᠰᠢ᠂ ᠴᠣᠬᠣᠮ ᠬᠠᠷᠠᠭᠰᠠᠨ ᠵᠦᠭ ᠪᠣᠯᠭᠠᠨ ᠳ᠋ᠤ᠌ ᠬᠡᠳᠦᠨ ᠠᠷᠪᠠ ᠪᠠᠷ ᠲᠤᠰᠬᠤ ᠲᠤᠯᠠ ᠲᠡᠷᠡ ᠪᠦᠷᠢ ᠶ᠋ᠢᠨ ᠲᠤᠬᠠᠢ ᠪᠣᠳᠣᠵᠤ ᠴᠢᠳᠠᠬᠤ ᠪᠠᠨ ᠪᠣᠯᠢᠨ ᠳᠡᠮᠡᠢ ᠳᠥᠵᠢᠷᠡᠨ ᠮᠠᠩᠬᠤᠷᠠᠭᠰᠠᠨ ᠠᠳᠠᠯᠢ ᠪᠣᠯᠪᠠ᠃ ᠲᠦᠷᠦᠭᠦᠴᠢ ᠶ᠋ᠢᠨ ᠠᠴᠢᠶᠠᠲᠤ ᠲᠡᠮᠡᠭᠡ᠂ ᠳᠡᠭᠡᠷ᠎ᠡ ᠪᠡᠨ ᠲᠡᠭᠡᠨᠡᠭᠡᠷ ᠲᠣᠮᠣ ᠠᠰᠠᠷ ᠲᠠᠢ ᠬᠠᠭᠠᠯᠭ᠎ᠠ ᠪᠠᠷ ᠣᠷᠣᠬᠤ ᠶ᠋ᠢ ᠮᠡᠳᠡᠭᠰᠡᠨ ᠦᠭᠡᠢ᠃ ᠥᠪᠡᠷ ᠢ᠋ᠶ᠋ᠡᠨ ᠰᠡᠭᠦᠯᠴᠢ ᠶ᠋ᠢᠨ ᠲᠡᠮᠡᠭᠡᠨ ᠦ᠌ ᠬᠣᠢᠨ᠎ᠠ ᠠ᠋ᠴᠠ ᠣᠷᠣᠬᠤ ᠳ᠋ᠠᠭᠠᠨ ᠯᠠ ᠰᠠᠶᠢ ᠮᠡᠳᠡᠪᠡ᠃ ᠪᠠᠭᠤᠬᠤ ᠫᠦᠰᠡᠨ ᠦ᠌ ᠪᠡᠨ ᠭᠠᠵᠠᠷ ᠢᠷᠡᠭᠰᠡᠨ ᠪᠠᠢᠬᠤ ᠪᠥᠭᠡᠳ ᠡᠷᠭᠢᠨ ᠲᠣᠭᠣᠷᠢᠨ ᠪᠠᠢᠰᠢᠩ ᠲᠠᠢ ᠥᠨᠳᠥᠷ ᠰᠢᠪᠡᠷ ᠬᠡᠷᠡᠮ ᠦ᠋ᠨ ᠬᠠᠰᠢᠶ᠎ᠠ ᠦᠵᠡᠭᠳᠡᠨ᠎ᠡ᠃ ᠲᠡᠮᠡᠭᠡᠨ ᠡᠴᠡ ᠪᠡᠨ ᠪᠠᠭᠤᠨ ᠬᠠᠷᠠᠢᠵᠤ ᠠᠴᠢᠶᠠᠲᠤ ᠲᠡᠮᠡᠭᠡ ᠶ᠋ᠢ ᠬᠡᠪᠲᠡᠭᠦᠯᠬᠦ ᠭᠡᠲᠡᠯ᠎ᠡ ᠬᠦᠷᠡᠯ ᠬᠠᠵᠠᠭᠤ ᠠ᠋ᠴᠠ᠄
— ᠪᠣᠯᠢ ᠳ᠋ᠠᠨᠽᠠᠨ ᠠ᠋᠃ ᠡᠨᠳᠡ ᠣᠷᠣᠵᠤ ᠢᠷᠡᠭᠰᠡᠭᠡᠷ ᠪᠢᠳᠡᠨ ᠦ᠌ ᠭᠠᠷ ᠬᠥᠳᠡᠯᠬᠦ ᠦᠭᠡᠢ ᠪᠣᠯᠳᠠᠭ ᠵᠢᠷᠤᠮ ᠲᠠᠢ ᠶᠤᠮ ᠭᠡᠳ ᠴᠠᠭᠠᠰᠢ ᠡᠷᠭᠢᠨ ᠳᠣᠷᠵᠢ ᠶ᠋ᠢ ᠳᠠᠭᠤᠳᠠᠨ᠎ᠠ᠃ ᠭᠡᠲᠡᠯ᠎ᠡ ᠨᠢᠭᠡ ᠬᠢᠲᠠᠳ ᠲᠡᠳᠡᠨ ᠢ᠋ ᠳᠠᠭᠠᠭᠤᠯᠤᠨ ᠪᠠᠷᠠᠭᠤᠨ ᠲᠠᠯ᠎ᠠ ᠶ᠋ᠢᠨ ᠪᠠᠢᠰᠢᠩ ᠳ᠋ᠤ᠌ ᠣᠷᠣᠯ᠎ᠠ᠃ ᠭᠡᠭᠡ ᠭᠡᠷᠡᠯ ᠮᠠᠭᠤᠲᠠᠢ ᠨᠣᠢᠲᠠᠨ ᠭᠠᠵᠠᠷ᠂ ᠥᠭᠡᠷ᠎ᠡ ᠨᠢᠭᠡᠨ ᠨᠢᠯᠤᠭᠤᠪᠲᠤᠷ ᠴᠣᠬᠣᠮ ᠶᠠᠭᠤ ᠪᠣᠯᠬᠤ ᠨᠢ ᠦᠯᠦ ᠮᠡᠳᠡᠭᠳᠡᠬᠦ ᠨᠢᠭᠡᠨ ᠶᠠᠭᠤᠮᠠᠨ ᠤ᠋ ᠦᠨᠦᠷ ᠲᠡᠢ ᠬᠣᠯᠢᠯᠳᠤᠭᠰᠠᠨ ᠦᠨᠦᠷ ᠲᠡᠢ ᠭᠠᠭᠴᠠ ᠲᠠᠰᠤᠯᠭᠠᠨ ᠳ᠋ᠤ᠌ ᠣᠷᠣᠭᠰᠠᠨ ᠪᠥᠭᠡᠳ ᠠᠷᠤ ᠳ᠋ᠤ᠌ ᠬᠠᠭᠠᠯᠭ᠎ᠠ ᠫᠦᠩᠬᠢᠨ ᠬᠠᠭᠠᠭᠳᠠᠮᠠᠭᠴᠠ ᠪᠦᠷ ᠬᠠᠷᠠᠩᠭᠤᠢ ᠪᠣᠯᠤᠯ᠎ᠠ᠃ ᠨᠢᠳᠦ ᠶ᠋ᠢ ᠠᠭᠠᠵᠢᠮ ᠢ᠋ᠶ᠋ᠠᠷ ᠳᠠᠰᠬᠠᠨ ᠠᠵᠢᠬᠤ ᠳ᠋ᠤ᠌ ᠬᠣᠢᠲᠤ ᠤᠷᠲᠤ ᠬᠣᠶᠠᠷ ᠲᠠᠯ᠎ᠠ ᠳ᠋ᠤᠨᠢ ᠬᠠᠨᠵᠤ᠂ ᠵᠡᠭᠦᠨ ᠲᠠᠯ᠎ᠠ ᠳ᠋ᠠᠭᠠᠨ ᠨᠢᠭᠡ ᠲᠣᠮᠣ ᠴᠣᠩᠬᠣ ᠲᠠᠢ᠂ ᠴᠣᠩᠬᠣ ᠶ᠋ᠢ ᠰᠢᠯᠦᠨ ᠦ᠌ ᠣᠷᠣᠨ ᠳ᠋ᠤ᠌ ᠮᠣᠣᠲᠤᠤ ᠴᠠᠭᠠᠰᠤ ᠪᠠᠷ ᠴᠠᠭᠠᠰᠤᠯᠠᠭᠰᠠᠨ ᠲᠤᠯᠠ ᠭᠡᠭᠡ ᠭᠡᠷᠡᠯ ᠮᠠᠭᠤ ᠲᠤᠰᠤᠨ᠎ᠠ᠃
ᠬᠦᠷᠡᠯ ᠳᠣᠷᠵᠢ ᠬᠣᠶᠠᠷ ᠬᠢᠲᠠᠳ ᠬᠥᠮᠦᠨ ᠲᠡᠢ ᠭᠤᠷᠪᠠᠭᠤᠯᠠ ᠪᠠᠨ ᠬᠣᠢᠲᠤ ᠲᠠᠯ᠎ᠠ ᠶ᠋ᠢᠨ ᠬᠠᠨᠵᠤ ᠶ᠋ᠢ ᠡᠵᠡᠯᠡᠨ ᠰᠠᠭᠤᠬᠤ ᠳ᠋ᠤ᠌ ᠳ᠋ᠠᠨᠽᠠᠨ ᠭᠠᠭᠴᠠᠭᠠᠷ ᠤᠷᠲᠤ ᠲᠠᠯ᠎ᠠ ᠶ᠋ᠢᠨ ᠬᠢ ᠳᠡᠭᠡᠷ᠎ᠡ ᠨᠢ ᠰᠠᠭᠤᠪᠠ᠃ ᠨᠥᠬᠥᠳ ᠦ᠋ᠨ ᠢ᠋ᠶ᠋ᠡᠨ ᠪᠤᠰᠤᠳ ᠲᠠᠢ ᠶᠠᠷᠢᠯᠴᠠᠬᠤ ᠶ᠋ᠢ ᠰᠣᠨᠣᠰᠬᠤ ᠳ᠋ᠤ᠌ ᠣᠨᠴᠠ ᠶ᠋ᠢᠨ ᠶᠠᠭᠤᠮ᠎ᠠ ᠠᠯᠠᠭ᠎ᠠ᠃ ᠠᠶᠠᠨ ᠵᠠᠮ ᠤ᠋ᠨ ᠡᠳᠦᠷ ᠬᠣᠨᠣᠭ ᠤ᠋ᠨ ᠲᠤᠬᠠᠢ ᠯᠠ ᠪᠠᠢᠯ᠎ᠠ᠃ ᠬᠠᠭᠠᠯᠭ᠎ᠠ ᠣᠩᠭᠣᠢᠨ ᠡᠪᠦᠭᠡᠰᠢᠶᠡᠷ ᠬᠢᠲᠠᠳ ᠣᠷᠣᠵᠤ ᠢᠷᠡᠨ ᠬᠦᠷᠡᠯ ᠳᠣᠷᠵᠢ ᠬᠣᠶᠠᠷ ᠤ᠋ᠨ ᠬᠣᠭᠣᠷᠣᠨᠳᠣᠬᠢ ᠠᠶᠠᠭᠠᠨ ᠰᠢᠷᠡᠭᠡᠨ ᠳᠡᠭᠡᠷ᠎ᠡ ᠱᠠᠭᠠᠵᠠᠩ ᠠᠶᠠᠭ᠎ᠠ ᠲᠠᠯᠪᠢᠨ ᠳᠠᠩᠬᠤ ᠲᠠᠢ ᠴᠠᠢ ᠪᠠᠨ ᠳᠡᠭᠡᠷ᠎ᠡ ᠡᠷᠭᠦᠨ ᠲᠤᠩᠭᠠᠯᠠᠭ ᠬᠠᠷ᠎ᠠ ᠴᠠᠢ ᠶ᠋ᠢ ᠳᠠᠳᠮᠠᠭᠠᠢ ᠪᠠᠷ ᠭᠣᠭᠣᠵᠢᠭᠤᠯᠤᠨ ᠬᠢᠭᠡᠳ ᠨᠢᠭᠡ ᠦᠭᠡ ᠶ᠋ᠢ ᠳᠠᠬᠢᠨ ᠳᠠᠪᠲᠠᠨ ᠥᠭᠦᠯᠡᠭᠰᠡᠨ ᠢ᠋ ᠳ᠋ᠠᠨᠽᠠᠨ ᠯᠠᠪ ᠴᠠᠢ ᠤᠤᠭᠤ ᠭᠡᠵᠦ ᠪᠠᠢᠭ᠎ᠠ ᠪᠠᠢᠬᠤ ᠭᠡᠵᠦ ᠳᠣᠲᠣᠷ᠎ᠠ ᠪᠠᠨ ᠪᠣᠳᠣᠯ᠎ᠠ᠃ ᠡᠨᠡ ᠨᠢ ᠵᠥᠪ ᠪᠠᠢᠭᠰᠠᠨ ᠪᠥᠭᠡᠳ ᠬᠠᠮᠲᠤ ᠣᠷᠣᠵᠤ ᠢᠷᠡᠭᠰᠡᠨ ᠮᠣᠩᠭᠣᠯ ᠬᠡᠯᠡ ᠰᠠᠢᠲᠠᠢ ᠰᠦᠷᠡᠬᠡᠢ ᠣᠪᠵᠢᠩ ᠪᠠᠢᠳᠠᠯ ᠢ᠋ᠶ᠋ᠠᠷ ᠦᠭᠡ ᠪᠦᠷᠢ ᠳᠡᠭᠡᠷ᠎ᠡ ᠪᠡᠨ ᠢᠨᠢᠶᠡᠮᠰᠦᠭᠯᠡᠨ ᠪᠥᠬᠥᠯᠵᠡᠳᠡᠭ ᠬᠢᠲᠠᠳ᠄
— ᠣᠳᠣ ᠴᠠᠢ ᠤᠤᠭᠤ᠂ ᠰᠠᠢᠨ ᠠᠮᠠᠷᠠ ᠭᠡᠳ ᠭᠠᠳᠠᠭᠰᠢ ᠭᠠᠷᠬᠤ ᠳ᠋ᠤᠨᠢ ᠳ᠋ᠠᠨᠽᠠᠨ ᠨᠥᠬᠥᠳ ᠲᠡᠢ ᠪᠡᠨ ᠨᠡᠢᠯᠡᠨ ᠰᠠᠭᠤᠨ᠎ᠠ᠃ ᠠᠶᠠᠭᠠᠯᠠᠭᠰᠠᠨ ᠴᠠᠢ ᠶ᠋ᠢ ᠠᠪᠤᠨ ᠤᠤᠭᠤᠬᠤ ᠳ᠋ᠤ᠌ ᠲᠡᠭᠦᠨ ᠡᠴᠡ ᠬᠡᠭᠡᠨᠴᠢᠷ ᠦᠨᠦᠷ ᠬᠠᠴᠢᠨ ᠠᠮᠲᠠ ᠠᠮᠲᠠᠭᠳᠠᠨ᠎ᠠ᠃ ᠳᠣᠷᠵᠢ ᠮᠥᠨ ᠡᠮᠦᠨᠡᠬᠢ ᠠᠶᠠᠭ᠎ᠠ ᠲᠠᠢ ᠪᠠᠨ ᠢ᠋ ᠠᠪᠤᠨ ᠨᠢᠭᠡ ᠪᠠᠯᠭᠤᠭᠰᠠᠨ ᠢ᠋ᠶ᠋ᠠᠨ ᠠᠮᠠ ᠲᠠᠮᠰᠢᠶᠠᠨ᠄
— ᠦᠭᠡᠢ ᠲᠠ ᠮᠢᠨᠢ ᠡᠨᠡ ᠴᠢᠨᠢ ᠬᠠᠮᠢᠭᠠᠰᠢ ᠶ᠋ᠢᠨ ᠶᠠᠩᠵᠤ ᠶ᠋ᠢᠨ ᠡᠳ᠋ ᠪᠣᠢ? ᠭᠡᠵᠦ ᠠᠶᠠᠭ᠎ᠠ ᠤᠷᠤᠭᠤ ᠪᠠᠨ ᠥᠩᠭᠡᠢᠨ ᠢᠨᠢᠶᠡᠮᠰᠦᠭᠯᠡᠪᠡ᠃ ᠬᠠᠷᠢᠭᠤ ᠳ᠋ᠤᠨᠢ ᠬᠦᠷᠡᠯ᠄
— ᠦᠭᠡᠢ᠂ ᠲᠠ ᠨᠠᠷ ᠮᠢᠨᠢ ᠭᠠᠳᠠᠨ᠎ᠠ ᠶ᠋ᠢᠨ ᠬᠥᠮᠦᠨ ᠦ᠌ ᠳᠡᠷᠭᠡᠳᠡ ᠪᠢᠲᠡᠭᠡᠢ ᠢᠩᠭᠢᠵᠦ ᠶᠠᠭᠤᠮ᠎ᠠ ᠦᠵᠡᠵᠦ᠂ ᠨᠢᠳᠦ ᠲᠠᠢᠯᠤᠨ ᠦᠭᠡᠢ ᠪᠡᠨ ᠮᠡᠳᠡᠭᠳᠡᠭᠡᠷᠡᠢ᠃ ᠡᠨᠡ ᠪᠣᠯ ᠵᠢᠩᠬᠢᠨᠢ ᠳᠠᠩᠵᠢᠶᠠᠳ ᠨᠠᠷ ᠤ᠋ᠨ ᠤᠤᠭᠤᠳᠠᠭ ᠪᠡᠭᠡᠵᠢᠩ ᠪᠠᠢᠬᠤᠤ ᠭᠡᠳᠡᠭ ᠴᠠᠢ᠃ ᠳᠣᠲᠣᠷ ᠲᠤ ᠲᠤᠩ ᠰᠠᠢᠨ᠂ ᠭᠠᠭᠴᠠᠬᠠᠨ ᠭᠡᠮ ᠨᠢ ᠬᠡᠢ ᠳᠠᠷᠤᠬᠤ ᠳ᠋ᠠᠭᠠᠨ ᠮᠠᠭᠤ᠂ ᠡᠢᠮᠦ ᠯᠡ ᠡᠳ᠋ ᠳᠡ ᠭᠡᠪᠡ᠃
ᠬᠠᠭᠠᠯᠭ᠎ᠠ ᠳᠠᠬᠢᠨ ᠨᠡᠭᠡᠭᠡᠭᠳᠡᠵᠦ ᠭᠠᠳᠠᠨᠠᠬᠢ ᠡᠳᠦᠷ ᠦ᠋ᠨ ᠰᠠᠢᠬᠠᠨ ᠴᠠᠭᠠᠨ ᠭᠡᠷᠡᠯ ᠢ᠋ ᠴᠡᠯᠡᠰᠬᠢᠯᠭᠡᠨ ᠲᠤᠰᠬᠠᠭᠠᠳ ᠮᠥᠨ ᠫᠦᠭᠬᠢᠨ ᠬᠠᠭᠠᠭᠳᠠᠪᠠ᠃ ᠡᠪᠦᠭᠡᠨ ᠬᠢᠲᠠᠳ ᠬᠡᠦᠬᠡᠳ ᠳᠠᠭᠠᠭᠤᠯᠤᠨ ᠣᠷᠣᠵᠤ ᠢᠷᠡᠵᠡᠢ᠃ ᠵᠦᠢᠯ ᠪᠦᠷᠢ ᠶ᠋ᠢᠨ ᠨᠠᠷᠢᠨ ᠪᠣᠣᠪᠣ᠂ ᠰᠢᠬᠢᠷ ᠵᠢᠮᠢᠰ᠂ ᠶᠠᠩᠵᠤᠤᠷ᠂ ᠴᠦᠳᠡᠩ ᠵᠡᠷᠭᠡ ᠶ᠋ᠢ ᠰᠢᠷᠡᠭᠡᠨ ᠳᠡᠭᠡᠷ᠎ᠡ ᠥᠷᠥᠨ ᠣᠪᠣᠭᠠᠯᠠᠵᠤ ᠶᠣᠰᠣᠲᠠᠢ ᠳᠡᠭᠡᠳᠦᠰ ᠢ᠋ᠶ᠋ᠡᠨ ᠬᠦᠨᠳᠦᠳᠬᠡᠬᠦ ᠵᠢᠷᠤᠮ ᠢ᠋ᠶ᠋ᠠᠷ ᠵᠣᠴᠢᠯᠠᠯ᠎ᠠ᠃ ᠳ᠋ᠠᠨᠽᠠᠨ ᠶᠠᠭᠤᠮ᠎ᠠ ᠪᠦᠬᠦᠨ ᠤᠷᠤᠭᠤ ᠬᠡᠦᠬᠡᠳ ᠰᠢᠭ ᠭᠠᠷ ᠶᠠᠪᠤᠭᠤᠯᠤᠨ ᠲᠤᠰ ᠪᠦᠷᠢ ᠡᠴᠡ ᠠᠮᠰᠠᠨ ᠲᠤᠷᠰᠢᠵᠤ ᠦᠵᠡᠭᠰᠡᠨ ᠪᠥᠭᠡᠳ ᠴᠥᠮ ᠲᠠᠭᠠᠲᠠᠢ᠂ ᠬᠡᠴᠢᠨᠡᠭᠡᠨ ᠢᠳᠡᠪᠡᠴᠦ ᠬᠠᠨᠤᠰᠢ ᠦᠭᠡᠢ ᠰᠠᠢᠬᠠᠨ ᠪᠠᠢᠬᠤ ᠲᠤᠯᠠ《ᠡᠨᠳᠡ ᠴᠢᠨᠢ ᠬᠥᠮᠦᠨ᠂ ᠵᠢᠯ ᠦ᠋ᠨ ᠵᠢᠯ ᠳ᠋ᠦ᠍ ᠣᠷᠣᠵᠤ ᠢᠷᠡᠵᠦ ᠪᠠᠢᠭᠤᠰᠢᠲᠠᠢ ᠰᠠᠢᠬᠠᠨ ᠣᠷᠣᠨ ᠪᠠᠢᠨ᠎ᠠ ᠳᠠ》 ᠭᠡᠵᠦ ᠪᠣᠳᠣᠪᠠ᠃
ᠴᠠᠢ ᠶ᠋ᠢᠨ ᠲᠠᠷᠬᠠᠭᠠᠨ ᠬᠣᠭᠣᠯᠠ᠂ ᠲᠡᠭᠡᠬᠦ ᠳ᠋ᠡᠭᠡᠨ ᠨᠢᠭᠡᠨ ᠶᠠᠩᠵᠤ ᠶ᠋ᠢᠨ ᠪᠢᠰᠢ᠂ ᠨᠡᠯᠢᠶᠡᠳ ᠣᠯᠠᠨ ᠲᠥᠷᠥᠯ ᠦ᠋ᠨ ᠪᠥᠭᠡᠳ ᠲᠡᠷᠡ ᠪᠦᠷᠢ ᠶ᠋ᠢ ᠠᠷᠤ ᠬᠠᠯᠬ᠎ᠠ ᠬᠥᠮᠦᠨ ᠳ᠋ᠦ᠍ ᠭᠡᠵᠦ ᠵᠣᠷᠢᠭᠤᠯᠤᠨ ᠥᠭᠡᠬᠦ ᠲᠡᠢ ᠮᠢᠬ᠎ᠠ ᠪᠠᠷ ᠭᠣᠣᠯᠴᠢᠯᠠᠨ ᠠᠮᠲᠠ ᠰᠢᠮᠲᠡ ᠶ᠋ᠢ ᠳᠡᠭᠡᠳᠦ ᠵᠡᠷᠭᠡ ᠪᠡᠷ ᠲᠣᠬᠢᠷᠠᠭᠤᠯᠤᠭᠰᠠᠨ ᠢ᠋ ᠬᠡᠯᠡᠬᠦ ᠤᠤ᠂ ᠭᠤᠷᠪᠠᠨ ᠵᠢᠩᠴᠢᠳ ᠬᠡᠳᠦ ᠴᠠᠳᠲᠠᠯ᠎ᠠ ᠪᠠᠨ ᠢᠳᠡᠪᠡ᠃ ᠠᠷᠢᠬᠢ ᠳᠠᠷᠠᠰᠤ ᠶ᠋ᠢᠨ ᠵᠦᠢᠯ ᠪᠣᠯ ᠠᠯᠢ ᠬᠡᠳᠦᠢᠨ ᠦ᠌ ᠢᠷᠡᠭᠰᠡᠨ ᠬᠡᠷᠡᠭ᠃ ᠲᠡᠭᠦᠨ ᠡᠴᠡ ᠬᠦᠷᠡᠯ ᠵᠢᠭᠠᠯ ᠵᠤᠭ᠎ᠠ ᠤᠤᠭᠤᠭᠰᠠᠨ᠃ ᠳᠣᠷᠵᠢ ᠨᠢᠭᠡ ᠤᠳᠠᠭ᠎ᠠ ᠲᠣᠮᠣ ᠪᠠᠷ ᠪᠠᠯᠭᠤᠵᠤ ᠲᠡᠭᠦᠨ ᠳ᠋ᠡᠭᠡᠨ ᠬᠠᠬᠠᠵᠤ ᠴᠠᠴᠤᠨ ᠢᠨᠢᠶᠡᠳᠦᠮ ᠪᠣᠯᠪᠠ᠃ ᠳ᠋ᠠᠨᠽᠠᠨ ᠵᠥᠪᠬᠡᠨ ᠦᠨᠦᠷ ᠢ᠋ ᠨᠢ ᠠᠪᠤᠭᠰᠠᠨ ᠠ᠋ᠴᠠ ᠰᠡᠳᠬᠢᠯ ᠬᠠᠨᠪᠠ᠃ ᠲᠡᠮᠡᠭᠡᠨ ᠦ᠌ ᠨᠢᠷᠤᠭᠤᠨ ᠳᠡᠭᠡᠷ᠎ᠡ ᠣᠯᠠᠨ ᠬᠣᠨᠣᠭ ᠠᠲᠤᠷᠢᠭᠤᠯᠤᠨ ᠬᠥᠰᠢᠭᠰᠡᠨ ᠬᠥᠯ ᠢ᠋ᠶ᠋ᠡᠨ ᠲᠦᠷ ᠵᠤᠷᠭᠠᠨ ᠳ᠋ᠤᠨᠢ ᠲᠠᠯᠪᠢᠨ ᠵᠢᠭᠢᠵᠦ ᠶᠠᠩᠵᠤᠤᠷ ᠵᠠᠭᠤᠨ ᠬᠠᠵᠠᠭᠤᠯᠵᠠᠭᠠᠪᠠ᠃
ᠮᠣᠩᠭᠣᠯ ᠬᠡᠯᠡ ᠲᠡᠢ ᠬᠢᠲᠠᠳ ᠬᠥᠮᠦᠨ ᠣᠷᠣᠵᠤ ᠢᠷᠡᠪᠡ᠃ ᠲᠡᠷᠡ ᠬᠥᠮᠦᠨ ᠠᠶᠤᠨ ᠰᠣᠴᠢᠭᠰᠠᠨ ᠴᠢᠷᠠᠢ ᠭᠠᠷᠭᠠᠨ《ᠠᠢ ᠬᠣᠭᠣᠯᠠ ᠶᠠᠭᠠᠬᠢᠭᠰᠠᠨ ᠪᠠᠭ᠎ᠠ ᠢᠳᠡᠭᠰᠡᠨ? ᠠᠷᠢᠬᠢ ᠤᠤᠭᠤᠬᠤ ᠦᠭᠡᠢ ᠶᠠᠭᠠᠬᠢᠭᠰᠠᠨ?》 ᠭᠡᠵᠦ ᠨᠡᠮᠡᠨ ᠪᠠᠰᠠ᠂
— ᠣᠳᠣ ᠶᠡᠬᠡ ᠳᠠᠩᠵᠢᠶᠠᠳ ᠳᠡᠭᠡᠷ᠎ᠡ ᠣᠴᠢᠬᠤ ᠤᠤ? ᠭᠡᠯᠡ᠃ ᠬᠠᠷᠢᠭᠤ ᠳ᠋ᠤᠨᠢ ᠬᠦᠷᠡᠯ᠄
— ᠳᠡᠭᠡᠯ ᠦᠭᠡᠢ ᠶᠠᠭᠠᠬᠢᠬᠤᠪ ᠭᠡᠳ ᠪᠣᠰᠤᠨ ᠬᠠᠷᠠᠢᠵᠤ᠂ ᠵᠠ ᠨᠥᠬᠥᠳ ᠮᠢᠨᠢ ᠭᠤᠷᠪᠠᠭᠤᠯᠠ ᠪᠠᠨ ᠣᠷᠣᠨ᠎ᠠ ᠰᠢᠦ ᠳᠡ ᠭᠡᠪᠡ᠃
— — — —
ᠵᠠᠩᠴᠢᠬᠦᠦ① ᠬᠣᠲᠠ – ᠵᠠᠩ ᠵᠢᠶᠠ ᠺᠧᠦ ᠬᠣᠲᠠ ᠶ᠋ᠢ ᠵᠢᠭᠠᠵᠤ ᠪᠠᠢᠨ᠎ᠠ᠃
